ᠲᠤᠢᠯ᠎ᠤᠨ ᠨᠥᠬᠥᠴᠡᠯ ᠳᠣᠣᠷᠠᠬᠢ ᠪᠠᠴᠢᠮ ᠪᠠᠢᠳᠠᠯ᠎ᠢ ᠠᠷᠭᠠᠴᠠᠬᠤ ᠴᠢᠮᠡᠭᠡ ᠬᠣᠯᠪᠣᠭᠠᠨ᠎ᠤ ᠪᠠᠲᠤᠯᠠᠭ᠎ᠠ ᠵᠢᠨ ᠴᠢᠳᠠᠪᠤᠷᠢ ᠶ᠋ᠢ ᠪᠦᠭᠦ ᠲᠠᠯ᠎ᠠ᠎ᠪᠠᠷ ᠳᠡᠭᠡᠭᠰᠢᠯᠡᠭᠦᠯᠵᠦ᠂ 《ᠭᠤᠷᠪᠠ ᠶ᠋ᠢ ᠲᠠᠰᠤᠯᠬᠤ》 (ᠲᠣᠣᠷ᠎ᠢ ᠲᠠᠰᠤᠯᠬᠤ᠂ ᠴᠠᠭᠢᠯᠭᠠᠨ ᠲᠠᠰᠤᠯᠬᠤ᠂ ᠴᠠᠭᠢᠯᠭᠠᠨ ᠲᠠᠰᠤᠷᠠᠬᠤ) ᠣᠷᠴᠢᠨ ᠲᠣᠭᠣᠷᠢᠨ᠎ᠳᠤ ᠮᠥᠨ ᠬᠦ᠌ ᠪᠦᠲᠦᠮᠵᠢᠲᠡᠶ ᠵᠢᠯᠣᠭᠣᠳᠤᠨ ᠲᠣᠬᠢᠷᠠᠭᠤᠯᠬᠤ ᠶ᠋ᠢ ᠦᠨᠡᠨ ᠬᠦ᠌ ᠪᠠᠲᠤᠯᠠᠬᠤ ᠵᠢᠨ ᠲᠥᠯᠥᠭᠡ᠂ 9 ᠰᠠᠷ᠎ᠠ ᠵᠢᠨ 22᠎ᠤᠨ ᠡᠳᠦᠷ᠂ ᠬᠥᠯᠥᠨ ᠪᠤᠶ᠋ᠢᠷ ᠬᠤᠲᠠ ᠵᠢᠨ ᠪᠠᠴᠢᠮ ᠪᠠᠢᠳᠠᠯ᠎ᠢ ᠠᠷᠭᠠᠴᠠᠬᠤ ᠬᠠᠮᠢᠶᠠᠷᠤᠯᠲᠠ ᠵᠢᠨ ᠲᠣᠪᠴᠢᠶ᠎ᠠ ᠪᠦᠭᠦ ᠬᠤᠲᠠ ᠵᠢᠨ ᠡᠯ᠎ᠡ ᠬᠣᠰᠢᠭᠤ ᠬᠤᠲᠠ ᠲᠣᠭᠣᠷᠢᠭ᠋᠎ᠤᠨ ᠪᠠᠴᠢᠮ ᠪᠠᠢᠳᠠᠯ᠎ᠢ ᠠᠷᠭᠠᠴᠠᠬᠤ ᠬᠠᠮᠢᠶᠠᠷᠤᠯᠲᠠ ᠵᠢᠨ ᠰᠠᠯᠠᠭ᠎ᠠ ᠮᠥᠴᠢᠷ ᠵᠢᠴᠢ ᠭᠠᠮᠰᠢᠭ᠋ ᠠᠮᠠᠷᠬᠠᠨ ᠡᠭᠦᠰᠬᠦ 73 ᠰᠢᠶᠠᠩ ᠪᠠᠯᠭᠠᠰᠤ ᠶ᠋ᠢ ᠵᠣᠬᠢᠶᠠᠨ ᠪᠠᠢᠭᠤᠯᠵᠤ᠂ 《ᠦᠨᠳᠦᠰᠦᠨ ᠱᠠᠲᠤᠨ᠎ᠤ ᠪᠠᠴᠢᠮ ᠪᠠᠢᠳᠠᠯ᠎ᠢ ᠠᠷᠭᠠᠴᠠᠬᠤ ᠴᠢᠮᠡᠭᠡ ᠬᠣᠯᠪᠣᠭᠠᠨ᠎ᠤ ᠰᠣᠷᠢᠯᠲᠠ》 ᠶ᠋ᠢ ᠵᠡᠷᠭᠡ᠎ᠪᠠᠷ ᠥᠷᠨᠢᠭᠦᠯᠪᠡ᠃ ᠲᠣᠰ ᠤᠳᠠᠭᠠᠨ᠎ᠤ ᠰᠣᠷᠢᠯᠲᠠ ᠨᠢ ᠣᠨᠴᠠᠭᠠᠢᠯᠠᠨ ᠬᠠᠭᠤᠴᠢᠨ ᠪᠠᠷᠭᠤ ᠬᠣᠰᠢᠭᠤ᠂ ᠡᠸᠡᠩᠬᠢ ᠬᠣᠰᠢᠭᠤ᠂ ᠶᠠᠭ᠍ᠰᠢ ᠬᠤᠲᠠ ᠵᠡᠷᠭᠡ ᠭᠣᠣᠯᠳᠠᠯᠭ᠎ᠠ᠎ᠲᠠᠢ ᠣᠷᠣᠨ ᠪᠦᠰᠡ ᠲᠤᠬᠠᠢ ᠵᠢᠨ ᠭᠠᠵᠠᠷ ᠲᠤᠨᠢ ᠬᠢᠨᠠᠨ ᠵᠢᠯᠤᠭᠣᠳᠬᠤ ᠪᠠ ᠪᠣᠳᠠᠲᠠᠢ ᠠᠵᠢᠯᠯᠠᠵᠤ ᠬᠠᠪᠰᠤᠷᠤᠨ ᠲᠡᠳᠬᠦᠪᠡ᠃
ᠰᠣᠷᠢᠯᠲᠠ ᠨᠢ ᠪᠣᠳᠠᠲᠤ ᠬᠡᠷᠡᠭᠴᠡᠭᠡ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ ᠂ ᠡᠮᠦᠨᠡᠬᠢ ᠬᠤᠭᠤᠴᠠᠭᠠᠨ᠎ᠤ ᠤᠯᠤᠰ᠎ᠤᠨ ᠵᠢᠭᠡᠯᠡᠯᠭᠡ᠎ᠶᠢᠨ ᠪᠡᠯᠡ ᠮᠥᠩᠭᠥ᠎ᠶᠢ ᠠᠰᠢᠭ᠍ᠯᠠᠨ ᠲᠣᠬᠢᠷᠠᠭᠤᠯᠤᠨ ᠲᠠᠷᠬᠠᠭᠠᠭᠰᠠᠨ ᠡᠯ᠎ᠡ ᠲᠥᠷᠥᠯ᠎ᠦᠨ ᠲᠡᠷᠢᠭᠦᠨ᠎ᠦ ᠰᠠᠭᠤᠷᠢ᠎ᠶᠢ ᠪᠠᠲᠤᠯᠠᠬᠤ ᠴᠢᠮᠡᠭᠡ ᠬᠣᠯᠪᠣᠭᠠᠨ᠎ᠤ ᠲᠥᠬᠦᠭᠡᠷᠦᠮᠵᠢ᠎ᠶᠢᠨ ᠨᠠᠷᠢᠨ ᠪᠤᠳᠤᠯᠢᠶᠠᠨᠲᠠᠢ ᠭᠠᠵᠠᠷ ᠵᠦᠢ᠎ᠶᠢᠨ ᠣᠷᠴᠢᠨ ᠨᠥᠬᠥᠴᠡᠯ ᠳᠣᠣᠷᠠᠬᠢ ᠴᠢᠳᠠᠪᠬᠢ ᠪᠣᠯᠣᠨ ᠬᠡᠷᠡᠭᠯᠡᠭᠡᠨ᠎ᠦ ᠴᠢᠨᠠᠷ᠎ᠢ ᠭᠣᠣᠯᠳᠠᠯᠭ᠎ᠠ᠎ᠲᠠᠢ ᠰᠢᠯᠭᠠᠨ ᠪᠠᠢᠴᠠᠭᠠᠪᠠ᠃ ᠬᠡᠲᠦ ᠬᠥᠩᠭᠡᠨ ᠬᠡᠯᠪᠡᠷᠢ᠎ᠶᠢᠨ ᠥᠷᠭᠡᠨ ᠪᠦᠰᠡᠲᠦ ᠥᠪᠡᠷ᠎ᠢᠶᠡᠨ ᠲᠣᠣᠷ ᠪᠦᠷᠢᠯᠳᠦᠭᠦᠯᠬᠦ ᠳᠠᠭᠠᠭᠤᠯᠢ ᠣᠲᠣ᠌᠎ᠶᠢ ᠠᠪᠴᠤ ᠶᠠᠪᠤᠬᠤ ᠥᠷᠲᠡᠭᠡ ᠂ 370 MHz ᠰᠢᠯᠵᠢᠮᠡᠯ ᠰᠠᠭᠤᠷᠢ ᠥᠷᠲᠡᠭᠡ ᠂ ᠣᠯᠠᠨ ᠡᠷᠭᠢᠯᠳᠦᠭᠡ ᠳᠠᠯᠠᠪᠴᠢᠲᠤ ᠵᠢᠯᠣᠭᠣᠴᠢ ᠦᠭᠡᠢ ᠨᠢᠰᠬᠡᠯ ᠂ ᠬᠣᠣᠰ ᠬᠡᠪ᠎ᠦᠨ ᠶᠠᠷᠢᠯᠴᠠᠭᠤᠷ ᠵᠡᠷᠭᠡ ᠵᠠᠩᠭᠢᠯᠠᠭ᠎ᠠ᠎ᠶᠢᠨ ᠲᠣᠨᠣᠭ ᠲᠥᠬᠦᠭᠡᠷᠦᠮᠵᠢ ᠨᠢ ᠳᠠᠭᠤᠷᠢᠶᠠᠮᠠᠯ 《 ᠭᠤᠷᠪᠠ᠎ᠶᠢ ᠲᠠᠰᠤᠯᠬᠤ 》 ᠠᠬᠤᠢ ᠲᠠᠯᠠᠪᠠᠶ᠎ᠳᠤ ᠪᠥᠬᠥ ᠲᠠᠯ᠎ᠠ᠎ᠶᠢᠨ ᠰᠢᠯᠭᠠᠯᠲᠠ᠎ᠶᠢ ᠬᠦᠯᠢᠶᠡᠵᠦ ᠂ ᠵᠠᠩᠭᠢᠯᠠᠭ᠎ᠠ᠎ᠶᠢᠨ ᠦᠶ᠎ᠡ᠎ᠳᠦ 《 ᠲᠠᠲᠠᠵᠤ ᠳᠡᠶ᠋ᠢᠯᠬᠦ ᠂ ᠬᠣᠯᠪᠣᠵᠤ ᠳᠡᠶ᠋ᠢᠯᠬᠦ ᠂ ᠨᠡᠪᠲᠡᠷᠡᠵᠦ ᠳᠡᠶ᠋ᠢᠯᠬᠦ 》 ᠶᠢ ᠦᠨᠡᠨ ᠬᠦ᠌ ᠪᠠᠲᠤᠯᠠᠬᠤ᠎ᠶᠢᠨ ᠲᠥᠯᠥᠭᠡ ᠶᠤᠮ᠃
ᠬᠥᠯᠥᠨ ᠪᠤᠶ᠋ᠢᠷ ᠬᠤᠲᠠ ᠵᠢᠨ ᠪᠠᠴᠢᠮ ᠪᠠᠢᠳᠠᠯ᠎ᠢ ᠠᠷᠭᠠᠴᠠᠬᠤ ᠬᠠᠮᠢᠶᠠᠷᠤᠯᠲᠠ ᠵᠢᠨ ᠰᠢᠰᠲᠧᠮ 《ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ ᠶ᠋ᠢ ᠳᠡᠭᠡᠳᠦᠯᠡᠬᠦ》 ᠵᠠᠷᠴᠢᠮ᠎ᠢ ᠢᠮᠠᠭᠲᠠ ᠪᠠᠲᠤ ᠰᠠᠬᠢᠪᠠ᠃ ᠳᠠᠷᠠᠭᠠᠴᠢ ᠵᠢᠨ ᠠᠯᠬᠤᠮ᠎ᠳᠤ᠂ ᠲᠤᠰ ᠰᠢᠰᠲᠧᠮ ᠨᠢ ᠪᠠᠴᠢᠮ ᠪᠠᠢᠳᠠᠯ᠎ᠢ ᠠᠷᠭᠠᠴᠠᠬᠤ ᠴᠢᠮᠡᠭᠡ ᠬᠣᠯᠪᠣᠭᠠᠨ᠎ᠤ ᠰᠢᠰᠲᠧᠮ᠎ᠤᠨ ᠪᠠᠢᠭᠤᠯᠤᠯᠲᠠ ᠶ᠋ᠢ ᠦᠷᠭᠦᠯᠵᠢᠯᠡᠨ ᠴᠢᠩᠭᠠᠳᠬᠠᠵᠤ᠂ ᠦᠨᠳᠦᠰᠦᠨ ᠱᠠᠲᠤᠨ᠎ᠤ ᠰᠠᠭᠤᠷᠢ ᠶ᠋ᠢ ᠲᠠᠰᠤᠷᠠᠯᠲᠠ ᠦᠭᠡᠢ ᠪᠡᠬᠢᠵᠢᠭᠦᠯᠵᠦ᠂ ᠤᠳᠠᠯ ᠦᠭᠡᠢ ᠬᠦᠷᠴᠦ ᠢᠷᠡᠬᠦ ᠭᠡᠵᠦ ᠪᠠᠢᠭ᠎ᠠ ᠤᠯᠤᠰ᠎ᠤᠨ ᠪᠠᠶᠠᠷ᠂ ᠨᠠᠢ᠍ᠮᠠᠨ ᠰᠠᠷ᠎ᠠ ᠵᠢᠨ ᠲᠡᠷᠭᠡᠯ ᠪᠠᠶᠠᠷ᠎ᠤᠨ ᠠᠮᠠᠷᠠᠯᠲᠠ ᠵᠢᠴᠢ ᠬᠣᠢᠰᠢᠳᠠ ᠵᠢᠨ ᠭᠠᠮᠰᠢᠭ᠋᠎ᠢ ᠰᠡᠷᠭᠡᠢᠯᠡᠬᠦ ᠭᠠᠮᠰᠢᠭ᠋᠎ᠢ ᠪᠠᠭᠠᠰᠬᠠᠬᠤ ᠭᠠᠮᠰᠢᠭ᠋᠎ᠠᠴᠠ ᠠᠪᠤᠷᠠᠬᠤ ᠠᠵᠢᠯ᠎ᠳᠤ ᠪᠠᠲᠤ ᠪᠡᠬᠢ ᠨᠠᠢᠳᠠᠪᠤᠷᠢᠲᠠᠢ ᠴᠢᠮᠡᠭᠡ ᠬᠣᠯᠪᠣᠭᠠᠨ᠎ᠤ ᠪᠠᠲᠤᠯᠠᠭ᠎ᠠ ᠬᠠᠩᠭᠠᠵᠤ᠂ ᠠᠷᠠᠳ ᠤᠯᠠᠨ᠎ᠤ ᠠᠮᠢ ᠨᠠᠰᠤ ᠡᠳ᠋ ᠬᠥᠷᠥᠩᠭᠡ ᠵᠢᠨ ᠠᠮᠤᠷ ᠲᠦᠪᠰᠢᠨ᠎ᠢ ᠪᠦᠭᠦ ᠬᠦᠴᠦᠨ ᠵᠶ᠋ᠠᠷ ᠵᠶ᠋ᠠᠨ ᠬᠠᠮᠠᠭᠠᠯᠠᠬᠤ ᠪᠣᠯᠣᠨ᠎ᠠ᠃