● ᠭᠠᠵᠠᠷ ᠬᠥᠳᠡᠯᠦᠯᠲᠡ᠎ᠠᠴᠠ ᠵᠠᠢ᠌ᠯᠠᠬᠤ ᠵᠠᠷᠴᠢᠮ ᠪᠣᠯ ᠭᠠᠵᠠᠷ ᠬᠥᠳᠡᠯᠬᠦ ᠦᠶᠡᠰ ᠣᠢ᠌ᠷ᠎ᠠ ᠬᠠᠪᠢ ᠵᠢᠨ ᠭᠠᠵᠠᠷ ᠵᠠᠢ᠌ᠯᠠᠨ ᠣᠴᠢᠵᠤ᠂ ᠭᠠᠵᠠᠷ ᠬᠥᠳᠡᠯᠦᠭᠰᠡᠨ᠎ᠤ ᠳᠠᠷᠠᠭ᠎ᠠ ᠳᠠᠷᠤᠢ ᠲᠦᠷᠭᠡᠨ ᠠᠮᠤᠷ ᠲᠦᠪᠰᠢᠨ ᠭᠠᠵᠠᠷ ᠵᠠᠢ᠌ᠯᠠᠵᠤ ᠣᠴᠢᠬᠤ ᠬᠡᠷᠡᠭᠲᠡᠢ᠃
● ᠬᠡᠷᠪᠡ ᠠᠩᠭᠢ ᠵᠢᠨ ᠭᠡᠷ᠎ᠲᠤ ᠪᠠᠢ᠌ᠭᠰᠠᠨ ᠪᠣᠯ᠂ ᠪᠠᠭᠰᠢ ᠪᠣᠯᠤᠨ ᠬᠠᠮᠤᠭ᠎ᠤᠨ ᠡᠮᠦᠨ᠎ᠡ ᠮᠦᠷᠡᠨ᠂ ᠠᠷᠤ ᠮᠥᠷ᠎ᠤᠨ ᠰᠤᠷᠤᠭᠴᠢᠳ ᠠᠩᠭᠢ ᠵᠢᠨ ᠭᠡᠷ᠎ᠤᠨ ᠡᠭᠦᠳᠡ ᠵᠢ ᠳᠠᠷᠤᠶ ᠲᠦᠷᠭᠡᠨ ᠨᠡᠭᠡᠭᠡᠬᠦ ᠬᠡᠷᠡᠭᠲᠡᠶ᠃ ᠪᠦᠭᠦᠳᠡᠭᠡᠷ ᠵᠶ᠋ᠡᠨ ᠬᠤᠷᠳᠤᠨ ᠪᠢᠴᠢᠭ᠎ᠤᠨ ᠰᠢᠷᠡᠭᠡᠨ᠎ᠤ ᠳᠣᠤᠷ᠎ᠠ ᠪᠤᠶᠤ ᠲᠠᠢ᠌ᠰᠠᠨ᠎ᠤ ᠬᠠᠵᠠᠭᠤ᠎ᠳᠤ ᠨᠢᠭᠤᠭᠳᠠᠬᠤ ᠬᠡᠷᠡᠭᠲᠡᠢ᠃
● ᠬᠡᠷᠪᠡ ᠶᠣᠰᠣᠯᠠᠯ᠎ᠤᠨ ᠲᠠᠩᠬᠢᠮ᠂ ᠬᠣᠭᠣᠯᠠᠨ ᠬᠡᠷ᠂ ᠪᠡᠶ᠎ᠡ ᠵᠢᠨ ᠲᠠᠮᠢᠷ᠎ᠤᠨ ᠲᠠᠯᠠᠪᠤᠷ᠎ᠲᠤ ᠪᠠᠢ᠌ᠭᠰᠠᠨ ᠪᠣᠯ᠂ ᠲᠤᠯᠭ᠋ᠠᠭᠤᠷᠢ ᠬᠡᠷᠡᠮ᠎ᠤᠨ ᠪᠤᠯᠤᠩ ᠪᠤᠶᠤ ᠪᠠᠲᠤ ᠪᠡᠬᠢ ᠲᠥᠬᠥᠭᠡᠷᠦᠮᠵᠢ ᠵᠢᠨ ᠬᠠᠵᠠᠭᠤ᠎ᠳᠤ ᠬᠦᠷᠴᠦ ᠳᠠᠯᠳᠠᠯᠠᠬᠤ ᠬᠡᠷᠡᠭᠲᠡᠶ᠃
● ᠬᠡᠷᠪᠡ ᠪᠠᠢ᠌ᠷᠢ᠎ᠳᠤ ᠪᠠᠢ᠌ᠭᠰᠠᠨ ᠪᠣᠯ ᠵᠢᠵᠢᠭ ᠲᠠᠰᠤᠯᠭ᠎ᠠ ᠳᠣᠲᠣᠷ᠎ᠠ ᠳᠠᠯᠳᠠᠯᠠᠵᠤ᠂ ᠲᠤᠯᠭ᠋ᠠᠭᠤᠷᠢ ᠬᠡᠷᠡᠮ᠎ᠤᠨ ᠥᠨᠴᠥᠭ ᠪᠤᠶᠤ ᠣᠷᠣ ᠵᠢᠨ ᠬᠠᠵᠠᠭᠤ᠎ᠳᠤ ᠳᠠᠯᠳᠠᠯᠠᠬᠤ ᠬᠡᠷᠡᠭᠲᠡᠢ᠃
● ᠭᠡᠷ᠎ᠤᠨ ᠭᠠᠳᠠᠨ᠎ᠠ ᠪᠠᠢ᠌ᠭᠰᠠᠨ ᠪᠣᠯ ᠳᠠᠷᠤᠢ᠌ᠬᠠᠨ ᠣᠴᠣᠢ᠌ᠬᠤ ᠪᠤᠶᠤ ᠬᠡᠪᠲᠡᠵᠦ ᠬᠦᠨᠳᠦ ᠵᠢᠨ ᠲᠥᠪ ᠵᠶ᠋ᠡᠨ ᠳᠣᠷᠣᠭᠰᠢᠯᠠᠭᠤᠯᠤᠨ᠂ ᠲᠣᠯᠣᠭ᠋ᠠᠢ ᠵᠢᠨ ᠬᠡᠰᠡᠭ ᠵᠶ᠋ᠡᠨ ᠬᠠᠮᠠᠭ᠋ᠠᠯᠠᠵᠤ ᠪᠣᠯᠤᠨ᠎ᠠ᠃ ᠠᠮᠠᠷᠬᠠᠨ ᠨᠤᠷᠠᠬᠤ ᠥᠨᠳᠥᠷ ᠪᠠᠷᠢᠯᠭ᠎ᠠ᠎ᠠᠴᠠ ᠵᠠᠢ᠌ᠯᠠᠬᠤ ᠬᠡᠷᠡᠭᠲᠡᠢ᠃ ᠶᠠᠭ᠋ᠠᠬᠢᠭᠰᠠᠨ ᠴᠤ᠌ ᠨᠤᠷᠠᠭᠰᠠᠨ ᠦᠭᠡᠢ ᠪᠠᠷᠢᠯᠭ᠎ᠠ᠎ᠳᠤ ᠪᠤᠴᠠᠵᠤ ᠣᠴᠢᠵᠤ ᠳᠠᠯᠳᠠᠯᠠᠵᠤ ᠪᠣᠯᠬᠤ ᠦᠭᠡᠢ᠂ ᠤᠴᠢᠷ᠎ᠨᠢ ᠴᠡᠴᠡᠷᠬᠢᠯᠡᠯᠲᠡ ᠴᠠᠭ ᠢᠮᠠᠭᠲᠠ ᠡᠭᠦᠰᠬᠦ ᠪᠣᠯᠤᠯᠴᠠᠭ᠎ᠠ᠎ᠲᠠᠢ᠃