ᠰᠢᠷᠦᠭᠦᠨ ᠪᠣᠷᠣᠭ᠋ᠠᠨ᠎ᠲᠠᠢ ᠡᠳᠦᠷ ᠭᠠᠳᠠᠭ᠎ᠠ ᠬᠡᠷᠬᠢᠨ ᠴᠠᠬᠢᠯᠭ᠋ᠠᠨ᠎ᠳᠤ ᠴᠣᠬᠢᠭᠳᠠᠬᠤ᠎ᠠᠴᠠ ᠰᠡᠷᠭᠡᠢ᠌ᠯᠡᠬᠦ ᠪᠤᠢ? ᠳᠣᠤᠷᠠᠬᠢ ᠵᠤᠢ᠌ᠯ᠎ᠲᠤ ᠠᠩᠬᠠᠷᠤᠯ ᠵᠶ᠋ᠠᠨ ᠬᠠᠨᠳᠤᠭᠤᠯᠤᠭ᠋ᠠᠷᠠᠢ᠃
ᠬᠦᠴᠦᠳᠡᠯ ᠥᠭᠡᠷᠡᠴᠢᠯᠡᠭᠴᠢ ᠪᠤᠶᠤ ᠠᠭ᠋ᠠᠷ ᠤᠲᠠᠰᠤᠨ ᠳᠣᠣᠷ᠎ᠠ ᠪᠣᠷᠣᠭ᠋ᠠᠨ᠎ᠠᠴᠠ ᠳᠠᠯᠳᠠᠯᠠᠵᠤ ᠪᠣᠯᠬᠤ ᠦᠭᠡᠢ᠂ ᠶᠡᠬᠡ ᠰᠠᠯᠬᠢᠨ᠎ᠢ ᠠᠭ᠋ᠠᠷ ᠤᠲᠠᠰᠤ ᠵᠢ ᠲᠠᠰᠤᠯᠵᠤ ᠮᠡᠳᠡᠨ᠎ᠡ᠃ ᠠᠶᠤᠩᠭ᠎ᠠ ᠪᠠ ᠰᠢᠷᠦᠭᠦᠨ ᠪᠣᠷᠣᠭ᠋ᠠᠨ᠎ᠨᠢ ᠠᠮᠠᠷᠬᠠᠨ ᠠᠭ᠋ᠠᠷ ᠤᠲᠠᠰᠤ ᠪᠤᠶᠤ ᠬᠦᠴᠦᠳᠡᠯ ᠥᠭᠡᠷᠡᠴᠢᠯᠡᠭᠴᠢ ᠵᠢᠨ ᠳᠥᠲᠡᠯᠡᠯ᠂ ᠨᠢᠷᠭᠡᠯᠭᠡ ᠵᠢ ᠡᠭᠦᠰᠭᠡᠵᠦ᠂ ᠬᠥᠮᠦᠨ᠎ᠤ ᠪᠡᠶ᠎ᠡ ᠵᠢᠨ ᠠᠮᠤᠷ ᠲᠦᠪᠰᠢᠨ᠎ᠳᠤ ᠰᠦᠷᠳᠡᠭᠦᠯᠦᠯ ᠪᠣᠯᠳᠠᠭ᠃
ᠴᠠᠬᠢᠯᠭ᠋ᠠᠨ ᠬᠠᠩᠭ᠋ᠠᠬᠤ ᠱᠤᠭᠤᠮ᠎ᠲᠠᠢ ᠣᠢ ᠮᠣᠳᠣ ᠪᠤᠶᠤ ᠵᠠᠷ ᠮᠡᠳᠡᠭᠡᠨ᠎ᠤ ᠫᠠᠢ᠌ᠰᠠ ᠳᠣᠣᠷ᠎ᠠ ᠪᠣᠷᠣᠭ᠋ᠠᠨ᠎ᠠᠴᠠ ᠳᠠᠯᠳᠠᠯᠠᠵᠤ ᠪᠤᠯᠠᠬᠤ ᠦᠭᠡᠢ᠃ ᠶᠡᠬᠡ ᠰᠠᠯᠬᠢ ᠮᠣᠳᠣᠨ ᠰᠠᠯᠠᠭ᠎ᠠ ᠵᠢ ᠬᠤᠭᠤᠯᠬᠤ ᠪᠤᠶᠤ ᠵᠠᠷ ᠮᠡᠳᠡᠭᠡᠨ᠎ᠤ ᠫᠠᠢ᠌ᠰᠠ ᠵᠢ ᠤᠨᠠᠭ᠋ᠠᠪᠠᠯ᠂ ᠴᠠᠬᠢᠯᠭ᠋ᠠᠨ ᠤᠲᠠᠰᠤ ᠲᠠᠰᠤᠷᠠᠵᠤ ᠬᠥᠮᠦᠨ᠎ᠤ ᠪᠡᠶ᠎ᠡ ᠲᠤ ᠴᠠᠬᠢᠯᠭ᠋ᠠᠨ ᠵᠤᠯᠭ᠋ᠠᠭᠤᠯᠵᠤ ᠮᠡᠳᠡᠨ᠎ᠡ᠃
ᠴᠠᠬᠢᠯᠭ᠋ᠠᠨ ᠤᠲᠠᠰᠤᠨ᠎ᠤ ᠣᠷᠴᠢᠮ᠎ᠤᠨ ᠮᠣᠳᠣᠨ᠎ᠳᠤ ᠪᠢᠲᠡᠭᠡᠶ ᠭᠠᠷ ᠬᠦᠷᠦᠭᠡᠷᠠᠢ᠃ ᠮᠣᠳᠣᠨ᠎ᠤ ᠵᠢᠯ ᠳᠠᠷᠠᠭ᠋ᠠᠯᠠᠨ ᠥᠨᠳᠥᠷᠵᠢᠬᠦ ᠵᠢ ᠳᠠᠭ᠋ᠠᠯᠳᠤᠨ᠂ ᠵᠠᠷᠢᠮ ᠴᠠᠬᠢᠯᠭ᠋ᠠᠨ ᠤᠲᠠᠰᠤ᠎ᠨᠢ ᠨᠢᠭᠡᠨᠲᠡ ᠮᠣᠳᠣᠨ᠎ᠤ ᠣᠷᠣᠶ᠎ᠳᠤ ᠤᠷᠢᠶᠠᠭ᠌ᠳᠠᠭ᠌ᠰᠡᠨ ᠪᠤᠶᠤ ᠴᠠᠬᠢᠯᠭ᠋ᠠᠨ ᠤᠲᠠᠰᠤ᠎ᠨᠢ ᠣᠷᠳᠣ ᠬᠤᠭᠤᠴᠠᠭ᠋ᠠᠨ᠎ᠤ ᠦᠷᠦᠯᠲᠡ᠎ᠪᠠᠷ ᠳᠡᠮᠵᠢᠨ ᠬᠥᠨᠳᠡᠢ᠌ᠷᠡᠭᠦᠯᠦᠭᠴᠢ ᠳᠠᠪᠬᠤᠷᠭ᠎ᠠ ᠵᠢᠨ ᠡᠪᠳᠡᠭᠳᠡᠯ᠎ᠲᠠᠢ ᠪᠣᠯᠣᠭᠰᠠᠨ ᠪᠠᠢ᠌ᠵᠤ ᠮᠡᠳᠡᠨ᠎ᠡ᠃ ᠠᠶᠤᠩᠭ᠋ᠠᠲᠤ ᠪᠣᠷᠣᠭ᠋ᠠᠨ᠂ ᠶᠡᠬᠡ ᠰᠠᠯᠬᠢ ᠭᠠᠷᠬᠣ ᠦᠶᠡᠰ᠂ ᠮᠣᠳᠣ ᠪᠠ ᠴᠠᠬᠢᠯᠭ᠋ᠠᠨ ᠱᠤᠭᠤᠮ᠎ᠤᠨ ᠬᠣᠭᠣᠷᠣᠨᠳᠣ ᠦᠷᠦᠯᠲᠡ ᠡᠭᠦᠰᠴᠦ᠂ ᠳᠥᠲᠡᠯᠡᠯ ᠡᠭᠦᠰᠭᠡᠵᠦ᠂ ᠴᠠᠬᠢᠯᠭ᠋ᠠᠨ ᠭᠠᠷᠳᠠᠭ᠃
ᠴᠠᠬᠢᠯᠭ᠋ᠠᠨ ᠤᠲᠠᠰᠤᠨ᠎ᠤ ᠪᠠᠭ᠋ᠠᠨ᠎ᠠ ᠪᠠ ᠲᠠᠰᠢᠭᠤ ᠳᠠᠲᠠᠭᠰᠠᠨ ᠲᠡᠮᠦᠷ ᠤᠲᠠᠰᠤ᠎ᠲᠠᠢ ᠦᠷᠡᠲᠤᠵᠤ ᠪᠤᠯᠠᠬᠤ ᠦᠭᠡᠢ᠃ ᠲᠠᠰᠢᠭᠤ ᠳᠠᠲᠠᠭᠰᠠᠨ ᠲᠡᠮᠦᠷ ᠤᠲᠠᠰᠤᠨ᠎ᠤ ᠳᠡᠭᠡᠷ᠎ᠡ ᠲᠠᠯ᠎ᠠ᠎ᠨᠢ ᠴᠠᠬᠢᠯᠭ᠋ᠠᠨ ᠤᠲᠠᠰᠤ᠎ᠠᠴᠠ ᠮᠠᠰᠢ ᠣᠢ᠌ᠷᠠᠬᠠᠨ ᠪᠠᠢ᠌ᠵᠤ᠂ ᠮᠠᠭᠤᠬᠠᠢ ᠠᠭᠤᠷ ᠠᠮᠢᠰᠬᠤᠯ᠎ᠳᠤ ᠰᠠᠨᠠᠭ᠋ᠠᠨ᠎ᠳᠤ ᠦᠭᠡᠢ ᠪᠠᠢ᠌ᠳᠠᠯ ᠭᠠᠷᠴᠤ ᠲᠠᠰᠢᠭᠤ ᠳᠠᠲᠠᠭᠰᠠᠨ ᠲᠡᠮᠦᠷ ᠤᠲᠠᠰᠤ᠎ᠨᠢ ᠴᠠᠬᠢᠯᠭ᠋ᠠᠨ᠎ᠲᠠᠢ ᠪᠣᠯᠤᠨ᠎ᠠ᠃
ᠬᠤᠷᠠᠮᠳᠤᠭᠰᠠᠨ ᠤᠰᠤ᠎ᠪᠠᠷ ᠥᠩᠭᠡᠷᠡᠵᠤ ᠪᠣᠯᠬᠣ ᠦᠭᠡᠢ᠃ ᠤᠰᠤ ᠬᠤᠷᠠᠭᠰᠠᠨ ᠦᠭᠡᠢ ᠵᠠᠮ᠎ᠢ ᠠᠯᠢ ᠴᠢᠳᠠᠬᠤ᠎ᠪᠠᠷ ᠰᠣᠩᠭᠣᠵᠤ ᠶᠠᠪᠤᠬᠤ ᠬᠡᠷᠡᠭᠲᠡᠶ᠂ ᠬᠡᠷᠪᠡ ᠵᠠᠪᠠᠯ ᠤᠰᠤ ᠭᠠᠲᠤᠯᠬᠤ ᠬᠡᠷᠡᠭᠲᠡᠢ ᠪᠣᠯ ᠬᠤᠷᠠᠭᠰᠠᠨ ᠣᠰᠣᠨ ᠳᠣᠲᠣᠷ᠎ᠠ ᠴᠠᠬᠢᠯᠭ᠋ᠠᠨ ᠤᠲᠠᠰᠤ ᠤᠨᠠᠭᠰᠠᠨ ᠦᠭᠡᠢ ᠪᠠᠢ᠌ᠬᠤ ᠵᠢ ᠪᠠᠲᠤᠯᠠᠵᠤ᠂ ᠤᠰᠤᠨ ᠴᠣᠭᠴᠠ ᠵᠢᠨ ᠴᠠᠬᠢᠯᠭ᠋ᠠᠨ ᠳᠠᠮᠵᠢᠭᠤᠯᠬᠤ᠎ᠠᠴᠠ ᠪᠣᠯᠤᠭᠰᠠᠨ ᠴᠠᠬᠢᠯᠭ᠋ᠠᠨ᠎ᠳᠤ ᠴᠣᠬᠢᠭᠳᠠᠬᠤ ᠡᠨᠳᠡᠯ᠎ᠠᠴᠠ ᠵᠠᠢ᠌ᠯᠠᠰᠬᠢᠬᠦ ᠬᠡᠷᠡᠭᠲᠡᠶ᠃
ᠴᠠᠬᠢᠯᠭ᠋ᠠᠨ᠎ᠳᠤ ᠴᠣᠬᠢᠭᠳᠠᠵᠤ ᠤᠨᠠᠭᠰᠠᠨ ᠬᠦᠮᠤᠨ ᠢ ᠲᠦᠰᠢᠬᠦ᠎ᠪᠠᠷ ᠶᠠᠭ᠋ᠠᠷᠠᠵᠤ ᠪᠣᠯᠬᠤ ᠦᠭᠡᠢ᠃ ᠡᠷᠬᠡᠪᠰᠢ ᠪᠠᠴᠢᠮ ᠠᠷᠭ᠎ᠠ ᠬᠡᠮᠵᠢᠶ᠎ᠡ ᠠᠪᠤᠭᠰᠠᠨ᠎ᠤ ᠳᠠᠷᠠᠭ᠎ᠠ ᠰᠠᠶᠢ ᠴᠠᠬᠢᠯᠭ᠋ᠠᠨ᠎ᠳᠤ ᠴᠣᠬᠢᠭᠳᠠᠭᠰᠠᠨ ᠬᠥᠮᠦᠨ᠎ᠢ ᠠᠪᠤᠷᠠᠬᠤ ᠪᠤᠶᠤ 120᠎ᠳᠤ ᠤᠲᠠᠰᠤᠳᠠᠵᠤ ᠡᠮᠴᠢ ᠰᠤᠪᠢᠯᠠᠭᠴᠢ ᠵᠢ ᠲᠤᠬᠠᠶ ᠵᠢᠨ ᠲᠠᠯᠠᠪᠤᠷ᠎ᠲᠤ ᠢᠷᠡᠭᠦᠯᠵᠤ ᠠᠪᠤᠷᠠᠨ ᠲᠤᠰᠠᠯᠠᠬᠤ ᠬᠡᠷᠡᠭᠲᠡᠶ᠃