ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠰᠣᠨᠢᠨ ᠮᠡᠳᠡᠭᠡ   -   ᠲᠤᠰᠬᠠᠢ ᠮᠡᠳᠡᠭᠡᠯᠡᠯ
ᠥᠪᠥᠷ ᠮᠣᠩᠭᠣᠯ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠬᠡᠯᠬᠢᠶᠡᠨ᠎ᠦ 39 ᠭᠣᠣᠯᠯᠠᠭ᠍ᠴᠢ ᠠᠵᠤ ᠠᠬᠤᠢᠯᠠᠯ᠎ᠢ ᠰᠢᠯᠢᠨ ᠰᠣᠩᠭᠣᠵᠤ ᠠᠵᠤ ᠦᠢᠯᠡᠰ᠎ᠦᠨ ᠬᠠᠮᠵᠢᠯᠴᠠᠨ ᠬᠥᠭᠵᠢᠬᠦ᠎ᠶᠢ ᠳᠠᠶ᠋ᠢᠴᠢᠯᠠᠪᠠ
ᠨᠡᠶ᠋ᠢᠲᠡᠯᠡᠭᠰᠡᠨ ᠴᠠᠭ᠄ 2025-08-25

    ᠰᠤᠷᠪᠤᠯᠵᠢᠯᠠᠬ᠍ᠴᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ᠎ᠡᠴᠡ ᠣᠢᠯᠠᠭᠠᠭᠰᠠᠨ᠎ᠢᠶᠡᠷ᠄ ᠥᠪᠥᠷ ᠮᠣᠩᠭᠣᠯ ᠣᠢᠷ᠎ᠠ᠎ᠳᠤ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠬᠡᠯᠬᠢᠶᠡᠨ᠎ᠦ 39 ᠭᠣᠣᠯᠯᠠᠭ᠍ᠴᠢ ᠠᠵᠤ ᠠᠬᠤᠢᠯᠠᠯ᠎ᠢ ᠰᠢᠯᠢᠨ ᠰᠣᠩᠭᠣᠵᠤ᠂ ᠠᠵᠤ ᠦᠢᠯᠡᠰ᠎ᠦᠨ ᠬᠡᠯᠬᠢᠶᠡᠨ᠎ᠦ ᠬᠠᠮᠵᠢᠯᠴᠠᠨ ᠬᠥᠭᠵᠢᠬᠦ᠎ᠶᠢ ᠬᠦᠴᠦᠯᠡᠨ ᠳᠠᠶ᠋ᠢᠴᠢᠯᠠᠵᠤ᠂ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠦᠢᠯᠡᠰ᠎ᠦᠨ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠬᠦ᠎ᠶᠢ ᠨᠢ ᠲᠦᠯᠬᠢᠨ ᠠᠬᠢᠭᠤᠯᠵᠤ ᠪᠠᠢᠨ᠎ᠠ᠃ 

    ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ ᠨᠢ ᠠᠵᠤ ᠦᠢᠯᠡᠰ᠎ᠦᠨ ᠬᠡᠯᠬᠢᠶ᠎ᠡ᠎ᠳᠦ ᠴᠢᠬᠤᠯᠠ ᠪᠠᠢᠷᠢ ᠰᠠᠭᠤᠷᠢ᠎ᠶᠢ ᠡᠵᠡᠯᠡᠵᠦ᠂ ᠠᠵᠤ ᠦᠢᠯᠡᠰ᠎ᠦᠨ ᠬᠥᠭᠵᠢᠯᠲᠡ᠎ᠳᠦ ᠬᠥᠲᠥᠯᠥᠨ ᠳᠠᠭᠠᠭᠤᠯᠬᠤ ᠦᠢᠯᠡᠳᠦᠯ ᠦᠵᠡᠭᠦᠯᠵᠦ ᠪᠠᠢᠳᠠᠭ᠃ 《ᠪᠦᠭᠦ ᠣᠷᠣᠨ᠎ᠤ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ᠎ᠢ ᠨᠤᠲᠠᠯᠠᠨ ᠲᠣᠭᠲᠠᠭᠠᠬᠤ ᠳᠦᠷᠢᠮᠯᠡᠯ (ᠲᠤᠷᠰᠢᠨ ᠬᠡᠷᠡᠭᠵᠢᠭᠦᠯᠬᠦ)》᠎ᠦᠨ ᠱᠠᠭᠠᠷᠳᠠᠯᠭ᠎ᠠ᠎ᠶᠢ ᠦᠨᠳᠦᠰᠦᠯᠡᠨ᠂ ᠠᠵᠤ ᠠᠬᠤᠢᠯᠠᠯ᠎ᠤᠨ ᠬᠦᠷᠢᠶ᠎ᠡ ᠬᠡᠪᠴᠢᠶ᠎ᠡ ᠪᠣᠳᠠᠲᠤ ᠬᠦᠴᠦᠨ᠂ ᠵᠠᠬ᠎ᠠ ᠳᠡᠯᠭᠡᠭᠦᠷ᠎ᠦᠨ ᠨᠥᠯᠥᠭᠡᠯᠡᠬᠦ ᠬᠦᠴᠦᠨ᠂ ᠪᠡᠶ᠎ᠡ᠎ᠪᠡᠨ ᠳᠠᠭᠠᠭᠠᠵᠤ ᠰᠢᠨ᠎ᠡ᠎ᠶᠢ ᠡᠭᠦᠳᠬᠦ ᠴᠢᠳᠠᠪᠤᠷᠢ᠂ ᠠᠵᠤ ᠦᠢᠯᠡᠰ᠎ᠦᠨ ᠳᠠᠢᠴᠢᠯᠠᠬᠤ ᠴᠢᠳᠠᠪᠤᠷᠢ ᠵᠡᠷᠭᠡ ᠬᠦᠴᠦᠨ ᠵᠦᠢᠯ᠎ᠢ ᠶᠡᠷᠦᠩᠬᠡᠢᠯᠡᠨ ᠪᠣᠳᠣᠯᠬᠢᠯᠠᠵᠤ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ ᠨᠢ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠲᠢᠩᠬᠢᠮ᠂ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ ᠯᠤᠭ᠎ᠠ ᠬᠠᠮᠲᠤᠷᠠᠨ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠬᠡᠯᠬᠢᠶᠡᠨ᠎ᠦ 39 ᠭᠣᠣᠯᠯᠠᠭ᠍ᠴᠢ ᠠᠵᠤ ᠠᠬᠤᠢᠯᠠᠯ᠎ᠢ ᠰᠢᠯᠢᠨ ᠰᠣᠩᠭᠣᠵᠤ᠂ ᠰᠦ ᠴᠠᠭᠠᠨ ᠢᠳᠡᠭᠡᠨ᠂ ᠦᠬᠡᠷ ᠬᠣᠨᠢ ᠢᠮᠠᠭᠠᠨ ᠮᠢᠬᠠᠨ᠎ᠤ ᠪᠦᠲᠦᠭᠡᠭᠳᠡᠬᠦᠨ᠂ ᠡᠷᠳᠡᠨᠢ ᠰᠢᠰᠢ᠎ᠶᠢᠨ ᠪᠦᠲᠦᠭᠡᠭᠳᠡᠬᠦᠨ ᠵᠡᠷᠭᠡ 10 ᠲᠥᠷᠥᠯ ᠢᠯᠭᠠᠯ᠎ᠢ ᠬᠠᠮᠤᠷᠪᠠ᠃ ᠡᠭᠦᠨ᠎ᠳᠦ ᠰᠦ ᠴᠠᠭᠠᠨ ᠢᠳᠡᠭᠡᠨ᠎ᠦ 3 ᠠᠵᠤ ᠠᠬᠤᠢᠯᠠᠯ᠂ ᠦᠬᠡᠷ ᠬᠣᠨᠢ ᠢᠮᠠᠭᠠᠨ ᠮᠢᠬᠠᠨ᠎ᠤ 6 ᠠᠵᠤ ᠠᠬᠤᠢᠯᠠᠯ᠂ ᠡᠷᠳᠡᠨᠢ ᠰᠢᠰᠢ᠎ᠶᠢᠨ ᠪᠦᠲᠦᠭᠡᠭᠳᠡᠬᠦᠨ᠎ᠦ 4 ᠠᠵᠤ ᠠᠬᠤᠢᠯᠠᠯ᠂ ᠲᠥᠮᠥᠰᠥ᠎ᠶᠢᠨ ᠪᠦᠲᠦᠭᠡᠭᠳᠡᠬᠦᠨ᠎ᠦ 2 ᠠᠵᠤ ᠠᠬᠤᠢᠯᠠᠯ᠂ ᠰᠢᠷ᠎ᠠ ᠪᠤᠷᠴᠠᠭ᠎ᠤᠨ ᠪᠦᠲᠦᠭᠡᠭᠳᠡᠬᠦᠨ᠎ᠦ 2 ᠠᠵᠤ ᠠᠬᠤᠢᠯᠠᠯ᠂ ᠠᠮᠤ ᠭᠤᠯᠢᠷ ᠲᠣᠰᠣ᠌ ᠰᠢᠬᠢᠷ ᠵᠢᠴᠢ ᠡᠯᠳᠡᠪ ᠠᠮᠤ᠎ᠶᠢᠨ ᠪᠦᠲᠦᠭᠡᠭᠳᠡᠬᠦᠨ᠎ᠦ 8 ᠠᠵᠤ ᠠᠬᠤᠢᠯᠠᠯ᠂ ᠨᠡᠷᠡᠨ ᠬᠤᠸᠠᠷ᠎ᠤᠨ ᠦᠷ᠎ᠡ ᠵᠡᠷᠭᠡ ᠰᠡᠯᠡᠭᠦᠴᠡᠯ᠎ᠦᠨ ᠲᠥᠭᠦᠮ ᠢᠳᠡᠭᠡᠨ᠎ᠦ 7 ᠠᠵᠤ ᠠᠬᠤᠢᠯᠠᠯ᠂ ᠠᠮᠲᠠ ᠣᠷᠣᠭᠤᠯᠬᠤ ᠪᠦᠲᠦᠭᠡᠭᠳᠡᠬᠦᠨ᠎ᠦ 2 ᠠᠵᠤ ᠠᠬᠤᠢᠯᠠᠯ᠂ ᠣᠨᠴᠠᠯᠢᠭ᠍ᠲᠤ ᠡᠷᠡᠭᠦᠯᠵᠢᠯ᠎ᠦᠨ ᠪᠦᠲᠦᠭᠡᠭᠳᠡᠬᠦᠨ᠎ᠦ 2 ᠠᠵᠤ ᠠᠬᠤᠢᠯᠠᠯ᠂ ᠠᠷᠢᠬᠢᠨ᠎ᠤ ᠵᠦᠢᠯ᠎ᠦᠨ ᠪᠦᠲᠦᠭᠡᠭᠳᠡᠬᠦᠨ᠎ᠦ 3 ᠠᠵᠤ ᠠᠬᠤᠢᠯᠠᠯ ᠪᠤᠶ᠃ 

    ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠦᠢᠯᠡᠰ᠎ᠦᠨ ᠤᠯᠠᠮ ᠨᠢᠭᠡ ᠠᠯᠬᠤᠮ ᠬᠥᠭᠵᠢᠬᠦ᠎ᠶᠢ ᠠᠬᠢᠭᠤᠯᠬᠤ᠎ᠶᠢᠨ ᠲᠥᠯᠥᠭᠡ᠂ ᠥᠪᠥᠷ ᠮᠣᠩᠭᠣᠯ ᠠᠯᠢ ᠣᠯᠠᠨ ᠲᠥᠷᠥ᠎ᠶᠢᠨ ᠪᠣᠳᠣᠯᠭ᠎ᠠ ᠠᠷᠭ᠎ᠠ ᠬᠡᠮᠵᠢᠶ᠎ᠡ᠎ᠶᠢ ᠨᠡᠢᠲᠡᠯᠡᠪᠡ᠃ ᠡᠨᠡ ᠵᠢᠯ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠡᠴᠡ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠦᠢᠯᠡᠰ᠎ᠢ ᠪᠣᠢᠵᠢᠭᠤᠯᠤᠨ ᠪᠤᠵᠠᠭᠠᠢᠷᠠᠭᠤᠯᠬᠤ ᠠᠵᠢᠯᠯᠠᠭᠠᠨ᠎ᠤ ᠲᠥᠰᠥᠯ (2025 - 2027 ᠣᠨ)》 (ᠳᠣᠷᠣᠭ᠍ᠰᠢ 《ᠠᠵᠢᠯᠯᠠᠭᠠᠨ᠎ᠤ ᠲᠥᠰᠥᠯ》 ᠭᠡᠵᠦ ᠲᠣᠪᠴᠢᠯᠠᠪᠠ)᠎ᠢ ᠳᠠᠷᠤᠮᠠᠯᠯᠠᠨ ᠶᠠᠪᠤᠭᠤᠯᠵᠤ᠂ ᠰᠦ ᠴᠠᠭᠠᠨ ᠢᠳᠡᠭᠡᠨ᠂ ᠦᠬᠡᠷ ᠬᠣᠨᠢ ᠢᠮᠠᠭᠠᠨ ᠮᠢᠬᠠᠨ᠎ᠤ ᠪᠦᠲᠦᠭᠡᠭᠳᠡᠬᠦᠨ᠂ ᠡᠷᠳᠡᠨᠢ ᠰᠢᠰᠢ᠎ᠶᠢᠨ ᠪᠦᠲᠦᠭᠡᠭᠳᠡᠬᠦᠨ ᠵᠡᠷᠭᠡ 10 ᠭᠣᠣᠯ ᠲᠦᠷᠦᠯ ᠢᠯᠭᠠᠯ᠎ᠢ ᠲᠣᠳᠣᠷᠬᠠᠢᠯᠠᠵᠤ᠂ 5 ᠲᠠᠯ᠎ᠠ᠎ᠶᠢᠨ 14 ᠵᠦᠢᠯ᠎ᠦᠨ ᠭᠣᠣᠯᠳᠠᠯᠭ᠎ᠠ ᠪᠤᠯᠬᠣ᠌ ᠡᠭᠦᠷᠭᠡ᠎ᠶᠢ ᠳᠤᠷᠠᠳᠴᠤ᠂ ᠤᠳᠤ᠎ᠶᠢᠨ ᠪᠠᠢᠭ᠎ᠠ ᠳᠡᠮᠵᠢᠬᠦ ᠲᠦᠷᠦ᠎ᠶᠢᠨ ᠪᠣᠳᠣᠯᠭ᠎ᠠ ᠠᠷᠭ᠎ᠠ ᠬᠡᠮᠵᠢᠶ᠎ᠡ᠎ᠶᠢ 20 ᠵᠦᠢᠯ ᠡᠮᠬᠢᠯᠡᠵᠦ᠂ ᠨᠠᠷᠢᠯᠢᠭ᠋ ᠭᠦᠨ ᠡᠳ᠋ᠰᠢᠭᠦᠯᠦᠨ ᠪᠤᠯᠪᠠᠰᠤᠷᠠᠭᠤᠯᠬᠤ ᠪᠠ ᠳᠠᠭᠠᠯᠲᠠ ᠪᠦᠲᠦᠭᠡᠭᠳᠡᠬᠦᠨ᠎ᠢ ᠶᠡᠷᠦᠩᠬᠡᠢᠯᠡᠨ ᠠᠰᠢᠭ᠍ᠯᠠᠬᠤ᠎ᠶᠢ ᠶᠡᠬᠡ᠎ᠪᠡᠷ ᠬᠥᠭᠵᠢᠭᠦᠯᠪᠡ᠃ 《ᠠᠵᠢᠯᠯᠠᠭᠠᠨ᠎ᠤ ᠲᠥᠰᠥᠯ》᠎ᠳᠤ 《ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ᠎ᠤᠨ ᠳᠠᠢᠴᠢᠯᠠᠬᠤ ᠦᠢᠯᠡᠳᠦᠯ᠎ᠢ ᠪᠠᠳᠠᠷᠠᠭᠤᠯᠬᠤ》᠎ᠶᠢ ᠨᠢᠭᠡ ᠵᠦᠢᠯ᠎ᠦᠨ ᠭᠣᠣᠯᠳᠠᠯᠭ᠎ᠠ ᠪᠤᠯᠬᠣ᠌ ᠠᠭᠤᠯᠭ᠎ᠠ ᠪᠤᠯᠭᠠᠵᠤ᠂ ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ ᠬᠢᠭᠡᠳ ᠲᠠᠷᠢᠶᠠᠯᠠᠩ ᠮᠠᠯ ᠠᠵᠤ ᠠᠬᠤᠢ᠎ᠶᠢᠨ ᠳᠤᠮᠳᠠ ᠵᠢᠵᠢᠭ ᠠᠵᠤ ᠠᠬᠤᠢᠯᠠᠯ᠎ᠤᠨ ᠬᠠᠮᠵᠢᠯᠴᠠᠨ ᠬᠥᠭᠵᠢᠬᠦ᠎ᠶᠢ ᠴᠢᠩᠭᠠᠳᠬᠠᠨ᠂ ᠳᠠᠭᠠᠭᠤᠯᠤᠭ᠍ᠴᠢ ᠠᠵᠤ ᠠᠬᠤᠢᠯᠠᠯ᠎ᠢ ᠲᠦᠷᠭᠡᠳᠬᠡᠨ ᠪᠣᠢᠵᠢᠭᠤᠯᠵᠤ᠂ ᠠᠵᠤ ᠦᠢᠯᠡᠰ᠎ᠦᠨ ᠬᠡᠯᠬᠢᠶᠡᠨ᠎ᠦ ᠪᠤᠵᠠᠭᠠᠢᠷᠠᠨ ᠬᠦᠴᠦᠷᠬᠡᠭᠵᠢᠬᠦ᠎ᠶᠢ ᠳᠠᠶ᠋ᠢᠴᠢᠯᠠᠨ᠎ᠠ᠃ 

    ᠣᠳᠣᠬᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ᠂ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠲᠢᠩᠬᠢᠮ᠂ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ ᠠᠢᠮᠠᠭ ᠬᠣᠲᠠ ᠯᠤᠭ᠎ᠠ ᠬᠠᠮᠲᠤᠷᠠᠨ ᠳᠠᠭᠠᠭᠠᠴᠢᠯᠠᠨ ᠬᠣᠯᠪᠣᠭᠠᠯᠠᠬᠤ ᠲᠣᠭᠲᠠᠴᠠ᠎ᠶᠢ ᠪᠠᠢᠭᠤᠯᠵᠤ᠂ ᠲᠢᠩᠬᠢᠮ᠎ᠦᠨ ᠲᠠᠰ᠎ᠤᠨ ᠺᠠᠳ᠋ᠷᠴᠤᠳ᠎ᠤᠨ 《ᠨᠢᠭᠡᠳ ᠨᠢᠭᠡ᠎ᠪᠠᠷ》 ᠬᠠᠷᠢᠯᠴᠠᠬᠤ ᠦᠢᠯᠡᠴᠢᠯᠡᠭᠡ᠎ᠶᠢ ᠬᠡᠷᠡᠭᠵᠢᠭᠦᠯᠦᠨ᠂ ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ᠎ᠤᠨ ᠬᠦᠴᠢᠷ ᠠᠰᠠᠭᠤᠳᠠᠯ᠎ᠢ ᠰᠢᠢᠳᠪᠦᠷᠢᠯᠡᠵᠦ᠂ ᠵᠠᠬ᠎ᠠ ᠳᠡᠯᠭᠡᠭᠦᠷ᠎ᠢ ᠥᠷᠭᠡᠳᠬᠡᠬᠦ᠎ᠳᠦ ᠬᠦᠴᠦᠨ ᠨᠡᠮᠡᠷᠢᠯᠡᠵᠦ ᠪᠠᠢᠨ᠎ᠠ᠃ ᠲᠠᠷᠠᠭᠠᠴᠢ᠎ᠶᠢᠨ ᠠᠯᠬᠤᠮ᠎ᠳᠤ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ᠎ᠤ ᠲᠢᠩᠬᠢᠮ᠎ᠤᠨ ᠭᠢᠨ ᠰᠢᠮᠳᠠᠭᠤᠯᠤᠨ ᠵᠢᠯᠤᠭᠣᠳᠬᠤ᠎ᠪᠠᠨ ᠴᠢᠩᠭᠠᠳᠬᠠᠬᠤ᠂ ᠮᠥᠷᠳᠡᠨ ᠳᠠᠭᠠᠵᠤ ᠦᠷ᠎ᠡ ᠪᠦᠲᠦᠮᠵᠢ᠎ᠶᠢ ᠨᠢ ᠠᠰᠠᠭᠤᠬᠤ᠎ᠶᠢ ᠴᠢᠩᠭᠠᠳᠬᠠᠬᠤ ᠵᠡᠷᠭᠡ ᠠᠷᠭ᠎ᠠ ᠬᠡᠮᠵᠢᠶ᠎ᠡ᠎ᠪᠡᠷ ᠳᠠᠮᠵᠢᠭᠤᠯᠤᠨ᠂ ᠠᠢᠮᠠᠭ ᠬᠣᠲᠠ᠎ᠶᠢᠨ ᠨᠠᠷᠢᠯᠢᠭ᠋ ᠣᠨᠣᠴᠠᠲᠠᠢ᠎ᠪᠠᠷ ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ᠎ᠳᠤ ᠦᠢᠯᠡᠴᠢᠯᠡᠬᠦ᠎ᠶᠢ ᠲᠦᠯᠬᠢᠨ ᠠᠬᠢᠭᠤᠯᠵᠤ᠂ ᠠᠵᠤ ᠠᠬᠤᠢᠯᠠᠯ᠎ᠢ ᠦᠨᠡᠨ ᠬᠦ᠌ ᠬᠠᠪᠰᠤᠷᠤᠨ ᠪᠣᠳᠠᠲᠠᠢ ᠬᠦᠴᠢᠷᠳᠡᠯ᠎ᠢ ᠨᠢ ᠰᠢᠢᠳᠪᠦᠷᠢᠯᠡᠵᠦ᠂ ᠲᠠᠷᠢᠶᠠᠯᠠᠩ ᠲᠤᠰᠠᠯᠠᠬᠤ ᠠᠵᠤ ᠠᠬᠤᠢ᠎ᠶᠢᠨ ᠢᠳᠡᠭᠡᠨ᠎ᠦ ᠵᠦᠢᠯ ᠡᠳ᠋ᠰᠢᠭᠦᠯᠦᠨ ᠪᠤᠯᠪᠠᠰᠤᠷᠠᠭᠤᠯᠬᠤ ᠬᠡᠯᠬᠢᠶᠡᠨ᠎ᠦ ᠭᠣᠣᠯᠯᠠᠭ᠍ᠴᠢ ᠠᠵᠤ ᠠᠬᠤᠢᠯᠠᠯ ᠬᠢᠭᠡᠳ ᠲᠠᠷᠢᠶᠠᠯᠠᠩ ᠮᠠᠯ ᠠᠵᠤ ᠠᠬᠤᠢ᠎ᠶᠢᠨ ᠳᠤᠮᠳᠠ ᠵᠢᠵᠢᠭ ᠠᠵᠤ ᠠᠬᠤᠢᠯᠠᠯ᠎ᠤᠨ ᠬᠠᠮᠵᠢᠯᠴᠠᠨ ᠬᠥᠭᠵᠢᠬᠦ᠎ᠳᠦ ᠬᠦᠴᠦᠨ ᠨᠡᠮᠡᠷᠢᠯᠡᠵᠦ᠂ ᠵᠠᠬ᠎ᠠ ᠳᠡᠯᠭᠡᠭᠦᠷ᠎ᠦᠨ ᠥᠷᠢᠰᠦᠯᠳᠦᠬᠦ ᠬᠦᠴᠦᠨ᠎ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ ᠠᠵᠤ ᠦᠢᠯᠡᠰ᠎ᠦᠨ ᠬᠡᠯᠬᠢᠶᠡᠨ᠎ᠦ ᠪᠤᠵᠠᠭᠠᠢᠷᠠᠨ ᠬᠦᠴᠦᠷᠬᠡᠭᠵᠢᠬᠦ᠎ᠶᠢ ᠳᠠᠶ᠋ᠢᠴᠢᠯᠠᠨ᠎ᠠ᠃ 

ᠢᠷᠡᠯᠲᠡ᠄         
          
ᠬᠠᠮᠢᠶ᠎ᠡ ᠪᠦᠬᠦᠢ ᠰᠣᠨᠢᠨ
 
            