《ᠬᠥᠮᠥᠨ ᠠᠮᠠ ᠵᠢᠨ ᠲᠥᠪᠯᠡᠷᠡᠯ᠎ᠢ ᠠᠬᠢᠭᠤᠯᠵᠤ ᠬᠥᠮᠥᠨ ᠠᠮᠠ ᠵᠢᠨ ᠴᠢᠨᠠᠷᠵᠢᠭᠤᠨ ᠬᠥᠭᠵᠢᠯᠲᠡ ᠵᠢ ᠠᠬᠢᠭᠤᠯᠬᠤ ᠲᠤᠬᠠᠢ ᠬᠥᠬᠡᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠬᠡᠷᠡᠭᠵᠢᠭᠦᠯᠬᠦ ᠰᠠᠨᠠᠯ》 (ᠬᠥᠬᠡᠬᠤᠲᠠ ᠵᠠᠰᠠᠭ ᠲᠠᠷᠬᠠᠭ᠋ᠠᠭᠰᠠᠨ [2025] 7 ᠳ᠋ᠤᠭ᠋ᠠᠷ ᠲᠣᠭ᠋ᠠᠲᠤ) ᠪᠢᠴᠢᠭ ᠮᠠᠲ᠋ᠧᠷᠢᠶᠠᠯ᠎ᠤᠨ ᠵᠣᠷᠢᠭ ᠰᠠᠨᠠᠭ᠎ᠠ ᠵᠢ ᠦᠨᠳᠦᠰᠦᠯᠡᠪᠡᠰᠦ᠂ ᠬᠡᠦᠬᠡᠳ ᠪᠣᠶ᠋ᠢᠵᠢᠭᠤᠯᠬᠤ ᠨᠡᠮᠡᠭᠦᠷᠢ ᠣᠯᠭᠤᠬᠤ᠎ᠳᠤ ᠬᠡᠷᠡᠭᠵᠢᠭᠦᠯᠬᠦ ᠨᠠᠷᠢᠨ ᠳᠦᠷᠢᠮ᠎ᠨᠢ ᠳᠣᠣᠷᠠᠬᠢ ᠮᠡᠲᠦ᠄
ᠨᠢᠭᠡ᠂ ᠬᠢᠷᠢ ᠬᠡᠮ᠎ᠢ᠎ᠨᠢ ᠮᠠᠭ᠋ᠠᠳᠯᠠᠨ ᠲᠣᠭᠲᠠᠭ᠋ᠠᠬᠤ
(ᠨᠢᠭᠡ) ᠨᠡᠮᠡᠭᠦᠷᠢ ᠣᠯᠭᠤᠬᠤ ᠨᠥᠬᠦᠴᠡᠯ
1. 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ ᠠᠮᠠ ᠬᠢᠭᠡᠳ ᠲᠥᠯᠥᠪᠯᠡᠭᠡᠲᠦ ᠦᠷᠡᠵᠢᠯ᠎ᠤᠨ ᠳᠦᠷᠢᠮ》᠎ᠤᠨ ᠲᠣᠭᠲᠠᠭ᠋ᠠᠯ᠎ᠳᠤ ᠨᠡᠶ᠋ᠢᠴᠡᠭᠦᠯᠵᠦ ᠬᠡᠦᠬᠡᠳ ᠲᠥᠷᠥᠭᠰᠡᠨ;
2. 2025 ᠣᠨ᠎ᠤ 3 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ ᠰᠡᠭᠦᠯᠡᠷ (3 ᠳ᠋ᠤᠭ᠋ᠠᠷ ᠰᠠᠷ᠎ᠠ ᠵᠢᠨ 1᠎ᠤ ᠡᠳᠦᠷ᠎ᠢ ᠪᠠᠭᠲᠠᠭ᠋ᠠᠨ᠎ᠠ) ᠬᠠᠤᠯᠢ ᠶᠣᠰᠣᠭ᠋ᠠᠷ ᠬᠡᠦᠬᠡᠳ ᠲᠥᠷᠥᠭᠰᠡᠨ ᠭᠡᠷ ᠪᠦᠯᠢ;
3. ᠡᠷ᠎ᠡ ᠡᠮ᠎ᠡ ᠬᠤᠶᠠᠭᠤᠯᠠ ᠵᠢᠨ ᠡᠷᠦᠬᠡ ᠠᠮᠠ ᠵᠢᠨ ᠳᠠᠩᠰᠠᠨ᠎ᠤ ᠪᠠᠶ᠋ᠢᠭ᠎ᠠ ᠭᠠᠵᠠᠷ᠎ᠨᠢ ᠴᠥᠮ ᠬᠥᠬᠡᠬᠤᠲᠠ ᠪᠤᠶᠤ ᠨᠢᠭᠡ ᠡᠲᠡᠭᠡᠳ᠎ᠤᠨ ᠡᠷᠦᠬᠡ ᠠᠮᠠ ᠵᠢᠨ ᠳᠠᠩᠰᠠᠨ᠎ᠤ ᠪᠠᠶ᠋ᠢᠭ᠎ᠠ ᠭᠠᠵᠠᠷ᠎ᠨᠢ ᠬᠥᠬᠡᠬᠤᠲᠠ ᠪᠣᠯᠬᠤ᠂ ᠬᠥᠬᠡᠬᠤᠲᠠ᠎ᠳᠤ ᠰᠠᠭᠤᠷᠢᠰᠢᠵᠤ ᠠᠵᠢᠯᠯᠠᠵᠤ ᠠᠮᠢᠳᠤᠷᠠᠵᠤ ᠪᠠᠶ᠋ᠢᠭ᠎ᠠ᠂ ᠬᠥᠮᠥᠨ᠂ ᠭᠡᠷ ᠪᠠᠶ᠋ᠢᠰᠢᠩ᠂ ᠡᠷᠦᠬᠡ᠎ᠨᠢ ᠨᠢᠭᠡᠳᠦᠯᠲᠡᠢ ᠪᠠᠶ᠋ᠢᠬᠤ ᠮᠥᠷᠲᠡᠭᠡᠨ ᠰᠠᠶᠢ ᠲᠥᠷᠥᠭᠰᠡᠨ ᠬᠡᠦᠬᠡᠳ᠎ᠤᠨ ᠡᠷᠦᠬᠡ ᠠᠮᠠ ᠵᠢᠨ ᠳᠠᠩᠰᠠ ᠵᠢ᠎ᠨᠢ ᠲᠡᠷᠢᠭᠦᠨ ᠤᠳᠠᠭ᠎ᠠ ᠬᠥᠬᠡᠬᠤᠲᠠ᠎ᠳᠤ ᠣᠷᠣᠭᠤᠯᠤᠭᠰᠠᠨ᠃
(ᠬᠤᠶᠠᠷ) ᠬᠡᠦᠬᠡᠳ᠎ᠤᠳ᠎ᠤᠨ ᠨᠡᠮᠡᠭᠦᠷᠢ ᠵᠢ ᠪᠣᠳᠣᠬᠤ ᠪᠠᠷᠢᠮᠵᠢᠶ᠎ᠠ
ᠤᠤᠭ᠋ᠠᠨ ᠬᠡᠦᠬᠡᠳ ᠵᠶ᠋ᠠᠨ ᠲᠥᠷᠥᠬᠦ᠎ᠳᠤ ᠢᠬᠡᠷ᠎ᠡ᠎ᠠᠴᠠ ᠢᠯᠡᠭᠦᠦ ᠣᠯᠠᠨ ᠬᠡᠦᠬᠡᠳ ᠲᠥᠷᠥᠭᠰᠡᠨ ᠪᠠᠶ᠋ᠢᠪᠠᠯ᠂ ᠰᠠᠶᠢ ᠲᠥᠷᠥᠭᠰᠡᠨ ᠬᠡᠦᠬᠡᠳ᠎ᠢ᠎ᠨᠢ ᠬᠡᠦᠬᠡᠳ᠎ᠤᠨ ᠲᠥᠷᠥᠵᠦ ᠭᠠᠷᠤᠭᠰᠠᠨ ᠳᠠᠷᠠᠭ᠋ᠠᠯᠠᠯ ᠵᠶ᠋ᠠᠷ ᠤᠤᠭ᠋ᠠᠨ ᠬᠡᠦᠬᠡᠳ᠂ ᠬᠤᠶᠠᠲᠠᠬᠢ ᠬᠡᠦᠬᠡᠳ᠂ ᠭᠤᠷᠪᠠᠳᠠᠬᠢ ᠬᠡᠦᠬᠡᠳ ᠪᠣᠶ᠋ᠢᠵᠢᠭᠤᠯᠤᠭᠰᠠᠨ ᠵᠶ᠋ᠠᠷ ᠨᠡᠮᠡᠭᠦᠷᠢ ᠬᠦᠷᠲᠡᠨ᠎ᠡ᠂ ᠢᠬᠡᠷ᠎ᠡ᠎ᠪᠠᠷ ᠲᠥᠷᠥᠬᠦ᠎ᠳᠤ ᠭᠤᠷᠪᠠ᠎ᠠᠴᠠ ᠢᠯᠡᠭᠦᠦ ᠲᠥᠷᠥᠭᠰᠡᠨ ᠪᠠᠶ᠋ᠢᠪᠠᠯ ᠴᠥᠮ ᠭᠤᠷᠪᠠᠨ ᠬᠡᠦᠬᠡᠳ᠎ᠤᠨ ᠪᠠᠷᠢᠮᠵᠢᠶ᠎ᠠ᠎ᠪᠠᠷ ᠲᠣᠰ ᠲᠣᠰ ᠨᠡᠮᠡᠭᠦᠷᠢ ᠬᠦᠷᠲᠡᠨ᠎ᠡ; ᠨᠢᠭᠡᠨᠲᠡ ᠨᠢᠭᠡ ᠬᠡᠦᠬᠡᠳ᠎ᠲᠠᠢ ᠪᠠᠶ᠋ᠢᠵᠤ ᠳᠠᠬᠢᠨᠲᠠ ᠲᠥᠷᠥᠬᠦ᠎ᠳᠤ ᠢᠬᠡᠷ᠎ᠡ᠎ᠠᠴᠠ ᠢᠯᠡᠭᠦᠦ ᠣᠯᠠᠨ ᠬᠡᠦᠬᠡᠳ ᠲᠥᠷᠥᠭᠰᠡᠨ ᠪᠠᠶ᠋ᠢᠪᠠᠯ᠂ ᠰᠠᠶᠢ ᠲᠥᠷᠥᠭᠰᠡᠨ ᠬᠡᠦᠬᠡᠳ᠎ᠢ᠎ᠨᠢ ᠬᠡᠦᠬᠡᠳ᠎ᠤᠨ ᠲᠥᠷᠥᠵᠦ ᠭᠠᠷᠤᠭᠰᠠᠨ ᠳᠠᠷᠠᠭ᠋ᠠᠯᠠᠯ ᠵᠶ᠋ᠠᠷ ᠬᠤᠶᠠᠳᠠᠬᠢ ᠬᠡᠦᠬᠡᠳ᠂ ᠭᠤᠷᠪᠠᠳᠠᠬᠢ ᠬᠡᠦᠬᠡᠳ ᠪᠣᠶ᠋ᠢᠵᠢᠭᠤᠯᠤᠭᠰᠠᠨ ᠵᠶ᠋ᠠᠷ ᠨᠡᠮᠡᠭᠦᠷᠢ ᠬᠦᠷᠲᠡᠵᠦ᠂ ᠢᠬᠡᠷ᠎ᠡ᠎ᠪᠠᠷ ᠲᠥᠷᠥᠬᠦ᠎ᠳᠤ ᠬᠤᠶᠠᠷ᠎ᠠᠴᠠ ᠢᠯᠡᠭᠦᠦ ᠲᠥᠷᠥᠭᠰᠡᠨ ᠪᠠᠶ᠋ᠢᠪᠠᠯ ᠴᠥᠮ ᠭᠤᠷᠪᠠᠨ ᠬᠡᠦᠬᠡᠳ᠎ᠤᠨ ᠪᠠᠷᠢᠮᠵᠢᠶ᠎ᠠ᠎ᠪᠠᠷ ᠲᠣᠰ ᠲᠣᠰ ᠨᠡᠮᠡᠭᠦᠷᠢ ᠭᠥᠷᠳᠡᠵᠦ ᠪᠣᠯᠣᠨ᠎ᠠ; ᠨᠢᠭᠡᠨᠲᠡ ᠬᠤᠶᠠᠷ ᠬᠡᠦᠬᠡᠳ᠎ᠲᠠᠢ ᠪᠠᠶ᠋ᠢᠵᠤ ᠳᠠᠬᠢᠨᠲᠠ ᠲᠥᠷᠥᠬᠦ᠎ᠳᠤ ᠢᠬᠡᠷ᠎ᠡ᠎ᠠᠴᠠ ᠣᠯᠠᠨ ᠬᠡᠦᠬᠡᠳ ᠲᠥᠷᠥᠭᠰᠡᠨ ᠪᠠᠶ᠋ᠢᠪᠠᠯ᠂ ᠰᠠᠶᠢ ᠲᠥᠷᠥᠭᠰᠡᠨ ᠬᠡᠦᠬᠡᠳ᠎ᠨᠢ ᠴᠥᠮ ᠭᠤᠷᠪᠠᠨ ᠬᠡᠦᠬᠡᠳ᠎ᠤᠨ ᠪᠠᠷᠢᠮᠵᠢᠶ᠎ᠠ᠎ᠪᠠᠷ ᠬᠡᠦᠬᠡᠳ ᠪᠣᠶ᠋ᠢᠵᠢᠭᠤᠯᠬᠤ ᠨᠡᠮᠡᠭᠦᠷᠢ ᠵᠢ ᠲᠣᠰ ᠲᠣᠰ ᠬᠦᠷᠲᠡᠵᠦ ᠪᠣᠯᠣᠨ᠎ᠠ᠃
2. ᠬᠡᠦᠬᠡᠳ᠎ᠤᠳ ᠵᠶ᠋ᠠᠨ ᠡᠷ᠎ᠡ ᠡᠮ᠎ᠡ (ᠣᠷᠤᠭ ᠰᠡᠷᠭᠦᠭᠡᠭᠰᠡᠨᠢ ᠪᠠᠭᠲᠠᠭ᠋ᠠᠨ᠎ᠠ) ᠬᠤᠶᠠᠭᠤᠯᠠ ᠥᠪᠡᠷ᠎ᠤᠨ ᠬᠢᠨᠢ ᠲᠥᠷᠥᠭᠰᠡᠨ᠂ ᠬᠠᠤᠯᠢ ᠶᠣᠰᠣ᠎ᠪᠠᠷ ᠡᠷᠭᠦᠨ ᠲᠡᠵᠢᠭᠡᠭᠰᠡᠨ ᠬᠡᠦᠬᠡᠳ᠎ᠤᠨ ᠲᠤᠭᠠᠯᠤᠭᠠ ᠨᠡᠶ᠋ᠢᠯᠡᠭᠦᠯᠦᠨ ᠪᠤᠳᠤᠨ᠎ᠠ᠂ ᠭᠡᠪᠡᠴᠦ ᠳᠣᠣᠷᠠᠬᠢ ᠪᠠᠶ᠋ᠢᠳᠠᠯ᠎ᠢ ᠴᠥᠮ ᠦᠷ᠎ᠡ ᠬᠡᠦᠬᠡᠳ᠎ᠤᠨ ᠬᠢᠨᠢ ᠲᠣᠭ᠋ᠠᠨ᠎ᠳᠤ ᠪᠤᠳᠤᠵᠤ ᠣᠷᠣᠭᠤᠯᠬᠤ ᠦᠭᠡᠢ᠄
(1) ᠳᠠᠬᠢᠨᠲᠠ ᠤᠷᠤᠭᠯᠠᠭᠰᠠᠨ ᠡᠷ᠎ᠡ ᠡᠮ᠎ᠡ ᠬᠤᠶᠠᠭᠤᠯᠠ ᠵᠢᠨ ᠳᠠᠬᠢᠨᠲᠠ ᠤᠷᠤᠭᠯᠠᠬᠤ᠎ᠠᠴᠠ ᠡᠮᠦᠨ᠎ᠡ ᠲᠥᠷᠥᠭᠰᠡᠨ ᠦᠷ᠎ᠡ ᠬᠡᠦᠬᠡᠳ;
(2) ᠣᠷᠤᠭ᠎ᠤᠨ ᠬᠡᠪ ᠵᠶ᠋ᠠᠷ ᠪᠠᠶ᠋ᠢᠭ᠎ᠠ ᠬᠤᠭᠤᠴᠠᠭ᠋ᠠᠨ᠎ᠳᠤ ᠬᠠᠨᠢ ᠢᠵᠢᠯᠢᠠᠴᠠᠪᠠᠨ ᠪᠤᠰᠤᠳ ᠬᠥᠮᠥᠨ᠎ᠯᠦᠭᠡ ᠲᠥᠷᠥᠭᠰᠡᠨ ᠦᠷ᠎ᠡ ᠬᠡᠦᠬᠡᠳ᠃
ᠬᠤᠶᠠᠷ᠂ ᠨᠡᠮᠡᠭᠦᠷᠢ ᠣᠯᠭᠤᠬᠤ ᠪᠠᠷᠢᠮᠵᠢᠶ᠎ᠠ
(ᠨᠢᠭᠡ) ᠨᠡᠮᠡᠭᠦᠷᠢ ᠣᠯᠭᠤᠬᠤ ᠪᠡᠯᠡ ᠮᠥᠩᠭᠦᠨ᠎ᠤ ᠲᠤᠭ᠎ᠠ ᠵᠢᠴᠢ ᠦᠶᠡᠯᠡᠯ
1. ᠨᠢᠭᠡ ᠬᠡᠦᠬᠡᠳ ᠲᠥᠷᠥᠭᠰᠡᠨ ᠪᠠᠶ᠋ᠢᠪᠠᠯ ᠨᠢᠭᠡ ᠯᠡ ᠤᠳᠠᠭ᠎ᠠ᠎ᠳᠤ 10000 ᠲᠥᠭᠦᠷᠢᠭ᠎ᠤᠨ ᠬᠡᠦᠬᠡᠳ ᠪᠣᠶ᠋ᠢᠵᠢᠭᠤᠯᠬᠤ ᠨᠡᠮᠡᠭᠦᠷᠢ ᠣᠯᠭᠤᠨ᠎ᠠ;
2. ᠬᠤᠶᠠᠷ ᠬᠡᠦᠬᠡᠳ ᠲᠥᠷᠥᠭᠰᠡᠨ ᠪᠠᠶ᠋ᠢᠪᠠᠯ 50000 ᠲᠥᠭᠦᠷᠢᠭ᠎ᠤᠨ ᠬᠡᠦᠬᠡᠳ ᠪᠣᠶ᠋ᠢᠵᠢᠭᠤᠯᠬᠤ ᠨᠡᠮᠡᠭᠦᠷᠢ ᠵᠢ ᠵᠢᠯ ᠪᠦᠷᠢ 10000 ᠲᠥᠭᠦᠷᠢᠭ ᠵᠶ᠋ᠠᠷ ᠬᠡᠦᠬᠡᠳ᠎ᠨᠢ ᠪᠦᠬᠦᠯᠢ 5 ᠨᠠᠰᠤ ᠪᠣᠯᠲᠠᠯ᠎ᠠ ᠣᠯᠭᠤᠨ᠎ᠠ;
3. ᠭᠤᠷᠪᠠ ᠵᠢᠴᠢ ᠭᠤᠷᠪᠠ᠎ᠠᠴᠠ ᠢᠯᠡᠭᠦᠦ ᠬᠡᠦᠬᠡᠳ ᠲᠥᠷᠥᠭᠰᠡᠨ ᠪᠠᠶ᠋ᠢᠪᠠᠯ 100000 ᠲᠥᠭᠦᠷᠢᠭ᠎ᠤᠨ ᠬᠡᠦᠬᠡᠳ ᠪᠣᠶ᠋ᠢᠵᠢᠭᠤᠯᠬᠤ ᠨᠡᠮᠡᠭᠦᠷᠢ ᠵᠢ ᠵᠢᠯ ᠪᠦᠷᠢ 10000 ᠲᠥᠭᠦᠷᠢᠭ ᠵᠶ᠋ᠠᠷ ᠬᠡᠦᠬᠡᠳ᠎ᠨᠢ ᠪᠦᠬᠦᠯᠢ 10 ᠨᠠᠰᠤ ᠪᠣᠯᠲᠠᠯ᠎ᠠ ᠣᠯᠭᠤᠨ᠎ᠠ᠃
(ᠬᠤᠶᠠᠷ) ᠨᠡᠮᠡᠭᠦᠷᠢ ᠵᠢ ᠪᠣᠳᠣᠵᠤ ᠣᠯᠭᠤᠬᠤ ᠴᠠᠭ᠎ᠢ᠎ᠨᠢ ᠨᠤᠲᠠᠯᠠᠨ ᠲᠣᠭᠲᠠᠭ᠋ᠠᠬᠤ
1. ᠬᠡᠦᠬᠡᠳ ᠲᠥᠷᠥᠭᠰᠡᠨᠤ ᠳᠠᠷᠠᠭ᠎ᠠ᠂ ᠬᠡᠦᠬᠡᠳ᠎ᠤᠨ ᠡᠷᠦᠬᠡ ᠠᠮᠠ ᠵᠢᠨ ᠳᠠᠩᠰᠠ ᠵᠢ᠎ᠨᠢ ᠲᠡᠷᠢᠭᠦᠨ ᠤᠳᠠᠭ᠎ᠠ ᠣᠷᠣᠭᠤᠯᠤᠭᠰᠠᠨ ᠭᠠᠵᠠᠷ᠎ᠨᠢ ᠬᠥᠬᠡᠬᠤᠲᠠ ᠪᠠᠶ᠋ᠢᠪᠠᠯ᠂ ᠲᠥᠷᠥᠭᠰᠡᠨ ᠣᠨ ᠵᠶ᠋ᠠᠷ᠎ᠨᠢ ᠬᠡᠦᠬᠡᠳ ᠪᠣᠶ᠋ᠢᠵᠢᠭᠤᠯᠬᠤ ᠨᠡᠮᠡᠭᠦᠷᠢ ᠪᠣᠳᠣᠵᠤ ᠣᠯᠭᠤᠨ᠎ᠠ;
2. ᠬᠡᠦᠬᠡᠳ᠎ᠨᠢ ᠦᠬᠦᠭᠰᠡᠨ ᠪᠤᠶᠤ ᠡᠷᠦᠬᠡ ᠠᠮᠠ ᠵᠢᠨ ᠲᠠᠩᠰᠠ ᠵᠢ᠎ᠨᠢ ᠬᠥᠬᠡᠬᠤᠲᠠ᠎ᠠᠴᠠ ᠰᠢᠯᠵᠢᠭᠦᠯᠦᠭᠰᠡᠨ ᠪᠠᠶ᠋ᠢᠪᠠᠯ᠂ ᠳᠠᠷᠠᠭ᠎ᠠ ᠵᠢᠯ᠎ᠳᠤᠨᠢ ᠬᠡᠦᠬᠡᠳ ᠪᠣᠶ᠋ᠢᠵᠢᠭᠤᠯᠬᠤ ᠨᠡᠮᠡᠭᠦᠷᠢ ᠣᠯᠭᠤᠬᠤ ᠵᠢ ᠵᠣᠭᠰᠣᠭ᠋ᠠᠨ᠎ᠠ᠃
(ᠭᠤᠷᠪᠠ) ᠳᠣᠣᠷᠠᠬᠢ ᠪᠠᠶ᠋ᠢᠳᠠᠯ᠎ᠳᠤ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠷᠡᠵᠢᠯ᠎ᠢ ᠳᠡᠮᠵᠢᠬᠦ ᠲᠥᠷᠥ ᠵᠢᠨ ᠪᠣᠳᠣᠯᠭ᠎ᠠ ᠵᠢᠨ ᠲᠣᠭᠲᠠᠯᠴᠠᠭ᠎ᠠ ᠵᠢ ᠲᠦᠷᠭᠡᠳᠬᠡᠨ ᠲᠡᠭᠦᠯᠳᠡᠷᠵᠢᠭᠦᠯᠵᠦ ᠦᠷᠡᠵᠢᠯ᠎ᠳᠤ ᠨᠥᠬᠦᠷᠰᠡᠭ ᠨᠡᠶ᠋ᠢᠭᠡᠮ᠎ᠤᠨ ᠪᠦᠲᠦᠭᠡᠨ ᠪᠠᠶ᠋ᠢᠭᠤᠯᠤᠯᠲᠠ ᠵᠢ ᠠᠬᠢᠭᠤᠯᠬᠤ ᠵᠢᠨ ᠬᠡᠷᠡᠭᠵᠢᠭᠦᠯᠬᠦ ᠲᠥᠰᠥᠯ᠎ᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ》 (ᠥᠪᠥᠷ ᠵᠠᠰᠠᠭ ᠠᠯᠪᠠᠨ ᠲᠠᠷᠬᠠᠭ᠋ᠠᠭᠰᠠᠨ [2025] 6 ᠳ᠋ᠤᠭ᠋ᠠᠷ ᠲᠣᠭ᠋ᠠᠲᠤ)᠎ᠤᠨ ᠲᠣᠭᠲᠠᠭ᠋ᠠᠯ᠎ᠤᠨ ᠪᠠᠷᠢᠮᠵᠢᠶ᠎ᠠ ᠶᠣᠰᠣᠭ᠋ᠠᠷ ᠨᠡᠮᠡᠭᠦᠷᠢ ᠭᠥᠷᠳᠡᠨ᠎ᠡ᠄
1. 2025 ᠣᠨ᠎ᠤ 1 ᠳ᠋ᠦ᠍ᠭᠡᠷ ᠰᠠᠷ᠎ᠠ ᠵᠢᠨ 1᠎ᠤ ᠡᠳᠦᠷ (1 ᠳ᠋ᠦ᠍ᠭᠡᠷ ᠰᠠᠷ᠎ᠠ ᠵᠢᠨ 1᠎ᠤ ᠡᠳᠦᠷ᠎ᠢ ᠪᠠᠭᠲᠠᠭ᠋ᠠᠨ᠎ᠠ)᠎ᠠᠴᠠ 2 ᠳ᠋ᠤᠭ᠋ᠠᠷ ᠰᠠᠷ᠎ᠠ ᠵᠢᠨ 28᠎ᠤ ᠡᠳᠦᠷ (2 ᠳ᠋ᠤᠭ᠋ᠠᠷ ᠰᠠᠷ᠎ᠠ ᠵᠢᠨ 28᠎ᠤ ᠡᠳᠦᠷ᠎ᠢ ᠪᠠᠭᠲᠠᠭ᠋ᠠᠨ᠎ᠠ) ᠵᠢᠨ ᠬᠤᠭᠤᠷᠣᠨᠳᠤ ᠲᠥᠷᠥᠭᠰᠡᠨ;
2. ᠰᠠᠶᠢ ᠲᠥᠷᠥᠭᠰᠡᠨ ᠬᠡᠦᠬᠡᠳ᠎ᠤᠨ ᠡᠷᠦᠬᠡ ᠠᠮᠠ ᠵᠢᠨ ᠳᠠᠩᠰᠠ ᠵᠢ᠎ᠨᠢ ᠬᠥᠬᠡᠬᠤᠲᠠ᠎ᠳᠤ ᠲᠡᠷᠢᠭᠦᠨ ᠤᠳᠠᠭ᠎ᠠ ᠣᠷᠣᠭᠤᠯᠤᠭᠰᠠᠨ ᠪᠢᠰᠢ᠂ ᠡᠷᠦᠬᠡ ᠠᠮᠠ ᠵᠢᠨ ᠲᠠᠩᠰᠠ ᠵᠢ᠎ᠨᠢ ᠭᠠᠳᠠᠷ ᠣᠷᠣᠨ᠎ᠠᠴᠠ ᠨᠡᠭᠦᠯᠭᠡᠨ ᠣᠷᠣᠭᠤᠯᠤᠭᠰᠠᠨ᠃
ᠭᠤᠷᠪᠠ᠂ ᠭᠤᠶᠤᠴᠢᠯᠠᠨ ᠮᠡᠳᠡᠭᠦᠯᠵᠦ ᠬᠢᠨᠠᠨ ᠬᠠᠷᠭᠤᠭᠤᠯᠬᠤ
(ᠨᠢᠭᠡ) 《ᠭᠤᠶᠤᠴᠢᠯᠠᠨ ᠮᠡᠳᠡᠭᠦᠯᠬᠦ ᠦᠭᠡᠢ᠎ᠪᠠᠷ ᠬᠦᠷᠲᠡᠬᠦ》 ᠬᠢᠷᠢ ᠬᠡᠮ᠎ᠢ ᠨᠤᠲᠠᠯᠠᠨ ᠲᠣᠭᠲᠠᠭ᠋ᠠᠬᠤ
ᠬᠡᠦᠬᠡᠳ᠎ᠤᠨ ᠡᠷᠦᠬᠡ ᠠᠮᠠ ᠵᠢᠨ ᠳᠠᠩᠰᠠ ᠵᠢ᠎ᠨᠢ ᠬᠥᠬᠡᠬᠤᠲᠠ᠎ᠳᠤ ᠲᠡᠷᠢᠭᠦᠨ ᠤᠳᠠᠭ᠎ᠠ ᠣᠷᠣᠭᠤᠯᠤᠭᠰᠠᠨ᠎ᠤ ᠳᠠᠷᠠᠭ᠎ᠠ᠂ ᠡᠩ ᠲᠡᠷᠢᠭᠦᠨ᠎ᠳᠤ 《ᠭᠤᠶᠤᠴᠢᠯᠠᠨ ᠮᠡᠳᠡᠭᠦᠯᠬᠦ ᠦᠭᠡᠢ᠎ᠪᠠᠷ ᠬᠦᠷᠲᠡᠬᠦ》 ᠬᠢᠷᠢ ᠬᠡᠮ᠎ᠢ ᠨᠤᠲᠠᠯᠠᠨ ᠲᠣᠭᠲᠠᠭ᠋ᠠᠵᠤ᠂ ᠮᠡᠳᠡᠭᠡ ᠵᠠᠩᠭᠢᠴᠢᠯᠠᠯᠲᠠ ᠵᠢᠨ ᠠᠷᠭ᠎ᠠ᠎ᠪᠠᠷ ᠣᠯᠠᠨ ᠲᠦᠮᠡᠨ᠎ᠤ ᠨᠡᠮᠡᠭᠦᠷᠢ ᠭᠤᠶᠤᠴᠢᠯᠠᠬᠤ ᠬᠢᠷᠢ ᠬᠡᠮ᠎ᠢ ᠠᠦ᠋ᠲ᠋ᠣ᠋ ᠬᠢᠨᠠᠨ ᠬᠠᠷᠭᠤᠭᠤᠯᠵᠤ᠂ ᠬᠢᠨᠠᠨ ᠬᠠᠷᠭᠤᠭᠤᠯᠵᠤ ᠵᠥᠪᠰᠢᠶᠡᠷᠡᠭᠰᠡᠨ ᠪᠠᠶ᠋ᠢᠪᠠᠯ ᠣᠬᠤᠷ ᠮᠡᠳᠡᠭᠡ᠎ᠪᠠᠷ ᠣᠯᠠᠨ ᠲᠦᠮᠡᠨ᠎ᠳᠤ ᠨᠡᠮᠡᠭᠦᠷᠢ ᠣᠯᠭᠤᠬᠤ ᠠᠷᠭ᠎ᠠ ᠮᠠᠶᠢᠭ᠎ᠢ ᠮᠡᠳᠡᠭᠳᠡᠨ᠎ᠡ᠃
(ᠬᠤᠶᠠᠷ) ᠬᠢᠷᠢ ᠬᠡᠮ ᠵᠶ᠋ᠠᠨ ᠨᠤᠲᠠᠯᠠᠨ ᠲᠣᠭᠲᠠᠭ᠋ᠠᠯᠭ᠋ᠠᠬᠤ᠎ᠪᠠᠷ ᠰᠠᠨᠠᠭ᠋ᠠᠴᠢᠯᠠᠭ᠎ᠠ᠎ᠠᠴᠠ᠎ᠪᠠᠨ ᠭᠤᠶᠤᠴᠢᠯᠠᠬᠤ
1. ᠭᠡᠷ ᠪᠦᠯᠢ ᠵᠢᠨ᠎ᠬᠢᠨ᠎ᠤ ᠭᠤᠶᠤᠴᠢᠯᠠᠯ᠃ ᠣᠯᠠᠨ ᠲᠦᠮᠡᠨ ᠪᠠᠰᠠ ᠰᠦᠯᠵᠢᠶᠡᠨ ᠳᠡᠭᠡᠷᠡᠬᠢ ᠭᠤᠶᠤᠴᠢᠯᠠᠬᠤ ᠠᠷᠭ᠎ᠠ᠎ᠪᠠᠷ ᠬᠢᠷᠢ ᠬᠡᠮ ᠵᠶ᠋ᠠᠨ ᠨᠤᠲᠠᠯᠠᠭᠤᠯᠤᠨ ᠲᠣᠭᠲᠠᠭ᠋ᠠᠯᠭ᠋ᠠᠵᠤ ᠪᠣᠯᠣᠨ᠎ᠠ᠃ ᠬᠡᠦᠬᠡᠳ᠎ᠤᠨ ᠡᠷᠦᠬᠡ ᠠᠮᠠ ᠵᠢᠨ ᠳᠠᠩᠰᠠ ᠵᠢ᠎ᠨᠢ ᠬᠥᠬᠡᠬᠤᠲᠠ᠎ᠳᠤ ᠲᠡᠷᠢᠭᠦᠨ ᠤᠳᠠᠭ᠎ᠠ ᠣᠷᠣᠭᠤᠯᠤᠭᠰᠠᠨ᠎ᠤ ᠳᠠᠷᠠᠭ᠎ᠠ᠂ ᠬᠥᠩᠭᠡᠵᠢᠭᠴᠢ᠎ᠨᠢ ᠬᠥᠩᠭᠡᠵᠢᠭᠦᠯᠬᠦ ᠪᠠᠶ᠋ᠢᠭᠤᠯᠤᠮᠵᠢ᠂ ᠳᠣᠲᠣᠭ᠋ᠠᠳᠤ ᠵᠢ ᠬᠠᠮᠠᠭ᠋ᠠᠯᠠᠬᠤ ᠰᠠᠯᠠᠭ᠎ᠠ ᠮᠥᠴᠢᠷ᠎ᠤᠨ ᠡᠷᠦᠬᠡ ᠠᠮᠠ ᠵᠢᠨ ᠳᠠᠩᠰᠠ ᠣᠷᠣᠭᠤᠯᠬᠤ ᠴᠣᠩᠬᠤᠪᠴᠢ᠂ ᠨᠡᠶ᠋ᠢᠭᠡᠮ ᠲᠣᠭᠤᠷᠢᠭ / ᠲᠣᠰᠬᠤᠨ (ᠰᠠᠭᠤᠭ᠋ᠠᠯᠢ ᠠᠷᠠᠳ)᠎ᠤ ᠵᠥᠪᠯᠡᠯ᠂ 《ᠠᠢ ᠴᠢᠩ ᠴᠧᠩ》 ᠨᠡᠶ᠋ᠢᠲᠡ ᠵᠢᠨ ᠳ᠋ᠤᠭ᠋ᠠᠷ᠂ 《ᠡᠷᠡᠭᠦᠯ ᠮᠡᠨᠳᠦ ᠬᠥᠬᠡᠬᠤᠲᠠ》 ᠵᠢᠵᠢᠭ ᠫᠷᠣᠭ᠌ᠷᠠᠮ ᠵᠡᠷᠭᠡ ᠣᠯᠠᠨ ᠠᠷᠭ᠎ᠠ ᠵᠠᠮ ᠵᠶ᠋ᠠᠷ ᠲᠤᠰᠬᠠᠢ ᠬᠤᠶᠠᠷ ᠬᠡᠮᠵᠢᠯᠲᠦ ᠺᠣᠳ᠋᠎ᠢ ᠰᠢᠷᠪᠢᠨ ᠭᠤᠶᠤᠴᠢᠯᠠᠯ ᠵᠶ᠋ᠠᠨ ᠲᠤᠰᠢᠶᠠᠵᠤ᠂ ᠬᠠᠮᠢᠶ᠎ᠠ ᠪᠦᠬᠦᠢ ᠮᠠᠲ᠋ᠧᠷᠢᠶᠠᠯ᠎ᠢ ᠳᠡᠭᠡᠭᠰᠢ ᠳᠠᠮᠵᠢᠭᠤᠯᠬᠤ ᠵᠢᠨ ᠬᠠᠮᠲᠤ ᠳᠡᠪᠰᠢᠭᠦᠯᠦᠭᠰᠡᠨ ᠮᠡᠳᠡᠭᠡ ᠵᠠᠩᠭᠢ᠎ᠪᠠᠨ ᠦᠨᠡᠨ ᠪᠣᠳᠠᠲᠠᠢ ᠮᠥᠷᠲᠡᠭᠡᠨ ᠬᠦᠴᠦᠨ᠎ᠲᠠᠢ᠂ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠵᠢ ᠰᠠᠶ᠋ᠢᠨ ᠳᠤᠷ᠎ᠠ᠎ᠠᠴᠠ᠎ᠪᠠᠨ ᠡᠭᠦᠷᠭᠡᠯᠡᠨ᠎ᠡ ᠭᠡᠵᠦ ᠠᠮᠠᠯᠠᠨ᠎ᠠ᠃ ᠪᠣᠳᠠᠲᠠᠢ ᠮᠠᠲ᠋ᠧᠷᠢᠶᠠᠯ᠎ᠨᠢ ᠳᠣᠣᠷᠠᠬᠢ ᠮᠡᠲᠦ᠄
1) ᠡᠷ᠎ᠡ ᠡᠮ᠎ᠡ ᠬᠤᠶᠠᠭᠤᠯᠠ ᠵᠢᠨ ᠡᠷᠦᠬᠡ ᠠᠮᠠ ᠵᠢᠨ ᠳᠠᠩᠰᠠᠨ ᠳᠡᠪᠲᠡᠷ (ᠲᠡᠷᠢᠭᠦᠨ ᠬᠠᠭᠤᠳᠠᠰᠤ᠂ ᠲᠣᠰ ᠬᠥᠮᠥᠨ᠎ᠤ ᠲᠡᠮᠳᠡᠭᠯᠡᠯ᠎ᠲᠠᠢ ᠬᠠᠭᠤᠳᠠᠰᠤ)᠎ᠤᠨ ᠤᠭ ᠳᠡᠪᠲᠡᠷ᠂ ᠪᠡᠶ᠎ᠡ ᠵᠢᠨ ᠦᠨᠡᠮᠯᠡᠯ (ᠠᠷᠤ ᠡᠮᠦᠨ᠎ᠡ ᠨᠢᠭᠤᠷ)᠎ᠤᠨ ᠤᠭ ᠦᠨᠡᠮᠯᠡᠯ᠂ ᠣᠷᠤᠭ᠎ᠤᠨ ᠪᠠᠲᠤᠯᠠᠪᠤᠷᠢ ᠵᠢᠨ ᠤᠭ ᠳᠡᠪᠲᠡᠷ;
2) ᠭᠡᠷ ᠪᠦᠯᠢ ᠵᠢᠨ ᠪᠥᠬᠦ ᠦᠷ᠎ᠡ ᠬᠡᠦᠬᠡᠳ᠎ᠤᠨ ᠬᠢᠨᠢ ᠡᠷᠦᠬᠡ ᠠᠮᠠ ᠵᠢᠨ ᠳᠠᠩᠰᠠᠨ ᠳᠡᠪᠲᠡᠷ (ᠲᠡᠷᠢᠭᠦᠨ ᠬᠠᠭᠤᠳᠠᠰᠤ᠂ ᠲᠣᠰ ᠬᠥᠮᠥᠨ᠎ᠤ ᠲᠡᠮᠳᠡᠭᠯᠡᠯ᠎ᠲᠠᠢ ᠬᠠᠭᠤᠳᠠᠰᠤ)᠎ᠤᠨ ᠤᠭ ᠳᠡᠪᠲᠡᠷ᠂ ᠪᠥᠬᠦ ᠦᠷ᠎ᠡ ᠬᠡᠦᠬᠡᠳ᠎ᠤᠨ ᠬᠢᠨᠢ ᠲᠥᠷᠥᠭᠰᠡᠨᠤ ᠠᠨᠠᠭ᠋ᠠᠬᠤ ᠵᠢᠨ ᠭᠡᠷᠡᠴᠢ ᠵᠢᠨ ᠤᠭ ᠮᠠᠲ᠋ᠧᠷᠢᠶᠠᠯ;
3) ᠬᠥᠬᠡᠬᠤᠲᠠ ᠵᠢᠨ ᠬᠡᠪᠴᠢᠶᠡᠨ᠎ᠳᠠᠬᠢ ᠥᠪᠡᠷ᠎ᠤᠨ ᠣᠷᠣᠨ ᠰᠠᠭᠤᠴᠠ ᠭᠡᠷ ᠪᠠᠶ᠋ᠢᠰᠢᠩ᠎ᠤᠨ ᠥᠮᠴᠢᠯᠡᠯ᠎ᠤᠨ ᠡᠷᠬᠡ ᠵᠢᠨ ᠦᠨᠡᠮᠯᠡᠯ (ᠥᠯᠥ ᠬᠥᠳᠡᠯᠬᠦ ᠬᠥᠷᠥᠩᠭᠡ ᠵᠢᠨ ᠳᠠᠩᠰᠠᠯᠠᠨ ᠲᠡᠮᠳᠡᠭᠯᠡᠭᠦᠯᠦᠭᠰᠡᠨ ᠦᠨᠡᠮᠯᠡᠯ) ᠪᠤᠶᠤ ᠰᠦᠯᠵᠢᠶᠡᠨ ᠳᠡᠭᠡᠷ᠎ᠡ ᠭᠠᠷᠤᠨ ᠥᠰᠥᠭ ᠵᠢᠷᠤᠭᠰᠠᠨ ᠤᠭ ᠮᠠᠲ᠋ᠧᠷᠢᠶᠠᠯ (ᠭᠡᠷ ᠪᠠᠶ᠋ᠢᠰᠢᠩ᠎ᠤᠨ ᠮᠡᠳᠡᠭᠡ ᠵᠠᠩᠭᠢ ᠪᠦᠬᠦᠢ ᠬᠠᠭᠤᠳᠠᠰᠤ ᠪᠠ ᠬᠤᠶᠠᠷ ᠲᠠᠯ᠎ᠠ᠎ᠪᠠᠷ ᠵᠶ᠋ᠠᠨ ᠭᠠᠷᠤᠨ ᠥᠰᠥᠭ ᠵᠢᠷᠤᠵᠤ ᠲᠠᠮᠠᠭ᠎ᠠ ᠳᠠᠷᠤᠭᠰᠠᠨ ᠬᠠᠭᠤᠳᠠᠰᠤ᠎ᠪᠠᠨ ᠰᠦᠯᠵᠢᠶ᠎ᠡ᠎ᠪᠠᠷ ᠢᠯᠡᠭᠡᠨ᠎ᠡ); ᠳᠡᠭᠡᠷ᠎ᠡ ᠳᠤᠷᠠᠳᠤᠭᠰᠠᠨ ᠦᠨᠡᠮᠯᠡᠯ᠎ᠢ ᠬᠠᠩᠭ᠋ᠠᠵᠤ ᠳᠡᠶ᠋ᠢᠯᠬᠦ ᠦᠭᠡᠢ ᠪᠣᠯ ᠲᠣᠰ ᠵᠢᠯ ᠪᠤᠶᠤ ᠳᠡᠭᠡᠷ᠎ᠡ ᠨᠢᠭᠡ ᠵᠢᠯ᠎ᠳᠠᠬᠢ ᠬᠥᠬᠡᠬᠤᠲᠠ ᠵᠢᠨ ᠬᠡᠪᠴᠢᠶᠡᠨ᠎ᠳᠤ ᠡᠮᠴᠢᠯᠡᠭᠡᠨ᠎ᠤ ᠳᠠᠭ᠋ᠠᠳᠬᠠᠯ᠎ᠤᠨ ᠰᠦᠢ᠍ᠳᠬᠡᠯ ᠲᠤᠰᠢᠶᠠᠭᠰᠠᠨ ᠲᠡᠮᠳᠡᠭᠯᠡᠯ ᠵᠶ᠋ᠠᠨ ᠬᠠᠩᠭ᠋ᠠᠵᠤ ᠪᠣᠯᠣᠨ᠎ᠠ;
4) ᠬᠡᠦᠬᠡᠳ ᠡᠷᠭᠦᠨ ᠲᠡᠵᠢᠭᠡᠭᠰᠡᠨ ᠭᠡᠷ ᠪᠦᠯᠢ᠎ᠨᠢ ᠬᠠᠤᠯᠢ ᠶᠣᠰᠣᠨ᠎ᠤ ᠡᠷᠭᠦᠨ ᠲᠡᠵᠢᠭᠡᠭᠰᠡᠨ ᠦᠨᠡᠮᠯᠡᠯ᠎ᠤᠨ ᠤᠭ ᠦᠨᠡᠮᠯᠡᠯ᠎ᠢ ᠲᠤᠰᠢᠶᠠᠬᠤ ᠬᠡᠷᠡᠭᠲᠡᠢ᠃ ᠬᠠᠨᠢ ᠢᠵᠢᠯᠢ ᠵᠢᠨ ᠬᠢᠨᠢ ᠨᠢᠭᠡ᠎ᠨᠢ ᠨᠠᠰᠤ ᠨᠥᠭᠴᠢᠭᠰᠡᠨ ᠭᠡᠷ ᠪᠦᠯᠢ᠎ᠨᠢ ᠨᠠᠰᠤ ᠨᠥᠭᠴᠢᠭᠰᠡᠨ ᠨᠥᠭᠦᠭᠡ ᠵᠢᠨ ᠵᠶ᠋ᠠᠨ ᠨᠠᠰᠤ ᠨᠥᠭᠴᠢᠭᠰᠡᠨ ᠭᠡᠷᠡᠴᠢ ᠵᠢ ᠲᠤᠰᠢᠶᠠᠬᠤ ᠬᠡᠷᠡᠭᠲᠡᠢ᠃ ᠤᠷᠤᠭ ᠰᠠᠯᠤᠭᠰᠠᠨ ᠭᠡᠷ ᠪᠦᠯᠢ᠎ᠨᠢ ᠡᠷ᠎ᠡ ᠡᠮ᠎ᠡ ᠬᠤᠶᠠᠷ ᠲᠠᠯ᠎ᠠ ᠵᠢᠨ ᠭᠠᠷᠤᠨ ᠦᠰᠦᠭ ᠵᠢᠷᠤᠭᠰᠠᠨ ᠠᠰᠠᠷᠠᠵᠤ ᠲᠡᠵᠢᠭᠡᠬᠦ ᠢᠯᠡᠷᠬᠡᠶ᠋ᠢᠯᠡᠯᠲᠡ ᠪᠠ ᠤᠷᠤᠭ ᠰᠠᠯᠬᠤ ᠵᠥᠪᠯᠡᠯᠴᠡᠭᠡᠷ ᠪᠤᠶᠤ ᠰᠢᠭᠦᠬᠦ ᠬᠤᠷᠢᠶᠠᠨ᠎ᠤ ᠭᠠᠷᠭ᠋ᠠᠵᠤ ᠥᠭᠭᠦᠭᠰᠡᠨ ᠤᠷᠤᠭ ᠰᠠᠯᠤᠭᠰᠠᠨ ᠲᠠᠰᠤᠯᠤᠯᠲᠠ ᠵᠢᠨ ᠪᠢᠴᠢᠭ᠎ᠢ ᠲᠤᠰᠢᠶᠠᠬᠤ ᠴᠢᠬᠤᠯᠠᠲᠠᠢ᠃
2. ᠱᠠᠲᠤ ᠱᠠᠲᠤ᠎ᠪᠠᠷ ᠬᠢᠨᠠᠨ ᠬᠠᠷᠭᠤᠭᠤᠯᠤᠨ᠎ᠠ᠃ ᠬᠤᠰᠢᠭᠤ ᠰᠢᠶᠠᠨ ᠲᠣᠭᠤᠷᠢᠭ᠂ ᠰᠢᠶᠠᠩ ᠪᠠᠯᠭ᠋ᠠᠰᠤ (ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ)᠂ ᠲᠣᠰᠬᠤᠨ (ᠰᠠᠭᠤᠭ᠋ᠠᠯᠢ ᠠᠷᠠᠳ)᠎ᠤ ᠵᠥᠪᠯᠡᠯ ᠵᠢᠯ ᠪᠦᠷᠢ ᠵᠢᠨ 5 ᠳ᠋ᠤᠭ᠋ᠠᠷ ᠰᠠᠷ᠎ᠠ ᠪᠠ 11 ᠳ᠋ᠦ᠍ᠭᠡᠷ ᠰᠠᠷ᠎ᠠ᠎ᠳᠤ ᠳᠣᠣᠷᠠᠳᠤ ᠱᠠᠲᠤᠨ᠎ᠠᠴᠠ ᠳᠡᠭᠡᠳᠦ ᠱᠠᠲᠤ ᠲᠡᠶ᠋ᠢᠰᠢ ᠬᠢᠨᠠᠨ ᠬᠠᠷᠭᠤᠭᠤᠯᠤᠨ᠎ᠠ᠃
3. ᠬᠤᠶᠠᠷᠳᠠᠬᠢ ᠬᠡᠦᠬᠡᠳ᠂ ᠭᠤᠷᠪᠠᠳᠠᠬᠢ ᠬᠡᠦᠬᠡᠳ ᠵᠢᠴᠢ ᠡᠭᠦᠨ᠎ᠠᠴᠠ ᠢᠯᠡᠭᠦᠦ ᠪᠠᠶ᠋ᠢᠭ᠎ᠠ ᠬᠡᠦᠬᠡᠳ ᠪᠣᠶ᠋ᠢᠵᠢᠭᠤᠯᠬᠤ ᠨᠡᠮᠡᠭᠦᠷᠢ ᠵᠢ ᠵᠢᠯ ᠬᠤᠪᠢᠶᠠᠨ ᠣᠯᠭᠤᠬᠤ᠎ᠳᠤ᠂ ᠭᠤᠶᠤᠴᠢᠯᠠᠭᠴᠢ᠎ᠨᠢ ᠳᠠᠷᠠᠭ᠎ᠠ ᠨᠢᠭᠡ ᠵᠢᠯ᠎ᠤᠨ ᠲᠥᠪᠯᠡᠷᠡᠭᠦᠯᠦᠨ ᠬᠢᠨᠠᠵᠤ ᠬᠠᠷᠭᠤᠭᠤᠯᠬᠤ ᠬᠤᠭᠤᠴᠠᠭ᠋ᠠᠨ᠎ᠳᠤ 《ᠣᠨ᠎ᠤ ᠬᠢᠨᠠᠨ ᠬᠠᠷᠭᠤᠭᠤᠯᠬᠤ》 ᠭᠤᠶᠤᠴᠢᠯᠠᠯ ᠵᠶ᠋ᠠᠨ ᠳᠡᠪᠰᠢᠭᠦᠯᠦᠨ᠎ᠡ᠂ ᠳᠠᠬᠢᠵᠤ ᠮᠡᠳᠡᠭᠡ ᠵᠠᠩᠭᠢ ᠵᠢᠨ ᠲᠠᠭᠯᠠᠨ ᠪᠢᠴᠢᠬᠦ ᠪᠠ ᠮᠠᠲ᠋ᠧᠷᠢᠶᠠᠯ ᠵᠶ᠋ᠠᠨ ᠳᠡᠭᠡᠭᠰᠢ ᠳᠠᠮᠵᠢᠭᠤᠯᠬᠤ ᠴᠢᠬᠤᠯᠠ ᠦᠭᠡᠢ᠃
ᠳᠥᠷᠪᠡ᠂ ᠪᠡᠯᠡ ᠮᠥᠩᠭᠦ ᠣᠯᠭᠤᠬᠤ
ᠬᠡᠦᠬᠡᠳ ᠪᠣᠶ᠋ᠢᠵᠢᠭᠤᠯᠬᠤ ᠨᠡᠮᠡᠭᠦᠷᠢ ᠵᠢᠨ ᠲᠥᠷᠥᠯ ᠵᠦᠢ᠍ᠯ᠎ᠢ ᠲᠣᠭᠲᠠᠭᠰᠠᠨ ᠪᠡᠯᠡ ᠮᠥᠩᠭᠦ ᠣᠯᠭᠤᠬᠤ ᠠᠷᠭ᠎ᠠ ᠵᠠᠮ ᠵᠶ᠋ᠠᠷ ᠣᠯᠭᠤᠨ᠎ᠠ᠂ ᠭᠤᠶᠤᠴᠢᠯᠠᠨ ᠮᠡᠳᠡᠭᠦᠯᠬᠦ ᠦᠭᠡᠢ᠎ᠪᠠᠷ ᠬᠦᠷᠲᠡᠬᠦ ᠪᠠ ᠬᠤᠪᠢ ᠬᠥᠮᠥᠨ᠎ᠤ ᠭᠤᠶᠤᠴᠢᠯᠠᠯ᠎ᠢ ᠬᠢᠨᠠᠨ ᠬᠠᠷᠭᠤᠭᠤᠯᠵᠤ ᠵᠥᠪᠰᠢᠶᠡᠷᠡᠭᠰᠡᠨ᠎ᠤ ᠳᠠᠷᠠᠭ᠎ᠠ ᠵᠢᠯ ᠪᠦᠷᠢ ᠵᠢᠨ 7 ᠳ᠋ᠤᠭ᠋ᠠᠷ ᠰᠠᠷ᠎ᠠ᠂ 1 ᠳ᠋ᠦ᠍ᠭᠡᠷ ᠰᠠᠷ᠎ᠠ᠎ᠳᠤ ᠬᠤᠶᠠᠷ ᠤᠳᠠᠭ᠎ᠠ ᠣᠯᠭᠤᠨ᠎ᠠ᠃