ᠣᠳᠣᠬᠠᠨ᠎ᠳᠤ ᠪᠡᠭᠡᠵᠢᠩ᠂ ᠾᠧᠪᠧᠢ ᠵᠡᠷᠭᠡ ᠭᠠᠵᠠᠷ᠎ᠲᠤ ᠠᠭ᠋ᠠᠭᠢᠮ᠎ᠠ ᠬᠠᠯᠠᠭᠤᠨ ᠴᠠᠭ ᠠᠭᠤᠷ ᠦᠷᠭᠦᠯᠵᠢᠯᠡᠵᠦ ᠪᠠᠶ᠋ᠢᠨ᠎ᠠ᠃ ᠤᠯᠤᠰ᠎ᠤᠨ ᠡᠪᠡᠳᠴᠢᠨ ᠡᠮᠭᠡᠭ᠎ᠢ ᠰᠡᠷᠭᠡᠶ᠋ᠢᠯᠡᠨ ᠡᠵᠡᠮᠳᠡᠬᠦ ᠲᠣᠪᠴᠢᠶ᠎ᠠ ᠡᠷᠡᠭᠦᠯ ᠮᠡᠨᠳᠦ ᠵᠢᠨ ᠰᠠᠨᠠᠭᠤᠯᠤᠮᠵᠢ ᠨᠡᠶ᠋ᠢᠲᠡᠯᠡᠵᠦ᠂ ᠬᠡᠦᠬᠡᠳ᠎ᠤᠨ ᠨᠠᠷᠠᠰᠢᠬᠤ ᠪᠣᠯ ᠪᠠᠭ᠎ᠠ ᠶᠠᠪᠤᠳᠠᠯ ᠪᠢᠰᠢ᠂ ᠭᠡᠷ᠎ᠤᠨ ᠠᠬᠠᠮᠠᠳ ᠨᠠᠷ ᠬᠡᠦᠬᠡᠳ᠎ᠤᠨ ᠨᠠᠷᠠᠰᠢᠬᠤ ᠵᠢ ᠤᠷᠢᠳᠴᠢᠯᠠᠨ ᠰᠡᠷᠭᠡᠶ᠋ᠢᠯᠡᠬᠦ᠂ ᠨᠠᠷᠠᠰᠢᠬᠰᠠᠨ ᠪᠠᠶ᠋ᠢᠳᠠᠯ᠎ᠢ ᠢᠯᠭ᠋ᠠᠨ ᠲᠠᠨᠢᠬᠤ ᠵᠢᠴᠢ ᠨᠠᠷᠠᠰᠢᠭᠰᠠᠨ ᠬᠡᠦᠬᠡᠳ᠎ᠢ ᠬᠡᠷᠬᠢᠨ ᠠᠰᠠᠷᠠᠨ ᠬᠠᠷᠠᠭ᠋ᠠᠯᠵᠠᠬᠤ ᠲᠤᠬᠠᠢ ᠮᠡᠳᠡᠯᠭᠡ ᠵᠢ ᠣᠶ᠋ᠢᠯᠠᠭ᠋ᠠᠬᠤ ᠬᠡᠷᠡᠭᠲᠡᠢ ᠭᠡᠵᠠᠢ᠃
ᠪᠡᠭᠡᠵᠢᠩ᠎ᠤᠨ ᠬᠡᠦᠬᠡᠳ᠎ᠤᠨ ᠡᠮᠨᠡᠯᠭᠡ ᠵᠢᠨ ᠬᠤᠷᠢᠶᠠᠨ᠎ᠤ ᠡᠷᠬᠢᠯᠡᠭᠴᠢ ᠡᠮᠴᠢ ᠸᠠᠩ ᠴᠢᠤᠸᠠᠨ ᠢᠯᠡᠷᠬᠡᠶ᠋ᠢᠯᠡᠬᠦ᠎ᠳᠡᠭᠡᠨ᠂ ᠬᠡᠦᠬᠡᠳ᠂ ᠵᠢᠷᠮᠦᠰᠦᠨ ᠪᠠ ᠬᠥᠩᠭᠡᠵᠢᠭᠰᠡᠨ ᠡᠮᠡᠭᠲᠡᠢ᠂ ᠨᠠᠰᠤᠲᠠᠶ᠋ᠢᠴᠤᠳ᠂ ᠤᠳᠠᠭ᠋ᠠᠨ ᠴᠢᠨᠠᠷᠲᠠᠢ ᠰᠠᠭᠤᠷᠢ ᠴᠢᠨᠠᠷᠲᠠᠢ ᠡᠪᠡᠳᠴᠢᠲᠡᠨ ᠵᠢᠴᠢ ᠭᠡᠷ᠎ᠤᠨ ᠭᠠᠳᠠᠨ᠎ᠠ ᠠᠵᠢᠯᠯᠠᠳᠠᠬ ᠠᠵᠢᠯᠲᠠᠨ ᠵᠡᠷᠭᠡ ᠬᠥᠮᠥᠰ ᠨᠠᠩ ᠠᠮᠠᠷᠬᠠᠨ ᠨᠠᠷᠠᠰᠢᠬᠤ ᠪᠣᠯᠬᠤᠷ ᠲᠣᠰ ᠪᠡᠶ᠎ᠡ ᠵᠢᠨ ᠡᠷᠡᠭᠦᠯ ᠮᠡᠨᠳᠦ ᠵᠢᠨ ᠰᠡᠷᠭᠡᠶ᠋ᠢᠯᠡᠯᠲᠡ᠎ᠪᠠᠨ ᠣᠨᠴᠠᠭ᠋ᠠᠶ ᠴᠢᠩᠭ᠋ᠠᠳᠬᠠᠬᠤ ᠬᠡᠷᠡᠭᠲᠡᠢ ᠭᠡᠵᠡᠢ᠃ ᠢᠯᠠᠩᠭᠤᠶ᠎ᠠ ᠬᠡᠦᠬᠡᠳ᠎ᠤᠨ ᠪᠡᠶ᠎ᠡ ᠮᠠᠬᠠᠪᠤᠳ᠎ᠨᠢ ᠨᠠᠰᠤᠨ᠎ᠳᠤ ᠬᠦᠷᠦᠭᠰᠡᠳ᠎ᠲᠠᠢ ᠠᠳᠠᠯᠢ ᠦᠭᠡᠢ ᠪᠠᠶ᠋ᠢᠵᠤ᠂ ᠲᠡᠳᠡᠨ᠎ᠤ ᠰᠢᠨ᠎ᠡ ᠬᠠᠭᠤᠴᠢᠨ᠎ᠤ ᠰᠣᠯᠢᠯᠴᠠᠭ᠎ᠠ᠎ᠨᠢ ᠲᠦᠷᠭᠡᠨ᠂ ᠬᠥᠯᠥᠰᠦᠨ ᠪᠤᠯᠴᠢᠷᠬᠠᠢ ᠵᠢᠨ ᠪᠤᠶ᠋ᠢᠵᠢᠯᠲᠠ᠎ᠨᠢ ᠬᠠᠷᠠᠬᠠᠨ ᠪᠣᠯᠪᠠᠰᠤᠷᠠᠭ᠋ᠠᠳᠤᠢ᠂ ᠪᠡᠶ᠎ᠡ ᠵᠢᠨ ᠳᠤᠯᠠᠭ᠋ᠠᠨ᠎ᠢ ᠲᠣᠬᠢᠷᠠᠭᠤᠯᠬᠤ ᠰᠢᠰᠲ᠋ᠧᠮ᠎ᠨᠢ ᠪᠤᠶ᠋ᠢᠵᠢᠯᠲᠠ᠎ᠳᠠᠭᠠᠨ ᠪᠠᠶ᠋ᠢᠬᠤ ᠤᠴᠢᠷ᠎ᠠᠴᠠ ᠨᠡᠩ ᠠᠮᠠᠷᠬᠠᠨ ᠨᠠᠷᠠᠰᠢᠳᠠᠭ᠃ ᠬᠡᠷᠬᠢᠨ ᠬᠡᠦᠬᠡᠳ᠎ᠤᠨ ᠨᠠᠷᠠᠰᠢᠬᠤ᠎ᠠᠴᠠ ᠰᠡᠷᠭᠡᠶ᠋ᠢᠯᠡᠬᠦ ᠪᠣᠶ?
ᠡᠷᠡᠭᠦᠯ ᠮᠡᠨᠳᠦ ᠵᠢᠨ ᠰᠠᠨᠠᠭᠤᠯᠤᠮᠵᠢ ᠵᠢ ᠦᠨᠳᠦᠰᠦᠯᠡᠪᠡᠯ᠂ ᠭᠡᠷ᠎ᠤᠨ ᠭᠠᠳᠠᠨᠠᠬᠢ ᠬᠥᠳᠡᠯᠭᠡᠭᠡᠨ᠎ᠤ ᠴᠠᠭ ᠪᠠ ᠭᠠᠵᠠᠷ᠂ ᠥᠨᠳᠥᠷ ᠳᠤᠯᠠᠭ᠋ᠠᠨ᠂ ᠴᠢᠬᠢᠭ ᠶᠡᠬᠡᠳᠡᠢ ᠠᠭᠤᠷ ᠠᠮᠢᠰᠬᠤᠯ᠎ᠢ ᠪᠠᠭᠲᠠᠭ᠋ᠠᠭᠰᠠᠨ ᠵᠢᠷᠭᠤᠭ᠋ᠠᠨ ᠲᠠᠯ᠎ᠠ ᠵᠢ ᠠᠩᠬᠠᠷᠬᠤ ᠬᠡᠷᠡᠭᠲᠡᠢ; ᠬᠥᠩᠭᠡᠨ᠂ ᠠᠭᠤᠵᠢᠭᠤ᠂ ᠭᠦᠢ᠍ᠬᠡᠨ ᠥᠩᠭᠡ᠎ᠲᠠᠢ᠂ ᠠᠭ᠋ᠠᠷ ᠨᠡᠪᠲᠡᠷᠡᠬᠦ ᠬᠤᠪᠴᠠᠰᠤ ᠡᠮᠦᠰᠴᠦ᠂ ᠴᠠᠭ ᠲᠤᠬᠠᠢᠳᠤᠨᠢ ᠬᠥᠯᠥᠰᠦᠨ᠎ᠳᠤ ᠳᠡᠪᠲᠦᠭᠰᠡᠨ ᠬᠤᠪᠴᠠᠰᠤ᠎ᠪᠠᠨ ᠰᠣᠯᠢᠨ᠎ᠠ; ᠬᠡᠦᠬᠡᠳ᠎ᠤᠨ ᠭᠦᠢ᠍ᠴᠡᠳ ᠤᠰᠤ ᠤᠤᠭᠤᠬᠤ ᠵᠢ ᠪᠠᠲᠤᠯᠠᠵᠤ᠂ ᠤᠰᠤ ᠪᠤᠶᠤ ᠴᠠᠬᠢᠯᠭ᠋ᠠᠨ ᠵᠠᠳᠠᠯᠤᠭᠳᠠᠬᠤᠨ ᠤᠮᠳᠠᠭ᠋ᠠᠨ ᠤᠤᠭᠤᠬᠤ᠎ᠨᠢ ᠳᠤᠬᠢᠷᠠᠮᠵᠢᠳᠠᠢ; ᠦᠬᠡᠬᠦ ᠳᠤᠰᠤ ᠪᠠᠭ᠋ᠠᠳᠠᠢ ᠰᠢᠩᠭᠡᠭᠡᠬᠦ᠎ᠳᠤ ᠬᠢᠯᠪᠠᠷ ᠢᠳᠡᠭᠡᠨ᠎ᠢ ᠢᠯᠡᠭᠦᠬᠡᠨ ᠢᠳᠡᠬᠦᠯᠪᠡᠯ ᠵᠤᠬᠢᠨ᠎ᠠ; ᠬᠡᠦᠬᠡᠳ᠎ᠤᠨ ᠭᠦᠢ᠍ᠴᠡᠳ ᠠᠮᠠᠷᠠᠬᠤ ᠵᠢ ᠪᠠᠲᠤᠯᠠᠬᠤ ᠬᠡᠷᠡᠭᠲᠡᠢ; ᠣᠳᠣᠬᠠᠨ᠎ᠳᠤ ᠨᠡᠶ᠋ᠢᠳᠡᠮ ᠮᠡᠳᠡᠷᠡᠭᠳᠡᠭᠰᠡᠨ ᠬᠡᠤᠬᠡᠳ᠎ᠤᠨ ᠨᠠᠷᠠᠰᠢᠬᠤ᠎ᠳᠤ ᠳᠤᠬᠢᠷᠠᠬᠤ ᠡᠮ ᠭᠡᠵᠦ ᠪᠠᠶ᠋ᠢᠬᠤ ᠦᠭᠡᠢ᠂ ᠭᠡᠷ᠎ᠤᠨ ᠠᠬᠠᠮᠠᠳ᠎ᠤᠳ ᠬᠡᠦᠬᠡᠳ᠎ᠲᠡᠭᠡᠨ ᠲᠤᠷ᠎ᠠ᠎ᠪᠠᠷ ᠵᠶ᠋ᠠᠨ 《ᠨᠠᠷᠠᠰᠢᠬᠤ᠎ᠠᠴᠠ ᠰᠡᠷᠭᠡᠶ᠋ᠢᠯᠡᠬᠦ ᠡᠮ》 ᠤᠤᠭᠤᠯᠭ᠋ᠠᠵᠤ ᠪᠣᠯᠬᠤ ᠦᠭᠡᠢ᠃ ᠲᠤᠰᠬᠠᠢ ᠮᠡᠷᠭᠡᠵᠢᠯᠲᠡᠨ᠎ᠤ ᠲᠠᠨᠢᠯᠴᠠᠭᠤᠯᠤᠭᠰᠠᠨ ᠵᠶ᠋ᠠᠷ᠂ ᠨᠠᠷᠠᠰᠢᠬᠤ ᠵᠢ ᠤᠷᠢᠲᠠᠯ ᠰᠢᠨᠵᠢᠲᠦ ᠨᠠᠷᠠᠰᠢᠬᠤ᠂ ᠬᠥᠩᠭᠡᠨ ᠨᠠᠷᠠᠰᠢᠬᠤ ᠪᠠ ᠬᠦᠨᠳᠦ ᠨᠠᠷᠠᠰᠢᠬᠤ ᠵᠡᠷᠭᠡ ᠱᠠᠲᠤ ᠬᠤᠪᠢᠶᠠᠳᠠᠭ᠃ ᠥᠨᠳᠥᠷ ᠳᠤᠯᠠᠭ᠋ᠠᠨ᠂ ᠥᠨᠳᠥᠷ ᠴᠢᠭᠢᠭᠯᠢᠭ ᠣᠷᠴᠢᠨ ᠲᠣᠭᠤᠷᠢᠨ ᠢᠯᠡᠷᠡᠭᠰᠡᠨᠤ ᠳᠠᠷᠠᠭ᠎ᠠ᠂ ᠬᠡᠦᠬᠡᠳ᠎ᠤᠳ ᠶᠠᠳᠠᠷᠠᠵᠤ ᠲᠠᠮᠢᠷᠳᠠᠬᠤ᠂ ᠲᠣᠯᠣᠭ᠋ᠠᠢ ᠡᠷᠭᠢᠵᠦ ᠲᠣᠯᠣᠭ᠋ᠠᠢ ᠡᠪᠡᠳᠬᠦ᠂ ᠠᠮᠠ ᠬᠠᠲᠠᠵᠤ ᠬᠥᠯᠥᠰᠦ ᠶᠡᠭᠡ ᠭᠠᠷᠬᠤ᠂ ᠳᠤᠷ᠎ᠠ ᠪᠣᠯᠭᠢᠵᠤ ᠪᠥᠭᠡᠯᠵᠢᠬᠦ᠂ ᠴᠢᠷᠠᠢ ᠬᠤᠵᠶ᠋ᠢᠬᠤ᠂ ᠵᠢᠷᠦᠬᠡᠨ ᠴᠣᠬᠢᠯᠭ᠎ᠠ ᠲᠦᠷᠭᠡᠰᠬᠦ᠂ ᠤᠰᠤ ᠠᠯᠳᠠᠬᠤ ᠵᠡᠷᠭᠡ ᠡᠪᠡᠳᠴᠢᠨ᠎ᠤ ᠰᠢᠨᠵᠢ ᠢᠯᠡᠷᠡᠪᠡᠯ ᠨᠠᠷᠠᠰᠢᠬᠰᠠᠨ ᠪᠠᠶ᠋ᠢᠬᠤ ᠮᠠᠭ᠋ᠠᠳ ᠦᠭᠡᠢ᠃
ᠨᠠᠷᠠᠰᠢᠭᠰᠠᠨ ᠬᠡᠦᠬᠡᠳ᠎ᠢ ᠬᠡᠷᠬᠢᠨ ᠠᠰᠠᠷᠠᠨ ᠬᠠᠷᠠᠭ᠋ᠠᠯᠵᠠᠬᠤ ᠪᠣᠶ? ᠡᠷᠡᠭᠦᠯ ᠮᠡᠨᠳᠦ ᠵᠢᠨ ᠰᠠᠨᠠᠭᠤᠯᠤᠮᠵᠢ᠎ᠳᠤ ᠬᠡᠷᠪᠡ ᠬᠡᠦᠬᠡᠳ ᠨᠠᠷᠠᠰᠢᠬᠤ ᠢᠯᠡᠷᠡᠯ᠎ᠲᠠᠢ ᠪᠠᠶ᠋ᠢᠪᠠᠯ᠂ 《ᠨᠢᠭᠡ᠎ᠳᠤ ᠨᠡᠭᠦᠯᠭᠡᠬᠦ᠂ ᠬᠤᠶᠠᠷ᠎ᠲᠤ ᠪᠠᠭᠤᠷᠠᠭᠤᠯᠬᠤ᠂ ᠭᠤᠷᠪᠠ᠎ᠳᠤ ᠨᠥᠬᠦᠪᠦᠷᠢᠯᠡᠬᠦ᠂ ᠳᠥᠷᠪᠡ᠎ᠳᠤ ᠰᠢᠯᠵᠢᠭᠦᠯᠬᠦ》 ᠵᠠᠷᠴᠢᠮ ᠵᠶ᠋ᠠᠷ ᠰᠶ᠋ᠢᠳᠪᠦᠷᠢᠯᠡᠨᠡ᠄ ᠨᠡᠭᠦᠭᠡᠯᠭᠡᠬᠦ ᠭᠡᠳᠡᠭ᠎ᠨᠢ ᠬᠡᠦᠬᠡᠳ᠎ᠢ ᠥᠨᠳᠥᠷ ᠬᠠᠯᠠᠭᠤᠨ᠂ ᠥᠨᠳᠥᠷ ᠴᠢᠭᠢᠭᠯᠢᠭ᠂ ᠪᠢᠲᠡᠭᠦᠮᠵᠢᠯᠡᠭᠰᠡᠨ᠂ ᠨᠡᠷᠡᠨ᠎ᠳᠤ ᠰᠢᠷᠠᠭᠳᠠᠭᠰᠠᠨ ᠣᠷᠴᠢᠨ᠎ᠠᠴᠠ ᠦᠳᠲᠡᠷ ᠲᠦᠷᠭᠡᠨ ᠵᠠᠶ᠋ᠢᠯᠠᠭᠤᠯᠵᠤ᠂ ᠰᠡᠷᠢᠭᠦᠨ ᠭᠠᠵᠠᠷ ᠰᠢᠯᠵᠢᠭᠦᠯᠦᠨ᠎ᠡ; ᠳᠤᠯᠠᠭ᠋ᠠᠨ᠎ᠤ ᠬᠡᠮᠵᠢᠶ᠎ᠡ ᠵᠢ ᠪᠠᠭᠤᠷᠠᠭᠤᠯᠬᠤ ᠪᠣᠯ ᠨᠠᠷᠠᠰᠢᠭᠰᠠᠨ᠎ᠠᠴᠠ ᠲᠦᠷᠭᠡᠨ ᠠᠪᠤᠷᠠᠬᠤ ᠬᠠᠮᠤᠭ᠎ᠤᠨ ᠴᠢᠬᠤᠯᠠ ᠠᠷᠭ᠎ᠠ ᠬᠡᠮᠵᠢᠶ᠎ᠡ ᠮᠥᠨ᠂ ᠨᠠᠷᠠᠰᠢᠭᠰᠠᠨᠤ ᠳᠠᠷᠠᠭ᠎ᠠ 30 ᠮᠢᠨᠦ᠋ᠲ᠎ᠤᠨ ᠳᠣᠲᠣᠷ᠎ᠠ ᠡᠷᠬᠡᠪᠰᠢ ᠠᠯᠢ ᠲᠦᠷᠭᠡᠨ ᠵᠶ᠋ᠠᠷ 40 ᠭ᠋ᠷᠡᠳᠦ᠋ᠰ᠎ᠠᠴᠠ ᠳᠣᠷᠣᠭᠰᠢ ᠪᠣᠯᠲᠠᠯ᠎ᠠ ᠪᠠᠭᠤᠷᠠᠭᠤᠯᠵᠤ᠂ ᠳᠤᠯᠠᠭ᠋ᠠᠨ᠎ᠤ ᠬᠡᠮᠵᠢᠶ᠎ᠡ ᠵᠢ ᠪᠠᠭᠤᠷᠠᠭᠤᠯᠬᠤ᠎ᠳᠤ ᠬᠤᠪᠴᠠᠰᠤ ᠬᠤᠨᠠᠷ᠎ᠢ᠎ᠨᠢ ᠲᠠᠶ᠋ᠢᠯᠬᠤ᠂ ᠪᠦᠯᠢᠶᠡᠨ ᠤᠰᠤ᠎ᠪᠠᠷ ᠪᠦᠬᠦ ᠪᠡᠶ᠎ᠡ ᠵᠢ᠎ᠨᠢ ᠵᠦᠯᠭᠦᠬᠦ᠂ ᠰᠠᠯᠬᠢᠨ ᠰᠡᠩᠰᠡ ᠪᠤᠶᠤ ᠠᠭ᠋ᠠᠷ ᠲᠣᠬᠢᠷᠠᠭᠤᠯᠤᠭᠴᠢ᠎ᠪᠠᠷ ᠢᠯᠴᠢ ᠰᠠᠷᠨᠢᠭᠤᠯᠬᠤ ᠵᠡᠷᠭᠡ ᠪᠠᠭᠲᠠᠨ᠎ᠠ; ᠬᠡᠦᠬᠡᠳ ᠨᠠᠷᠠᠰᠢᠪᠠᠯ ᠦᠷᠭᠦᠯᠵᠢ ᠤᠰᠤ ᠠᠯᠳᠠᠬᠤ ᠪᠠ ᠴᠠᠬᠢᠯᠭ᠋ᠠᠨ ᠵᠠᠳᠠᠯᠤᠭᠳᠠᠬᠤᠨ ᠰᠠᠮᠠᠭᠤᠷᠠᠬᠤ ᠪᠠᠶ᠋ᠢᠳᠠᠯ ᠭᠠᠷᠳᠠᠭ᠂ ᠡᠶ᠋ᠢᠮᠦ᠎ᠠᠴᠠ ᠪᠠᠭ᠎ᠠ ᠬᠡᠮᠵᠢᠶ᠎ᠡ᠎ᠪᠠᠷ ᠣᠯᠠᠨ ᠤᠳᠠᠭ᠎ᠠ ᠬᠡᠦᠬᠡᠳ᠎ᠲᠤ ᠬᠡᠪ᠎ᠤᠨ ᠳᠤᠯᠠᠭ᠋ᠠᠨ᠎ᠲᠠᠢ ᠤᠰᠤ ᠪᠤᠶᠤ ᠴᠠᠬᠢᠯᠭ᠋ᠠᠨ ᠵᠠᠳᠠᠯᠤᠭᠳᠠᠬᠤᠨᠤ ᠤᠮᠳᠠᠭ᠋ᠠᠨ ᠤᠤᠭᠤᠯᠭ᠋ᠠᠪᠠᠯ ᠵᠣᠬᠢᠨ᠎ᠠ; ᠬᠦᠨᠳᠦ ᠬᠡᠯᠪᠡᠷᠢ ᠵᠢᠨ ᠨᠠᠷᠠᠰᠢᠭᠰᠠᠨ᠂ ᠢᠯᠠᠩᠭᠤᠶ᠎ᠠ ᠶᠡᠭᠡ ᠬᠠᠯᠠᠭᠤᠷᠠᠬᠤ᠂ ᠤᠬᠠᠭ᠋ᠠᠨ ᠰᠠᠨᠠᠭ᠎ᠠ ᠪᠠᠯᠠᠷᠠᠬᠤ᠂ ᠲᠠᠲᠠᠪᠠᠯᠵᠠᠬᠤ ᠵᠡᠷᠭᠡ ᠮᠡᠳᠡᠷᠡᠯ᠎ᠤᠨ ᠰᠢᠰᠲ᠋ᠧᠮ᠎ᠤᠨ ᠡᠪᠡᠳᠴᠢᠨ᠎ᠤ ᠢᠯᠡᠷᠡᠯ᠎ᠲᠠᠢ ᠬᠡᠦᠬᠡᠳ᠎ᠢ ᠳᠠᠷᠦ᠋ᠢ᠍ᠬᠠᠨ ᠣᠶ᠋ᠢᠷ᠎ᠠ ᠬᠠᠪᠢ ᠵᠢᠨ ᠡᠮᠨᠡᠯᠭᠡ ᠵᠢᠨ ᠬᠤᠷᠢᠶ᠎ᠠ᠎ᠳᠤ ᠬᠦᠷᠭᠡᠵᠦ ᠡᠮᠨᠡᠭᠦᠯᠬᠦ ᠬᠡᠷᠡᠭᠲᠡᠢ᠃