3 ᠰᠠᠷ᠎ᠠ ᠵᠢᠨ 29᠎ᠤ ᠡᠳᠦᠷ ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠪᠠᠢ᠌ᠩᠭᠤ ᠵᠢᠨ ᠬᠣᠷᠢᠶ᠎ᠠ ᠬᠤᠷᠠᠯ ᠬᠤᠷᠠᠯᠳᠤᠭᠤᠯᠵᠤ ᠂ 《 ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠣᠭᠣᠷᠢᠨ ᠪᠠᠢ᠌ᠴᠠᠭ᠋ᠠᠬᠤ ᠠᠵᠢᠯ᠎ᠤᠨ ᠳᠦᠷᠢᠮ 》᠎ᠢ ᠰᠤᠷᠤᠯᠴᠠᠵᠤ ᠂ ᠥᠪᠡᠷᠲᠡᠭᠡᠨ ᠵᠠᠰᠠᠬᠤ ᠣᠷᠣᠨ᠎ᠤ ᠣᠷᠣᠨ ᠨᠤᠲᠤᠭ᠎ᠤᠨ ᠥᠷᠢ ᠥᠭᠴᠡᠭᠡ ᠵᠢᠨ ᠠᠶᠤᠯ ᠲᠦᠭᠰᠢᠭᠦᠷᠢ ᠵᠢ ᠰᠡᠷᠭᠡᠢ᠌ᠯᠡᠨ ᠠᠷᠢᠯᠭ᠋ᠠᠭᠰᠠᠨ ᠠᠵᠢᠯ᠎ᠤᠨ ᠪᠠᠢ᠌ᠳᠠᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠪᠠ ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠦᠵᠢ ᠰᠦᠨ ᠱᠤᠤ ᠴᠧᠩ ᠬᠤᠷᠠᠯ᠎ᠢ ᠡᠷᠭᠢᠯᠡᠪᠡ ᠃
ᠬᠤᠷᠠᠯ᠎ᠠᠴᠠ ᠂ ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《 ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠣᠭᠣᠷᠢᠨ ᠪᠠᠢ᠌ᠴᠠᠭ᠋ᠠᠬᠤ ᠠᠵᠢᠯ᠎ᠤᠨ ᠳᠦᠷᠢᠮ 》᠎ᠢ ᠨᠠᠷᠢᠨ ᠬᠢᠨᠠᠮᠠᠭ᠋ᠠᠢ ᠰᠤᠷᠤᠯᠴᠠᠨ ᠲᠤᠭᠤᠰᠢᠯᠠᠭᠤᠯᠵᠤ ᠂ ᠲᠣᠭᠣᠷᠢᠨ ᠪᠠᠢ᠌ᠴᠠᠭ᠋ᠠᠬᠤ ᠠᠵᠢᠯ᠎ᠤᠨ ᠤᠯᠤᠰ ᠲᠥᠷᠥ ᠵᠢᠨ ᠪᠠᠢ᠌ᠷᠢ ᠲᠣᠭᠲᠠᠭ᠋ᠠᠯᠲᠠ ᠪᠠ ᠦᠨᠳᠦᠰᠦᠨ ᠡᠭᠦᠷᠭᠡ ᠵᠢ ᠪᠠᠲᠤ ᠡᠵᠡᠮᠳᠡᠵᠦ ᠂ ᠨᠠᠮ᠎ᠤᠨ ᠲᠥᠪ ᠬᠣᠷᠢᠶ᠎ᠠ ᠵᠢᠨ ᠴᠢᠬᠤᠯᠠ ᠶᠡᠬᠡ ᠰᠢᠢ᠍ᠳᠪᠦᠷᠢᠲᠦ ᠪᠣᠳᠣᠯᠭ᠎ᠠ ᠪᠠᠢ᠌ᠷᠢᠯᠠᠭᠤᠯᠤᠯᠲᠠ ᠂ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠨᠠᠢ᠌ᠳᠠᠪᠤᠷᠢᠵᠢᠭᠤᠯᠤᠭᠰᠠᠨ ᠪᠠᠢ᠌ᠳᠠᠯ᠎ᠤᠨ ᠲᠤᠬᠠᠢ ᠤᠯᠤᠰ ᠲᠥᠷᠥ ᠵᠢᠨ ᠲᠣᠭᠣᠷᠢᠨ ᠪᠠᠢ᠌ᠴᠠᠭ᠋ᠠᠯᠲᠠ ᠵᠢ ᠦᠨᠡᠨ ᠬᠦ᠌ ᠴᠢᠩᠭ᠋ᠠᠳᠬᠠᠵᠤ ᠂ ᠮᠥᠩᠭᠥᠨ ᠭᠦᠢ᠍ᠯᠭᠡᠭᠡᠨ ᠂ ᠤᠯᠤᠰ᠎ᠤᠨ ᠥᠮᠴᠢᠯᠡᠯ᠎ᠤᠨ ᠠᠵᠤ ᠠᠬᠤᠢ᠌ᠯᠠᠯ ᠂ ᠡᠨᠧᠷᠭᠢ ᠂ ᠳᠠᠭ᠋ᠠᠭ᠋ᠠᠴᠢᠯᠠᠯᠲᠠ ᠵᠠᠷᠯᠠᠬᠤ ᠳᠠᠭ᠋ᠠᠭ᠋ᠠᠴᠢᠯᠠᠯᠲᠠ ᠬᠦᠯᠢᠶᠡᠬᠦ ᠵᠡᠷᠭᠡ ᠡᠷᠬᠡ ᠲᠥᠪᠯᠡᠷᠡᠭᠰᠡᠨ ᠂ ᠪᠡᠯᠡ ᠮᠥᠩᠭᠥ ᠴᠤᠭᠯᠠᠷᠠᠭᠰᠠᠨ ᠬᠦᠷᠢᠶ᠎ᠡ ᠴᠠᠷᠠᠭ᠎ᠠ ᠵᠢ ᠴᠢᠩᠭ᠎ᠠ ᠠᠩᠬᠠᠷᠴᠤ ᠂ 《 ᠨᠢᠭᠡᠳᠦᠭᠡᠷ ᠬᠠᠷᠢᠭᠤᠴᠠᠯᠭ᠋ᠠᠲᠠᠨ 》 ᠪᠣᠯᠣᠨ ᠤᠳᠤᠷᠢᠳᠬᠤ ᠪᠠᠭ᠎ᠢ ᠴᠢᠩᠭ᠎ᠠ ᠠᠩᠬᠠᠷᠴᠤ ᠂ ᠣᠯᠠᠨ ᠲᠦᠮᠡᠨ᠎ᠤ ᠲᠤᠰᠬᠠᠯ ᠴᠢᠩᠭ᠎ᠠ ᠪᠠᠢ᠌ᠭ᠎ᠠ ᠲᠣᠪᠣᠢ᠌ᠮ᠎ᠠ ᠠᠰᠠᠭᠤᠳᠠᠯ᠎ᠢ ᠴᠢᠩᠭ᠎ᠠ ᠠᠩᠬᠠᠷᠴᠤ ᠂ ᠤᠯᠤᠰ ᠲᠥᠷᠥ ᠵᠢᠨ ᠬᠢᠨᠠᠯᠲᠠ ᠲᠠᠯᠪᠢᠬᠤ ᠵᠢ ᠪᠣᠳᠠᠲᠠᠢ᠌ᠵᠢᠭᠤᠯᠬᠤ ᠂ ᠣᠨᠣᠪᠴᠢᠵᠢᠭᠤᠯᠬᠤ ᠂ ᠪᠠᠢ᠌ᠩᠭᠤᠵᠢᠭᠤᠯᠬᠤ ᠵᠢ ᠯᠠᠪᠳᠠᠭᠤᠨ ᠪᠠᠲᠤᠲᠠᠢ ᠠᠬᠢᠭᠤᠯᠬᠤ ᠬᠡᠷᠡᠭᠲᠡᠢ ᠃ ᠲᠣᠭᠣᠷᠢᠨ ᠪᠠᠢ᠌ᠴᠠᠭ᠋ᠠᠯᠲᠠ᠎ᠳᠤ ᠢᠯᠡᠷᠡᠭᠦᠯᠦᠭᠰᠡᠨ ᠠᠰᠠᠭᠤᠳᠠᠯ᠎ᠢ 《 ᠨᠢᠭᠡ ᠱᠤᠭᠤᠮ 》 ᠵᠢᠡᠷ ᠴᠡᠭᠴᠡᠯᠡᠨ ᠰᠠᠢ᠌ᠵᠢᠷᠠᠭᠤᠯᠬᠤ ᠵᠢ ᠭᠦᠨᠵᠡᠭᠡᠢ᠌ᠷᠡᠭᠦᠯᠵᠦ ᠂ ᠴᠡᠭᠴᠡᠯᠡᠨ ᠰᠠᠢ᠌ᠵᠢᠷᠠᠭᠤᠯᠤᠭᠰᠠᠨ ᠦᠷ᠎ᠡ ᠪᠦᠲᠦᠭᠡᠯ᠎ᠤᠨ ᠬᠡᠷᠡᠭᠯᠡᠯᠲᠡ ᠵᠢ ᠴᠢᠩᠭ᠋ᠠᠳᠬᠠᠵᠤ ᠂ ᠳᠦᠷᠢᠮ ᠲᠣᠭᠲᠠᠭ᠋ᠠᠯ ᠲᠣᠭᠲᠠᠭ᠋ᠠᠬᠤ᠎ᠪᠠᠷ ᠳᠠᠮᠵᠢᠭᠤᠯᠤᠨ ᠠᠰᠠᠭᠤᠳᠠᠯ᠎ᠢ ᠦᠨᠳᠦᠰᠦᠨ᠎ᠠᠴᠠ᠎ᠨᠢ ᠢᠳᠡᠪᠬᠢᠲᠡᠢ ᠰᠢᠢ᠍ᠳᠪᠦᠷᠢᠯᠡᠵᠦ ᠂ ᠲᠣᠭᠣᠷᠢᠨ ᠪᠠᠢ᠌ᠴᠠᠭ᠋ᠠᠯᠲᠠ ᠵᠢᠨ 《 ᠰᠡᠭᠦᠯᠴᠢ ᠵᠢᠨ ᠠᠵᠢᠯ 》᠎ᠢ ᠦᠨᠡᠨ ᠬᠦ᠌ ᠰᠠᠢ᠌ᠲᠤᠷ ᠬᠢᠬᠦ ᠬᠡᠷᠡᠭᠲᠡᠢ ᠃ ᠲᠣᠭᠣᠷᠢᠨ ᠪᠠᠢ᠌ᠴᠠᠭ᠋ᠠᠬᠤ ᠪᠠ ᠪᠤᠰᠤᠳ ᠬᠢᠨᠠᠯᠲᠠ ᠲᠠᠯᠪᠢᠬᠤ ᠵᠢ ᠨᠡᠪᠲᠡᠷᠡᠯᠴᠡᠭᠦᠯᠦᠨ ᠵᠣᠬᠢᠴᠠᠭᠤᠯᠬᠤ ᠵᠢ ᠠᠬᠢᠭᠤᠯᠵᠤ ᠂ ᠬᠢᠨᠠᠯᠲᠠ ᠲᠠᠯᠪᠢᠬᠤ ᠵᠢᠨ ᠬᠠᠮᠲᠤᠷᠠᠯ ᠬᠦᠴᠦᠨ ᠪᠠ ᠪᠣᠳᠠᠲᠤ ᠦᠷ᠎ᠡ ᠪᠦᠲᠦᠮᠵᠢ ᠵᠢ ᠨᠡᠮᠡᠭᠳᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ ᠃
ᠬᠤᠷᠠᠯ᠎ᠠᠴᠠ ᠂ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠵᠤ ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠣᠷᠣᠨ ᠨᠤᠲᠤᠭ᠎ᠤᠨ ᠥᠷᠢ ᠥᠭᠴᠡᠭᠡ ᠵᠢᠨ ᠠᠶᠤᠯ ᠲᠦᠭᠰᠢᠭᠦᠷᠢ ᠵᠢ ᠰᠡᠷᠭᠡᠢ᠌ᠯᠡᠨ ᠠᠷᠢᠯᠭ᠋ᠠᠬᠤ ᠠᠵᠢᠯ᠎ᠤᠨ ᠸᠢᠳᠢᠤ᠋ ᠬᠤᠷᠠᠯ᠎ᠤᠨ ᠵᠣᠷᠢᠭ ᠰᠠᠨᠠᠭ᠎ᠠ ᠵᠢ ᠪᠦᠭᠦ ᠲᠠᠯ᠎ᠠ᠎ᠪᠠᠷ ᠨᠠᠢ᠌ᠳᠠᠪᠤᠷᠢᠵᠢᠭᠤᠯᠵᠤ ᠂ ᠥᠷᠢ ᠥᠭᠴᠡᠭᠡ ᠵᠢ ᠠᠷᠢᠯᠭ᠋ᠠᠬᠤ ᠲᠥᠰᠥᠯ᠎ᠤᠨ ᠬᠡᠷᠡᠭᠵᠢᠭᠦᠯᠦᠯᠲᠡ ᠵᠢ ᠲᠦᠷᠭᠡᠳᠬᠡᠵᠦ ᠂ ᠣᠯᠠᠨ ᠠᠷᠭ᠎ᠠ ᠬᠡᠮᠵᠢᠶ᠎ᠡ ᠵᠢ ᠵᠡᠷᠭᠡ᠎ᠪᠠᠷ ᠬᠡᠷᠡᠭᠯᠡᠨ ᠥᠷᠢ ᠥᠭᠴᠡᠭᠡ ᠵᠢᠨ ᠶᠡᠷᠦᠩᠬᠡᠢ ᠬᠡᠮᠵᠢᠶ᠎ᠡ ᠵᠢ ᠪᠠᠭ᠋ᠠᠰᠬᠠᠵᠤ ᠂ ᠣᠷᠣᠯᠭ᠎ᠠ᠎ᠪᠠᠨ ᠨᠡᠮᠡᠭᠳᠡᠭᠦᠯᠦᠨ ᠵᠠᠷᠤᠯᠭ᠎ᠠ᠎ᠪᠠᠨ ᠪᠠᠭ᠋ᠠᠰᠬᠠᠵᠤ ᠬᠡᠷᠡᠭᠯᠡᠵᠦ ᠪᠤᠯᠬᠤ ᠡᠳ᠋᠎ᠤᠨ ᠬᠦᠴᠦᠨ᠎ᠢ ᠨᠡᠮᠡᠭᠳᠡᠭᠦᠯᠵᠦ ᠂ ᠪᠦᠭᠦ ᠵᠢᠯ᠎ᠤᠨ ᠥᠷᠢ ᠥᠭᠴᠡᠭᠡ ᠵᠢ ᠠᠷᠢᠯᠭ᠋ᠠᠬᠤ ᠬᠠᠷᠠᠯᠲᠠ ᠵᠢ ᠪᠦᠭᠦ ᠬᠦᠴᠦᠨ ᠵᠶ᠋ᠡᠷ ᠵᠶ᠋ᠡᠨ ᠪᠡᠶᠡᠯᠡᠭᠦᠯᠬᠦ ᠬᠡᠷᠡᠭᠲᠡᠢ ᠃ ᠥᠷᠢᠲᠦᠵᠦ ᠪᠠᠢ᠌ᠭ᠎ᠠ ᠠᠵᠤ ᠠᠬᠤᠢ᠌ᠯᠠᠯ᠎ᠤᠨ ᠳᠠᠩᠰᠠᠨ᠎ᠳᠠᠬᠢ ᠵᠣᠭᠣᠰ᠎ᠢ ᠴᠡᠪᠡᠷᠯᠡᠨ ᠡᠮᠬᠢᠯᠡᠬᠦ ᠡᠷᠴᠢᠮ ᠵᠶ᠋ᠡᠨ ᠴᠢᠩᠭ᠋ᠠᠷᠠᠭᠤᠯᠵᠤ ᠂ ᠠᠷᠪᠢᠯᠠᠨ ᠭᠠᠮᠨᠠᠵᠤ ᠠᠮᠢᠳᠤᠷᠠᠬᠤ ᠱᠠᠭ᠋ᠠᠷᠳᠠᠯᠭ᠎ᠠ ᠵᠢ ᠴᠢᠩᠭ᠎ᠠ ᠨᠠᠢ᠌ᠳᠠᠪᠤᠷᠢᠵᠢᠭᠤᠯᠤᠨ ᠂ ᠰᠢᠨ᠎ᠡ᠎ᠪᠠᠷ ᠨᠡᠮᠡᠭᠳᠡᠬᠦ ᠥᠷᠢ ᠥᠭᠴᠡᠭᠡ ᠵᠢᠨ ᠠᠶᠤᠯ ᠲᠦᠭᠰᠢᠭᠦᠷᠢ ᠵᠢ ᠴᠢᠩᠭ᠎ᠠ ᠡᠵᠡᠮᠳᠡᠬᠦ ᠬᠡᠷᠡᠭᠲᠡᠢ ᠭᠡᠵᠦ ᠴᠢᠬᠤᠯᠠᠴᠢᠯᠠᠪᠠ ᠃
ᠬᠤᠷᠠᠯ᠎ᠠᠴᠠ ᠪᠦᠭᠦ ᠲᠠᠯ᠎ᠠ᠎ᠪᠠᠷ ᠬᠠᠤᠯᠢ᠎ᠪᠠᠷ ᠣᠷᠣᠨ ᠵᠶ᠋ᠠᠨ ᠵᠠᠰᠠᠬᠤ ᠠᠵᠢᠯ᠎ᠤᠨ ᠬᠣᠯᠪᠣᠭᠳᠠᠯ ᠪᠦᠬᠦᠢ ᠪᠠᠢ᠌ᠳᠠᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠴᠤ ᠂ ᠰᠢ ᠵᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠎ᠠ ᠵᠢ ᠪᠦᠭᠦ ᠲᠠᠯ᠎ᠠ᠎ᠪᠠᠷ ᠲᠤᠭᠤᠰᠢᠯᠠᠭᠤᠯᠵᠤ ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠡᠨᠡ ᠬᠦ᠌ ᠭᠣᠣᠯ ᠰᠢᠵᠢᠮ᠎ᠲᠠᠢ ᠨᠢᠭᠲᠠ ᠤᠶᠠᠯᠳᠤᠭᠤᠯᠤᠨ ᠣᠷᠣᠨ ᠨᠤᠲᠤᠭ᠎ᠤᠨ ᠴᠢᠨᠠᠷᠲᠠᠢ ᠬᠠᠤᠯᠢ ᠲᠣᠭᠲᠠᠭ᠋ᠠᠯ᠎ᠢ ᠲᠣᠭᠲᠠᠭ᠋ᠠᠬᠤ ᠵᠠᠰᠠᠪᠤᠷᠢ ᠣᠷᠣᠭᠤᠯᠬᠤ ᠬᠦᠴᠦᠨ ᠦᠭᠡᠢ ᠪᠤᠯᠭ᠋ᠠᠬᠤ ᠠᠵᠢᠯ᠎ᠢ ᠰᠠᠢ᠌ᠲᠤᠷ ᠬᠢᠵᠦ ᠂ ᠵᠠᠰᠠᠭ᠎ᠤᠨ ᠣᠷᠳᠣᠨ᠎ᠤ ᠢᠲᠡᠭᠡᠯ ᠠᠯᠳᠠᠭᠰᠠᠨ ᠠᠰᠠᠭᠤᠳᠠᠯ᠎ᠢ ᠰᠢᠢ᠍ᠳᠪᠦᠷᠢᠯᠡᠬᠦ᠎ᠠᠴᠠ ᠭᠠᠷᠳᠠᠵᠤ ᠦᠨᠡᠨᠴᠢ ᠢᠲᠡᠭᠡᠮᠵᠢ ᠵᠢᠨ ᠪᠠᠢ᠌ᠭᠤᠯᠤᠯᠲᠠ ᠵᠢᠨ ᠢᠨᠵᠧᠨᠧᠷᠢᠩ᠎ᠢ ᠴᠢᠩᠭ᠎ᠠ ᠪᠣᠳᠠᠲᠠᠢ ᠠᠳᠬᠤᠵᠤ ᠂ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠦᠯᠲᠡ ᠵᠢ ᠴᠢᠩᠭ᠎ᠠ ᠵᠢᠷᠤᠮᠵᠢᠭᠤᠯᠵᠤ ᠂ ᠬᠠᠤᠯᠢ ᠴᠠᠭ᠋ᠠᠵᠠ ᠵᠢᠨ ᠮᠡᠳᠡᠯᠭᠡ ᠵᠢ ᠲᠦᠭᠡᠮᠡᠯᠵᠢᠭᠦᠯᠬᠦ ᠠᠵᠢᠯ᠎ᠢ ᠯᠠᠪᠳᠠᠭᠤᠨ ᠪᠠᠲᠤᠲᠠᠢ ᠥᠷᠨᠢᠭᠦᠯᠵᠦ ᠂ ᠬᠠᠤᠯᠢ ᠪᠠᠷᠢᠬᠤ ᠠᠵᠢᠯ᠎ᠤᠨ ᠶᠠᠰᠤ ᠴᠢᠨᠠᠷ ᠦᠷ᠎ᠡ ᠪᠦᠲᠦᠮᠵᠢ ᠵᠢ ᠲᠠᠰᠤᠷᠠᠯᠲᠠ ᠦᠭᠡᠢ ᠳᠡᠭᠡᠭᠰᠢᠯᠡᠭᠦᠯᠭᠦ ᠬᠡᠷᠡᠭᠲᠡᠢ ᠃ ᠲᠣᠭ᠋ᠠᠴᠢᠯᠠᠭᠰᠠᠨ ᠬᠡᠷᠡᠭᠯᠡᠭᠡ ᠪᠠ ᠲᠤᠯᠭ᠋ᠠᠭᠤᠷᠢᠯᠠᠯ᠎ᠢ ᠴᠢᠩᠭ᠋ᠠᠳᠬᠠᠵᠤ ᠂ ᠬᠠᠤᠯᠢᠵᠢᠯ᠎ᠤᠨ ᠥᠪᠥᠷ ᠮᠣᠩᠭᠣᠯ᠎ᠤᠨ ᠪᠠᠢ᠌ᠭᠤᠯᠤᠯᠲᠠ᠎ᠳᠤ ᠨᠠᠩ ᠰᠠᠢ᠌ᠲᠤᠷ ᠡᠨᠧᠷᠭᠢ ᠣᠯᠭᠣᠬᠤ ᠬᠡᠷᠡᠭᠲᠡᠢ ᠭᠡᠵᠦ ᠴᠢᠬᠤᠯᠠᠴᠢᠯᠠᠪᠠ ᠃
ᠬᠤᠷᠠᠯ᠎ᠠᠴᠠ ᠭᠠᠳᠠᠭ᠋ᠠᠳᠤ ᠨᠡᠭᠡᠭᠡᠯᠲᠡ ᠵᠢᠨ ᠠᠵᠢᠯ᠎ᠤᠨ ᠬᠣᠯᠪᠣᠭᠳᠠᠯ ᠪᠦᠬᠦᠢ ᠪᠠᠢ᠌ᠳᠠᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠴᠤ ᠂ ᠶᠡᠷᠦᠩᠬᠡᠢ ᠱᠦᠵᠢ ᠰᠢ ᠵᠢᠨ ᠫᠢᠩ᠎ᠤᠨ ᠴᠢᠩ ᠰᠡᠳᠬᠢᠯ᠎ᠤᠨ ᠬᠦᠰᠡᠯ ᠨᠠᠢ᠌ᠳᠠᠯᠭ᠎ᠠ ᠵᠢ ᠪᠠᠲᠤ ᠴᠡᠭᠡᠵᠢᠯᠡᠵᠦ ᠂ ᠨᠡᠩ ᠥᠷᠭᠡᠨ ᠠᠭᠤᠳᠠᠮ ᠪᠠᠢ᠌ᠷᠢᠰᠢᠯ ᠪᠣᠯᠣᠨ ᠬᠠᠷᠠᠭ᠋ᠠᠰᠤ᠎ᠪᠠᠷ ᠨᠡᠭᠡᠭᠡᠯᠲᠡ ᠵᠢ ᠰᠦᠪᠡᠭᠴᠢᠯᠡᠵᠦ ᠂ ᠨᠡᠭᠡᠭᠡᠯᠲᠡ ᠵᠢ ᠠᠳᠬᠤᠵᠤ ᠂ ᠤᠯᠤᠰ᠎ᠤᠨ ᠴᠢᠬᠤᠯᠠ ᠶᠡᠬᠡ ᠣᠷᠣᠨ ᠪᠦᠰᠡ ᠵᠢᠨ ᠬᠥᠭᠵᠢᠯᠲᠡ ᠵᠢᠨ ᠪᠠᠢ᠌ᠯᠳᠤᠬᠤ ᠪᠣᠳᠣᠯᠭ᠎ᠠ᠎ᠳᠤ ᠭᠦᠨᠵᠡᠭᠡᠢ ᠠᠭᠤᠰᠤᠯᠴᠠᠨ ᠦᠢ᠍ᠯᠡᠴᠢᠯᠡᠵᠦ ᠂ ᠦᠨᠡᠨ᠎ᠢ ᠪᠠᠷᠢᠮᠲᠠᠯᠠᠨ ᠪᠣᠳᠠᠲᠠᠢ ᠵᠢ ᠡᠷᠬᠢᠮᠯᠡᠨ ᠠᠷᠠᠯᠵᠢᠶᠠᠴᠢᠨ ᠤᠷᠢᠵᠤ ᠪᠡᠯᠡ ᠮᠥᠩᠭᠥ ᠣᠷᠣᠭᠤᠯᠤᠨ ᠠᠪᠴᠢᠷᠠᠬᠤ ᠵᠢ ᠥᠷᠨᠢᠭᠦᠯᠵᠦ ᠂ ᠦᠢ᠍ᠯᠡᠳᠬᠦᠨ᠎ᠤ ᠭᠠᠳᠠᠭ᠋ᠠᠳᠤ ᠭᠠᠷᠭ᠋ᠠᠯᠲᠠ ᠵᠢᠨ ᠬᠡᠪᠴᠢᠶ᠎ᠡ ᠵᠢ ᠢᠳᠡᠪᠬᠢᠲᠡᠢ ᠥᠷᠭᠡᠳᠬᠡᠵᠦ ᠂ ᠴᠢᠯᠦᠭᠡᠲᠦ ᠠᠷᠠᠯᠵᠢᠶᠠᠨ᠎ᠤ ᠣᠷᠣᠨ᠎ᠢ ᠡᠭᠦᠳᠦᠨ ᠪᠠᠢ᠌ᠭᠤᠯᠬᠤ ᠢᠨᠵᠧᠨᠧᠷᠢᠩ᠎ᠢ ᠪᠦᠭᠦ ᠬᠦᠴᠦ᠎ᠪᠠᠷ ᠵᠶ᠋ᠡᠨ ᠰᠠᠢ᠌ᠲᠤᠷ ᠠᠳᠬᠤᠵᠤ ᠂ ᠳᠤᠮᠳᠠᠳᠤ ᠡᠸᠦ᠋ᠷᠦᠫᠡ ᠵᠢᠨ ᠵᠢᠰᠢᠶᠠᠨ᠎ᠤ ᠭᠠᠯᠲᠤ ᠲᠡᠷᠭᠡ ᠵᠢᠨ 《 ᠭᠠᠷ ᠳᠠᠮᠵᠢᠪᠠᠴᠤ ᠠᠰᠢᠭ ᠭᠦᠷᠲᠡᠭᠦ ᠦᠭᠡᠢ 》 ᠠᠰᠠᠭᠤᠳᠠᠯ᠎ᠢ ᠴᠢᠷᠮᠠᠢ᠌ᠨ ᠰᠢᠢ᠍ᠳᠪᠦᠷᠢᠯᠡᠵᠦ ᠂ ᠮᠠᠨ᠎ᠤ ᠤᠯᠤᠰ᠎ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠡᠬᠢᠯᠡᠯᠲᠡ ᠵᠢᠨ ᠪᠦᠲᠦᠭᠡᠨ ᠪᠠᠢ᠌ᠭᠤᠯᠤᠯᠲᠠ ᠨᠡᠩ ᠶᠡᠬᠡ ᠠᠬᠢᠴᠠ᠎ᠲᠠᠢ ᠪᠤᠯᠬᠤ ᠵᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ ᠃
ᠬᠤᠷᠠᠯ᠎ᠠᠴᠠ ᠪᠠᠰᠠ ᠪᠤᠰᠤᠳ ᠵᠦᠢ᠍ᠯ᠎ᠢ ᠰᠤᠳᠤᠯᠵᠠᠢ ᠃