ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠰᠤᠳᠠᠯ ᠬᠠᠳᠠᠭᠤᠷᠠᠬᠤ ᠵᠢ ᠰᠡᠷᠭᠡᠶ᠋ᠢᠯᠡᠬᠦ ᠠᠷᠭ᠎ᠠ
ᠨᠡᠶ᠋ᠢᠲᠡᠯᠡᠭᠰᠡᠨ ᠴᠠᠭ᠄ 2025-05-30

    ᠰᠤᠳᠠᠯ ᠬᠠᠳᠠᠭᠤᠷᠡᠪᠡᠯ ᠬᠥᠮᠥᠨ ᠴᠤ᠌ ᠥᠳᠡᠯᠳᠡᠭ᠃ ᠬᠥᠮᠥᠨ᠎ᠤ ᠪᠡᠶ᠎ᠠ ᠨᠢᠭᠡ ᠪᠥᠳᠥᠭᠦᠨ ᠮᠤᠳᠤ ᠰᠢᠬ ᠮᠥᠷᠳᠡᠭᠡᠨ ᠴᠢᠰᠤᠨ ᠰᠤᠳᠠᠯ᠎ᠨᠢ ᠶᠠᠭ ᠯᠠ ᠮᠤᠳᠤᠨ ᠥᠨᠳᠤᠰᠤ ᠰᠤᠷᠪᠤᠯᠵᠢ ᠮᠡᠳᠤ ᠪᠠᠶ᠋ᠢᠵᠤ᠂ ᠴᠢᠰᠤᠨ ᠰᠤᠳᠠᠯ ᠵᠠᠯᠠᠭᠤ ᠳᠠᠩᠬᠢᠯ ᠪᠠᠶ᠋ᠢᠮᠠᠨᠵᠢᠨ ᠬᠥᠮᠥᠨ ᠰᠠᠶ᠋ᠢ ᠠᠮᠢᠵᠢᠷᠠᠯ᠎ᠤᠨ ᠬᠥᠴᠥᠨ ᠵᠶ᠋ᠠᠨ ᠡᠭᠦᠷᠢᠳᠡ ᠪᠠᠳᠤᠯᠠᠵᠤ ᠴᠢᠳᠠᠨ᠎ᠠ᠃

    ᠢᠳᠡᠭᠡᠨ᠎ᠤ ᠰᠢᠷᠬᠡᠭᠯᠢᠭ ᠴᠢᠰᠤᠨ ᠳᠠᠷᠤᠯᠳᠠ ᠵᠢ ᠬᠢᠵᠠᠭ᠋ᠠᠷᠯᠠᠵᠤ᠂ ᠴᠢᠰᠤᠨ᠎ᠤ ᠥᠭᠡᠬᠦ ᠵᠢ ᠵᠤᠬᠢᠴᠠᠭᠤᠯᠳᠠᠭ᠃ ᠢᠳᠡᠭᠡᠨ᠎ᠤ ᠰᠢᠷᠬᠡᠭᠯᠢᠭ ᠤᠨᠴᠠᠭ᠋ᠠᠢ᠍ᠢ᠍ᠯᠠᠨ ᠤᠰᠤᠨ᠎ᠳᠤ ᠠᠭᠤᠰᠬᠤ ᠴᠢᠨᠠᠷᠳᠡᠢ ᠢᠳᠡᠭᠡᠨ᠎ᠤ ᠰᠢᠷᠬᠡᠭᠯᠢᠭ᠎ᠨᠢ ᠴᠢᠰᠤᠨ ᠳᠤᠳᠤᠷᠠᠬᠢ ᠰᠥᠰᠥᠨ᠎ᠤ ᠭᠤᠤᠨᠠᠨ ᠠᠯᠺᠥᠤᠯ᠎ᠢ ᠪᠠᠭᠤᠷᠠᠭᠤᠯᠳᠠᠭ᠃ ᠳᠡᠯᠭᠡᠷᠡᠮᠡᠯ ᠡᠪᠡᠳᠴᠢᠨ᠎ᠤ ᠰᠤᠳᠤᠯᠤᠯ᠎ᠳᠤ ᠭᠡᠷᠡᠴᠢᠯᠡᠭᠰᠡᠨ ᠵᠶ᠋ᠠᠷ᠂ ᠭᠥᠢ᠍ᠴᠡᠳ ᠢᠳᠡᠭᠡᠨ᠎ᠤ ᠰᠢᠷᠬᠡᠭᠯᠢᠭ᠎ᠨᠢ ᠲᠢᠳᠢᠮᠯᠢᠭ ᠵᠢᠷᠤᠬᠡᠨ ᠡᠪᠡᠳᠴᠢᠨ᠂ ᠯᠤᠭᠰᠢᠭᠤᠨ ᠰᠤᠳᠠᠯ᠎ᠤᠨ ᠥᠭᠡᠬᠦᠵᠢᠬᠦ ᠴᠢᠨᠠᠷᠳᠡᠢ ᠬᠠᠳᠠᠭᠤᠷᠠᠯ ᠵᠡᠷᠭᠡ ᠵᠢᠷᠤᠬᠡ ᠳᠠᠷᠢᠬᠢᠨ ᠰᠤᠳᠠᠯ᠎ᠤᠨ ᠡᠪᠡᠳᠴᠢᠨ᠎ᠤ ᠲᠥᠭᠰᠢᠭᠦᠷᠢ ᠵᠢ ᠳᠤᠷᠤᠭᠰᠢᠯᠠᠭᠤᠯᠤᠨ᠎ᠠ᠃ ᠬᠥᠮᠥᠨ ᠡᠳᠤᠷ ᠪᠥᠷᠢ 25 ᠭ᠋ᠷᠠᠮ ᠢᠳᠡᠭᠡᠨ᠎ᠤ ᠰᠢᠷᠬᠡᠭᠯᠢᠭ᠎ᠢ ᠰᠢᠩᠭᠡᠭᠡᠪᠡᠯ ᠪᠡᠶ᠎ᠠ ᠵᠢᠨ ᠡᠷᠡᠭᠦᠯ᠎ᠳᠤ ᠠᠰᠢᠬᠳᠡᠢ᠃ ᠲᠥᠯᠥᠭᠡᠯᠡᠬᠦ ᠴᠢᠨᠠᠷᠳᠡᠢ ᠢᠳᠡᠭᠡᠨ᠎ᠳᠤ ᠪᠤᠷᠴᠠᠭ᠂ ᠵᠥᠷᠵᠢ᠂ ᠠᠯᠮᠤᠷᠠᠳ᠂ ᠠᠯᠢᠮ᠎ᠠ ᠵᠡᠷᠭᠡ ᠵᠢᠮᠢᠰ ᠨᠤᠭᠤᠭ᠎ᠠ᠂ ᠬᠠᠯᠢᠰᠤ᠎ᠲᠠᠢ ᠰᠢᠷ᠎ᠠ ᠪᠤᠷᠴᠠᠭ ᠪᠠ ᠨᠤᠭᠤᠭ᠋ᠠᠨ ᠪᠤᠷᠴᠠᠭ᠂ ᠬᠠᠪᠳᠠᠭ᠋ᠠᠢ ᠪᠤᠷᠴᠠᠭ ᠪᠠ ᠸᠨᠨᠳᠧᠤ ᠵᠡᠷᠭᠡ ᠬᠤᠯᠢᠮᠠᠭ ᠪᠤᠷᠴᠠᠭ᠂ ᠪᠤᠭᠤᠳᠠᠢ ᠵᠡᠷᠭᠡ ᠨᠠᠷᠢᠮᠤ ᠵᠢᠨ ᠵᠥᠢ᠍ᠯᠡᠰ᠂ ᠳᠤᠮᠤ ᠭᠥᠢ᠍ᠯᠡᠰᠤᠨ ᠴᠥᠮ᠎ᠠ᠂ ᠬᠤᠰᠢᠭ᠎ᠠ᠂ ᠯᠤᠬᠠᠱ᠌ᠧᠩ ᠵᠡᠷᠭᠡ ᠬᠠᠳᠠᠭᠤ ᠬᠠᠯᠢᠰᠤᠳᠤ ᠵᠢᠮᠢᠰ᠎ᠲᠤ ᠢᠳᠡᠭᠡᠨ᠎ᠤ ᠰᠢᠷᠬᠡᠭᠯᠢᠭ ᠮᠠᠰᠢ ᠡᠯᠪᠡᠭ ᠪᠠᠶ᠋ᠢᠳᠠᠭ᠃

    ᠹᠤᠰᠹᠤᠷᠳᠤ ᠥᠭᠡᠬᠦ ᠰᠤᠳᠠᠯ ᠬᠠᠳᠠᠭᠤᠷᠠᠬᠤ ᠵᠢ ᠰᠡᠷᠭᠡᠶ᠋ᠢᠯᠡᠳᠡᠭ᠃ ᠹᠤᠰᠹᠤᠷᠳᠤ ᠥᠭᠡᠬᠦ ᠪᠤᠯ ᠤᠭᠤᠷᠠᠭ᠎ᠤᠨ ᠪᠥᠷᠢᠯᠳᠥᠭᠦᠨ᠎ᠤ ᠨᠢᠭᠡ᠎ᠨᠢ ᠪᠠᠶ᠋ᠢᠵᠤ᠂ ᠤᠭᠤᠷᠠᠭ ᠶᠠᠭ ᠯᠠ ᠰᠥᠰᠥᠨ᠎ᠤ ᠭᠤᠤᠨᠠᠨ ᠠᠯᠺᠥᠤᠯ᠎ᠢ ᠠᠴᠢᠭᠰᠠᠨ 《ᠵᠢᠵᠢᠭ ᠰᠠᠯ》 ᠰᠢᠬ ᠵᠶ᠋ᠠᠷ ᠰᠥᠰᠥᠨ᠎ᠤ ᠭᠤᠤᠨᠠᠨ ᠠᠯᠺᠥᠤᠯ᠎ᠤᠨ ᠳᠤᠬᠢᠷᠠᠮᠵᠢᠳᠡᠢ ᠡᠷᠭᠢᠯᠳᠡ ᠪᠠ ᠰᠤᠯᠢᠭᠳᠠᠯ᠎ᠢ ᠠᠬᠢᠭᠤᠯᠵᠤ᠂ ᠰᠥᠰᠥᠨ᠎ᠤ ᠭᠤᠤᠨᠠᠨ ᠠᠯᠺᠥᠤᠯ ᠰᠤᠳᠠᠯ᠎ᠤᠨ ᠬᠠᠨᠠᠨ ᠳᠡᠭᠡᠷ᠎ᠠ ᠬᠤᠷᠠᠬᠤ ᠵᠢ ᠰᠡᠷᠭᠡᠶ᠋ᠢᠯᠡᠳᠡᠭ᠃ ᠡᠩ᠎ᠤᠨ ᠬᠥᠮᠥᠨ ᠡᠳᠤᠷ ᠪᠥᠷᠢ 6 - 8 ᠭ᠋ᠷᠡᠮ ᠹᠤᠰᠹᠤᠷᠳᠤ ᠥᠭᠡᠬᠦ ᠰᠢᠩᠭᠡᠭᠡᠪᠡᠯ ᠳᠤᠬᠢᠷᠠᠮᠵᠢᠳᠡᠢ᠃ ᠡᠷᠡᠭᠦᠯᠵᠢᠯ᠎ᠤᠨ ᠱᠠᠭ᠋ᠠᠷᠳᠠᠯᠭ᠎ᠠ᠎ᠠᠴᠠ ᠪᠤᠯᠵᠤ᠂ 15 - 25 ᠭ᠋ᠷᠡᠮ ᠰᠢᠩᠭᠡᠭᠡᠭᠰᠡᠨ ᠴᠤ᠌ ᠪᠤᠯᠤᠨ᠎ᠠ᠃ ᠹᠤᠰᠹᠤᠷᠳᠤ ᠥᠭᠡᠬᠦ᠎ᠨᠢ ᠥᠨᠳᠡᠭᠡᠨ ᠰᠢᠷ᠎ᠠ᠂ ᠪᠤᠷᠴᠠᠭ᠎ᠲᠤ ᠡᠯᠪᠡᠭ ᠠᠭᠤᠯᠤᠭᠳᠠᠳᠠᠭ᠃ ᠡᠭᠦᠨ᠎ᠠᠴᠠ ᠭᠠᠳᠠᠨ᠎ᠠ᠂ ᠬᠠᠷ᠎ᠠ ᠮᠢᠬ᠎ᠠ᠂ ᠠᠮᠢᠳᠠᠨ᠎ᠤ ᠡᠯᠢᠭᠡ᠂ ᠨᠠᠷᠠᠨ ᠬᠤᠸᠠᠷ᠎ᠤᠨ ᠥᠷ᠎ᠠ᠂ ᠮᠠᠭ᠋ᠠᠯᠢᠩᠭᠤ ᠵᠢᠨ ᠥᠷ᠎ᠠ ᠪᠠ ᠮᠠᠭ᠋ᠠᠵᠢ ᠵᠢᠨ ᠳᠤᠳᠤᠷ᠎ᠠ ᠴᠤ᠌ ᠨᠡᠯᠢᠶᠡᠳ ᠡᠯᠪᠡᠭ ᠪᠠᠶ᠋ᠢᠳᠠᠭ᠃

    ᠸᠢᠲ᠋ᠠᠮᠢᠨ C ᠪᠤᠯ ᠨᠢᠭᠡ ᠵᠥᠢ᠍ᠯ᠎ᠤᠨ ᠴᠢᠩᠭ᠎ᠠ ᠢᠰᠥᠯᠳᠤᠬᠦ ᠵᠢ ᠬᠤᠷᠢᠭᠯᠠᠬᠤ ᠡᠳ᠋ ᠶᠤᠮ᠃ ᠲᠡᠷᠡ᠎ᠨᠢ ᠡᠯ᠎ᠠ ᠵᠥᠢ᠍ᠯ᠎ᠤᠨ ᠴᠢᠯᠥᠭᠡᠳᠤ ᠭᠧᠨ ᠪᠠ ᠰᠢᠯᠵᠢᠩᠭᠦᠢ ᠬᠥᠴᠢᠯᠳᠦ᠋ᠷᠥᠭᠴᠢ ᠵᠢ ᠢᠯᠭ᠋ᠠᠨ᠂ ᠰᠤᠳᠠᠯ᠎ᠳᠠᠬᠢ ᠥᠭᠡᠬᠦ ᠢᠰᠥᠯᠳᠥᠬᠦ ᠵᠢ ᠰᠡᠷᠬᠡᠶ᠋ᠢᠯᠡᠵᠤ᠂ ᠯᠤᠭᠰᠢᠭᠤᠨ ᠰᠤᠳᠠᠯ ᠥᠭᠡᠬᠦᠵᠢᠬᠦ ᠬᠠᠳᠠᠭᠤᠷᠠᠬᠤ ᠵᠡᠷᠭᠡ ᠵᠢᠷᠤᠬᠡ ᠳᠠᠷᠢᠬᠢᠨ ᠰᠤᠳᠠᠯ᠎ᠤᠨ ᠡᠪᠡᠳᠴᠢᠨ᠎ᠢ ᠪᠠᠭ᠋ᠠᠰᠬᠠᠳᠠᠭ᠃ ᠸᠢᠲ᠋ᠠᠮᠢᠨ C᠎ᠨᠢ ᠳᠤᠯᠤᠨᠤ᠂ ᠴᠢᠪᠠᠭ᠎ᠠ᠂ ᠳᠤᠰᠢᠯᠤᠭ᠂ ᠨᠤᠭᠤᠭ᠋ᠠᠨ ᠴᠡᠴᠡᠭᠳᠤ ᠨᠤᠭᠤᠭ᠎ᠠ᠂ ᠴᠠᠭ᠋ᠠᠨ ᠨᠤᠭᠤᠭ᠎ᠠ ᠵᠡᠷᠭᠡ ᠰᠢᠨ᠎ᠠ ᠰᠤᠷᠭᠤᠭ ᠵᠢᠮᠢᠰ ᠨᠤᠭᠤᠭ᠎ᠠ᠎ᠳᠤ ᠡᠯᠪᠡᠭ ᠠᠭᠤᠯᠤᠭᠳᠠᠨ᠂ ᠢᠯᠠᠩᠭᠤᠶ᠎ᠠ ᠳᠤᠯᠤᠨᠤ᠂ ᠰᠤᠷᠭᠤᠭ ᠴᠢᠪᠠᠭ᠎ᠠ᠂ ᠳᠤᠰᠢᠯᠤᠭ᠎ᠲᠤ ᠮᠠᠰᠢ ᠡᠯᠪᠡᠭ ᠪᠠᠶ᠋ᠢᠵᠤ᠂ ᠡᠳᠤᠷ ᠪᠥᠷᠢ ᠲᠤᠯᠤᠭ᠎ᠠ ᠨᠠᠢ᠍ᠮᠠᠨ ᠴᠢᠪᠠᠭ᠎ᠠ ᠢᠳᠡᠪᠡᠯ ᠸᠢᠲ᠋ᠠᠮᠢᠨ C ᠵᠢᠨ ᠱᠠᠭ᠋ᠠᠷᠳᠠᠯᠭ᠎ᠠ ᠵᠢ ᠥᠨᠳᠤᠰᠤᠨ᠎ᠳᠡᠭᠡᠨ ᠬᠠᠩᠭ᠋ᠠᠴᠢᠬᠠᠨ᠎ᠠ᠃

    ᠺᠠᠯᠢ ᠵᠢ ᠪᠠᠶ᠋ᠢᠭ᠋ᠠᠯᠢᠯᠢᠭ ᠴᠢᠰᠤᠨ ᠳᠠᠷᠤᠯᠳᠠ ᠪᠠᠭᠤᠷᠠᠭᠤᠯᠬᠤ ᠡᠮ ᠭᠡᠳᠡᠭ᠃ ᠺᠠᠯᠢ᠎ᠨᠢ ᠰᠤᠳᠠᠯ᠎ᠢ ᠳᠡᠯᠡᠵᠤ᠂ ᠰᠤᠳᠠᠯ ᠳᠤᠳᠤᠷᠠᠬᠢ ᠬᠠᠷᠰᠢ ᠰᠠᠭ᠋ᠠᠳ᠎ᠢ ᠪᠠᠭ᠋ᠠᠰᠬᠠᠬᠤ᠂ ᠰᠢᠩᠭᠡᠨ ᠨᠠᠳ᠋ᠷᠢ ᠵᠢ ᠭᠠᠳᠠᠭᠰᠢᠯᠠᠭᠤᠯᠬᠤ ᠥᠢ᠍ᠯᠡᠳᠤᠯ᠎ᠲᠠᠢ᠃ ᠺᠠᠯᠢ ᠵᠢ ᠡᠳᠤᠷ ᠪᠥᠷᠢ 3500 ᠮᠢᠯᠢᠭᠷᠡᠮ ᠰᠢᠩᠭᠡᠬᠡᠪᠡᠯ ᠪᠤᠯᠴᠢᠬᠠᠨ᠎ᠠ᠃ ᠢᠳᠡᠰᠢᠨ ᠨᠤᠭᠤᠭ᠎ᠠ᠂ ᠢᠯᠠᠩᠭᠤᠶ᠎ᠠ ᠨᠤᠭᠤᠭ᠋ᠠᠨ ᠨᠠᠪᠴᠢᠳᠤ ᠢᠳᠡᠰᠢᠨ ᠨᠤᠭᠤᠭ᠎ᠠ᠂ ᠮᠥᠭᠦ ᠵᠢᠨ ᠲᠥᠷᠥᠯ᠂ ᠲᠥᠮᠤᠰᠤᠨ᠎ᠤ ᠲᠥᠷᠥᠯ ᠵᠢᠴᠢ ᠵᠢᠮᠢᠰ ᠪᠠ ᠪᠤᠷᠴᠠᠭ᠎ᠲᠤ ᠡᠯᠪᠡᠭ ᠪᠠᠶ᠋ᠢᠳᠠᠭ᠃

ᠢᠷᠡᠯᠲᠡ᠄ ᠬᠤᠯᠪᠤᠭ᠎ᠠ ᠰᠦᠯᠵᠢᠶ᠎ᠡ
          
ᠬᠠᠮᠢᠶ᠎ᠡ ᠪᠦᠬᠦᠢ ᠰᠣᠨᠢᠨ
ᠣᠯᠠᠨ ᠡᠮᠨᠡᠯᠭᠡ ᠵᠢᠨ ᠬᠤᠷᠢᠶ᠎ᠠ ᠪᠠᠴᠢᠮ ᠮᠡᠳᠡᠭᠳᠡᠯ ᠨᠡᠶ᠋ᠢᠲᠡᠯᠡᠪᠡ
ᠬᠦᠪᠳᠦᠷᠤᠤ᠎ᠲᠠᠢ ᠡᠪᠡᠳᠴᠢᠳᠠᠳ ᠢᠳᠡᠬᠡᠨ ᠤᠮᠳᠠᠭ᠋ᠠᠨ ᠵᠶ᠋ᠠᠨ ᠨᠡᠩ ᠢᠯᠡᠬᠦᠦ ᠠᠩᠬᠠᠷᠬᠤ ᠴᠢᠬᠤᠯᠠᠳᠠᠢ
ᠶᠡᠭᠡ ᠳᠡᠭᠡᠳᠦ ᠰᠤᠷᠭ᠋ᠠᠭᠤᠯᠢ ᠲᠡᠭᠦᠰᠦᠭᠰᠡᠳ ᠨᠡᠮᠡᠭᠦᠷᠢ ᠠᠪᠬᠤ᠎ᠪᠠᠨ ᠪᠢᠲᠡᠭᠡᠢ ᠮᠠᠷᠲᠠᠭ᠋ᠠᠷᠠᠢ
ᠳᠠᠷᠠᠭ᠎ᠠ ᠰᠠᠷ᠎ᠠ᠎ᠠᠴᠠ ᠡᠬᠢᠯᠡᠨ 《ᠰᠢᠨ᠎ᠡ ᠪᠡᠶ᠎ᠡ ᠵᠢᠨ ᠦᠨᠡᠮᠯᠡᠯ》᠎ᠢ ᠬᠡᠷᠡᠭᠵᠢᠭᠦᠯᠦᠨ᠎ᠡ
ᠴᠢᠰᠤᠨ᠎ᠤ ᠥᠭᠡᠬᠦ ᠪᠠᠭᠤᠷᠠᠬᠤ ᠦᠭᠡᠢ ᠪᠠᠶ᠋ᠢᠪᠠᠯ ᠡᠨᠡ ᠳᠥᠷᠪᠡᠨ ᠵᠦᠢ᠍ᠯ᠎ᠤᠨ ᠢᠳᠡᠭᠡᠨ᠎ᠢ ᠴᠡᠭᠡᠷᠯᠡᠬᠦ ᠬᠡᠷᠡᠭᠲᠡᠢ
 
            