ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠬᠣᠨᠣᠭ ᠥᠨᠵᠢᠭᠰᠡᠨ ᠲᠠᠷᠪᠤᠰ ᠬᠣᠣᠷᠲᠠᠢ ᠤᠤ?
ᠨᠡᠶ᠋ᠢᠲᠡᠯᠡᠭᠰᠡᠨ ᠴᠠᠭ᠄ 2025-05-13

    ᠵᠤᠨ᠎ᠤ ᠠᠭ᠋ᠠᠭᠢᠮ᠎ᠠ ᠬᠠᠯᠠᠭᠤᠨ᠎ᠳᠤ ᠤᠮᠳᠠ ᠳᠠᠷᠤᠬᠤ ᠵᠢᠮᠢᠰ ᠭᠡᠪᠡᠯ ᠡᠩ ᠲᠡᠷᠢᠭᠦᠨ᠎ᠳᠤ ᠲᠠᠷᠪᠤᠰ ᠳᠤᠷᠠᠳᠤᠭᠳᠠᠳᠠᠭ᠃ ᠭᠡᠲᠡᠯ᠎ᠡ 《ᠬᠣᠨᠣᠭ ᠥᠨᠵᠢᠭᠰᠡᠨ ᠲᠠᠷᠪᠤᠰ ᠬᠣᠣᠷᠲᠠᠢ》 ᠭᠡᠬᠦ ᠮᠡᠲᠦ ᠵᠢᠨ ᠮᠡᠳᠡᠭᠡ ᠬᠠᠶᠠ ᠶᠠ ᠦᠭᠡᠢ ᠰᠣᠨᠣᠰᠳᠠᠵᠤ ᠪᠠᠢ᠌ᠳᠠᠭ᠃ ᠲᠡᠭᠡᠪᠠᠯ ᠲᠠᠷᠪᠤᠰ᠎ᠢ ᠴᠣᠬᠣᠮ ᠬᠡᠷᠬᠢᠨ ᠢᠳᠡᠪᠡᠯ ᠵᠣᠬᠢᠬᠤ ᠪᠤᠢ? ᠬᠥᠯᠳᠡᠭᠡᠭᠦᠷ᠎ᠲᠤ ᠥᠨᠵᠢᠭᠡᠭᠰᠡᠨ ᠲᠠᠷᠪᠤᠰ᠎ᠢ ᠢᠳᠡᠵᠦ ᠪᠤᠯᠬᠤ ᠤᠤ?

    ᠬᠡᠷᠴᠢᠭᠡ ᠦᠭᠡᠢ ᠪᠦᠲᠦᠨ ᠲᠠᠷᠪᠤᠰ᠎ᠲᠤ ᠪᠠᠷᠤᠭ ᠦᠨᠳᠦᠰᠦᠨ᠎ᠳᠡᠭᠡᠨ ᠪᠠᠺᠲ᠋ᠧᠷᠢ ᠪᠠᠢ᠌ᠳᠠᠭ ᠦᠭᠡᠢ᠂ ᠭᠡᠲᠡᠯ᠎ᠡ ᠬᠡᠷᠴᠢᠭᠰᠡᠨ᠎ᠤ ᠳᠠᠷᠠᠭ᠎ᠠ ᠮᠠᠰᠢ ᠲᠦᠷᠭᠡᠨ ᠪᠠᠺᠲ᠋ᠧᠷᠢ᠎ᠲᠠᠢ ᠪᠣᠯᠳᠠᠭ ᠪᠥᠭᠡᠳ ᠤᠳᠠᠬᠤ ᠲᠤᠳᠤᠮ ᠵᠶ᠋ᠠᠨ ᠪᠠᠺᠲ᠋ᠧᠷᠢ᠎ᠨᠢ ᠦᠷᠡᠵᠢᠵᠦ᠂ ᠡᠩ᠎ᠤᠨ ᠠᠭ᠋ᠠᠷ᠎ᠤᠨ ᠳᠤᠯᠠᠭ᠋ᠠᠨ᠎ᠳᠤ ᠤᠳᠠᠯ ᠦᠭᠡᠢ ᠢᠯᠵᠢᠷᠡᠴᠢᠬᠡᠳᠡᠭ᠃ ᠲᠠᠷᠪᠤᠰ ᠬᠤᠳᠠᠯᠳᠤᠵᠤ ᠠᠪᠬᠤ᠎ᠳᠠᠭᠠᠨ ᠲᠠᠯ᠎ᠠ ᠵᠢ᠎ᠨᠢ ᠠᠪᠬᠤ᠎ᠳᠤ ᠬᠦᠷᠪᠡᠯ᠂ ᠬᠡᠷᠴᠢᠭᠰᠡᠨ ᠴᠠᠭ᠎ᠢ᠎ᠨᠢ ᠠᠩᠬᠠᠷᠬᠤ ᠬᠡᠷᠡᠭᠲᠡᠢ᠃ ᠵᠤᠨ᠎ᠤ ᠬᠠᠯᠠᠭᠤᠨ᠎ᠳᠤ ᠬᠡᠷᠴᠢᠭᠡᠳ ᠬᠡᠳᠦᠨ ᠴᠠᠭ ᠪᠣᠯᠤᠭᠰᠠᠨ ᠲᠠᠷᠪᠤᠰ᠎ᠲᠤ ᠪᠠᠺᠲ᠋ᠧᠷᠢ ᠨᠢᠭᠡᠨᠲᠡ ᠶᠡᠬᠡᠪᠡᠷ ᠦᠷᠡᠵᠢᠭᠰᠡᠨ ᠪᠣᠯᠬᠣᠷ ᠬᠥᠯᠳᠡᠭᠡᠭᠦᠷ᠎ᠲᠤ ᠬᠢᠯ᠎ᠡ ᠴᠤ᠌ ᠭᠡᠰᠡᠨ ᠪᠠᠺᠲ᠋ᠧᠷᠢ ᠵᠢᠨ ᠬᠡᠮᠵᠢᠶ᠎ᠡ ᠪᠠᠷᠢᠮᠵᠢᠶᠠᠨ᠎ᠠᠴᠠ ᠬᠡᠲᠦᠷᠡᠭᠰᠡᠨ ᠪᠠᠢ᠌ᠳᠠᠭ᠃ ᠡᠢ᠌ᠮᠦ᠎ᠠᠴᠠ ᠳᠣᠣᠷᠠᠬᠢ ᠬᠡᠳᠦᠨ ᠲᠠᠯ᠎ᠠ᠎ᠪᠠᠷ ᠠᠩᠬᠠᠷᠪᠠᠯ ᠵᠣᠬᠢᠨ᠎ᠠ᠄

    ᠨᠢᠭᠡ᠂ ᠲᠠᠷᠪᠤᠰ᠎ᠤᠨ ᠬᠡᠵᠢᠶ᠎ᠡ ᠬᠡᠷᠴᠢᠭᠰᠡᠨ᠎ᠢ᠎ᠨᠢ ᠮᠡᠳᠡᠬᠦ ᠦᠭᠡᠢ ᠪᠣᠯ ᠬᠣᠨᠣᠭ ᠥᠨᠵᠢᠭᠡᠵᠦ ᠪᠣᠯᠬᠤ ᠦᠭᠡᠢ᠃

    ᠬᠣᠶᠠᠷ᠂ ᠬᠥᠯᠳᠡᠭᠡᠭᠦᠷ᠎ᠲᠤ ᠬᠠᠳᠠᠭ᠋ᠠᠯᠠᠭᠰᠠᠨ ᠦᠭᠡᠢ ᠵᠢᠵᠢᠭᠯᠡᠨ ᠬᠡᠷᠴᠢᠭᠰᠡᠨ ᠲᠠᠷᠪᠤᠰ᠎ᠢ ᠪᠢᠲᠡᠭᠡᠢ ᠬᠤᠳᠠᠯᠳᠤᠨ ᠠᠪᠤᠭ᠋ᠠᠷᠠᠢ᠃

    ᠭᠤᠷᠪᠠ᠂ ᠲᠠᠷᠪᠤᠰ᠎ᠢ ᠬᠠᠭ᠋ᠠᠯᠤᠭᠰᠠᠨ ᠬᠣᠢ᠌ᠨ᠎ᠠ ᠢᠳᠡᠬᠦ ᠬᠡᠰᠡᠭ ᠵᠶ᠋ᠠᠨ ᠦᠯᠡᠳᠡᠭᠡᠵᠦ᠂ ᠢᠳᠡᠬᠦ ᠦᠭᠡᠢ ᠬᠡᠰᠡᠭ ᠵᠶ᠋ᠠᠨ ᠰᠠᠢ᠌ᠲᠤᠷ ᠪᠦᠲᠡᠭᠡᠵᠦ ᠳᠠᠷᠤᠢ᠌ᠬᠠᠨ ᠬᠥᠯᠳᠡᠭᠡᠭᠦᠷ᠎ᠲᠤ ᠬᠢᠵᠦ ᠬᠠᠳᠠᠭ᠋ᠠᠯᠠᠭ᠋ᠠᠷᠠᠢ᠃

    ᠳᠥᠷᠪᠡ᠂ ᠲᠦᠭᠦᠬᠡᠢ ᠢᠳᠡᠭᠡᠨ ᠪᠠ ᠪᠣᠯᠭᠤᠭᠰᠠᠨ ᠢᠳᠡᠭᠡᠨ ᠬᠡᠷᠴᠢᠳᠡᠭ ᠭᠢᠳᠤᠭ᠎ᠠ ᠠᠮᠪᠠᠨ ᠵᠶ᠋ᠠᠨ ᠡᠷᠬᠡᠪᠰᠢ ᠰᠠᠯᠭ᠋ᠠᠵᠤ ᠬᠡᠷᠡᠭᠯᠡᠬᠦ ᠬᠡᠷᠡᠭᠲᠡᠢ᠃

    ᠲᠠᠪᠤ᠂ ᠬᠥᠯᠳᠡᠭᠡᠭᠦᠷ᠎ᠲᠤ ᠪᠤᠯᠭᠤᠭᠰᠠᠨ ᠢᠳᠡᠭᠡᠨ ᠪᠠ ᠲᠦᠭᠦᠬᠡᠢ ᠢᠳᠡᠭᠡᠨ᠎ᠢ ᠡᠷᠬᠡᠪᠰᠢ ᠰᠠᠯᠭ᠋ᠠᠨ ᠬᠠᠳᠠᠭ᠋ᠠᠯᠠᠵᠤ᠂ ᠲᠠᠷᠪᠤᠰ ᠵᠶ᠋ᠠᠨ ᠬᠠᠮᠤᠭ ᠳᠡᠭᠡᠷ᠎ᠡ ᠬᠡᠰᠡᠭ᠎ᠲᠤᠨᠢ ᠪᠤᠶᠤ ᠵᠢᠮᠢᠰ ᠬᠠᠳᠠᠭ᠋ᠠᠯᠠᠳᠠᠭ ᠲᠤᠰᠬᠠᠢ ᠲᠠᠰᠤᠯᠭ᠋ᠠᠨ᠎ᠳᠤᠨᠢ ᠬᠢᠪᠡᠯ ᠵᠣᠬᠢᠨ᠎ᠠ᠃

    ᠡᠭᠦᠨ᠎ᠠᠴᠠ ᠭᠠᠳᠠᠨ᠎ᠠ ᠬᠢᠲᠠᠳ ᠡᠮᠨᠡᠯᠭᠡ ᠵᠢᠨ ᠲᠠᠯ᠎ᠠ᠎ᠠᠴᠠ ᠠᠪᠴᠤ ᠬᠡᠯᠡᠪᠡᠯ᠂ ᠲᠠᠷᠪᠤᠰ ᠪᠣᠯ ᠬᠦᠢ᠍ᠲᠡᠨ ᠰᠡᠷᠢᠭᠦᠨ ᠴᠢᠨᠠᠷ᠎ᠲᠠᠢ ᠪᠣᠯᠬᠣᠷ ᠶᠡᠬᠡ ᠢᠳᠡᠪᠡᠯ ᠭᠡᠳᠡᠰᠦ ᠬᠣᠳᠣᠭᠣᠳᠤᠨ᠎ᠳᠤ ᠮᠠᠭᠤ ᠶᠤᠮ᠃ ᠬᠣᠳᠣᠭᠣᠳᠤ ᠭᠡᠳᠡᠰᠦᠨ᠎ᠤ ᠰᠢᠷᠬᠠᠯᠠᠭ᠎ᠠ᠎ᠲᠠᠢ ᠬᠥᠮᠥᠰ ᠪᠠ ᠰᠠᠷ᠎ᠠ ᠵᠢᠨ ᠭ᠋ᠬᠢᠷ ᠢᠷᠡᠭᠰᠡᠨ ᠦᠶ᠎ᠡ᠎ᠳᠤ ᠲᠠᠷᠪᠤᠰ ᠢᠳᠡᠬᠦ ᠦᠭᠡᠢ ᠪᠤᠶᠤ ᠪᠠᠭ᠎ᠠ ᠢᠳᠡᠪᠡᠯ ᠵᠣᠬᠢᠨ᠎ᠠ᠃

 

ᠢᠷᠡᠯᠲᠡ᠄ ᠬᠤᠯᠪᠤᠭ᠎ᠠ ᠰᠦᠯᠵᠢᠶ᠎ᠡ
          
ᠬᠠᠮᠢᠶ᠎ᠡ ᠪᠦᠬᠦᠢ ᠰᠣᠨᠢᠨ
 
            