ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠤ ᠭᠠᠷ᠎ᠤᠨ ᠠᠪᠤᠯᠭ᠎ᠠ
ᠨᠡᠶ᠋ᠢᠲᠡᠯᠡᠭᠰᠡᠨ ᠴᠠᠭ᠄ 2024-04-10


    ᠰᠤᠷᠭ᠋ᠠᠭᠤᠯᠢ ᠡᠬᠢᠯᠡᠭᠰᠡᠨ᠎ᠤ ᠳᠠᠷᠠᠭ᠎ᠠ᠂ ᠬᠡᠦᠬᠡᠳ᠎ᠤᠳ ᠡᠳᠦᠷ ᠪᠦᠷᠢ ᠰᠤᠷᠭ᠋ᠠᠭᠤᠯᠢ᠎ᠳᠤ ᠶᠠᠪᠤᠬᠤ᠂ ᠰᠤᠷᠭ᠋ᠠᠭᠤᠯᠢ ᠲᠠᠷᠬᠠᠬᠤ᠎ᠳᠤ ᠪᠦᠷ ᠡᠯ᠎ᠡ ᠵᠦᠢᠯ᠎ᠤᠨ ᠪᠤᠳᠤᠯᠢᠶᠠᠨᠲᠠᠶ ᠵᠠᠮ ᠬᠠᠷᠢᠯᠴᠠᠭ᠋ᠠᠨ᠎ᠤ ᠣᠷᠴᠢᠨ ᠲᠣᠭᠣᠷᠢᠨ ᠲᠣᠬᠢᠶᠠᠯᠳᠤᠨ᠎ᠠ᠃ ᠵᠠᠷᠢᠮ ᠪᠢᠴᠢᠬᠠᠨ ᠨᠠᠢ᠌ᠵᠠ ᠴᠤᠭ ᠵᠢᠪᠬᠤᠭ᠎ᠠ ᠲᠡᠭᠦᠯᠳᠡᠷ᠂ ᠪᠡᠶ᠎ᠡ᠎ᠪᠠᠨ ᠪᠠᠷᠢᠬᠤ ᠴᠢᠳᠠᠪᠤᠷᠢ᠎ᠪᠠᠷ ᠳᠤᠲᠠᠮᠠᠭ᠂ ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠤ ᠤᠬᠠᠮᠰᠠᠷ ᠨᠡᠯᠢᠶᠡᠳ ᠪᠠᠭᠤᠷᠠᠶ ᠪᠠᠢ᠌ᠵᠤ᠂ ᠠᠮᠤᠷ ᠲᠦᠪᠰᠢᠨ᠎ᠤ ᠡᠨᠳᠡᠯ᠎ᠢ ᠠᠮᠠᠷᠬᠠᠨ ᠡᠭᠦᠰᠭᠡᠳᠡᠭ᠃
  ● ᠵᠠᠮ ᠳᠡᠭᠡᠷᠡᠬᠢ ᠪᠠᠢ᠌ᠳᠠᠯ᠎ᠢ ᠠᠩᠬᠠᠷᠴᠤ᠂ ᠭᠡᠨᠡᠳᠲᠡ᠎ᠪᠠᠷ ᠲᠡᠷᠭᠡᠨ᠎ᠤ ᠡᠭᠦᠳᠡ ᠵᠢ ᠨᠡᠭᠡᠭᠡᠵᠦ ᠲᠡᠷᠭᠡᠨ᠎ᠠᠴᠠ ᠪᠠᠭᠤᠵᠤ ᠪᠣᠯᠬᠤ ᠦᠭᠡᠶ᠃
  ● ᠵᠠᠮ᠎ᠢ ᠬᠦᠨᠳᠡᠯᠡᠨ ᠣᠭᠲᠣᠯᠬᠤ ᠦᠭᠡᠢ᠂ ᠭᠦᠶᠦᠵᠦ ᠭᠠᠷᠴᠤ ᠪᠣᠯᠬᠤ ᠦᠭᠡᠢ᠃ ᠵᠠᠮ ᠳᠡᠭᠡᠷ᠎ᠡ ᠨᠣᠴᠤᠯᠳᠤᠵᠤ ᠪᠣᠯᠬᠤ ᠦᠭᠡᠢ᠂ ᠵᠠᠮ᠎ᠤᠨ ᠳᠤᠮᠳᠠᠬᠢ ᠬᠠᠰᠢᠶ᠎ᠠ ᠵᠢ ᠠᠪᠠᠷᠢᠵᠤ ᠪᠣᠯᠬᠤ ᠦᠭᠡᠢ᠂ ᠵᠠᠮ ᠳᠡᠭᠡᠷ᠎ᠡ ᠨᠣᠮ ᠦᠵᠡᠬᠦ ᠦᠭᠡᠢ ᠪᠠᠢ᠌ᠬᠤ ᠬᠡᠷᠡᠭᠲᠡᠢ᠃᠃
  ● ᠨᠡᠢ᠌ᠲᠡ ᠵᠢᠨ ᠮᠠᠰᠢᠨ ᠲᠡᠷᠭᠡ᠂ ᠭᠠᠵᠠᠷ ᠳᠣᠣᠷᠠᠬᠢ ᠲᠡᠮᠦᠷ ᠵᠠᠮ᠎ᠤᠨ ᠭᠠᠯᠲᠤ ᠲᠡᠷᠭᠡᠨ᠎ᠳᠤ  ᠰᠠᠭᠤᠬᠤ᠎ᠳᠠᠭᠠᠨ ᠰᠢᠬᠠᠯᠳᠤᠵᠤ ᠪᠣᠯᠬᠤ ᠦᠭᠡᠶ᠃ ᠲᠡᠷᠭᠡᠨ᠎ᠳᠤ ᠰᠠᠭᠤᠬᠤ᠎ᠳᠤ ᠴᠣᠩᠬᠣ᠎ᠪᠠᠷ ᠲᠣᠯᠣᠭ᠋ᠠᠶ᠎ᠪᠠᠨ ᠪᠤᠯᠲᠠᠢ᠌ᠯᠭ᠋ᠠᠬᠤ ᠥᠬᠡᠶ᠂ ᠲᠡᠷᠭᠡᠨ᠎ᠤ ᠪᠠᠷᠢᠭᠤᠯ᠎ᠢ ᠴᠢᠩᠭ᠎ᠠ ᠪᠠᠷᠢᠵᠤ᠂ ᠲᠡᠷᠭᠡ ᠯᠠᠪᠳᠠᠭᠤᠨ ᠵᠣᠭᠰᠣᠭ᠋ᠠᠭᠰᠠᠨ᠎ᠤ ᠳᠠᠷᠠᠭ᠎ᠠ ᠰᠠᠶᠢ ᠲᠡᠷᠭᠡᠨ᠎ᠠᠴᠠ ᠪᠠᠭᠤᠨ᠎ᠠ᠃
    ● ᠮᠠᠰᠢᠨ ᠲᠡᠷᠭᠡ᠎ᠲᠠᠢ ᠵᠠᠮ ᠪᠤᠯᠢᠶᠠᠯᠳᠤᠬᠤ ᠦᠭᠡᠢ᠂ ᠵᠠᠮ᠎ᠤᠨ ᠠᠭᠤᠯᠵᠠᠷ᠎ᠲᠤ ᠪᠠᠢ᠌ᠳᠠᠯ᠎ᠢ ᠠᠵᠢᠭᠯᠠᠵᠤ᠂ ᠠᠮᠤᠷ ᠲᠦᠪᠰᠢᠨ ᠥᠶ᠎ᠡ᠎ᠳᠤ ᠰᠠᠶᠢ ᠵᠠᠮ ᠥᠩᠭᠡᠷᠡᠵᠦ ᠪᠣᠯᠣᠨ᠎ᠠ᠃ ᠮᠠᠰᠢᠨ ᠲᠡᠷᠭᠡᠨ᠎ᠤ ᠵᠠᠮ ᠵᠶ᠋ᠠᠷ ᠳᠤᠭᠤᠶ ᠲᠡᠷᠭᠡ ᠤᠨᠤᠬᠤ ᠦᠭᠡᠢ᠂ ᠳᠤᠭᠤᠶ ᠲᠡᠷᠭᠡ ᠤᠨᠤᠬᠤ ᠦᠶᠡᠰ ᠳᠠᠭᠤᠤ ᠰᠣᠨᠣᠰᠬᠣ ᠦᠭᠡᠢ ᠪᠠᠢ᠌ᠬᠤ ᠬᠡᠷᠡᠭᠲᠡᠢ᠃
    ●  ᠫᠠᠢ᠌ᠰᠠ ᠦᠨᠡᠮᠯᠡᠯ ᠦᠭᠡᠶ ᠮᠠᠰᠢᠨ ᠲᠡᠷᠭᠡᠨ᠎ᠳᠤ ᠰᠠᠭᠤᠬᠤ ᠦᠭᠡᠶ᠂ ᠳᠠᠭ᠋ᠠᠭ᠋ᠠᠴᠠ  ᠬᠡᠲᠦᠷᠡᠭᠰᠡᠨ ᠮᠠᠰᠢᠨ ᠲᠡᠷᠭᠡᠨ᠎ᠳᠤ ᠰᠠᠭᠤᠬᠤ ᠦᠭᠡᠶ᠃
     ● ᠬᠡᠦᠬᠡᠳ᠎ᠢ ᠮᠠᠰᠢᠨ ᠲᠡᠷᠭᠡᠨ ᠳᠣᠲᠣᠷ᠎ᠠ ᠮᠠᠷᠲᠠᠬᠤ᠎ᠠᠴᠠ ᠰᠡᠷᠡᠮᠵᠢᠯᠡᠬᠦ ᠬᠡᠷᠡᠭᠲᠡᠶ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
ᠣᠢ ᠰᠢᠭᠤᠶ ᠵᠢᠨ ᠭᠠᠯ᠎ᠤᠨ ᠠᠶᠤᠯ᠎ᠢ ᠰᠡᠷᠭᠡᠢ᠌ᠯᠡᠬᠦ ᠲᠤᠬᠠᠶ ᠶᠡᠷᠦ ᠵᠢᠨ ᠮᠡᠳᠡᠯᠭᠡ
ᠴᠠᠬᠢᠯᠭ᠋ᠠᠨ ᠱᠠᠲᠤ ᠵᠢᠨ ᠬᠡᠷᠡᠭᠯᠡᠯᠲᠡ ᠵᠢᠨ ᠠᠮᠤᠷ ᠲᠦᠪᠰᠢᠨ᠎ᠤ ᠠᠩᠬᠠᠷᠬᠤ ᠵᠦᠢᠯ
ᠬᠢᠵᠢᠭ ᠰᠡᠷᠭᠡᠢ᠌ᠯᠡᠬᠦ ᠠᠮᠤᠷ ᠲᠦᠪᠰᠢᠨ᠎ᠤ ᠭᠠᠷ᠎ᠤᠨ ᠠᠪᠤᠯᠭ᠎ᠠ
ᠡᠮ᠎ᠤᠨ ᠵᠦᠢ᠍ᠯ᠎ᠤᠨ ᠵᠠᠷ ᠮᠡᠳᠡᠭᠡ ᠵᠢ ᠪᠦᠷᠢᠳᠬᠡᠯᠭᠡᠨ ᠳᠠᠩᠰᠠᠯᠠᠭᠤᠯᠬᠤ
ᠰᠢᠨ᠎ᠡ᠎ᠪᠠᠷ ᠨᠡᠭᠡᠭᠡᠨ ᠡᠷᠬᠢᠯᠡᠭᠰᠡᠨ ᠡᠮ᠎ᠤᠨ ᠵᠦᠢ᠍ᠯ ᠪᠦᠭᠡᠮ ᠵᠶ᠋ᠠᠷ ᠬᠤᠳᠠᠯᠳᠤᠬᠤ ᠠᠵᠤ ᠠᠬᠤᠢ᠌ᠯᠠᠯ᠎ᠢ ᠰᠢᠯᠭ᠋ᠠᠨ ᠠᠪᠬᠤ ᠵᠢ ᠭᠤᠶᠤᠴᠢᠯᠠᠬᠤ᠎ᠳᠤ ᠳᠤᠤᠷᠠᠬᠢ ᠮᠠᠲᠸᠷᠢᠶᠠᠯ᠎ᠢ ᠲᠤᠰᠢᠶᠠᠬᠤ ᠴᠢᠬᠤᠯᠠᠲᠠᠢ
 
            