ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠢᠯᠡ ᠵᠠᠰᠠᠭ   -   ᠲᠦᠷᠦ᠎ᠶᠢᠨ ᠪᠣᠳᠤᠯᠭ᠎ᠠ᠎ᠶᠢᠨ ᠲᠠᠶ᠋ᠢᠯᠤᠮᠵᠢ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》 ᠵᠡᠷᠭᠡ ᠲᠠᠪᠤᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠤᠨ ᠲᠥᠷᠥ ᠵᠢᠨ ᠪᠣᠳᠣᠯᠭ᠎ᠠ ᠵᠢᠨ ᠲᠠᠶ᠋ᠢᠯᠤᠮᠵᠢ
ᠨᠡᠶ᠋ᠢᠲᠡᠯᠡᠭᠰᠡᠨ ᠴᠠᠭ᠄ 2021-12-23

        2020 ᠣᠨ᠎ᠤ 8 ᠳ᠋ᠤᠭ᠋ᠠᠷ ᠰᠠᠷ᠎ᠠ ᠵᠢᠨ 10᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠠᠵᠢᠯ ᠲᠥᠷᠥᠯ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠨᠠᠷᠢᠨ ᠲᠦᠷᠢᠮ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠠᠮᠢᠶᠠᠷᠤᠯᠲᠠ ᠵᠢᠨ ᠠᠷᠭ᠎ᠠ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠯᠲᠡ ᠵᠢᠨ ᠲᠡᠮᠳᠡᠭ᠎ᠢ ᠬᠠᠮᠠᠭ᠋ᠠᠯᠠᠵᠤ ᠬᠠᠮᠢᠶᠠᠷᠬᠤ ᠠᠵᠢᠯ᠎ᠤᠨ ᠬᠡᠷᠡᠭᠵᠢᠭᠦᠯᠬᠦ ᠰᠠᠨᠠᠯ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠲᠥᠷᠥᠯ ᠵᠦᠢ᠍ᠯ᠎ᠢ ᠳᠠᠩᠰᠠᠯᠠᠭᠤᠯᠬᠤ᠂ ᠦᠷ᠎ᠡ ᠪᠦᠲᠦᠭᠡᠯ᠎ᠢ ᠬᠤᠷᠢᠶᠠᠩᠭᠤᠶ᠋ᠢᠯᠠᠨ ᠲᠤᠰᠢᠶᠠᠬᠤ ᠵᠢᠨ ᠬᠡᠷᠡᠭᠵᠢᠭᠦᠯᠬᠦ ᠰᠠᠨᠠᠯ》 ᠵᠡᠷᠭᠡ ᠲᠠᠪᠤᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ ᠳᠠᠷᠤᠮᠠᠯᠯᠠᠨ ᠲᠠᠷᠬᠠᠭ᠋ᠠᠭᠰᠠᠨ ᠪᠥᠭᠡᠳ ᠬᠡᠷᠡᠭᠵᠢᠭᠦᠯᠪᠡ᠃ ᠨᠠᠩ ᠰᠠᠶ᠋ᠢᠨ ᠣᠶ᠋ᠢᠯᠠᠭ᠋ᠠᠬᠤ ᠪᠠ ᠲᠤᠤᠱᠯᠠᠭᠤᠯᠤᠨ ᠬᠡᠷᠡᠭᠵᠢᠭᠦᠯᠬᠦ ᠵᠢᠨ ᠲᠥᠯᠥᠭᠡ᠂ ᠣᠲᠣ ᠳᠤᠤᠷᠠᠬᠢ ᠮᠡᠲᠦ ᠲᠠᠶ᠋ᠢᠯᠤᠮᠵᠢ ᠬᠢᠶ᠎ᠠ᠄
        ᠨᠢᠭᠡ᠂ ᠵᠣᠷᠢᠯᠭ᠎ᠠ ᠪᠠ ᠶᠠᠪᠤᠴᠠ
        ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠮᠵᠢᠨ ᠵᠢᠷᠤᠬᠤ ᠬᠠᠤᠯᠢ》 ᠵᠢ ᠪᠥᠬᠥ ᠲᠠᠯ᠎ᠠ᠎ᠪᠠᠷ   ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠬᠡᠮᠵᠢᠨ ᠵᠢᠷᠤᠬᠤ ᠠᠵᠢᠯ᠎ᠤᠨ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠬᠠᠮᠢᠶᠠᠷᠤᠯᠲᠠ ᠵᠢ ᠲᠤᠯᠭ᠋ᠠᠭᠤᠷᠢᠯᠠᠬᠤ᠂ ᠠᠮᠢ ᠠᠬᠤᠶ ᠵᠢᠨ ᠪᠣᠯᠪᠠᠰᠤᠨ᠎ᠤ ᠪᠠᠶ᠋ᠢᠭᠤᠯᠤᠯᠲᠠ᠎ᠳᠤ ᠦᠶᠯᠡᠴᠢᠯᠡᠬᠦ᠂ ᠡᠯ᠎ᠡ ᠠᠵᠢᠯ ᠲᠥᠷᠥᠯ᠎ᠤᠨ ᠬᠡᠷᠡᠭᠴᠡᠭᠡ ᠱᠠᠭ᠋ᠠᠷᠳᠠᠯᠭ᠎ᠠ ᠵᠢ ᠲᠤᠯᠭ᠋ᠠᠭᠤᠷᠢᠯᠠᠬᠤ᠂ ᠠᠵᠤ ᠠᠬᠤᠶ ᠨᠡᠶ᠋ᠢᠭᠡᠮ᠎ᠤᠨ ᠬᠥᠭᠵᠢᠯᠲᠡ᠎ᠳᠤ ᠦᠢ᠍ᠯᠡᠴᠢᠯᠡᠬᠦ ᠰᠢᠨ᠎ᠡ ᠪᠠᠶ᠋ᠢᠳᠠᠯ᠎ᠳᠤ ᠵᠣᠬᠢᠴᠠᠭᠤᠯᠤᠨ᠂ ᠮᠠᠨ᠎ᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ᠂ ᠢᠲᠡᠭᠡᠮᠵᠢ ᠵᠢᠨ ᠮᠡᠳᠡᠭᠡ ᠵᠠᠩᠭᠢ ᠵᠢᠨ ᠬᠠᠮᠢᠶᠠᠷᠤᠯᠲᠠ᠂ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠠᠮᠢᠶᠠᠷᠤᠯᠲᠠ᠂ ᠬᠡᠮᠵᠢᠯᠲᠡ ᠵᠢᠨ ᠲᠡᠮᠳᠡᠭ᠎ᠢ ᠬᠠᠮᠠᠭ᠋ᠠᠯᠠᠬᠤ ᠬᠠᠮᠢᠶᠠᠷᠤᠯᠲᠠ ᠪᠠ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠲᠥᠷᠥᠯ ᠵᠦᠢ᠍ᠯ᠎ᠢ ᠳᠠᠩᠰᠠᠯᠠᠭᠤᠯᠬᠤ᠂ ᠦᠷ᠎ᠡ ᠪᠦᠲᠦᠭᠡᠯ᠎ᠢ ᠬᠤᠷᠢᠶᠠᠩᠭᠤᠶ᠋ᠢᠯᠠᠨ ᠲᠤᠰᠢᠶᠠᠬᠤ ᠬᠠᠮᠢᠶᠠᠷᠤᠯᠲᠠ ᠵᠢ ᠴᠢᠩᠭ᠋ᠠᠳᠬᠠᠵᠤ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》 ᠵᠡᠷᠭᠡ ᠲᠠᠪᠤᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ ᠲᠣᠭᠲᠠᠭ᠋ᠠᠪᠠ᠃ ᠪᠢᠴᠢᠭ ᠮᠠᠲ᠋ᠧᠷᠢᠶᠠᠯ᠎ᠢ ᠬᠡᠷᠡᠭᠵᠢᠭᠦᠯᠦᠭᠰᠡᠨ᠎ᠤ ᠳᠠᠷᠠᠭ᠎ᠠ᠂ ᠲᠥᠷᠥ ᠵᠢᠨ ᠶᠠᠪᠤᠳᠠᠯ᠎ᠤᠨ ᠬᠣᠷᠢᠶᠠᠨ᠎ᠤ 《ᠲᠠᠯᠪᠢᠬᠤ ᠬᠠᠮᠢᠶᠠᠷᠬᠤ ᠦᠢ᠍ᠯᠡᠴᠢᠯᠡᠬᠦ》 ᠬᠣᠯᠪᠣᠭᠳᠠᠯ ᠪᠥᠬᠥᠶ ᠱᠠᠭ᠋ᠠᠷᠳᠠᠯᠭ᠎ᠠ ᠵᠢ ᠪᠥᠬᠥ ᠲᠠᠯ᠎ᠠ᠎ᠪᠠᠷ ᠲᠤᠭᠤᠰᠢᠯᠠᠭᠤᠯᠤᠨ ᠨᠠᠶ᠋ᠢᠳᠠᠪᠤᠷᠢᠵᠢᠭᠤᠯᠬᠤ ᠲᠤᠬᠠᠶ᠂ ᠮᠠᠨ᠎ᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠬᠠᠮᠢᠶᠠᠷᠤᠯᠲᠠ ᠵᠢ   ᠴᠢᠩᠭ᠋ᠠᠳᠬᠠᠬᠤ᠂ ᠬᠡᠮᠵᠢᠨ ᠵᠢᠷᠤᠬᠤ ᠠᠵᠢᠯᠯᠠᠭ᠎ᠠ ᠵᠢ ᠵᠢᠷᠤᠮᠵᠢᠭᠤᠯᠬᠤ᠂ ᠭᠠᠵᠠᠷ ᠵᠦᠶ ᠵᠢᠨ ᠮᠡᠳᠡᠭᠡ ᠵᠠᠩᠭᠢ ᠵᠢᠨ ᠦᠢ᠍ᠯᠡᠳᠬᠦᠨ᠎ᠤ ᠶᠠᠰᠤ ᠴᠢᠨᠠᠷ᠎ᠤᠨ ᠬᠢᠷᠢ ᠬᠡᠮᠵᠢᠶ᠎ᠡ ᠵᠢ ᠳᠡᠭᠡᠭᠰᠢᠯᠡᠭᠦᠯᠬᠦ᠂ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠰᠢᠰᠲ᠋ᠧᠮᠵᠢ ᠵᠢᠨ ᠪᠠᠶ᠋ᠢᠭᠤᠯᠤᠯᠲᠠ ᠵᠢ ᠠᠬᠢᠭᠤᠯᠬᠤ᠂ ᠬᠡᠮᠵᠢᠨ ᠵᠢᠷᠤᠬᠤ ᠵᠠᠬ᠎ᠠ ᠳᠡᠯᠭᠡᠭᠦᠷ᠎ᠤᠨ ᠡᠷᠬᠡ ᠲᠡᠭᠰᠢ ᠥᠷᠢᠰᠥᠯᠳᠦᠭᠡᠨ᠎ᠢ ᠬᠠᠮᠠᠭ᠋ᠠᠯᠠᠬᠤ᠂ ᠬᠡᠮᠵᠢᠨ ᠵᠢᠷᠤᠬᠤ ᠨᠢᠭᠡᠴᠢ ᠵᠢᠨ ᠦᠨᠡᠨᠴᠢ ᠢᠲᠡᠭᠡᠮᠵᠢᠲᠡᠢ ᠪᠠᠶ᠋ᠢᠬᠤ ᠵᠢ ᠠᠬᠢᠭᠤᠯᠬᠤ᠂ ᠭᠠᠵᠠᠷ ᠵᠦᠢ ᠵᠢᠨ ᠮᠡᠳᠡᠭᠡ ᠵᠠᠩᠭᠢ ᠵᠢᠨ ᠠᠵᠤ ᠦᠢ᠍ᠯᠡᠰ᠎ᠤᠨ ᠡᠷᠡᠭᠦᠯ ᠪᠥᠭᠡᠳ ᠡᠮᠬᠢ ᠵᠢᠷᠤᠮ᠎ᠲᠠᠢ᠎ᠪᠠᠷ ᠬᠥᠭᠵᠢᠬᠦ ᠵᠢ ᠪᠠᠲᠤᠯᠠᠬᠤ᠂ ᠭᠠᠵᠠᠷ᠎ᠤᠨ ᠵᠢᠷᠤᠭ᠎ᠤᠨ ᠵᠠᠬ᠎ᠠ ᠳᠡᠯᠭᠡᠭᠦᠷ᠎ᠢ ᠵᠢᠷᠤᠮᠵᠢᠭᠤᠯᠬᠤ᠂ ᠤᠯᠤᠰ᠎ᠤᠨ ᠡᠷᠬᠡ ᠮᠡᠳᠡᠯ᠎ᠢ ᠬᠠᠮᠠᠭ᠋ᠠᠯᠠᠬᠤ᠂ ᠠᠮᠤᠷ ᠲᠦᠪᠰᠢᠨ ᠪᠠ ᠠᠰᠢᠭ ᠲᠤᠰᠠ᠂ ᠪᠦᠬᠦ ᠠᠷᠠᠳ᠎ᠤᠨ ᠬᠡᠮᠵᠢᠯᠲᠡ ᠵᠢᠨ ᠲᠡᠮᠳᠡᠭ᠎ᠢ ᠬᠠᠮᠠᠭ᠋ᠠᠯᠠᠬᠤ ᠤᠬᠠᠮᠰᠠᠷ᠎ᠢ ᠳᠡᠭᠡᠭᠰᠢᠯᠡᠭᠦᠯᠬᠦ᠂ ᠳᠠᠪᠬᠤᠷᠳᠠᠭᠤᠯᠤᠨ ᠪᠦᠳᠦᠭᠡᠨ ᠪᠠᠶ᠋ᠢᠭᠤᠯᠬᠤ ᠪᠠ ᠡᠬᠢ ᠪᠠᠶᠠᠯᠢᠭ᠎ᠢ ᠪᠦᠷᠢᠯᠭᠡᠨ ᠰᠦᠢ᠍ᠳᠬᠡᠬᠦ ᠵᠢ ᠪᠠᠭ᠋ᠠᠰᠬᠠᠬᠤ᠂ ᠭᠠᠵᠠᠷ ᠵᠦᠢ ᠵᠢᠨ ᠮᠡᠳᠡᠭᠡ ᠵᠠᠩᠭᠢ ᠵᠢᠨ ᠡᠬᠢ ᠪᠠᠶᠠᠯᠢᠭ᠎ᠢ ᠬᠠᠮᠲᠤᠪᠠᠷ ᠪᠠᠶ᠋ᠢᠭᠤᠯᠵᠤ ᠬᠠᠮᠲᠤᠪᠠᠷ ᠡᠳᠯᠡᠬᠦ ᠬᠢᠷᠢ ᠬᠡᠮᠵᠢᠶ᠎ᠡ ᠵᠢ ᠳᠡᠭᠡᠭᠰᠢᠯᠡᠭᠦᠯᠬᠦ᠂ ᠤᠯᠤᠰ ᠠᠷᠠᠳ᠎ᠤᠨ ᠨᠡᠶ᠋ᠢᠭᠡᠮ᠎ᠤᠨ ᠠᠵᠤ ᠠᠬᠤᠢ ᠵᠢᠨ ᠬᠥᠭᠵᠢᠯᠲᠡ ᠵᠢ ᠪᠠᠲᠤᠯᠠᠬᠤ᠎ᠳᠤ ᠴᠢᠬᠤᠯᠠ ᠶᠡᠬᠡ ᠠᠴᠢ ᠬᠣᠯᠪᠣᠭᠳᠠᠯ᠎ᠲᠠᠢ ᠶᠤᠮ᠃
       《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠨᠠᠷᠢᠨ ᠲᠦᠷᠢᠮ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠠᠮᠢᠶᠠᠷᠤᠯᠲᠠ ᠵᠢᠨ ᠠᠷᠭ᠎ᠠ》 ᠵᠡᠷᠭᠡ ᠭᠤᠷᠪᠠᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ 2018 ᠣᠨ᠎ᠤ 4 ᠳ᠋ᠦ᠍ᠭᠡᠷ ᠰᠠᠷ᠎ᠠ᠎ᠳᠤ ᠨᠢᠭᠡᠨᠲᠡ ᠲᠤᠷᠰᠢᠨ ᠬᠡᠷᠡᠭᠵᠢᠭᠦᠯᠵᠦ᠂ ᠬᠣᠶᠠᠷ ᠵᠢᠯ᠎ᠤᠨ ᠲᠤᠷᠰᠢᠨ ᠬᠡᠷᠡᠭᠵᠢᠭᠦᠯᠬᠦ ᠬᠤᠭᠤᠴᠠᠭ᠎ᠠ᠎ᠨᠢ ᠳᠦᠭᠦᠷᠪᠡ᠂ ᠲᠣᠰ ᠤᠳᠠᠭ᠎ᠠ ᠰᠢᠨ᠎ᠡ᠎ᠪᠠᠷ ᠲᠣᠭᠲᠠᠭ᠋ᠠᠭᠰᠠᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠠᠮᠠᠭ᠋ᠠᠯᠠᠬᠤ ᠬᠠᠮᠢᠶᠠᠷᠤᠯᠲᠠ ᠵᠢᠨ ᠠᠵᠢᠯ᠎ᠤᠨ ᠬᠡᠷᠡᠭᠵᠢᠭᠦᠯᠬᠦ ᠰᠠᠨᠠᠯ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠲᠥᠷᠥᠯ ᠵᠦᠢ᠍ᠯ᠎ᠢ ᠳᠠᠩᠰᠠᠯᠠᠭᠤᠯᠬᠤ᠂ ᠦᠷ᠎ᠡ ᠪᠦᠲᠦᠭᠡᠯ᠎ᠢ ᠬᠤᠷᠢᠶᠠᠩᠭᠤᠶ᠋ᠢᠯᠠᠨ ᠲᠤᠰᠢᠶᠠᠬᠤ ᠬᠡᠷᠡᠭᠵᠢᠭᠦᠯᠬᠦ ᠰᠠᠨᠠᠯ》᠎ᠲᠠᠢ ᠤᠶᠠᠯᠳᠤᠭᠤᠯᠤᠨ ᠵᠠᠰᠠᠪᠤᠷᠢ ᠣᠷᠣᠭᠤᠯᠪᠠ᠃ ᠲᠣᠭᠲᠠᠭ᠋ᠠᠬᠤ ᠶᠠᠪᠤᠴᠠ ᠳᠤᠮᠳᠠ ᠮᠠᠨ᠎ᠤ ᠲᠢᠩᠬᠢᠮ ᠪᠠᠢ᠍ᠴᠠᠭ᠋ᠠᠨ ᠰᠤᠳᠤᠯᠤᠯᠲᠠ᠂ ᠵᠠᠬᠢᠳᠠᠯ ᠵᠶ᠋ᠡᠷ ᠪᠠᠢ᠌ᠴᠠᠭ᠋ᠠᠬᠤ᠂ ᠶᠠᠷᠢᠯᠴᠠᠬᠤ ᠬᠤᠷᠠᠯ ᠬᠤᠷᠠᠯᠳᠤᠭᠤᠯᠬᠤ ᠵᠡᠷᠭᠡ ᠤᠯᠠᠨ ᠵᠦᠢ᠍ᠯ᠎ᠤᠨ ᠬᠡᠯᠪᠡᠷᠢ ᠪᠠ ᠠᠷᠭ᠎ᠠ ᠵᠠᠮ ᠵᠶ᠋ᠡᠷ ᠰᠠᠨᠠᠯ ᠰᠠᠨᠠᠭᠤᠯᠭ᠎ᠠ ᠥᠷᠭᠡᠨ ᠵᠶ᠋ᠠᠷ ᠬᠤᠷᠢᠶᠠᠵᠤ᠂ ᠬᠥᠷᠰᠢ ᠵᠡᠷᠭᠡᠯᠡᠳᠡᠭᠡ ᠮᠤᠵᠢ ᠣᠷᠣᠨ᠎ᠤ ᠲᠡᠷᠢᠭᠦᠨ᠎ᠤ ᠲᠤᠷᠰᠢᠯᠭ᠎ᠠ ᠪᠠ ᠨᠡᠶ᠋ᠢᠲᠡᠯᠢᠭ ᠠᠷᠭ᠎ᠠ ᠬᠢᠳᠡᠯ᠎ᠢ ᠰᠤᠷᠤᠯᠴᠠᠨ ᠲᠣᠯᠢ ᠪᠣᠯᠭ᠋ᠠᠵᠤ᠂ ᠰᠠᠨᠠᠯ ᠬᠤᠷᠢᠶᠠᠬᠤ ᠨᠤᠤᠷᠠᠭ᠎ᠢ ᠪᠦᠷᠢᠯᠳᠦᠭᠦᠯᠦᠭᠰᠡᠨ᠎ᠤ ᠳᠠᠷᠠᠭ᠎ᠠ ᠲᠢᠩᠬᠢᠮ᠎ᠤᠨ ᠬᠠᠮᠢᠶ᠎ᠠ ᠪᠥᠬᠥᠶ ᠭᠠᠵᠠᠷ ᠠᠯᠪᠠᠨ ᠬᠡᠷ᠎ᠲᠤ᠂ ᠠᠶ᠋ᠢᠮᠠᠭ ᠬᠣᠲᠠ ᠵᠢᠨ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠣᠪᠴᠢᠶ᠎ᠠ᠂ ᠬᠡᠰᠡᠭ ᠬᠡᠮᠵᠢᠨ ᠵᠢᠷᠤᠬᠤ ᠬᠢᠷᠢ ᠬᠡᠮ᠎ᠤᠨ ᠨᠢᠭᠡᠴᠢ ᠵᠡᠷᠭᠡ᠎ᠠᠴᠠ ᠰᠠᠨᠠᠯ ᠰᠠᠨᠠᠭᠤᠯᠭ᠎ᠠ ᠬᠤᠷᠢᠶᠠᠵᠤ᠂ ᠴᠤᠭᠯᠠᠭᠤᠯᠤᠭᠰᠠᠨ ᠰᠠᠨᠠᠯ ᠪᠠ ᠰᠠᠨᠠᠭᠤᠯᠭ᠎ᠠ ᠵᠢ ᠡᠮᠬᠢᠯᠡᠨ ᠬᠤᠷᠢᠶᠠᠩᠭᠤᠶ᠋ᠢᠯᠠᠵᠤ ᠵᠠᠰᠠᠪᠤᠷᠢ ᠣᠷᠣᠭᠣᠯᠣᠨ᠂ ᠳᠠᠬᠢᠨᠲᠠ ᠲᠤᠰᠬᠠᠶ ᠮᠡᠷᠭᠡᠵᠢᠯᠲᠡᠨ᠎ᠢ ᠵᠣᠬᠢᠶᠠᠨ ᠪᠠᠶ᠋ᠢᠭᠤᠯᠵᠤ ᠶᠠᠷᠢᠯᠴᠠᠬᠤ ᠬᠤᠷᠠᠯ ᠵᠶ᠋ᠠᠷ ᠳᠠᠮᠵᠢᠨ ᠨᠤᠲᠠᠯᠠᠯᠲᠠ ᠬᠢᠵᠦ᠂ ᠪᠢᠴᠢᠭ ᠮᠠᠲ᠋ᠧᠷᠢᠶᠠᠯ᠎ᠳᠤ ᠵᠠᠰᠠᠪᠤᠷᠢ ᠣᠷᠣᠭᠤᠯᠤᠨ   ᠲᠡᠭᠦᠯᠳᠡᠷᠵᠢᠭᠦᠯᠦᠨ᠂ ᠪᠠᠰᠠ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠎ᠳᠤ ᠮᠡᠳᠡᠭᠦᠯᠦᠨ ᠳᠠᠩᠰᠠᠯᠠᠭᠤᠯᠵᠤ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠤᠨ 2020 ᠣᠨ᠎ᠤ ᠳᠣᠯᠣᠳᠤᠭ᠋ᠠᠷ ᠤᠳᠠᠭ᠎ᠠ ᠵᠢᠨ ᠲᠢᠩᠬᠢᠮ᠎ᠤᠨ ᠶᠠᠪᠤᠳᠠᠯ᠎ᠤᠨ ᠬᠤᠷᠠᠯ᠎ᠠᠴᠠ ᠪᠠᠲᠤᠯᠠᠵᠤ᠂ ᠨᠡᠶ᠋ᠢᠲᠡᠯᠡᠨ ᠬᠡᠷᠡᠭᠵᠢᠭᠦᠯᠪᠡ᠃
        ᠬᠣᠶᠠᠷ᠂ ᠭᠣᠣᠯ ᠦᠨᠳᠦᠰᠦᠯᠡᠯ  
       1 . 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠮᠵᠢᠨ ᠵᠢᠷᠤᠬᠤ ᠬᠠᠤᠯᠢ》 (ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭᠴᠢ ᠵᠢᠨ ᠵᠢᠷᠠᠨ ᠳᠣᠯᠣᠳᠤᠭ᠋ᠠᠷ ᠵᠠᠷᠯᠢᠭ)᠃
       2 . 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠦᠢ᠍ᠯᠡᠳᠬᠦᠨ᠎ᠤ ᠶᠠᠰᠤ ᠴᠢᠨᠠᠷ᠎ᠤᠨ ᠬᠠᠤᠯᠢ》 (ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭᠴᠢ ᠵᠢᠨ ᠬᠣᠷᠢᠨ ᠬᠣᠶᠠᠳᠤᠭ᠋ᠠᠷ ᠵᠠᠷᠯᠢᠭ)᠃
       3 . 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠮᠵᠢᠯᠲᠡ ᠵᠢᠨ ᠲᠡᠮᠳᠡᠭ᠎ᠢ ᠬᠠᠮᠠᠭ᠋ᠠᠯᠠᠬᠤ ᠳᠦᠷᠢᠮ》 (ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠦᠷᠦ ᠵᠢᠨ ᠶᠠᠪᠤᠳᠠᠯ᠎ᠤᠨ ᠬᠣᠷᠢᠶᠠᠨ᠎ᠤ 588 ᠳ᠋ᠤᠭ᠋ᠠᠷ ᠵᠠᠷᠯᠢᠭ)᠃
       4 . 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠮᠵᠢᠨ ᠵᠢᠷᠤᠭᠰᠠᠨ ᠦᠷ᠎ᠡ ᠪᠦᠲᠦᠭᠡᠯ᠎ᠢ ᠬᠠᠮᠢᠶᠠᠷᠬᠤ ᠳᠦᠷᠢᠮ》 (ᠲᠦᠷᠦ ᠵᠢᠨ ᠶᠠᠪᠤᠳᠠᠯ᠎ᠤᠨ ᠬᠣᠷᠢᠶᠠᠨ᠎ᠤ 469 ᠳ᠋ᠦ᠍ᠭᠡᠷ ᠵᠠᠷᠯᠢᠭ)᠃
       5 . 《ᠭᠠᠵᠠᠷ᠎ᠤᠨ ᠵᠢᠷᠤᠭ᠎ᠤᠨ ᠬᠠᠮᠢᠶᠠᠷᠤᠯᠲᠠ ᠵᠢᠨ ᠳᠦᠷᠢᠮ》 (ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠦᠷᠦ ᠵᠢᠨ ᠶᠠᠪᠤᠳᠠᠯ᠎ᠤᠨ ᠬᠣᠷᠢᠶᠠᠨ᠎ᠤ 664 ᠳ᠋ᠦ᠍ᠭᠡᠷ ᠵᠠᠷᠯᠢᠭ)᠃
       6 . 《ᠭᠠᠵᠠᠷ ᠵᠦᠶ ᠵᠢᠨ ᠮᠡᠳᠡᠭᠡ ᠵᠠᠩᠭᠢ ᠵᠢᠨ ᠠᠵᠤ ᠦᠢ᠍ᠯᠡᠰ᠎ᠤᠨ ᠬᠥᠭᠵᠢᠯᠲᠡ ᠵᠢ ᠠᠬᠢᠭᠤᠯᠬᠤ ᠲᠤᠬᠠᠶ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠰᠠᠨᠠᠯ》 (ᠲᠥᠷᠥ ᠠᠯᠪᠠᠨ ᠲᠠᠷᠬᠠᠭ᠋ᠠᠭᠰᠠᠨ [2014] 2 ᠳ᠋ᠤᠭ᠋ᠠᠷ ᠲᠣᠭ᠋ᠠᠲᠤ)᠃
       7 . 《ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠠᠮᠢᠶᠠᠷᠤᠯᠲᠠ ᠵᠢᠨ ᠲᠣᠭᠲᠠᠭ᠋ᠠᠯ》 (ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠨᠤᠲᠤᠭ ᠳᠡᠪᠢᠰᠬᠡᠷ ᠡᠬᠢ ᠪᠠᠶᠠᠯᠢᠭ᠎ᠤᠨ ᠶᠠᠮᠤᠨ᠎ᠤ 77 ᠳ᠋ᠤᠭ᠋ᠠᠷ ᠲᠣᠭ᠋ᠠᠲᠤ ᠵᠠᠷᠯᠢᠭ)᠃
       8 . 《ᠭᠠᠵᠠᠷ ᠵᠦᠢ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》 (ᠤᠯᠤᠰ ᠬᠡᠮᠵᠢᠨ ᠲᠠᠷᠬᠠᠭ᠋ᠠᠭᠰᠠᠨ [2015] 17 ᠳ᠋ᠤᠭ᠋ᠠᠷ ᠲᠣᠭ᠋ᠠᠲᠤ)᠃
       9 . 《ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠠᠷᠭ᠎ᠠ》᠂ 《ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠭᠦᠢ᠍ᠴᠡᠳᠬᠡᠯ ᠲᠣᠭ᠋ᠠᠨ᠎ᠤ ᠰᠢᠰᠲ᠋ᠧᠮᠵᠢ》 (ᠤᠯᠤᠰ ᠬᠡᠮᠵᠢᠨ ᠬᠠᠮᠢᠶᠠᠷᠬᠤ ᠲᠠᠷᠬᠠᠭ᠋ᠠᠭᠰᠠᠨ [2015] 57 ᠳ᠋ᠤᠭ᠋ᠠᠷ ᠲᠣᠭ᠋ᠠᠲᠤ)᠃
        ᠭᠤᠷᠪᠠ᠂ ᠭᠣᠣᠯ ᠠᠭᠤᠯᠭ᠎ᠠ
       (ᠨᠢᠭᠡ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》᠃
       《ᠠᠷᠭ᠎ᠠ》 ᠵᠢ ᠶᠡᠷᠦᠩᠬᠡᠶ ᠲᠦᠷᠢᠮ᠂ ᠬᠢᠨᠠᠯᠲᠠ ᠬᠠᠮᠢᠶᠠᠷᠤᠯᠲᠠ᠂ ᠬᠡᠮᠵᠢᠨ ᠵᠢᠷᠤᠬᠤ ᠬᠢᠷᠢ ᠬᠡᠮ᠎ᠤᠨ ᠨᠢᠭᠡᠴᠢ ᠵᠢᠨ ᠶᠠᠰᠤ ᠴᠢᠨᠠᠷ᠎ᠤᠨ ᠬᠠᠷᠢᠭᠤᠴᠠᠯᠭ᠎ᠠ ᠪᠠ ᠡᠭᠦᠷᠭᠡ᠂ ᠬᠡᠮᠵᠢᠨ ᠵᠢᠷᠤᠬᠤ ᠶᠠᠰᠤ ᠴᠢᠨᠠᠷ᠎ᠢ ᠪᠠᠶ᠋ᠢᠴᠠᠭ᠋ᠠᠬᠤ ᠪᠠᠶ᠋ᠢᠭᠤᠯᠤᠮᠵᠢ ᠵᠢᠨ ᠬᠠᠷᠢᠭᠤᠴᠠᠯᠭ᠎ᠠ ᠪᠠ ᠡᠭᠦᠷᠭᠡ᠂ ᠶᠠᠰᠤ ᠴᠢᠨᠠᠷ᠎ᠤᠨ ᠱᠠᠩᠨᠠᠯ ᠲᠣᠷᠭ᠋ᠠᠭᠤᠯᠢ᠂ ᠳᠠᠭ᠋ᠠᠯᠳᠤᠭᠤᠯᠤᠭᠰᠠᠨ ᠲᠦᠷᠢᠮ ᠵᠡᠷᠭᠡ ᠵᠢᠷᠭᠤᠭ᠋ᠠᠨ ᠪᠦᠯᠦᠭ ᠬᠤᠪᠢᠶᠠᠵᠤ᠂ ᠨᠡᠶ᠋ᠢᠲᠡ ᠬᠣᠷᠢ ᠶᠢᠰᠦᠨ ᠵᠦᠢ᠍ᠯ᠎ᠲᠠᠢ᠃
       1 . ᠶᠠᠰᠤ ᠴᠢᠨᠠᠷ᠎ᠤᠨ ᠬᠢᠨᠠᠯᠲᠠ ᠬᠠᠮᠢᠶᠠᠷᠤᠯᠲᠠ ᠵᠢᠨ ᠱᠠᠭ᠋ᠠᠷᠳᠠᠯᠭ᠎ᠠ ᠵᠢ ᠲᠣᠳᠣᠷᠬᠠᠶ᠋ᠢᠯᠠᠪᠠ
       《ᠠᠷᠭ᠎ᠠ》᠎ᠳᠤ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ ᠪᠠ ᠡᠯ᠎ᠡ ᠱᠠᠲᠤᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠡᠷᠭᠢᠯᠡᠨ ᠬᠠᠮᠢᠶᠠᠷᠬᠤ ᠰᠠᠯᠠᠭ᠎ᠠ ᠮᠥᠴᠢᠷ᠂ ᠶᠠᠰᠤ ᠴᠢᠨᠠᠷ᠎ᠢ ᠪᠠᠶ᠋ᠢᠴᠠᠭ᠋ᠠᠬᠤ ᠪᠠᠶ᠋ᠢᠭᠤᠯᠤᠮᠵᠢ ᠵᠢᠨ ᠬᠠᠷᠢᠭᠤᠴᠠᠯᠭ᠎ᠠ ᠵᠢ ᠲᠣᠳᠣᠷᠬᠠᠶ ᠲᠣᠭᠲᠠᠭ᠋ᠠᠪᠠ᠃ 《ᠬᠣᠶᠠᠷ᠎ᠢ ᠰᠤᠭᠤᠴᠢᠵᠤ᠂ ᠨᠢᠭᠡ ᠵᠢ ᠢᠯᠡ ᠪᠣᠯᠭ᠋ᠠᠬᠤ》 ᠱᠠᠭ᠋ᠠᠷᠳᠠᠯᠭ᠎ᠠ ᠶᠣᠰᠣᠭ᠋ᠠᠷ ᠬᠢᠨᠠᠯᠲᠠ ᠲᠠᠯᠪᠢᠵᠤ ᠪᠠᠶ᠋ᠢᠴᠠᠭ᠋ᠠᠬᠤ ᠵᠢ ᠬᠡᠷᠡᠭᠵᠢᠭᠦᠯᠵᠦ᠂ ᠬᠡᠮᠵᠢᠨ ᠵᠢᠷᠤᠬᠤ ᠬᠢᠷᠢ ᠴᠢᠳᠠᠮᠵᠢ᠎ᠲᠠᠢ ᠨᠢᠭᠡᠴᠢ᠎ᠳᠤ 3 ᠵᠢᠯ᠎ᠠᠴᠠ ᠳᠤᠲᠠᠭᠤ ᠥᠬᠡᠶ ᠬᠤᠭᠤᠴᠠᠭ᠋ᠠᠨ᠎ᠳᠤ ᠨᠢᠭᠡ ᠤᠳᠠᠭ᠎ᠠ ᠪᠦᠭᠦᠳᠡ ᠵᠢ ᠬᠢᠨᠠᠯᠲᠠ ᠲᠠᠯᠪᠢᠵᠤ ᠪᠠᠶ᠋ᠢᠴᠠᠭ᠋ᠠᠬᠤ ᠵᠢ ᠱᠠᠭ᠋ᠠᠷᠳᠠᠨ᠎ᠠ᠃
       2 . ᠬᠡᠮᠵᠢᠨ ᠵᠢᠷᠤᠬᠤ ᠨᠢᠭᠡᠴᠢ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠱᠠᠭ᠋ᠠᠷᠳᠠᠯᠭ᠎ᠠ ᠵᠢ ᠨᠠᠷᠢᠯᠢᠬ᠍ᠵᠢᠭᠤᠯᠪᠠ
      《ᠠᠷᠭ᠎ᠠ》᠎ᠳᠤ ᠬᠡᠮᠵᠢᠨ ᠵᠢᠷᠤᠬᠤ ᠨᠢᠭᠡᠴᠢ ᠶᠠᠰᠤ ᠴᠢᠨᠠᠷ᠎ᠤᠨ ᠬᠠᠮᠢᠶᠠᠷᠤᠯᠲᠠ ᠪᠠ ᠶᠠᠰᠤ ᠴᠢᠨᠠᠷ᠎ᠤᠨ ᠪᠠᠶ᠋ᠢᠴᠠᠭ᠋ᠠᠯᠲᠠ ᠵᠢᠨ ᠰᠢᠰᠲ᠋ᠧᠮ ᠪᠠᠶ᠋ᠢᠭᠤᠯᠵᠤ᠂ ᠲᠣᠭᠲᠠᠭ᠋ᠠᠯ᠎ᠳᠤ ᠨᠡᠶ᠋ᠢᠴᠡᠬᠦ ᠲᠤᠰᠬᠠᠶ ᠮᠡᠷᠭᠡᠵᠢᠯ᠎ᠤᠨ ᠠᠵᠢᠯᠲᠠᠨ ᠪᠠ ᠶᠠᠰᠤ ᠴᠢᠨᠠᠷ᠎ᠤᠨ ᠪᠠᠶ᠋ᠢᠴᠠᠭ᠋ᠠᠯᠲᠠ ᠵᠢᠨ ᠠᠵᠢᠯᠲᠠᠨ ᠳᠣᠭᠢᠷᠠᠭᠤᠯᠬᠤ ᠬᠡᠷᠡᠭᠲᠡᠶ ᠭᠡᠵᠦ ᠲᠣᠭᠲᠠᠭ᠋ᠠᠵᠠᠶ᠃ ᠲᠣᠬᠢᠷᠠᠭᠤᠯᠤᠭᠰᠠᠨ ᠲᠤᠰᠬᠠᠶ ᠲᠤᠰᠢᠶᠠᠯ᠎ᠤᠨ ᠪᠠ ᠲᠤᠰᠢᠶᠠᠯ ᠬᠠᠪᠰᠤᠷᠭ᠋ᠠᠭᠰᠠᠨ ᠠᠵᠢᠯᠲᠠᠨ᠎ᠤ ᠲᠣᠭ᠎ᠠ ᠬᠡᠮᠵᠢᠶ᠎ᠡ ᠵᠢ ᠲᠣᠳᠣᠷᠬᠠᠶ᠋ᠢᠯᠠᠵᠤ᠂ ᠪᠠᠶ᠋ᠢᠴᠠᠭ᠋ᠠᠬᠤ ᠠᠵᠢᠯᠲᠠᠨ᠎ᠤ ᠬᠥᠮᠦᠵᠢᠯ ᠪᠠ ᠠᠵᠢᠯ᠎ᠤᠨ ᠪᠠᠶ᠋ᠢᠷᠢ ᠵᠢᠨ ᠪᠣᠯᠪᠠᠰᠤᠷᠠᠭᠤᠯᠤᠯ᠎ᠢ ᠴᠢᠩᠭ᠋ᠠᠳᠬᠠᠪᠠ᠃ ᠬᠡᠮᠵᠢᠨ ᠵᠢᠷᠤᠬᠤ ᠬᠢᠷᠢ ᠬᠡᠮ᠎ᠤᠨ ᠨᠢᠭᠡᠴᠢ ᠪᠣᠯ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠶᠠᠰᠤ ᠴᠢᠨᠠᠷ᠎ᠤᠨ ᠬᠠᠷᠢᠭᠤᠴᠠᠯᠭ᠎ᠠ ᠵᠢᠨ ᠭᠤᠤᠯ ᠴᠣᠭᠴᠠ ᠮᠥᠨ᠂ ᠬᠡᠮᠵᠢᠨ ᠵᠢᠷᠤᠭᠰᠠᠨ ᠦᠷ᠎ᠡ ᠪᠦᠲᠦᠭᠡᠯ᠎ᠤᠨ ᠶᠠᠰᠤ ᠴᠢᠨᠠᠷ᠎ᠢ ᠨᠠᠰᠤᠨ ᠲᠤᠷᠰᠢᠳᠠ ᠬᠠᠷᠢᠭᠤᠴᠠᠬᠤ ᠲᠦᠷᠢᠮ ᠪᠠ 《ᠬᠣᠶᠠᠷ ᠳᠡᠰ ᠵᠶ᠋ᠡᠷ ᠪᠠᠶ᠋ᠢᠴᠠᠭ᠋ᠠᠬᠤ᠂ ᠨᠢᠭᠡ ᠳᠡᠰ ᠵᠶ᠋ᠡᠷ ᠰᠢᠯᠭ᠋ᠠᠨ ᠠᠪᠬᠤ》 ᠪᠠᠶ᠋ᠢᠴᠠᠭ᠋ᠠᠯᠲᠠ ᠵᠢᠨ ᠲᠦᠷᠢᠮ᠎ᠢ ᠬᠡᠷᠡᠭᠵᠢᠭᠦᠯᠦᠨ᠎ᠡ ᠭᠡᠵᠦ ᠲᠣᠳᠣᠷᠬᠠᠶ᠋ᠢᠯᠠᠪᠠ᠃
       3 . ᠱᠠᠩᠨᠠᠵᠤ ᠲᠣᠷᠭ᠋ᠠᠬᠤ ᠠᠷᠭ᠎ᠠ ᠬᠡᠮᠵᠢᠶ᠎ᠡ᠎ᠪᠠᠨ ᠴᠢᠩᠭ᠋ᠠᠳᠬᠠᠪᠠ  
      《ᠠᠷᠭ᠎ᠠ》᠎ᠳᠤ ᠬᠡᠮᠵᠢᠨ ᠵᠢᠷᠤᠬᠤ ᠬᠢᠷᠢ ᠬᠡᠮ᠎ᠲᠠᠢ ᠨᠢᠭᠡᠴᠢ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢ ᠭᠤᠤᠯᠯᠠᠨ ᠬᠠᠮᠢᠶᠠᠷᠬᠤ ᠰᠠᠯᠠᠭ᠎ᠠ ᠮᠥᠴᠢᠷ᠎ᠤᠨ ᠬᠠᠤᠯᠢ ᠶᠣᠰᠣᠭ᠋ᠠᠷ ᠬᠢᠨᠠᠯᠲᠠ ᠪᠠᠶ᠋ᠢᠴᠠᠭ᠋ᠠᠯᠲᠠ ᠬᠢᠬᠦ ᠵᠢ ᠲᠡᠪᠴᠢᠬᠦ ᠵᠢ ᠲᠣᠳᠣᠷᠬᠠᠶ ᠲᠣᠭᠲᠠᠭ᠋ᠠᠪᠠ᠃ ᠶᠠᠰᠤ ᠴᠢᠨᠠᠷ᠎ᠤᠨ ᠱᠠᠩᠨᠠᠨ ᠲᠣᠷᠭ᠋ᠠᠬᠤ ᠬᠠᠮᠢᠶ᠎ᠠ ᠪᠥᠬᠥᠶ ᠠᠭᠤᠯᠭ᠎ᠠ ᠵᠢ ᠪᠠᠶᠠᠯᠢᠭᠵᠢᠭᠤᠯᠵᠤ᠂ ᠬᠡᠮᠵᠢᠨ ᠵᠢᠷᠤᠬᠤ ᠨᠢᠭᠡᠴᠢ ᠵᠢᠨ ᠶᠠᠰᠤ ᠴᠢᠨᠠᠷ ᠵᠶ᠋ᠠᠨ ᠳᠡᠭᠡᠭᠰᠢᠯᠡᠭᠦᠯᠬᠦ ᠵᠢ ᠵᠣᠷᠢᠭᠵᠢᠭᠤᠯᠬᠤ ᠵᠢᠨ ᠲᠥᠯᠥᠭᠡ᠂ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠶᠠᠰᠤ ᠴᠢᠨᠠᠷ᠎ᠤᠨ ᠬᠠᠮᠢᠶᠠᠷᠤᠯᠲᠠ᠎ᠨᠢ ᠲᠡᠷᠢᠭᠦᠨ᠎ᠤ ᠵᠡᠷᠭᠡ ᠨᠢᠭᠡᠴᠢ ᠪᠠ ᠬᠤᠪᠢ ᠬᠥᠮᠦᠨ᠎ᠢ ᠰᠠᠶ᠋ᠢᠰᠢᠶᠠᠨ ᠬᠥᠬᠢᠭᠦᠯᠬᠦ᠎ᠪᠠᠷ ᠳᠤᠷᠠᠳᠴᠤ᠂ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ᠎ᠳᠤ ᠶᠠᠰᠤ ᠴᠢᠨᠠᠷ᠎ᠤᠨ ᠠᠰᠠᠭᠤᠳᠠᠯ ᠣᠷᠣᠰᠢᠵᠤ ᠪᠠᠶ᠋ᠢᠭ᠎ᠠ ᠬᠡᠮᠵᠢᠨ ᠵᠢᠷᠤᠬᠤ ᠨᠢᠭᠡᠴᠢ ᠵᠢ ᠲᠣᠷᠭ᠋ᠠᠨ᠎ᠠ᠃ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠭᠰᠠᠨ ᠦᠷ᠎ᠡ ᠪᠦᠲᠦᠭᠡᠯ᠎ᠤᠨ ᠶᠠᠰᠤ ᠴᠢᠨᠠᠷ᠎ᠤᠨ ᠪᠠᠶ᠋ᠢᠴᠠᠭ᠋ᠠᠯᠲᠠ ᠵᠢᠨ ᠦᠷ᠎ᠡ ᠳ᠋ᠦᠩ᠎ᠢ ᠬᠡᠮᠵᠢᠨ ᠵᠢᠷᠤᠬᠤ ᠨᠢᠭᠡᠴᠢ ᠵᠢᠨ ᠢᠲᠡᠭᠡᠮᠵᠢ ᠵᠢᠨ ᠮᠡᠳᠡᠭᠡ ᠵᠠᠩᠭᠢ ᠵᠢᠨ ᠴᠢᠬᠤᠯᠠ ᠪᠦᠷᠢᠯᠳᠦᠬᠦᠨ ᠬᠡᠰᠡᠭ ᠪᠣᠯᠭ᠋ᠠᠵᠤ᠂ ᠢᠲᠡᠭᠡᠮᠵᠢ ᠵᠢᠨ ᠬᠠᠮᠢᠶᠠᠷᠤᠯᠲᠠ ᠵᠢᠨ ᠲᠠᠪᠴᠠᠩ᠎ᠳᠤ ᠣᠷᠣᠭᠤᠯᠬᠤ ᠬᠡᠷᠡᠭᠲᠡᠶ ᠭᠡᠵᠦ ᠲᠣᠳᠣᠷᠬᠠᠶ᠋ᠢᠯᠠᠪᠠ᠃
       (ᠬᠣᠶᠠᠷ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠨᠠᠷᠢᠨ ᠲᠦᠷᠢᠮ》 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠭᠦᠢ᠍ᠴᠡᠳᠬᠡᠯ ᠲᠣᠭ᠎ᠠ ᠵᠢᠨ ᠰᠢᠰᠲ᠋ᠧᠮᠵᠢ》
       《ᠨᠠᠷᠢᠨ ᠲᠦᠷᠢᠮ》᠎ᠨᠢ ᠨᠡᠶ᠋ᠢᠲᠡ ᠠᠷᠪᠠᠨ ᠵᠢᠷᠭᠤᠭ᠋ᠠᠨ ᠵᠦᠢ᠍ᠯ ᠪᠠᠶ᠋ᠢᠵᠤ᠂ ᠬᠡᠷᠡᠭᠯᠡᠬᠦ ᠬᠡᠪᠴᠢᠶ᠎ᠡ᠂ ᠲᠤᠰᠢᠶᠠᠯ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ᠂ ᠮᠡᠳᠡᠭᠡ ᠵᠠᠩᠭᠢ ᠵᠢᠨ ᠲᠥᠷᠥᠯ ᠠᠩᠭᠢᠯᠠᠯ᠂ ᠢᠲᠡᠭᠡᠮᠵᠢ ᠴᠤᠭᠯᠠᠭᠤᠯᠬᠤ᠂ ᠪᠠᠶ᠋ᠢᠴᠠᠭ᠋ᠠᠨ ᠯᠠᠪᠯᠠᠬᠤ᠂ ᠤᠨᠳᠤᠤ ᠰᠠᠨᠠᠯ᠎ᠢ ᠰᠢᠢ᠍ᠳᠪᠦᠷᠢᠯᠡᠬᠦ᠂ ᠢᠲᠡᠭᠡᠮᠵᠢ ᠠᠯᠳᠠᠭᠰᠠᠳ᠎ᠢ ᠵᠠᠯᠬᠠᠭ᠋ᠠᠨ ᠴᠡᠭᠡᠷᠯᠡᠭᠦᠯᠬᠦ ᠵᠡᠷᠭᠡ ᠠᠭᠤᠯᠭ᠎ᠠ ᠵᠢ ᠬᠠᠮᠤᠷᠴᠤ᠂ 《ᠭᠦᠢ᠍ᠴᠡᠳᠬᠡᠯ ᠲᠣᠭ᠋ᠠᠨ᠎ᠤ ᠰᠢᠰᠲ᠋ᠧᠮᠵᠢ》᠎ᠨᠢ ᠢᠲᠡᠭᠡᠮᠵᠢ ᠵᠢᠨ ᠮᠡᠳᠡᠭᠡ ᠵᠠᠩᠭᠢ ᠵᠢ ᠦᠨᠳᠦᠰᠦᠨ ᠮᠡᠳᠡᠭᠡ ᠵᠠᠩᠭᠢ᠂ ᠰᠠᠶ᠋ᠢᠨ ᠮᠡᠳᠡᠭᠡ ᠵᠠᠩᠭᠢ᠂ ᠮᠠᠭᠤ ᠮᠡᠳᠡᠭᠡ ᠵᠠᠩᠭᠢ ᠵᠡᠷᠭᠡ ᠭᠤᠷᠪᠠᠨ ᠶᠡᠬᠡ ᠲᠥᠷᠥᠯ᠎ᠳᠤ ᠬᠤᠪᠢᠶᠠᠪᠠ᠃
       1 . ᠢᠲᠡᠭᠡᠮᠵᠢ ᠵᠢᠨ ᠬᠠᠮᠢᠶᠠᠷᠤᠯᠲᠠ ᠵᠢᠨ ᠠᠭᠤᠯᠭ᠎ᠠ ᠵᠢ ᠨᠠᠷᠢᠯᠢᠬ᠍ᠵᠢᠭᠤᠯᠪᠠ
       《ᠨᠠᠷᠢᠨ ᠲᠦᠷᠢᠮ》᠎ᠳᠤ ᠬᠡᠮᠵᠢᠨ ᠵᠢᠷᠤᠬᠤ ᠠᠵᠢᠯᠯᠠᠭ᠎ᠠ ᠵᠢᠨ ᠢᠲᠡᠭᠡᠮᠵᠢ ᠵᠢᠨ ᠮᠡᠳᠡᠭᠡ ᠵᠠᠩᠭᠢ ᠵᠢᠨ ᠠᠭᠤᠯᠭ᠎ᠠ ᠵᠢ ᠨᠠᠷᠢᠯᠢᠬ᠍ᠵᠢᠭᠤᠯᠵᠤ᠂ ᠰᠠᠶ᠋ᠢᠨ ᠰᠠᠶ᠋ᠢᠬᠠᠨ ᠮᠡᠳᠡᠭᠡ ᠵᠠᠩᠭᠢ᠂ ᠬᠦᠨᠳᠦ ᠨᠣᠴᠢᠲᠠᠶ ᠢᠲᠡᠭᠡᠮᠵᠢ ᠠᠯᠳᠠᠭᠰᠠᠨ ᠮᠡᠳᠡᠭᠡ ᠵᠠᠩᠭᠢ᠂ ᠡᠩ᠎ᠤᠨ ᠢᠲᠡᠭᠡᠮᠵᠢ ᠠᠯᠳᠠᠭᠰᠠᠨ ᠮᠡᠳᠡᠭᠡ ᠵᠠᠩᠭᠢ᠂ ᠬᠥᠩᠭᠡᠪᠲᠦᠷ ᠢᠲᠡᠭᠡᠮᠵᠢ ᠠᠯᠳᠠᠭᠰᠠᠨ ᠮᠡᠳᠡᠭᠡ ᠵᠠᠩᠭᠢ ᠵᠢᠨ ᠬᠠᠮᠢᠶᠠᠷᠤᠯᠲᠠ᠎ᠳᠤ ᠲᠣᠳᠣᠷᠬᠠᠶ ᠲᠣᠭᠲᠠᠭ᠋ᠠᠯ ᠭᠠᠷᠭ᠋ᠠᠵᠤ᠂ ᠬᠡᠮᠵᠢᠨ ᠵᠢᠷᠤᠬᠤ ᠠᠵᠢᠯ ᠲᠥᠷᠥᠯ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠰᠢᠰᠲ᠋ᠧᠮ᠎ᠢ ᠪᠠᠶ᠋ᠢᠭᠤᠯᠪᠠ᠃
        2 . ᠱᠠᠩᠨᠠᠵᠤ ᠲᠣᠷᠭ᠋ᠠᠬᠤ ᠠᠷᠭ᠎ᠠ ᠬᠡᠮᠵᠢᠶ᠎ᠡ ᠵᠢ ᠨᠠᠷᠢᠯᠢᠬ᠍ᠵᠢᠭᠤᠯᠪᠠ
       《ᠨᠠᠷᠢᠨ ᠲᠦᠷᠢᠮ》᠎ᠳᠤ ᠱᠠᠩᠨᠠᠬᠤ ᠪᠠ ᠵᠠᠯᠬᠠᠭ᠋ᠠᠬᠤ ᠬᠠᠮᠢᠶ᠎ᠠ ᠪᠥᠬᠥᠶ ᠠᠭᠤᠯᠭ᠎ᠠ ᠵᠢ ᠨᠠᠷᠢᠯᠢᠬ᠍ᠵᠢᠭᠤᠯᠪᠠ᠃ ᠬᠡᠮᠵᠢᠨ ᠵᠢᠷᠤᠬᠤ ᠨᠢᠭᠡᠴᠢ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠤᠨ ᠡᠯ᠎ᠡ ᠵᠦᠢ᠍ᠯ᠎ᠤᠨ ᠬᠢᠨᠠᠯᠲᠠ ᠲᠠᠯᠪᠢᠵᠤ ᠪᠠᠶ᠋ᠢᠴᠠᠭ᠋ᠠᠬᠤ ᠠᠵᠢᠯ᠎ᠳᠤ ᠬᠠᠮᠵᠢᠯᠴᠠᠬᠤ ᠵᠢ ᠲᠡᠪᠴᠢᠵᠦ᠂ ᠢᠲᠡᠭᠡᠮᠵᠢ ᠵᠢᠨ ᠬᠠᠮᠢᠶᠠᠷᠤᠯᠲᠠ ᠵᠢᠨ ᠲᠠᠪᠴᠠᠩ᠎ᠳᠤ ᠣᠷᠣᠭᠤᠯᠬᠤ ᠬᠡᠷᠡᠭᠲᠡᠶ᠃ ᠢᠲᠡᠭᠡᠮᠵᠢ ᠰᠠᠶ᠋ᠢᠲᠠᠶ ᠬᠡᠮᠵᠢᠨ ᠵᠢᠷᠤᠬᠤ ᠨᠢᠭᠡᠴᠢ ᠵᠢ ᠵᠣᠷᠢᠭᠵᠢᠭᠤᠯᠬᠤ ᠠᠷᠭ᠎ᠠ ᠬᠡᠮᠵᠢᠶ᠎ᠡ᠂ ᠢᠲᠡᠭᠡᠮᠵᠢ ᠮᠠᠭᠤᠲᠠᠶ ᠬᠡᠮᠵᠢᠨ ᠵᠢᠷᠤᠬᠤ ᠨᠢᠭᠡᠴᠢ ᠵᠢ ᠵᠠᠯᠬᠠᠭ᠋ᠠᠨ ᠰᠢᠳᠬᠡᠬᠦ ᠠᠷᠭ᠎ᠠ ᠬᠡᠮᠵᠢᠶ᠎ᠡ ᠵᠢ ᠳᠤᠷᠠᠳᠤᠨ ᠭᠠᠷᠭ᠋ᠠᠵᠤ᠂ 《ᠢᠲᠡᠭᠡᠮᠵᠢ᠎ᠲᠠᠢ ᠪᠠᠶ᠋ᠢᠪᠠᠯ ᠵᠣᠷᠢᠭᠵᠢᠭᠤᠯᠵᠤ᠂ ᠢᠲᠡᠭᠡᠮᠵᠢ ᠠᠯᠳᠠᠭᠰᠠᠳ᠎ᠢ ᠵᠠᠯᠬᠠᠭ᠋ᠠᠨ ᠴᠡᠭᠡᠷᠯᠡᠭᠦᠯᠬᠦ》 ᠢᠲᠡᠭᠡᠮᠵᠢ ᠵᠢᠨ ᠲᠣᠭᠲᠠᠴᠠ ᠵᠢ ᠪᠠᠶ᠋ᠢᠭᠤᠯᠵᠤ᠂ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠠᠵᠢᠯ ᠲᠥᠷᠥᠯ᠎ᠤᠨ ᠰᠤᠷᠲᠠᠯ᠎ᠤᠨ ᠪᠠᠶ᠋ᠢᠭᠤᠯᠤᠯᠲᠠ ᠵᠢ ᠳᠥᠯᠭᠢᠨ ᠠᠬᠢᠭᠤᠯᠪᠠ᠃
       (ᠭᠤᠷᠪᠠ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠠᠮᠢᠶᠠᠷᠤᠯᠲᠠ ᠵᠢᠨ ᠠᠷᠭ᠎ᠠ》
       《ᠠᠷᠭ᠎ᠠ》᠎ᠨᠢ ᠨᠡᠶ᠋ᠢᠲᠡ ᠬᠣᠷᠢᠨ ᠭᠤᠷᠪᠠᠨ ᠵᠦᠢ᠍ᠯ ᠪᠠᠶ᠋ᠢᠵᠤ᠂ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠡᠭᠦᠷᠭᠡ ᠬᠠᠷᠢᠭᠤᠴᠠᠯᠭ᠎ᠠ ᠵᠢᠨ ᠬᠤᠪᠢᠶᠠᠷᠢᠯᠠᠯ᠂ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠭᠤᠶᠤᠴᠢᠯᠠᠯ ᠪᠠ ᠭᠥᠯᠢᠶᠡᠨ ᠠᠪᠴᠤ ᠰᠢᠢ᠍ᠳᠪᠦᠷᠢᠯᠡᠬᠦ᠂ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠠᠭᠤᠯᠭ᠎ᠠ ᠪᠠ ᠦᠨᠳᠦᠰᠦᠯᠡᠯ᠂ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠬᠢᠨᠠᠯᠲᠠ ᠬᠠᠮᠢᠶᠠᠷᠤᠯᠲᠠ ᠪᠠ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠵᠡᠷᠭᠡ ᠠᠭᠤᠯᠭ᠎ᠠ ᠵᠢ ᠪᠠᠭᠲᠠᠭ᠋ᠠᠵᠠᠶ᠃
       1 . ᠬᠢᠨᠠᠨ ᠬᠠᠮᠢᠶᠠᠷᠬᠤ ᠭᠠᠵᠠᠷ᠎ᠤᠨ ᠵᠢᠷᠤᠭ᠎ᠤᠨ ᠬᠡᠪᠴᠢᠶ᠎ᠡ ᠵᠢ ᠨᠡᠮᠡᠭᠳᠡᠭᠦᠯᠪᠡ  
       《ᠠᠷᠭ᠎ᠠ》᠎ᠳᠤ ᠡᠯᠧᠺᠲᠷᠣᠨ ᠭᠠᠵᠠᠷ᠎ᠤᠨ ᠵᠢᠷᠤᠭ᠂ ᠢᠨᠲᠸᠷ ᠰᠦᠯᠵᠢᠶᠡᠨ᠎ᠤ ᠭᠠᠵᠠᠷ᠎ᠤᠨ ᠵᠢᠷᠤᠭ᠂ ᠺᠢᠨᠣ᠋ ᠲᠧᠯᠸᠢᠰ᠎ᠲᠤ ᠳᠠᠭ᠋ᠠᠯᠳᠤᠭᠤᠯᠤᠭᠰᠠᠨ ᠭᠠᠵᠠᠷ᠎ᠤᠨ ᠵᠢᠷᠤᠭ᠂ ᠪᠤᠰᠤᠳ ᠬᠡᠯᠪᠡᠷᠢ ᠵᠢᠨ ᠭᠠᠵᠠᠷ᠎ᠤᠨ ᠵᠢᠷᠤᠭ ᠵᠢᠴᠢ ᠡᠯ᠎ᠡ ᠲᠥᠷᠥᠯ᠎ᠤᠨ ᠦᠢ᠍ᠯᠡᠳᠬᠦᠨ᠎ᠤ ᠳᠠᠭ᠋ᠠᠯᠳᠤᠭᠤᠯᠤᠭᠰᠠᠨ ᠭᠠᠵᠠᠷ᠎ᠤᠨ ᠵᠢᠷᠤᠭ᠎ᠢ ᠴᠥᠮ ᠬᠢᠨᠠᠨ ᠬᠠᠮᠢᠶᠠᠷᠬᠤ ᠬᠡᠪᠴᠢᠶᠡᠨ᠎ᠳᠤ ᠣᠷᠣᠭᠤᠯᠵᠤ᠂ ᠭᠠᠵᠠᠷ᠎ᠤᠨ ᠵᠢᠷᠤᠭ᠎ᠤᠨ ᠢᠯᠡᠷᠡᠬᠦ ᠬᠡᠯᠪᠡᠷᠢ᠎ᠳᠤ ᠵᠣᠬᠢᠴᠠᠭᠤᠯᠤᠨ᠂ ᠤᠯᠠᠮᠵᠢᠯᠠᠨ ᠲᠠᠷᠬᠠᠭ᠋ᠠᠬᠤ ᠠᠷᠭ᠎ᠠ ᠮᠠᠶᠢᠭ᠎ᠢ ᠦᠳᠲᠡᠷ ᠲᠦᠷᠭᠡᠨ ᠰᠦᠯᠵᠢᠶᠡᠵᠢᠭᠦᠯᠵᠦ᠂ ᠭᠠᠵᠠᠷ ᠵᠦᠶ ᠵᠢᠨ ᠮᠡᠳᠡᠭᠡ ᠵᠠᠩᠭᠢ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠡᠭᠦᠳᠦᠯᠲᠡ ᠪᠠ ᠠᠵᠤ ᠦᠢ᠍ᠯᠡᠰ᠎ᠤᠨ ᠬᠥᠭᠵᠢᠯᠲᠡ ᠵᠢ ᠠᠬᠢᠭᠤᠯᠪᠠ᠃
       2 . ᠭᠠᠵᠠᠷ᠎ᠤᠨ ᠵᠢᠷᠤᠭ᠎ᠤᠨ ᠬᠦᠷᠭᠡᠨ ᠬᠢᠨᠠᠭᠤᠯᠬᠤ ᠵᠢᠷᠤᠮ᠎ᠢ ᠲᠣᠳᠣᠷᠬᠠᠶ᠋ᠢᠯᠠᠪᠠ  
       《ᠠᠷᠭ᠎ᠠ》᠎ᠳᠤ 《ᠬᠡᠨ ᠢᠯᠡ ᠪᠣᠯᠭ᠋ᠠᠪᠠᠯ ᠬᠡᠨ ᠬᠦᠷᠭᠡᠨ ᠬᠢᠨᠠᠭᠤᠯᠬᠤ》 ᠵᠠᠷᠴᠢᠮ ᠶᠣᠰᠣᠭ᠋ᠠᠷ ᠭᠠᠵᠠᠷ᠎ᠤᠨ ᠵᠢᠷᠤᠭ᠎ᠤᠨ ᠬᠦᠷᠭᠡᠨ ᠬᠢᠨᠠᠭᠤᠯᠬᠤ ᠪᠡᠶᠡᠴᠢ ᠴᠣᠭᠴᠠ ᠵᠢ ᠲᠣᠭᠲᠠᠭ᠋ᠠᠵᠤ᠂ ᠬᠦᠷᠭᠡᠨ ᠬᠢᠨᠠᠭᠤᠯᠬᠤ ᠵᠢᠷᠤᠮ᠎ᠢ ᠨᠠᠷᠢᠯᠢᠬ᠍ᠵᠢᠭᠤᠯᠪᠠ᠃
       3 . ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠲᠤᠰᠢᠶᠠᠯ ᠬᠠᠷᠢᠭᠤᠴᠠᠯᠭ᠎ᠠ ᠵᠢᠨ ᠬᠤᠪᠢᠶᠠᠷᠢᠯᠠᠯ᠎ᠢ ᠲᠣᠳᠣᠷᠬᠠᠶ ᠲᠣᠭᠲᠠᠭ᠋ᠠᠪᠠ  
《ᠠᠷᠭ᠎ᠠ》᠎ᠳᠤ 《ᠲᠠᠯᠪᠢᠬᠤ ᠬᠠᠮᠢᠶᠠᠷᠬᠤ ᠦᠢ᠍ᠯᠡᠴᠢᠯᠡᠬᠦ》 ᠥᠭᠡᠷᠡᠴᠢᠯᠡᠯᠲᠡ ᠵᠢᠨ ᠱᠠᠭ᠋ᠠᠷᠳᠠᠯᠭ᠎ᠠ ᠵᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠣᠯᠤᠨ ᠠᠶ᠋ᠢᠮᠠᠭ ᠬᠣᠲᠠ ᠵᠢᠨ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠤᠨ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠡᠭᠦᠷᠭᠡ ᠬᠠᠷᠢᠭᠤᠴᠠᠯᠭ᠎ᠠ ᠵᠢᠨ ᠬᠤᠪᠢᠶᠠᠷᠢᠯᠠᠯ᠎ᠢ ᠲᠣᠭᠲᠠᠭ᠋ᠠᠵᠤ᠂ ᠬᠡᠰᠡᠭ ᠭᠠᠵᠠᠷ᠎ᠤᠨ ᠵᠢᠷᠤᠭ᠎ᠢ ᠬᠢᠨᠠᠨ ᠬᠠᠷᠭᠤᠭᠤᠯᠬᠤ ᠡᠷᠬᠡ ᠵᠢᠨ ᠬᠢᠵᠠᠭ᠋ᠠᠷ᠎ᠢ ᠳᠣᠷᠣᠭᠰᠢ ᠪᠠᠭᠤᠯᠭ᠋ᠠᠵᠤ᠂ ᠭᠠᠵᠠᠷ᠎ᠤᠨ ᠵᠢᠷᠤᠭ᠎ᠢ ᠲᠠᠰ ᠬᠤᠪᠢᠶᠠᠨ ᠬᠢᠨᠠᠨ ᠬᠠᠷᠭᠤᠭᠤᠯᠬᠤ ᠲᠦᠷᠢᠮ᠎ᠢ ᠪᠠᠶ᠋ᠢᠭᠤᠯᠪᠠ᠃
       4 . ᠢᠨᠲᠸᠷ ᠰᠦᠯᠵᠢᠶᠡᠨ᠎ᠤ ᠭᠠᠵᠠᠷ᠎ᠤᠨ ᠵᠢᠷᠤᠭ᠎ᠤᠨ ᠦᠢ᠍ᠯᠡᠴᠢᠯᠡᠭᠡᠨ᠎ᠤ ᠨᠢᠭᠡᠴᠢ ᠵᠢᠨ ᠬᠠᠮᠢᠶᠠᠷᠤᠯᠲᠠ ᠵᠢᠨ ᠱᠠᠭ᠋ᠠᠷᠳᠠᠯᠭ᠎ᠠ ᠵᠢ ᠴᠢᠩᠭ᠋ᠠᠳᠬᠠᠪᠠ
       《ᠠᠷᠭ᠎ᠠ》᠎ᠳᠤ ᠢᠨᠲᠸᠷ ᠰᠦᠯᠵᠢᠶᠡᠨ᠎ᠤ ᠭᠠᠵᠠᠷ᠎ᠤᠨ ᠵᠢᠷᠤᠭ᠎ᠤᠨ ᠦᠢ᠍ᠯᠡᠴᠢᠯᠡᠭᠡᠨ᠎ᠤ ᠨᠢᠭᠡᠴᠢ ᠡᠷᠬᠡᠪᠰᠢ ᠪᠣᠯᠪᠠᠰᠤᠷᠠᠭᠤᠯᠤᠯ᠎ᠳᠤ ᠬᠢᠷᠢ ᠲᠡᠩᠴᠡᠭᠰᠡᠨ ᠬᠢᠨᠠᠨ ᠬᠠᠷᠭᠤᠭᠤᠯᠤᠭᠴᠢ ᠲᠣᠬᠢᠷᠠᠭᠤᠯᠵᠤ᠂ ᠲᠡᠷᠡᠴᠢᠯᠡᠨ ᠬᠠᠤᠯᠢ ᠶᠣᠰᠣᠭ᠋ᠠᠷ ᠬᠢᠨᠠᠨ ᠬᠠᠷᠭᠤᠭᠤᠯᠵᠤ ᠵᠥᠪᠰᠢᠶᠡᠷᠡᠭᠰᠡᠨ ᠢᠨᠲᠸᠷ ᠰᠦᠯᠵᠢᠶᠡᠨ᠎ᠤ ᠭᠠᠵᠠᠷ᠎ᠤᠨ ᠵᠢᠷᠤᠭ᠎ᠢ ᠬᠡᠷᠡᠭᠯᠡᠵᠦ᠂ ᠢᠨᠲᠸᠷ ᠰᠦᠯᠵᠢᠶᠡᠨ᠎ᠤ ᠭᠠᠵᠠᠷ᠎ᠤᠨ ᠵᠢᠷᠤᠭ᠎ᠤᠨ ᠦᠢ᠍ᠯᠡᠴᠢᠯᠡᠭᠡᠨ᠎ᠤ ᠠᠮᠤᠷ ᠲᠦᠪᠰᠢᠨ᠎ᠢ ᠪᠠᠲᠤᠯᠠᠬᠤ ᠬᠡᠷᠡᠭᠲᠡᠶ᠃
       (ᠳᠥᠷᠪᠡ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠯᠲᠡ ᠵᠢᠨ ᠲᠡᠮᠳᠡᠭ᠎ᠢ ᠬᠠᠮᠠᠭ᠋ᠠᠯᠠᠵᠤ ᠬᠠᠮᠢᠶᠠᠷᠬᠤ ᠵᠢᠨ ᠬᠡᠷᠡᠭᠵᠢᠭᠦᠯᠬᠦ ᠰᠠᠨᠠᠯ》
       1 . ᠲᠤᠰᠢᠶᠠᠯ ᠬᠠᠷᠢᠭᠤᠴᠠᠯᠭ᠎ᠠ ᠵᠢᠨ ᠬᠤᠪᠢᠶᠠᠷᠢᠯᠠᠯ᠎ᠢ ᠲᠣᠳᠣᠷᠬᠠᠶ᠋ᠢᠯᠠᠪᠠ  
       《ᠰᠠᠨᠠᠯ》᠎ᠳᠤ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ ᠪᠠ ᠡᠯ᠎ᠡ ᠱᠠᠲᠤᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠤᠨ ᠬᠠᠷᠢᠭᠤᠴᠠᠯᠭ᠎ᠠ ᠪᠠ ᠡᠷᠬᠡ ᠵᠢᠨ ᠬᠢᠵᠠᠭ᠋ᠠᠷ᠎ᠢ ᠲᠣᠳᠣᠷᠬᠠᠶ᠋ᠢᠯᠠᠵᠤ᠂ ᠬᠠᠮᠢᠶᠠᠷᠤᠯᠲᠠ ᠵᠢᠨ ᠡᠷᠬᠡ ᠵᠢᠨ ᠬᠢᠵᠠᠭ᠋ᠠᠷ᠎ᠢ ᠲᠣᠭᠲᠠᠭ᠋ᠠᠵᠤ᠂ ᠬᠡᠮᠵᠢᠯᠲᠡ ᠵᠢᠨ ᠲᠡᠮᠳᠡᠭ᠎ᠢ ᠰᠢᠯᠵᠢᠭᠦᠯᠦᠨ ᠪᠠᠶ᠋ᠢᠭᠤᠯᠬᠤ ᠵᠢ ᠬᠢᠨᠠᠨ ᠵᠥᠪᠰᠢᠶᠡᠷᠡᠬᠦ ᠡᠷᠬᠡ ᠵᠢᠨ ᠬᠢᠵᠠᠭ᠋ᠠᠷ᠎ᠢ ᠳᠣᠷᠣᠭᠰᠢ ᠪᠠᠭᠤᠯᠭ᠋ᠠᠪᠠ᠃
       2 . ᠰᠢᠨᠵᠢᠯᠡᠬᠦ ᠤᠬᠠᠭ᠋ᠠᠨᠴᠢ ᠬᠠᠮᠢᠶᠠᠷᠤᠯᠲᠠ ᠵᠢ ᠴᠢᠩᠭ᠋ᠠᠳᠬᠠᠪᠠ  
       《ᠰᠠᠨᠠᠯ》᠎ᠳᠤ ᠬᠡᠮᠵᠢᠯᠲᠡ ᠵᠢᠨ ᠲᠡᠮᠳᠡᠭ᠎ᠤᠨ ᠨᠡᠶ᠋ᠢᠳᠡᠮ᠎ᠤᠨ ᠬᠠᠮᠠᠭ᠋ᠠᠯᠠᠯᠲᠠ ᠥᠷᠨᠢᠭᠦᠯᠵᠦ᠂ ᠬᠡᠮᠵᠢᠯᠲᠡ ᠵᠢᠨ ᠲᠡᠮᠳᠡᠭ᠎ᠤᠨ ᠬᠠᠮᠠᠭ᠋ᠠᠯᠠᠯᠲᠠ ᠬᠠᠮᠢᠶᠠᠷᠤᠯᠲᠠ ᠵᠢᠨ ᠳ᠋ᠠᠶ᠋ᠢᠲ᠋ᠠ ᠬᠥᠮᠥᠷᠭᠡ ᠪᠠᠶ᠋ᠢᠭᠤᠯᠵᠤ᠂ ᠬᠡᠮᠵᠢᠯᠲᠡ ᠵᠢᠨ ᠲᠡᠮᠳᠡᠭ᠎ᠤᠨ ᠰᠢᠨᠵᠢᠯᠡᠬᠦ ᠤᠬᠠᠭ᠋ᠠᠨᠴᠢᠯᠠᠯᠲᠠ᠂ ᠮᠡᠳᠡᠭᠡ ᠵᠠᠩᠭᠢᠵᠢᠯᠲᠠ ᠵᠢᠨ ᠬᠠᠮᠢᠶᠠᠷᠤᠯᠲᠠ ᠵᠢ ᠪᠡᠶᠡᠯᠡᠭᠦᠯᠬᠦ ᠬᠡᠷᠡᠭᠲᠡᠶ ᠭᠡᠵᠦ ᠱᠠᠭ᠋ᠠᠷᠳᠠᠭᠰᠠᠨ ᠪᠥᠭᠡᠳ ᠬᠠᠮᠢᠶᠠᠷᠤᠯᠲᠠ ᠵᠢᠨ ᠵᠠᠷᠤᠳᠠᠯ᠎ᠢ ᠰᠠᠭᠤᠷᠢ ᠬᠡᠮᠵᠢᠨ ᠵᠢᠷᠤᠬᠤ ᠣᠨ᠎ᠤ ᠲᠥᠯᠥᠪᠯᠡᠭᠡ ᠵᠢᠴᠢ ᠡᠳ᠋᠎ᠤᠨ ᠵᠠᠰᠠᠭ᠎ᠤᠨ ᠲᠥᠰᠦᠪ᠎ᠲᠤ ᠣᠷᠣᠭᠤᠯᠬᠤ ᠬᠡᠷᠡᠭᠲᠡᠶ ᠭᠡᠵᠦ ᠱᠠᠭ᠋ᠠᠷᠳᠠᠪᠠ᠃
       3 . ᠤᠬᠠᠭᠤᠯᠭ᠎ᠠ ᠬᠥᠮᠦᠵᠢᠯ᠎ᠢ ᠨᠡᠮᠡᠭᠳᠡᠭᠦᠯᠪᠡ  
       《ᠰᠠᠨᠠᠯ》᠎ᠳᠤ ᠤᠬᠠᠭᠤᠯᠭ᠎ᠠ ᠵᠢᠨ ᠬᠠᠮᠠᠭ᠋ᠠᠯᠠᠯᠲᠠ ᠵᠢᠨ ᠬᠡᠮᠵᠢᠯᠲᠡ ᠵᠢᠨ ᠲᠡᠮᠳᠡᠭ᠎ᠤᠨ ᠠᠭᠤᠯᠭ᠎ᠠ ᠵᠢ ᠰᠢᠨ᠎ᠡ᠎ᠪᠠᠷ ᠨᠡᠮᠡᠵᠦ᠂ ᠬᠡᠮᠵᠢᠯᠲᠡ ᠵᠢᠨ ᠲᠡᠮᠳᠡᠭ᠎ᠤᠨ ᠬᠠᠮᠠᠭ᠋ᠠᠯᠠᠯᠲᠠ ᠪᠠ ᠬᠠᠮᠢᠶᠠᠷᠤᠯᠲᠠ ᠵᠢᠨ ᠠᠵᠢᠯ᠎ᠤᠨ ᠳᠤᠮᠳᠠ ᠢᠯᠡᠳᠲᠡ ᠠᠮᠵᠢᠯᠲᠠ ᠪᠦᠲᠦᠮᠵᠢ ᠭᠠᠷᠭ᠋ᠠᠭᠰᠠᠨ ᠨᠢᠭᠡᠴᠢ ᠪᠠ ᠬᠤᠪᠢ ᠬᠥᠮᠦᠨ᠎ᠢ ᠬᠥᠬᠢᠭᠦᠯᠦᠨ ᠰᠠᠶ᠋ᠢᠰᠢᠶᠠᠪᠠ᠃
       (ᠲᠠᠪᠤ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠲᠥᠷᠥᠯ ᠵᠦᠢ᠍ᠯ᠎ᠢ ᠪᠦᠷᠢᠳᠬᠡᠨ ᠳᠠᠩᠰᠠᠯᠠᠬᠤ᠂ ᠦᠷ᠎ᠡ ᠪᠦᠲᠦᠭᠡᠯ᠎ᠢ ᠬᠤᠷᠢᠶᠠᠩᠭᠤᠶ᠋ᠢᠯᠠᠨ ᠲᠤᠰᠢᠶᠠᠬᠤ ᠵᠢᠨ ᠬᠡᠷᠡᠭᠵᠢᠭᠦᠯᠬᠦ ᠰᠠᠨᠠᠯ》  
      1 . ᠰᠠᠯᠠᠭ᠎ᠠ ᠮᠥᠴᠢᠷ᠎ᠤᠨ ᠲᠤᠰᠢᠶᠠᠯ ᠬᠠᠷᠢᠭᠤᠴᠠᠯᠭ᠎ᠠ ᠵᠢ ᠲᠣᠳᠣᠷᠬᠠᠶ᠋ᠢᠯᠠᠪᠠ  
       《ᠰᠠᠨᠠᠯ》᠎ᠳᠤ ᠡᠯ᠎ᠡ ᠱᠠᠲᠤᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠵᠢ ᠭᠤᠤᠯᠯᠠᠨ ᠬᠠᠮᠢᠶᠠᠷᠬᠤ ᠰᠠᠯᠠᠭ᠎ᠠ ᠮᠥᠴᠢᠷ᠎ᠤᠨ ᠬᠠᠷᠢᠭᠤᠴᠠᠯᠭ᠎ᠠ ᠵᠢ ᠲᠣᠳᠣᠷᠬᠠᠶ᠋ᠢᠯᠠᠵᠤ᠂ ᠬᠠᠷᠢᠶᠠᠲᠤ ᠣᠷᠣᠨᠴᠢᠯᠠᠬᠤ ᠬᠠᠮᠢᠶᠠᠷᠤᠯᠲᠠ ᠵᠢᠨ ᠵᠠᠷᠴᠢᠮ᠂ ᠬᠡᠷᠡᠭᠯᠡᠯᠲᠡ ᠵᠢ ᠨᠢᠭᠡ ᠴᠣᠭᠴᠠᠵᠢᠭᠤᠯᠬᠤ ᠪᠠᠷᠢᠮᠵᠢᠶ᠎ᠠ ᠵᠢ ᠬᠡᠷᠡᠭᠵᠢᠭᠦᠯᠵᠦ᠂ ᠬᠠᠮᠢᠶᠠᠷᠤᠯᠲᠠ ᠵᠢᠨ ᠡᠷᠬᠡ ᠵᠢᠨ ᠬᠢᠵᠠᠭ᠋ᠠᠷ᠎ᠢ ᠲᠣᠳᠣᠷᠬᠠᠶ᠋ᠢᠯᠠᠪᠠ᠃
       2 . ᠳᠠᠩᠰᠠᠯᠠᠭᠤᠯᠬᠤ᠂ ᠡᠮᠬᠢᠳᠬᠡᠨ ᠲᠤᠰᠢᠶᠠᠬᠤ ᠵᠢᠷᠤᠮ᠎ᠢ ᠲᠣᠭᠲᠠᠭ᠋ᠠᠪᠠ  
       《ᠰᠠᠨᠠᠯ》᠎ᠳᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠵᠦᠢ᠍ᠯᠡᠰ᠎ᠢ ᠳᠠᠩᠰᠠᠯᠠᠭᠤᠯᠬᠤ᠂ ᠦᠷ᠎ᠡ ᠪᠦᠲᠦᠭᠡᠯ᠎ᠢ ᠡᠮᠬᠢᠳᠬᠡᠨ ᠲᠤᠰᠢᠶᠠᠬᠤ ᠠᠭᠤᠯᠭ᠎ᠠ ᠪᠠ ᠬᠡᠪᠴᠢᠶ᠎ᠡ ᠵᠢ ᠲᠣᠳᠣᠷᠬᠠᠶ᠋ᠢᠯᠠᠵᠤ᠂ ᠶᠠᠪᠤᠴᠠ ᠵᠢ ᠲᠡᠭᠦᠯᠳᠡᠷᠵᠢᠭᠦᠯᠦᠨ ᠳᠥᠭᠥᠮᠴᠢᠯᠡᠵᠦ᠂ ᠮᠡᠳᠡᠭᠡ ᠵᠠᠩᠭᠢᠵᠢᠯᠲᠠ ᠵᠢᠨ ᠬᠠᠮᠢᠶᠠᠷᠤᠯᠲᠠ᠎ᠳᠤ ᠲᠥᠬᠥᠮ ᠦᠵᠡᠭᠦᠯᠪᠡ᠃
      3 . ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠪᠠ  
      《ᠰᠠᠨᠠᠯ》᠎ᠳᠤ᠂ ᠨᠢᠭᠤᠴᠠ᠎ᠳᠤ ᠬᠣᠯᠪᠣᠭᠳᠠᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ᠎ᠤᠨ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ᠎ᠤᠨ ᠭᠠᠷᠴᠠᠭ᠎ᠢ ᠴᠠᠭ ᠲᠤᠬᠠᠶ᠎ᠳᠤᠨᠢ ᠨᠠᠶ᠋ᠢᠷᠠᠭᠤᠯᠤᠨ ᠵᠣᠬᠢᠶᠠᠵᠤ ᠵᠠᠷᠯᠠᠨ ᠨᠡᠶ᠋ᠢᠲᠡᠯᠡᠬᠦ ᠵᠢᠨ ᠬᠠᠮᠲᠤ ᠲᠣᠭᠲᠠᠮᠠᠯ ᠬᠤᠭᠤᠴᠠᠭ᠎ᠠ᠎ᠲᠠᠢ᠎ᠪᠠᠷ ᠨᠡᠶ᠋ᠢᠲᠡᠯᠡᠵᠦ᠂ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠭᠰᠠᠨ ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠬᠦ᠎ᠳᠤ ᠰᠠᠭᠤᠷᠢ ᠲᠠᠯᠪᠢᠬᠤ ᠬᠡᠷᠡᠭᠲᠡᠶ ᠭᠡᠵᠦ ᠱᠠᠭ᠋ᠠᠷᠳᠠᠪᠠ᠃
      ᠳᠥᠷᠪᠡ᠂ ᠬᠦᠴᠦᠨ᠎ᠲᠠᠢ ᠪᠣᠯᠬᠤ ᠴᠠᠭ ᠬᠤᠭᠤᠴᠠᠭ᠎ᠠ  
      《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ ᠵᠦᠶ ᠵᠢᠨ ᠮᠡᠳᠡᠭᠡ ᠵᠠᠩᠭᠢ ᠵᠢ ᠬᠡᠮᠵᠢᠨ ᠵᠢᠷᠤᠬᠤ ᠶᠠᠰᠤ ᠴᠢᠨᠠᠷ᠎ᠤᠨ ᠬᠠᠮᠢᠶᠠᠷᠤᠯᠲᠠ ᠵᠢᠨ ᠠᠷᠭ᠎ᠠ》 ᠵᠡᠷᠭᠡ ᠲᠠᠪᠤᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ 2020 ᠣᠨ᠎ᠤ 8 ᠳ᠋ᠤᠭ᠋ᠠᠷ ᠰᠠᠷ᠎ᠠ ᠵᠢᠨ 10᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠢ᠌ᠭ᠋ᠠᠯᠢ ᠵᠢᠨ ᠡᠬᠢ ᠪᠠᠶᠠᠯᠢᠭ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠠᠶ᠋ᠢᠭ᠋ᠠᠯᠢ ᠵᠢᠨ ᠡᠬᠢ ᠪᠠᠶᠠᠯᠢᠭ᠎ᠤᠨ ᠶᠠᠮᠤᠨ᠎ᠤ ᠬᠠᠮᠢᠶ᠎ᠠ ᠪᠥᠬᠥᠶ ᠬᠠᠷᠢᠭᠤᠴᠠᠯᠭ᠋ᠠᠲᠠᠨ 《ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ᠎ᠤᠨ ᠬᠠᠮᠢᠶᠠᠷᠤᠯᠲᠠ ᠵᠢᠨ ᠥᠭᠡᠷᠡᠴᠢᠯᠡᠯᠲᠡ ᠵᠢ ᠳᠥᠯᠭᠢᠨ ᠠᠬᠢᠭᠤᠯᠬᠤ ᠵᠦᠶᠯᠡᠰ᠎ᠤᠳ᠎ᠤᠨ ᠲᠤᠬᠠᠶ ᠰᠠᠨᠠᠯ (ᠲᠤᠷᠰᠢᠨ ᠬᠡᠷᠡᠭᠵᠢᠭᠦᠯᠬᠦ)》᠎ᠳᠤ ᠲᠠᠶ᠋ᠢᠯᠤᠮᠵᠢ ᠬᠢᠪᠠ
ᠭᠠᠵᠠᠷ ᠰᠢᠷᠣᠶ ᠵᠢᠨ ᠳᠠᠭ᠋ᠠᠭ᠋ᠠᠴᠢᠯᠠᠯᠲᠠ ᠵᠢᠨ ᠬᠠᠷᠢᠴᠠᠭ᠎ᠠ ᠵᠢ ᠲᠣᠭᠲᠠᠭᠤᠨ ᠪᠠᠶ᠋ᠢᠯᠭ᠋ᠠᠬᠤ ᠵᠢᠨ ᠬᠠᠮᠲᠤ ᠣᠷᠳᠣ ᠬᠤᠭᠤᠴᠠᠭ᠎ᠠ᠎ᠪᠠᠷ ᠬᠤᠪᠢᠷᠠᠭᠤᠯᠬᠤ ᠥᠬᠡᠶ ᠪᠠᠶ᠋ᠢᠬᠤ ᠵᠢ ᠪᠠᠲᠤᠯᠠᠵᠤ ᠲᠦᠭ ᠲᠦᠮᠡᠨ ᠲᠠᠷᠢᠶᠠᠴᠢᠨ ᠡᠷᠦᠬᠡ ᠵᠢᠨ ᠰᠡᠳᠬᠢᠯ᠎ᠢ ᠠᠮᠤᠷᠵᠢᠭᠤᠯᠤᠨ᠎ᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭ᠋ᠸᠤᠯᠦᠬᠢ᠎ᠤᠨ ᠭᠠᠶ ᠭᠠᠮᠰᠢᠭ᠎ᠢ ᠰᠡᠷᠭᠡᠶ᠋ᠢᠯᠡᠨ ᠵᠠᠰᠠᠬᠤ ᠲᠥᠯᠥᠪᠵᠢᠭᠦᠯᠭᠡ (2021 — 2025 ᠣᠨ)》 ᠵᠢᠨ ᠲᠠᠶ᠋ᠢᠯᠤᠮᠵᠢ
《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠤᠷᠢᠨ᠎ᠤ ᠲᠢᠩᠬᠢᠮ᠎ᠤᠨ ᠣᠷᠴᠢᠨ ᠲᠣᠭᠤᠷᠢᠨ᠎ᠤ ᠨᠥᠯᠥᠭᠡᠯᠡᠯ᠎ᠤᠨ ᠦᠨᠡᠯᠡᠯᠲᠡ ᠵᠢᠨ ᠪᠢᠴᠢᠭ ᠮᠠᠲ᠋ᠧᠷᠢᠶᠠᠯ᠎ᠢ ᠬᠢᠨᠠᠨ ᠵᠥᠪᠰᠢᠶᠡᠷᠡᠬᠦ ᠪᠦᠲᠦᠭᠡᠨ ᠪᠠᠶ᠋ᠢᠭᠤᠯᠤᠯᠲᠠ ᠵᠢᠨ ᠲᠥᠷᠥᠯ ᠵᠦᠢ᠍ᠯ᠎ᠤᠨ ᠭᠠᠷᠴᠠᠭ (ᠰᠠᠴᠤᠷᠠᠭ᠎ᠤᠨ ᠪᠤᠰᠤ ᠲᠥᠷᠥᠯ)》᠎ᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠨᠠᠮ᠎ᠤᠨ ᠶᠠᠪᠤᠳᠠᠯ᠎ᠢ ᠢᠯᠡ ᠪᠣᠯᠭ᠋ᠠᠬᠤ ᠵᠢᠨ ᠬᠡᠷᠡᠭᠵᠢᠭᠦᠯᠬᠦ ᠲᠥᠰᠦᠯ (ᠲᠤᠷᠰᠢᠨ ᠬᠡᠷᠡᠭᠵᠢᠭᠦᠯᠬᠦ)》᠎ᠤᠨ ᠲᠤᠬᠠᠶ ᠲᠠᠶ᠋ᠢᠯᠤᠮᠵᠢ
 
            