ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠨᠡ ᠲᠥᠷᠥᠯ᠎ᠤᠨ ᠣᠬᠤᠷ ᠮᠡᠳᠡᠭᠡ ᠵᠢ ᠣᠯᠪᠠᠯ ᠳᠠᠷᠤᠢ ᠲᠦᠷᠭᠡᠨ ᠬᠠᠰᠤᠵᠤ ᠬᠠᠶᠠᠭ᠋ᠠᠷᠠᠢ!
ᠨᠡᠶ᠋ᠢᠲᠡᠯᠡᠭᠰᠡᠨ ᠴᠠᠭ᠄ 2025-05-21

     ᠣᠶ᠋ᠢᠷ᠎ᠠ᠎ᠳᠤ ᠪᠡᠭᠡᠵᠢᠩ᠎ᠤᠨ ᠳ᠋ᠦᠩ ᠨᠠᠰᠤᠲᠠᠨ ᠭᠠᠷ ᠤᠲᠠᠰᠤᠨ ᠳᠡᠭᠡᠷ᠎ᠡ᠎ᠪᠠᠨ ᠲᠦᠷᠭᠡᠨ ᠬᠦᠷᠭᠡᠯᠲᠡ᠎ᠨᠢ ᠥᠷᠲᠡᠭᠡᠨ᠎ᠳᠤ ᠢᠷᠡᠭᠰᠡᠨ ᠣᠬᠤᠷ ᠮᠡᠳᠡᠭᠡ ᠵᠢ ᠲᠤᠰᠴᠠᠶ᠃ ᠭᠡᠲᠡᠯ᠎ᠡ ᠲᠡᠷᠡ ᠢᠯᠡᠭᠡᠯᠲᠡ ᠵᠢᠨ ᠨᠣᠮᠧᠷ ᠵᠶ᠋ᠠᠷ ᠲᠦᠷᠭᠡᠨ ᠬᠦᠷᠭᠡᠯᠲᠡ᠎ᠪᠠᠨ ᠠᠪᠴᠤ ᠳᠡᠶ᠋ᠢᠯᠬᠦ ᠦᠭᠡᠢ ᠪᠣᠯᠬᠤᠷ ᠣᠬᠤᠷ ᠮᠡᠳᠡᠭᠡ ᠳᠡᠭᠡᠷ᠎ᠡ ᠦᠯᠡᠳᠡᠭᠡᠭᠰᠡᠨ ᠤᠲᠠᠰᠤᠨ ᠨᠣᠮᠧᠷ ᠵᠶ᠋ᠠᠷ ᠬᠠᠷᠢᠴᠠᠵᠤ ᠠᠰᠠᠭᠤᠵᠠᠢ᠃

    ᠤᠲᠠᠰᠤ ᠨᠡᠪᠲᠡᠷᠡᠭᠰᠡᠨ᠎ᠤ ᠳᠠᠷᠠᠭ᠎ᠠ ᠨᠥᠭᠦᠭᠡ ᠡᠲᠡᠭᠡᠳ᠎ᠨᠢ ᠲᠦᠷᠭᠡᠨ ᠬᠦᠷᠭᠡᠯᠲᠡ ᠵᠢᠨ ᠲᠤᠬᠠᠢ ᠭᠠᠭᠴᠠ ᠦᠭᠡ ᠴᠦ᠍ ᠳᠤᠷᠠᠳᠤᠭᠰᠠᠨ ᠦᠭᠡᠢ ᠪᠠᠶ᠋ᠢᠵᠤ᠂ ᠬᠠᠷᠢᠨ ᠳ᠋ᠦᠩ ᠨᠠᠰᠤᠲᠠᠨ᠎ᠳᠤ᠄ 《ᠲᠠ ᠵᠠᠭᠤᠨ ᠲᠦᠮᠡᠨ ᠲᠥᠭᠥᠷᠢᠭ᠎ᠤᠨ ᠪᠠᠲᠤᠯᠠᠭ᠎ᠠ ᠵᠢ  ᠠᠪᠤᠭᠰᠠᠨ ᠪᠠᠶ᠋ᠢᠵᠤ᠂ ᠰᠠᠷ᠎ᠠ ᠪᠦᠷᠢ 800 ᠲᠥᠭᠦᠷᠢᠭ᠎ᠤᠨ ᠰᠦᠢ᠍ᠳᠬᠡᠯ ᠰᠠᠭᠤᠯᠭ᠋ᠠᠨ ᠠᠪᠬᠤ ᠬᠡᠷᠡᠭᠲᠡᠢ ᠪᠣᠯᠵᠠᠢ》 ᠭᠡᠵᠦ ᠮᠡᠳᠡᠭᠳᠡᠵᠡᠢ᠃ ᠳ᠋ᠦᠩ ᠨᠠᠰᠤᠲᠠᠨ ᠵᠣᠭᠤᠰ ᠰᠠᠭᠤᠯᠭ᠋ᠠᠵᠤ ᠠᠪᠬᠤ ᠭᠡᠰᠡᠨ᠎ᠢ ᠰᠣᠨᠣᠰᠤᠮᠠᠭᠴᠠ ᠶᠠᠭ᠋ᠠᠷᠠᠨ ᠥᠪᠡᠷ᠎ᠢ᠎ᠪᠠᠨ ᠨᠡᠭᠡᠭᠡᠭᠡ ᠦᠭᠡᠢ ᠭᠡᠵᠦ ᠶᠠᠷᠢᠪᠠ᠃ 《ᠲᠠ ᠵᠣᠭᠤᠰ ᠵᠶ᠋ᠠᠨ ᠬᠠᠰᠤᠭᠤᠯᠬᠤ ᠦᠭᠡᠢ ᠭᠡᠪᠡᠯ ᠮᠠᠨ᠎ᠤ ᠦᠢ᠍ᠯᠡᠴᠢᠯᠡᠭᠡᠨ᠎ᠤ ᠵᠥᠭᠡᠯᠡᠨ ᠲᠣᠨᠤᠭ᠎ᠢ ᠪᠠᠭᠤᠯᠭ᠋ᠠᠨ ᠠᠪᠴᠤ ᠦᠢ᠍ᠯᠡᠴᠢᠯᠡᠭᠡ ᠵᠢ ᠬᠠᠭ᠋ᠠᠵᠤ ᠪᠣᠯᠣᠨ᠎ᠠ》 ᠭᠡᠬᠦ᠎ᠳᠤ᠂ ᠳ᠋ᠦᠩ ᠨᠠᠰᠤᠲᠠᠨ ᠵᠥᠪᠰᠢᠶᠡᠷᠡᠵᠦ 《ᠦᠢ᠍ᠯᠡᠴᠢᠯᠡᠭᠡᠨ》᠎ᠤ ᠵᠢᠯᠣᠭᠤᠳᠤᠯᠭ᠎ᠠ ᠳᠣᠣᠷ᠎ᠠ 《ᠦᠢ᠍ᠯᠡᠴᠢᠯᠡᠭᠡᠨ᠎ᠤ ᠵᠥᠭᠡᠯᠡᠨ ᠲᠣᠨᠤᠭ》᠎ᠢ ᠪᠠᠭᠤᠯᠭ᠋ᠠᠨ ᠠᠪᠴᠤ ᠵᠠᠭᠤᠨ ᠲᠦᠮᠡᠨ ᠪᠠᠲᠤᠯᠠᠭ᠎ᠠ ᠵᠢᠨ ᠦᠢ᠍ᠯᠡᠴᠢᠯᠡᠭᠡ ᠭᠡᠳᠡᠭ᠎ᠢ ᠬᠦᠴᠦᠨ ᠦᠭᠡᠢ ᠪᠣᠯᠭ᠋ᠠᠬᠤ᠎ᠪᠠᠷ ᠠᠵᠢᠯᠯᠠᠭᠤᠯᠵᠠᠢ᠃ ᠭᠡᠲᠡᠯ᠎ᠡ ᠡᠭᠦᠨ᠎ᠤ ᠳ᠋ᠦᠩ᠎ᠳᠤ ᠪᠠᠩᠬᠢ ᠵᠢᠨ ᠺᠠᠷᠲ᠎ᠤᠨ ᠬᠠᠳᠠᠭ᠋ᠠᠯᠠᠮᠵᠢ ᠵᠢᠨ ᠵᠣᠭᠤᠰ᠎ᠨᠢ ᠠᠯᠠᠭ᠎ᠠ ᠪᠣᠯᠣᠭᠰᠠᠨ ᠪᠠᠶ᠋ᠢᠨ᠎ᠠ᠃

    ᠰᠢᠤᠸᠠᠢ ᠠᠪᠤᠭ᠋ᠠᠢ᠎ᠳᠤ ᠪᠠᠰᠠ ᠳ᠋ᠦᠩ ᠨᠠᠰᠤᠲᠠᠨ᠎ᠲᠠᠢ ᠠᠳᠠᠯᠢᠪᠲᠤᠷ ᠤᠴᠠᠷᠠᠯ ᠲᠣᠬᠢᠶᠠᠯᠳᠤᠵᠤ 《ᠨᠢᠭᠡ ᠬᠤᠪᠢ ᠲᠦᠷᠭᠡᠨ ᠬᠦᠷᠭᠡᠯᠲᠡ᠎ᠪᠠᠨ ᠠᠪᠬᠤ ᠵᠢ ᠰᠠᠨᠠᠭᠤᠯᠤᠭᠰᠠᠨ ᠣᠬᠤᠷ ᠮᠡᠳᠡᠭᠡ》 ᠵᠢ ᠲᠤᠰᠴᠠᠶ᠃ ᠲᠦᠷᠭᠡᠨ ᠬᠦᠷᠭᠡᠯᠲᠡ ᠵᠢ ᠡᠷᠢᠵᠦ ᠣᠯᠣᠭᠰᠠᠨ ᠦᠭᠡᠢ ᠰᠢᠤᠸᠠᠢ ᠠᠪᠤᠭ᠋ᠠᠢ ᠣᠬᠤᠷ ᠴᠢᠮᠡᠭᠡ᠎ᠳᠤ ᠦᠯᠡᠳᠡᠭᠡᠭᠰᠡᠨ ᠤᠲᠠᠰᠤ᠎ᠪᠠᠷ ᠤᠲᠠᠰᠤᠳᠠᠬᠤ᠎ᠳᠤ ᠡᠰᠡᠷᠭᠦ ᠡᠲᠡᠭᠡᠳ᠎ᠤᠨ ᠬᠡᠯᠡᠬᠦ᠎ᠪᠠᠷ ᠲᠦᠷᠭᠡᠨ ᠬᠦᠷᠭᠡᠯᠲᠡ ᠪᠠᠶ᠋ᠢᠬᠤ ᠦᠭᠡᠢ᠂ ᠬᠠᠷᠢᠨ ᠰᠢᠤᠸᠠᠢ ᠠᠪᠤᠭ᠋ᠠᠢ ᠪᠤᠷᠤᠭᠤ ᠠᠵᠢᠯᠯᠠᠭᠤᠯᠤᠭ᠋ᠠᠳ ᠳᠠᠭ᠋ᠠᠳᠬᠠᠯ ᠬᠤᠳᠠᠯᠳᠤᠨ ᠠᠪᠤᠭᠰᠠᠨ᠎ᠤ ᠬᠠᠷᠠᠭ᠎ᠠ᠎ᠪᠠᠷ 7000 ᠲᠥᠭᠦᠷᠢᠭ᠎ᠤᠨ ᠵᠠᠷᠤᠳᠠᠯ᠎ᠢ ᠠᠶᠠᠨᠳᠠᠭ᠋ᠠᠨ ᠰᠠᠭᠤᠯᠭ᠋ᠠᠨ ᠠᠪᠬᠤ᠎ᠪᠠᠷ ᠪᠠᠶ᠋ᠢᠨ᠎ᠠ ᠭᠡᠵᠡᠢ᠃ ᠰᠢᠤᠸᠠᠢ ᠠᠪᠤᠭ᠋ᠠᠢ ᠦᠢ᠍ᠯᠡᠴᠢᠯᠡᠭᠡ᠎ᠪᠠᠨ ᠬᠦᠴᠦᠨ ᠦᠭᠡᠢ ᠪᠣᠯᠭ᠋ᠠᠬᠤ᠎ᠪᠠᠷ ᠶᠠᠭ᠋ᠠᠷᠠᠵᠤ᠂ ᠨᠥᠭᠦᠭᠡ ᠡᠲᠡᠭᠡᠳ᠎ᠤᠨ ᠦᠭᠡ᠎ᠪᠠᠷ ᠪᠠᠩᠬᠢ ᠵᠢᠨ ᠺᠠᠷᠲ᠎ᠤᠨ ᠨᠣᠮᠧᠷ᠂ ᠪᠡᠶ᠎ᠡ ᠵᠢᠨ ᠦᠨᠡᠮᠯᠡᠯ᠎ᠤᠨ ᠨᠣᠮᠧᠷ᠂ ᠨᠢᠭᠤᠴᠠ ᠨᠣᠮᠧᠷ ᠵᠡᠷᠭᠡ ᠮᠡᠳᠡᠭᠡ ᠵᠠᠩᠭᠢ ᠵᠢ ᠨᠥᠭᠦᠭᠡ ᠡᠲᠡᠭᠡᠳ᠎ᠲᠡᠭᠡᠨ ᠬᠠᠩᠭ᠋ᠠᠵᠤ ᠥᠭᠭᠦᠭᠰᠡᠨ ᠪᠥᠭᠡᠳ ᠨᠢᠭᠤᠷ ᠵᠶ᠋ᠠᠨ ᠦᠵᠡᠭᠦᠯᠦᠨ ᠰᠢᠯᠭ᠋ᠠᠨ ᠪᠠᠲᠤᠯᠠᠬᠤ ᠺᠣᠳ᠋ ᠬᠠᠩᠭ᠋ᠠᠬᠤ ᠵᠡᠷᠭᠡ ᠭᠡᠷᠡᠴᠢᠯᠡᠯ᠎ᠤᠨ ᠠᠵᠢᠯᠯᠠᠭ᠎ᠠ ᠵᠢ ᠥᠩᠭᠡᠷᠡᠭᠡᠵᠦ ᠳᠠᠭᠤᠰᠤᠭ᠋ᠠᠳ ᠥᠪᠡᠷ᠎ᠤᠨ ᠵᠶ᠋ᠠᠨ ᠪᠠᠩᠬᠢ ᠵᠢᠨ ᠺᠠᠷᠲ᠎ᠲᠠᠬᠢ 17 ᠲᠦᠮᠡᠨ ᠲᠥᠭᠦᠷᠢᠭ ᠵᠣᠭᠤᠰ ᠵᠶ᠋ᠠᠨ ᠬᠤᠯᠠᠭ᠋ᠠᠶ᠋ᠢᠯᠠᠭᠳᠠᠭᠰᠠᠨ᠎ᠢ ᠣᠯᠵᠤ ᠮᠠᠲᠠᠵᠠᠢ᠃ 

121212.png


    ᠮᠡᠬᠡᠯᠡᠭᠴᠢ ᠵᠢᠨ ᠥᠪᠡᠷ ᠵᠶ᠋ᠠᠨ ᠦᠢ᠍ᠯᠡᠳᠦᠭᠰᠡᠨ ᠮᠡᠬᠡᠯᠡᠯ᠎ᠤᠨ ᠵᠥᠭᠡᠯᠡᠨ ᠲᠣᠨᠤᠭ

    ᠡᠭᠦᠨ᠎ᠢ ᠦᠵᠡᠭᠡᠳ ᠲᠠ ᠳ᠋ᠦᠩ ᠨᠠᠰᠤᠲᠠᠨ ᠪᠣᠯᠣᠨ ᠰᠢᠤᠸᠠᠢ ᠠᠪᠤᠭ᠋ᠠᠢ᠎ᠳᠤ ᠲᠣᠬᠢᠶᠠᠯᠳᠤᠭᠰᠠᠨ᠎ᠨᠢ ᠦᠨᠡᠨ᠎ᠳᠡᠭᠡᠨ 《ᠵᠠᠭᠤᠨ ᠲᠦᠮᠡᠨ ᠲᠥᠭᠥᠷᠢᠭ᠎ᠤᠨ ᠪᠠᠲᠤᠯᠠᠭ᠎ᠠ》 ᠵᠢᠨ ᠬᠠᠭᠤᠴᠢᠨ ᠮᠡᠬᠡᠯᠡᠯ᠎ᠨᠢ 《ᠲᠦᠷᠭᠡᠨ ᠬᠦᠷᠭᠡᠯᠲᠡ ᠭᠠᠷᠭ᠋ᠠᠨ ᠠᠪᠬᠤ ᠣᠬᠤᠷ ᠮᠡᠳᠡᠭᠡ》 ᠵᠢᠨ ᠰᠢᠨ᠎ᠡ ᠬᠡᠯᠪᠡᠷᠢ ᠵᠢ ᠨᠡᠮᠡᠭᠰᠡᠨ ᠭᠡᠳᠡᠭ᠎ᠢ ᠮᠡᠳᠡᠭᠰᠡᠨ ᠪᠠᠶ᠋ᠢᠬ᠎ᠠ ᠭᠡᠵᠦ ᠢᠲᠡᠭᠡᠵᠦ ᠪᠠᠶ᠋ᠢᠨ᠎ᠠ᠃ ᠡᠶ᠋ᠢᠮᠦᠷᠬᠦ ᠬᠡᠷᠡᠭ ᠬᠢᠬᠦ ᠠᠷᠭ᠎ᠠ ᠪᠠᠷᠢᠯ ᠪᠣᠯ ᠣᠶ᠋ᠢᠷ᠎ᠠ ᠵᠢᠨ ᠬᠤᠭᠤᠴᠠᠭ᠋ᠠᠨ᠎ᠤ ᠴᠠᠬᠢᠯᠭ᠋ᠠᠨ ᠰᠦᠯᠵᠢᠶᠡᠨ ᠮᠡᠬᠡᠯᠡᠯ᠎ᠤᠨ ᠰᠢᠨ᠎ᠡ ᠬᠤᠪᠢᠯᠪᠤᠷᠢ ᠪᠠᠶ᠋ᠢᠵᠤ᠂ ᠮᠡᠬᠡᠯᠡᠭᠴᠢ ᠲᠦᠷᠭᠡᠨ ᠬᠦᠷᠭᠡᠯᠲᠡ ᠵᠢᠨ ᠣᠬᠤᠷ ᠮᠡᠳᠡᠭᠡ᠎ᠪᠠᠷ ᠭᠠᠷᠳᠠᠨ ᠬᠢᠬᠦ ᠴᠡᠭ ᠪᠣᠯᠭ᠋ᠠᠵᠤ ᠬᠡᠷᠡᠭ᠎ᠤᠨ ᠡᠵᠡᠨ᠎ᠢ ᠥᠳᠥᠭᠡᠵᠦ ᠪᠠᠶ᠋ᠢᠭ᠋ᠠᠳ ᠮᠡᠬᠡᠯᠡᠯ᠎ᠳᠤ ᠬᠤᠯᠪᠣᠭᠳᠠᠭᠰᠠᠨ ᠤᠲᠠᠰᠤ᠎ᠪᠠᠷ ᠰᠠᠨᠠᠭ᠋ᠠᠴᠢᠯᠠᠭ᠎ᠠ᠎ᠠᠴᠠ᠎ᠪᠠᠨ ᠬᠠᠷᠢᠯᠴᠠᠭᠤᠯᠤᠭᠰᠠᠨ᠎ᠤ ᠳᠠᠷᠠᠭ᠎ᠠ 《ᠵᠠᠭᠤᠨ ᠲᠦᠮᠡᠨ ᠲᠥᠭᠥᠷᠢᠭ᠎ᠤᠨ ᠪᠠᠲᠤᠯᠠᠭ᠎ᠠ》 《ᠳᠠᠭ᠋ᠠᠳᠬᠠᠯ᠎ᠤᠨ ᠵᠠᠷᠤᠳᠠᠯ᠎ᠢ ᠦᠷᠭᠦᠯᠵᠢᠯᠡᠭᠦᠯᠬᠦ》 ᠵᠡᠷᠭᠡ ᠬᠤᠳᠠᠯ ᠦᠭᠡ ᠵᠣᠬᠢᠶᠠᠵᠤ᠂ ᠬᠡᠷᠡᠭ᠎ᠤᠨ ᠡᠵᠡᠨ ᠵᠶ᠋ᠠᠷ ᠰᠦᠯᠵᠢᠶᠡᠨ᠎ᠤ ᠴᠥᠷᠬᠡᠯᠡᠭᠡ ᠵᠢ ᠲᠣᠪᠴᠢᠳᠠᠨ ᠳᠡᠯᠭᠡᠴᠡ ᠵᠢ ᠪᠠᠭᠤᠯᠭ᠋ᠠᠨ ᠠᠪᠤᠭᠤᠯᠵᠤ App ᠵᠢ ᠬᠠᠮᠲᠤ᠎ᠪᠠᠷ ᠡᠳ᠋ᠯᠡᠭᠦᠯᠦᠭᠡᠳ ᠡᠴᠦᠰ᠎ᠲᠡᠭᠡᠨ ᠮᠡᠬᠡᠯᠡᠨ ᠬᠤᠯᠠᠭ᠋ᠠᠶ᠋ᠢᠯᠠᠬᠤ ᠵᠣᠷᠢᠯᠭ᠎ᠠ᠎ᠳᠠᠭᠠᠨ ᠭᠦᠷᠦᠭᠰᠡᠨ ᠶᠠᠪᠤᠳᠠᠯ ᠪᠣᠯᠣᠨ᠎ᠠ᠃ ᠳᠣᠣᠷᠠᠬᠢ ᠪᠣᠯ ᠮᠡᠬᠡᠯᠡᠭᠴᠢ᠎ᠠᠴᠠ ᠬᠡᠷᠡᠭ᠎ᠤᠨ ᠡᠵᠡᠨ᠎ᠢ ᠥᠳᠥᠭᠡᠨ ᠪᠠᠭᠤᠯᠭ᠋ᠠᠵᠤ ᠠᠪᠤᠭᠤᠯᠬᠤ ᠵᠠᠷᠢᠮ ᠠᠯᠤᠰ᠎ᠠᠴᠠ ᠡᠵᠡᠮᠳᠡᠬᠦ App ᠪᠣᠯᠣᠨ᠎ᠠ᠃ ᠡᠭᠦᠨ᠎ᠢ ᠪᠠᠭᠤᠯᠭ᠋ᠠᠭᠰᠠᠭ᠋ᠠᠷ ᠭᠠᠷ ᠤᠲᠠᠰᠤᠨ᠎ᠤ ᠳᠠᠩᠰᠠᠨ ᠡᠷᠦᠬᠡ᠎ᠳᠤ ᠪᠠᠶ᠋ᠢᠭ᠎ᠠ ᠵᠣᠭᠤᠰ᠎ᠢ ᠴᠢᠨᠢ ᠬᠤᠭᠤᠰᠣᠷᠠᠲᠠᠯ᠎ᠠ ᠬᠤᠯᠠᠭ᠋ᠠᠶ᠋ᠢᠯᠠᠨ ᠮᠡᠬᠡᠯᠡᠴᠢᠬᠡᠨ᠎ᠡ ᠰᠢᠦ᠃ ᠣᠯᠠᠨ ᠵᠶ᠋ᠠᠷ ᠵᠶ᠋ᠠᠨ ᠪᠢᠲᠡᠭᠡᠢ ᠪᠠᠭᠤᠯᠭ᠋ᠠᠭ᠋ᠠᠷᠠᠢ!

131313.png


    ᠡᠨᠡ ᠶᠠᠩᠵᠤ ᠵᠢᠨ ᠮᠡᠬᠡᠯᠡᠯ᠎ᠳᠤ ᠮᠡᠬᠡᠯᠡᠭᠳᠡᠭᠰᠡᠳ᠎ᠤᠨ ᠣᠯᠠᠩᠬᠢ᠎ᠨᠢ ᠵᠢᠷᠠ ᠳᠠᠯᠠᠨ ᠨᠠᠰᠤᠨ᠎ᠤ ᠨᠠᠰᠤᠲᠠᠶ᠋ᠢᠴᠤᠳ ᠪᠣᠯᠬᠤ ᠵᠢ ᠣᠨᠴᠠᠭ᠋ᠠᠶ᠋ᠢᠯᠠᠨ ᠠᠩᠬᠠᠷᠬᠤ ᠴᠢᠬᠤᠯᠠᠲᠠᠢ᠃ ᠮᠠᠰᠢ ᠣᠯᠠᠨ ᠨᠠᠰᠤᠲᠠᠶ᠋ᠢᠴᠤᠳ ᠮᠥᠩᠭᠦ ᠰᠠᠭᠤᠯᠭ᠋ᠠᠨ ᠠᠪᠬᠤ ᠵᠢ ᠰᠣᠨᠣᠰᠤᠮᠠᠭᠴᠠ ᠰᠠᠨᠳᠤᠷᠴᠤ᠂ ᠮᠥᠩᠭᠦ ᠰᠠᠭᠤᠯᠭ᠋ᠠᠨ ᠠᠪᠬᠤ ᠵᠢ ᠵᠣᠭᠰᠣᠭ᠋ᠠᠬᠤ ᠵᠢ ᠯᠡ ᠪᠣᠳᠣᠭ᠋ᠠᠳ ᠮᠡᠬᠡᠯᠡᠭᠴᠢ ᠵᠢᠨ ᠦᠭᠡ ᠵᠢ ᠰᠣᠨᠣᠰᠴᠤ᠂ ᠴᠢᠨᠠᠭᠰᠢᠯᠠᠪᠠᠯ ᠲᠦᠷᠭᠡᠨ ᠬᠦᠷᠭᠡᠯᠲᠡ ᠵᠢ ᠠᠪᠬᠤ ᠪᠠ ᠵᠠᠭᠤᠨ ᠲᠦᠮᠡᠨ ᠲᠥᠭᠦᠷᠢᠭ᠎ᠤᠨ ᠪᠠᠲᠤᠯᠠᠭ᠎ᠠ ᠵᠢᠨ ᠮᠥᠩᠭᠦ ᠵᠢ ᠰᠠᠭᠤᠯᠭ᠋ᠠᠨ ᠠᠪᠬᠤ᠎ᠲᠠᠢ ᠶᠠᠮᠠᠷ ᠬᠤᠯᠪᠣᠭ᠎ᠠ᠎ᠲᠠᠢ ᠪᠣᠶ ᠭᠡᠳᠡᠭ᠎ᠢ ᠪᠣᠳᠣᠯᠬᠢᠯᠠᠬᠤ ᠵᠠᠪ ᠦᠭᠡᠢ ᠪᠠᠶ᠋ᠢᠳᠠᠭ᠃

    ᠴᠠᠭᠳᠠᠭ᠋ᠠᠨ᠎ᠤ ᠲᠠᠯ᠎ᠠ ᠵᠢᠨ᠎ᠬᠢᠨ᠎ᠤ ᠰᠠᠨᠠᠭᠤᠯᠤᠮᠵᠢ᠄ ᠨᠢᠭᠡᠨ ᠣᠬᠤᠷ ᠮᠡᠳᠡᠭᠡ ᠵᠢ ᠬᠦᠯᠢᠶᠡᠨ ᠠᠪᠬᠤ ᠦᠶ᠎ᠡ᠎ᠳᠤ ᠴᠠᠭ ᠲᠤᠬᠠᠢ᠎ᠳᠤᠨᠢ ᠵᠢᠩᠬᠢᠨᠢ ᠠᠷᠭ᠎ᠠ ᠵᠠᠮ ᠵᠶ᠋ᠠᠷ ᠳᠠᠮᠵᠢᠭᠤᠯᠤᠨ ᠪᠠᠷᠠᠭ᠎ᠠ ᠬᠤᠳᠠᠯᠳᠤᠨ ᠠᠪᠤᠭᠰᠠᠨ ᠪᠠᠶ᠋ᠢᠳᠠᠯ ᠪᠠᠶ᠋ᠢᠬᠤ ᠡᠰᠡᠬᠦ ᠵᠢ ᠬᠢᠨᠠᠨ ᠮᠠᠭ᠋ᠠᠳᠯᠠᠬᠤ ᠬᠡᠷᠡᠭᠲᠡᠢ᠃ ᠵᠢᠩᠬᠢᠨᠢ ᠲᠦᠷᠭᠡᠨ ᠬᠦᠷᠭᠡᠯᠲᠡ᠎ᠨᠢ ᠶᠠᠮᠠᠷᠪᠠ 《ᠵᠠᠭᠤᠨ ᠲᠦᠮᠡᠨ ᠲᠥᠭᠥᠷᠢᠭ᠎ᠤᠨ ᠪᠠᠲᠤᠯᠠᠭ᠎ᠠ》 《ᠳᠠᠭ᠋ᠠᠳᠬᠠᠯ᠎ᠤᠨ ᠵᠠᠷᠤᠳᠠᠯ᠎ᠢ ᠦᠷᠭᠦᠯᠵᠢᠯᠡᠭᠦᠯᠬᠦ》 ᠵᠡᠷᠭᠡ ᠠᠵᠢᠯᠯᠠᠭ᠋ᠠᠨ᠎ᠤ ᠦᠢ᠍ᠯᠡᠴᠢᠯᠡᠭᠡ ᠵᠢ ᠬᠠᠩᠭ᠋ᠠᠳᠠᠭ ᠦᠭᠡᠢ᠃ ᠰᠦᠢ᠍ᠳᠬᠡᠯ ᠰᠠᠭᠤᠯᠭ᠋ᠠᠨ ᠠᠪᠬᠤ ᠵᠦᠢ᠍ᠯᠡᠰ᠎ᠢ ᠬᠦᠴᠦᠨ ᠦᠭᠡᠢ ᠪᠣᠯᠭ᠋ᠠᠬᠤ ᠬᠡᠷᠡᠭᠲᠡᠢ ᠭᠡᠵᠦ ᠪᠠᠶ᠋ᠢᠭ᠎ᠠ ᠪᠤᠶ ᠪᠦᠬᠦᠢ ᠵᠦᠢ᠍ᠯ ᠪᠣᠯ ᠴᠥᠮ ᠮᠡᠬᠡᠯᠡᠯ ᠮᠥᠨ᠂ ᠲᠣᠳᠣᠷᠬᠠᠢ ᠪᠤᠰᠤ ᠰᠦᠯᠵᠢᠶᠡᠨ᠎ᠤ ᠴᠥᠷᠬᠡᠯᠡᠭᠡ ᠵᠢ ᠳᠠᠷᠤᠵᠤ ᠠᠯᠪᠠᠨ᠎ᠤ ᠪᠤᠰᠤ App ᠵᠢ ᠪᠠᠭᠤᠯᠭ᠋ᠠᠨ ᠠᠪᠬᠤ᠎ᠪᠠᠷ ᠱᠠᠭ᠋ᠠᠷᠳᠠᠵᠤ ᠪᠠᠶ᠋ᠢᠭ᠎ᠠ ᠵᠦᠢ᠍ᠯ ᠪᠣᠯ ᠴᠥᠮ ᠮᠡᠬᠡᠯᠡᠯ ᠮᠥᠨ᠃
    

ᠢᠷᠡᠯᠲᠡ᠄ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠬᠠᠤᠯᠢ ᠴᠠᠭ᠋ᠠᠵᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            