ᠵᠦᠢ᠍ᠯᠡᠰ᠎ᠤᠨ ᠳ᠋ᠤᠭ᠋ᠠᠷᠯᠠᠯ᠄ (ᠲᠤᠰ ᠵᠦᠢ᠍ᠯ᠎ᠳᠤ ᠡᠯ᠎ᠡ ᠭᠠᠵᠠᠷ ᠭᠡᠷ ᠨᠢᠭᠡᠴᠡ ᠤᠷᠤᠨ ᠲᠤᠭᠠᠳᠤ ᠤᠷᠤ ᠦᠯᠡᠳᠡᠭᠡᠨ᠎ᠡ)
ᠦᠢ᠍ᠯᠡᠴᠢᠯᠡᠭᠡ ᠬᠦᠯᠢᠶᠡᠬᠦ ᠡᠲᠡᠭᠡᠳ᠄ ᠦᠪᠦᠷ ᠮᠤᠨᠭ᠌ᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠡᠪᠴᠢᠶᠡᠨ᠎ᠳᠤ ᠬᠦᠮᠦᠨ᠎ᠤ ᠬᠦᠴᠦᠨ᠎ᠤ ᠡᠬᠢ ᠪᠠᠶᠠᠯᠢᠭ᠎ᠤᠨ ᠦᠢ᠍ᠯᠡᠴᠢᠯᠡᠭᠡᠨ᠎ᠤ ᠪᠠᠢ᠌ᠭᠤᠯᠤᠮᠵᠢ ᠪᠠᠢ᠌ᠭᠤᠯᠬᠤ᠎ᠪᠠᠷ ᠪᠠᠢ᠌ᠭ᠎ᠠ ᠭᠠᠳᠠᠭ᠋ᠠᠲᠤ ᠵᠢᠨ ᠺᠤᠮᠫᠠᠨᠢ ᠪᠤᠯᠤᠨ ᠪᠤᠰᠤᠳ ᠠᠵᠤ ᠠᠬᠤᠢ ᠵᠢᠨ ᠵᠤᠬᠢᠶᠠᠨ ᠪᠠᠢ᠌ᠭᠤᠯᠤᠯᠲᠠ; ᠰᠢᠶᠠᠨᠭ᠌ᠭ᠋ᠠᠨᠭ᠌ ᠤᠨᠴᠠᠭ᠋ᠠᠢ ᠤᠷᠤᠨ᠂ ᠤᠤᠮᠸᠠ ᠤᠨᠴᠠᠭ᠋ᠠᠢ ᠤᠷᠤᠨ᠂ ᠲᠠᠢ᠌ᠸᠠᠨ ᠤᠷᠤᠨ᠎ᠤ ᠺᠤᠮᠫᠠᠨᠢ ᠪᠤᠯᠤᠨ ᠪᠤᠰᠤᠳ ᠠᠵᠤ ᠠᠬᠤᠢ ᠵᠢᠨ ᠵᠤᠬᠢᠶᠠᠨ ᠪᠠᠢ᠌ᠭᠤᠯᠤᠯᠲᠠ
ᠬᠦᠯᠢᠶᠡᠨ ᠠᠪᠬᠤ ᠰᠠᠯᠠᠭ᠎ᠠ ᠮᠦᠴᠢᠷ᠄ ᠬᠦᠮᠦᠨ᠎ᠤ ᠬᠦᠴᠦᠨ᠎ᠤ ᠡᠬᠢ ᠪᠠᠶᠠᠯᠢᠭ᠎ᠤᠨ ᠵᠠᠬ᠎ᠠ ᠳᠡᠯᠭᠡᠬᠦᠷ᠎ᠤᠨ ᠭᠠᠵᠠᠷ
ᠬᠦᠯᠢᠶᠡᠨ ᠠᠪᠬᠤ ᠬᠠᠶᠢᠭ᠄ ᠬᠦᠬᠡᠬᠤᠲᠠ ᠵᠢᠨ ᠰᠢᠨᠬᠤᠸᠠ ᠶᠡᠬᠡ ᠵᠠᠭᠡᠯᠢ ᠵᠢᠨ 63 ᠳ᠋ᠤᠭ᠋ᠠᠷ ᠨᠤᠮᠸᠷᠲᠠᠬᠢ 6 ᠳ᠋ᠤᠭ᠋ᠠᠷ ᠠᠰᠠᠷ (ᠰᠢᠤᠳᠠᠨ ᠳ᠋ᠤᠭ᠋ᠠᠷ᠄ 010051)
ᠬᠠᠷᠢᠯᠴᠠᠬᠤ ᠬᠦᠮᠦᠨ᠄ ᠭᠤᠤ ᠴᠢᠨᠭ ᠶᠤᠸᠠᠨ᠂ ᠸᠠᠨᠭ᠌ ᠯᠢ
ᠬᠠᠤᠯᠢ᠎ᠪᠠᠷ ᠲᠤᠭᠲᠠᠭ᠋ᠠᠭᠰᠠᠨ ᠬᠦᠢ᠍ᠴᠡᠳᠭᠡᠬᠦ ᠬᠤᠭᠤᠴᠠᠭ᠎ᠠ᠄ 30 ᠠᠵᠢᠯᠯᠠᠬᠤ ᠡᠳᠦᠷ
ᠬᠠᠷᠢᠯᠴᠠᠬᠤ ᠳ᠋ᠢᠶᠠᠨᠭ᠌ᠬᠤᠸᠠ᠄ 0471 — 6946865
ᠠᠮᠠᠯᠳᠠᠭᠰᠠᠨ ᠬᠤᠭᠤᠴᠠᠭ᠎ᠠ᠄ 30 ᠠᠵᠢᠯᠯᠠᠬᠤ ᠡᠳᠦᠷ
ᠰᠦᠢ᠍ᠳᠭᠡᠯ ᠬᠤᠷᠢᠶᠠᠬᠤ ᠪᠠᠢ᠌ᠳᠠᠯ᠄ ᠰᠦᠢ᠍ᠳᠬᠡᠯ ᠬᠣᠷᠢᠶᠠᠬᠤ ᠦᠭᠡᠢ
ᠬᠢᠨᠠᠯᠲᠠ ᠲᠠᠯᠪᠢᠵᠤ ᠵᠠᠭ᠋ᠠᠯᠳᠤᠬᠤ ᠳ᠋ᠢᠶᠠᠨᠭ᠌ᠬᠤᠸᠠ᠄ 0471 — 6944603
ᠪᠠᠢ᠌ᠭᠤᠯᠬᠤ ᠦᠨᠳᠦᠰᠦᠯᠡᠯ᠄《ᠪᠦᠬᠦᠳᠡ ᠨᠠᠢ᠌ᠷᠠᠮᠳᠠᠬᠤ ᠳᠤᠮᠳᠠᠲᠤ ᠠᠷᠠᠳ ᠤᠯᠤᠰ᠎ᠤᠨ ᠠᠵᠢᠯ ᠤᠯᠭᠤᠬᠤ ᠵᠢ ᠠᠬᠢᠭᠤᠯᠬᠤ ᠬᠠᠤᠯᠢ》᠂《ᠴᠢᠳᠠᠪᠤᠷᠢᠲᠠᠨ᠎ᠤ ᠵᠠᠬ᠎ᠠ ᠳᠡᠯᠭᠡᠬᠦᠷ᠎ᠤᠨ ᠬᠠᠮᠢᠶᠠᠷᠤᠯᠲᠠ ᠵᠢᠨ ᠲᠤᠭᠲᠠᠭ᠋ᠠᠯ》᠂《ᠠᠵᠢᠯ ᠤᠯᠭᠤᠬᠤ ᠦᠢ᠍ᠯᠡᠴᠢᠯᠡᠭᠡᠨ ᠬᠢᠭᠡᠳ ᠠᠵᠢᠯ ᠤᠯᠭᠤᠬᠤ ᠬᠠᠮᠢᠶᠠᠷᠤᠯᠲᠠ ᠵᠢᠨ ᠲᠤᠭᠲᠠᠭ᠋ᠠᠯ》᠂《ᠦᠪᠦᠷ ᠮᠤᠨᠭ᠌ᠭᠤᠯ᠎ᠤᠨ ᠦᠪᠡᠷᠲᠡᠭᠡᠨ ᠵᠠᠰᠠᠬᠤ ᠤᠷᠤᠨ᠎ᠤ ᠴᠢᠳᠠᠪᠤᠷᠢᠲᠠᠨ᠎ᠤ ᠵᠠᠬ᠎ᠠ ᠳᠡᠯᠭᠡᠬᠦᠷ᠎ᠤᠨ ᠳᠦᠷᠢᠮ》
ᠬᠦᠯᠢᠶᠡᠨ ᠠᠪᠬᠤ ᠨᠦᠬᠦᠴᠡᠯ᠄1. ᠬᠦᠮᠦᠨ᠎ᠤ ᠬᠦᠴᠦᠨ᠎ᠤ ᠡᠬᠢ ᠪᠠᠶᠠᠯᠢᠭ᠎ᠤᠨ ᠦᠢ᠍ᠯᠡᠴᠢᠯᠡᠭᠡᠯᠦᠭᠡᠪᠠᠨ ᠲᠤᠬᠢᠷᠠᠯᠴᠠᠭᠰᠠᠨ ᠭᠠᠵᠠᠷ᠂ ᠪᠡᠯᠡᠳᠭᠡᠮᠵᠢ᠎ᠲᠠᠢ ᠪᠠᠢ᠌ᠵᠤ᠂ ᠳᠠᠨᠭ᠌ᠰᠠᠯᠠᠭᠤᠯᠬᠤ ᠬᠦᠷᠦᠨᠭᠭᠡ (ᠮᠦᠨᠭᠭᠦ)᠎ᠨᠢ 10 ᠲᠦᠮᠡᠨ ᠲᠦᠭᠦᠷᠢᠭ᠎ᠠᠴᠠ ᠪᠠᠭ᠎ᠠ ᠪᠠᠢ᠌ᠵᠤ ᠪᠤᠯᠬᠤ ᠦᠭᠡᠢ; 2. ᠴᠢᠳᠠᠪᠤᠷᠢᠲᠠᠨ᠎ᠤ ᠡᠬᠢ ᠪᠠᠶᠠᠯᠢᠭ᠎ᠤᠨ ᠦᠢ᠍ᠯᠡᠴᠢᠯᠡᠭᠡᠨ᠎ᠤ ᠬᠢᠷᠢ ᠬᠡᠮ᠎ᠤᠨ ᠦᠨᠡᠮᠯᠡᠯ ᠤᠯᠤᠭᠰᠠᠨ ᠲᠤᠰᠬᠠᠢ ᠮᠡᠷᠭᠡᠵᠢᠯ᠎ᠤᠨ ᠠᠵᠢᠯᠲᠠᠨ 5 ᠨᠡᠷ᠎ᠡ᠎ᠠᠴᠠ ᠳᠡᠭᠡᠭᠰᠢ ᠪᠠᠢ᠌ᠬᠤ; 3. ᠪᠦᠷᠢᠨ ᠲᠡᠭᠦᠯᠳᠡᠷ ᠪᠦᠭᠡᠳ ᠬᠡᠷᠡᠭᠵᠢᠬᠦᠯᠵᠤ ᠪᠤᠯᠬᠤ ᠠᠵᠢᠯ᠎ᠤᠨ ᠳᠦᠷᠢᠮ ᠪᠤᠯᠤᠨ ᠳᠦᠷᠢᠮ᠎ᠲᠠᠢ ᠪᠠᠢ᠌ᠬᠤ; 4. ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠳᠤ ᠲᠤᠭᠲᠠᠭ᠋ᠠᠭᠰᠠᠨ ᠪᠤᠰᠤᠳ ᠨᠦᠬᠦᠴᠡᠯ᠃
ᠭᠤᠶᠤᠴᠢᠯᠠᠯ᠎ᠤᠨ ᠮᠠᠲᠸᠷᠢᠶᠠᠯ᠄ ᠪᠠᠢ᠌ᠭᠤᠯᠬᠤ ᠭᠤᠶᠤᠴᠢᠯᠠᠯ᠎ᠤᠨ ᠪᠢᠴᠢᠭ; ᠭᠠᠵᠠᠷ ᠬᠡᠷᠡᠭᠯᠡᠬᠦ ᠡᠷᠬᠡ ᠵᠢᠨ ᠬᠡᠷᠡᠴᠢ᠂ ᠳᠠᠨᠭ᠌ᠰᠠᠯᠠᠭᠤᠯᠤᠭᠰᠠᠨ ᠬᠦᠷᠦᠨᠭᠭᠡ (ᠮᠦᠨᠭᠭᠦ) ᠰᠢᠯᠭ᠋ᠠᠭᠰᠠᠨ ᠮᠡᠳᠡᠭᠦᠯᠦᠯᠲᠡ; ᠠᠵᠤ ᠦᠢ᠍ᠯᠡᠳᠪᠦᠷᠢ ᠬᠤᠳᠠᠯᠳᠤᠭ᠎ᠠ ᠵᠢᠨ ᠰᠠᠯᠠᠭ᠎ᠠ ᠮᠦᠴᠢᠷ᠎ᠤᠨ ᠤᠷᠢᠳᠴᠢᠯᠠᠨ ᠬᠢᠨᠠᠭᠰᠠᠨ ᠨᠡᠷᠡᠢ᠌ᠳᠦᠯ᠎ᠤᠨ ᠮᠡᠳᠡᠭᠳᠡᠯ᠎ᠤᠨ ᠪᠢᠴᠢᠭ; ᠲᠤᠮᠢᠯᠠᠬᠤ᠎ᠪᠠᠷ ᠪᠠᠢ᠌ᠭ᠎ᠠ ᠬᠠᠷᠢᠭᠤᠴᠠᠯᠭ᠋ᠠᠲᠠᠨ (ᠬᠠᠤᠯᠢ᠎ᠪᠠᠷ ᠲᠤᠭᠲᠠᠭ᠋ᠠᠭᠰᠠᠨ ᠲᠦᠯᠦᠭᠡᠯᠡᠭᠴᠢ᠂ ᠬᠤᠪᠢ ᠤᠷᠤᠭᠤᠯᠤᠭᠴᠢ) ᠵᠢᠨ ᠦᠨᠳᠦᠰᠦᠨ ᠪᠠᠢ᠌ᠳᠠᠯ᠂ ᠰᠤᠷᠤᠯᠭ᠎ᠠ ᠵᠢᠨ ᠨᠠᠮᠲᠠᠷ᠂ ᠠᠵᠢᠯ ᠡᠷᠬᠢᠯᠡᠬᠦ ᠬᠢᠷᠢ ᠬᠡᠮ ᠪᠠ ᠪᠡᠶ᠎ᠡ ᠵᠢᠨ ᠬᠡᠷᠡᠴᠢ; ᠠᠵᠢᠯᠲᠠᠨ᠎ᠤ ᠰᠤᠷᠤᠯᠭ᠎ᠠ ᠵᠢᠨ ᠨᠠᠮᠲᠠᠷ᠂ ᠠᠵᠢᠯ ᠡᠷᠬᠢᠯᠡᠬᠦ ᠬᠢᠷᠢ ᠬᠡᠮ ᠪᠤᠯᠤᠨ ᠪᠡᠶ᠎ᠡ ᠵᠢᠨ ᠬᠡᠷᠡᠴᠢ; ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠳᠤ ᠲᠤᠭᠲᠠᠭ᠋ᠠᠭᠰᠠᠨ ᠪᠤᠰᠤᠳ ᠮᠠᠲᠸᠷᠢᠶᠠᠯ᠃
《ᠭᠤᠶᠤᠴᠢᠯᠠᠬᠤ ᠬᠦᠰᠦᠨᠦᠭᠲᠦ》 ᠵᠢ ᠦᠪᠡᠷᠲᠡᠭᠡᠨ ᠵᠠᠰᠠᠬᠤ ᠤᠷᠤᠨ᠎ᠤ ᠬᠦᠮᠦᠨ᠎ᠤ ᠬᠦᠴᠦᠨ᠎ᠤ ᠡᠬᠢ ᠪᠠᠶᠠᠯᠢᠭ ᠨᠡᠢ᠌ᠭᠡᠮ᠎ᠤᠨ ᠪᠠᠲᠤᠯᠠᠭ᠎ᠠ ᠵᠢᠨ ᠲᠢᠨᠭᠬᠢᠮ᠎ᠤᠨ ᠫᠤᠷᠲᠸᠯ ᠰᠠᠢ᠌ᠲ᠎ᠤᠨ ᠲᠡᠷᠢᠭᠦᠨ ᠨᠢᠭᠤᠷ᠎ᠤᠨ《ᠵᠠᠰᠠᠭ᠎ᠤᠨ ᠤᠷᠳᠤᠨ᠎ᠤ ᠢᠯᠡ ᠮᠡᠳᠡᠭᠡ ᠵᠠᠨᠭ᠌ᠬᠢ》 ᠪᠤᠯᠤᠨᠭ᠌᠎ᠠᠴᠠ ᠲᠠᠲᠠᠨ᠎ᠠ᠃
ᠬᠦᠢ᠍ᠴᠡᠳᠭᠡᠬᠦ ᠳᠡᠰ ᠳᠠᠷᠠᠭ᠋ᠠᠯᠠᠯ᠄
ᠭᠤᠶᠤᠴᠢᠯᠠᠯ᠎ᠤᠨ ᠮᠠᠲᠸᠷᠢᠶᠠᠯ᠎ᠢ ᠤᠯᠤᠭᠰᠠᠨ᠎ᠤ ᠳᠠᠷᠠᠭ᠎ᠠ 30 ᠠᠵᠢᠯᠯᠠᠬᠤ ᠡᠳᠦᠷ᠎ᠤᠨ ᠳᠤᠲᠤᠷ᠎ᠠ ᠬᠤᠯᠪᠤᠭᠳᠠᠯ ᠪᠦᠬᠦᠢ ᠪᠠᠢ᠌ᠳᠠᠯ᠎ᠢ ᠬᠢᠨᠠᠨ ᠬᠠᠷᠭᠤᠭᠤᠯᠬᠤ ᠪᠠ ᠬᠢᠨᠠᠵᠤ ᠬᠦᠢ᠍ᠴᠡᠳᠭᠡᠨ᠂ ᠬᠢᠨᠠᠨ ᠵᠦᠪᠰᠢᠶᠡᠷᠡᠭᠰᠡᠨ᠎ᠳᠤᠨᠢ᠂ ᠬᠦᠮᠦᠨ᠎ᠤ ᠬᠦᠴᠦᠨ᠎ᠤ ᠡᠬᠢ ᠪᠠᠶᠠᠯᠢᠭ᠎ᠤᠨ ᠦᠢ᠍ᠯᠡᠴᠢᠯᠡᠭᠡᠨ᠎ᠤ ᠵᠦᠪᠰᠢᠶᠡᠷᠡᠯ᠎ᠤᠨ ᠦᠨᠡᠮᠯᠡᠯ ᠤᠯᠭᠤᠨ᠎ᠠ; ᠵᠦᠪᠰᠢᠶᠡᠷᠡᠭᠰᠡᠨ ᠦᠭᠡᠢ ᠪᠤᠯ᠂ ᠭᠤᠶᠤᠴᠢᠯᠠᠭᠴᠢ᠎ᠳᠤ ᠤᠴᠢᠷ ᠰᠢᠯᠲᠠᠭ᠋ᠠᠨ᠎ᠢ᠎ᠨᠢ ᠪᠢᠴᠢᠭ ᠵᠶ᠋ᠠᠷ ᠮᠡᠳᠡᠭᠳᠡᠨ᠎ᠡ᠃