ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠭᠠᠷ ᠤᠳᠠᠰᠤᠨ ᠲᠡᠭᠡᠷ᠎ᠡ ᠴᠢᠨᠢ  ᠴᠤᠩᠬᠤᠪᠴᠢ ᠢᠯᠡᠷᠡᠪᠡᠯ ᠬᠡᠷᠰᠡᠦᠯᠡᠭᠡᠷᠡᠢ!
ᠨᠡᠶ᠋ᠢᠲᠡᠯᠡᠭᠰᠡᠨ ᠴᠠᠭ᠄ 2025-07-04

    ᠣᠢᠷ᠎ᠠ ᠵᠢᠨ ᠵᠢᠯ᠎ᠳᠤ᠂ ᠳᠣᠲᠦᠭᠠᠳᠦ ᠵᠢ ᠬᠠᠮᠠᠭᠠᠯᠠᠬᠤ ᠶᠠᠮᠤᠨ ᠪᠣᠯᠣᠨ ᠮᠡᠳᠡᠭᠡ ᠵᠠᠩᠭᠢᠵᠢᠯᠲᠠ ᠵᠢᠨ ᠶᠠᠮᠤᠨ ᠂ ᠳᠤᠮᠳᠠᠳᠤ ᠤᠯᠤᠰ᠎ᠤᠨ ᠠᠷᠠᠳ᠎ᠤᠨ ᠪᠠᠩᠬᠢ᠎ᠲᠠᠢ ᠬᠠᠮᠲᠤ ᠴᠠᠬᠢᠯᠭᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠬᠠᠤᠯᠢ᠎ᠠᠴᠠ ᠵᠥᠷᠢᠴᠡᠭᠰᠡᠨ ᠶᠠᠯᠠᠲᠤ ᠠᠵᠢᠯᠯᠠᠭ᠎ᠠ᠎ᠳᠤ ᠴᠣᠬᠢᠯᠲᠠ ᠥᠭᠴᠦ ᠵᠠᠰᠠᠬᠤ ᠠᠵᠢᠯ᠎ᠢ ᠦᠷᠭᠦᠯᠵᠢᠯᠡᠨ ᠭᠦᠨᠵᠡᠭᠡᠢ ᠠᠬᠢᠭᠤᠯᠵᠤ ᠂ ᠣᠯᠠᠨ ᠵᠦᠢᠯ᠎ᠤᠨ ᠰᠡᠷᠭᠡᠢᠯᠡᠬᠦ ᠠᠷᠭ᠎ᠠ ᠬᠡᠮᠵᠢᠶ᠎ᠡ ᠵᠢ ᠶᠡᠷᠦᠩᠬᠡᠢᠯᠡᠨ ᠠᠪᠴᠤ᠂ ᠬᠡᠷᠡᠭ ᠡᠭᠦᠰᠬᠦ ᠵᠢ ᠬᠠᠮᠤᠭ᠎ᠤᠨ ᠶᠡᠬᠡ ᠬᠡᠮᠵᠢᠶ᠎ᠡ᠎ᠪᠠᠷ ᠤᠷᠢᠳᠴᠢᠯᠠᠨ ᠰᠡᠷᠭᠡᠢᠯᠡᠵᠦ᠂ ᠣᠯᠠᠨ ᠲᠦᠮᠡᠨ᠎ᠤ ᠡᠳ᠋ ᠬᠥᠷᠥᠩᠭᠡ ᠵᠢᠨ ᠬᠣᠬᠢᠷᠠᠯ᠎ᠢ ᠪᠠᠭᠠᠰᠭ᠋ᠠᠨ ᠂ ᠤᠯᠤᠰ᠎ᠤᠨ ᠮᠡᠬᠡᠯᠡᠯ᠎ᠢ ᠡᠰᠡᠷᠭᠦᠴᠡᠬᠦ ᠲᠥᠪ᠎ᠤᠨ APP᠂ 96110 ᠤᠷᠢᠳᠴᠢᠯᠠᠨ ᠰᠡᠷᠡᠮᠵᠢᠯᠡᠭᠦᠯᠵᠦ ᠢᠳᠬᠠᠨ ᠬᠣᠷᠢᠭ᠍ᠯᠠᠬᠤ ᠲᠤᠰᠬᠠᠢ ᠤᠲᠠᠰᠤ᠂ 12381 ᠮᠡᠬᠡᠯᠡᠯ᠎ᠳᠤ ᠬᠣᠯᠪᠣᠭᠳᠠᠭᠰᠠᠨ ᠤᠷᠢᠳᠴᠢᠯᠠᠨ ᠰᠡᠷᠡᠮᠵᠢᠯᠡᠭᠦᠯᠵᠦ ᠢᠳᠬᠠᠨ ᠬᠣᠷᠢᠭ᠍ᠯᠠᠬᠤ ᠣᠬᠣᠷ ᠮᠡᠳᠡᠭᠡ᠂ ᠪᠥᠬᠥ ᠤᠯᠤᠰ᠎ᠤᠨ ᠰᠢᠯᠵᠢᠮᠡᠯ ᠤᠲᠠᠰᠤ ᠵᠢᠨ ᠺᠠᠷᠲ᠎ᠤᠨ 《ᠨᠢᠭᠡ ᠦᠨᠡᠮᠯᠡᠯ ᠎ᠢᠶᠠᠷ ᠨᠡᠢᠳᠡᠮ ᠪᠠᠢᠴᠠᠭᠠᠬᠤ》᠂ ᠶᠦᠨ ᠱᠠᠨ ᠹᠦ APP 《ᠨᠢᠭᠡ ᠳᠠᠷᠤᠪᠴᠢ᠎ᠪᠠᠷ ᠺᠠᠷᠲ ᠪᠠᠢᠴᠠᠭᠠᠬᠤ》 ᠂ ᠮᠡᠬᠡᠯᠡᠯ᠎ᠢ ᠡᠰᠡᠷᠭᠦᠴᠡᠬᠦ ᠨᠡᠷ᠎ᠡ ᠵᠢᠨ ᠬᠠᠭᠤᠳᠠᠰᠤ᠂ ᠪᠥᠬᠥ ᠤᠯᠤᠰ᠎ᠤᠨ ᠢᠨᠲᠧᠷ ᠰᠦᠯᠵᠢᠶᠡᠨ᠎ᠤ ᠲᠠᠩᠰᠠᠨ ᠨᠣᠮᠧᠷ᠎ᠤᠨ 《ᠨᠢᠭᠡ ᠦᠨᠡᠮᠯᠡᠯ ᠎ᠢᠶᠠᠷ ᠨᠡᠢᠳᠡᠮ ᠪᠠᠢᠴᠠᠭᠠᠬᠤ》 ᠲᠤᠯᠤᠭᠠᠨ ᠲᠣᠮᠣ᠌ ᠮᠡᠬᠡᠯᠡᠯ᠎ᠢ ᠡᠰᠡᠷᠭᠦᠴᠡᠬᠦ ᠬᠤᠷᠴᠠ ᠵᠡᠪᠰᠡᠭ᠎ᠢ ᠬᠠᠮᠲᠤᠷᠠᠨ ᠨᠡᠢᠲᠡᠯᠡᠪᠡ ᠃ ᠡᠭᠦᠨ᠎ᠤ ᠰᠠᠭᠤᠷᠢᠨ ᠳᠡᠭᠡᠷ᠎ᠡ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠵᠢᠨ ᠶᠠᠮᠤᠨ ᠡᠨᠡ ᠵᠢᠯ ᠪᠠᠰᠠ ᠮᠡᠬᠡᠯᠡᠯ᠎ᠢ ᠡᠰᠡᠷᠭᠦᠴᠡᠬᠦ ᠰᠢᠨ᠎ᠡ ᠬᠤᠷᠴᠠ ᠵᠡᠪᠰᠡᠭ  ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠴᠠᠬᠢᠯᠭᠠᠨ ᠮᠡᠳᠡᠭᠡ ᠵᠢ ᠰᠠᠨᠠᠭᠤᠯᠬᠤ ᠦᠢᠯᠡᠴᠢᠯᠡᠭᠡ ᠂ ᠣᠯᠠᠨ ᠲᠦᠮᠡᠨ᠎ᠢ ᠬᠠᠪᠰᠤᠷᠤᠨ ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠴᠠᠬᠢᠯᠭᠠᠨ ᠮᠡᠳᠡᠭᠡ ᠪᠠ ᠣᠬᠣᠷ ᠮᠡᠳᠡᠭᠡ ᠵᠢ ᠪᠦᠲᠦᠮᠵᠢᠲᠡᠶ᠎ᠪᠠᠷ ᠢᠯᠭ᠍ᠠᠨ ᠲᠣᠳᠣᠯᠠᠵᠤ᠂ ᠠᠷᠠᠳ ᠣᠯᠠᠨ᠎ᠳᠤ ᠮᠡᠬᠡᠯᠡᠯ᠎ᠢ ᠡᠰᠡᠷᠭᠦᠴᠡᠬᠦ 《ᠰᠡᠷᠭᠡᠢᠯᠡᠯᠲᠡ ᠵᠢᠨ ᠬᠡᠷᠡᠮ》 ᠨᠡᠮᠡᠷᠢᠯᠡᠪᠡ !

   ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠤᠲᠠᠰᠤᠨ᠎ᠤ ᠰᠠᠨᠠᠭᠤᠯᠬᠤ ᠦᠢᠯᠡᠴᠢᠯᠡᠭᠡ ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠤᠲᠠᠰᠤ ᠪᠠ ᠣᠬᠣᠷ ᠮᠡᠳᠡᠭᠡ ᠵᠢ ᠬᠦᠯᠢᠶᠡᠨ ᠠᠪᠬᠤ ᠦᠶᠡᠰ ᠬᠠᠷᠢᠮᠠᠭᠲᠤ ᠴᠣᠩᠬᠣᠪᠴᠢ ᠢᠯᠡᠷᠡᠵᠦ ᠰᠠᠨᠠᠭᠤᠯᠤᠮᠵᠢ ᠥᠭᠭᠦᠨ᠎ᠡ ᠃

    2025 ᠣᠨ᠎ᠤ 3 ᠰᠠᠷ᠎ᠠ᠎ᠳᠤ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠵᠢᠨ ᠶᠠᠮᠤᠨ᠎ᠠᠴᠠ ᠰᠠᠭᠤᠷᠢ ᠴᠠᠬᠢᠯᠭᠠᠨ ᠬᠣᠯᠪᠦᠭᠠᠨ᠎ᠤ ᠠᠵᠤ ᠠᠬᠤᠢᠯᠠᠯ᠎ᠢ ᠵᠣᠬᠢᠶᠠᠨ ᠪᠠᠢᠭᠤᠯᠵᠤ 《ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠤᠲᠠᠰᠤ ᠵᠢ ᠰᠠᠨᠠᠭᠤᠯᠬᠤ ᠦᠢᠯᠡᠴᠢᠯᠡᠭᠡ》 ᠵᠢ ᠪᠥᠬᠥ ᠲᠠᠯ᠎ᠠ᠎ᠪᠠᠷ ᠨᠡᠢᠲᠡᠯᠡᠵᠦ᠂ ᠭᠠᠷ ᠤᠲᠠᠰᠤᠨ᠎ᠤ ᠬᠡᠷᠡᠭᠯᠡᠭᠴᠢ ᠬᠢᠯᠢ ᠵᠢᠨ ᠭᠠᠳᠠᠨᠠᠬᠢ ᠤᠲᠠᠰᠤ ᠵᠢ ᠲᠤᠰᠬᠤ ᠪᠤᠶᠤ ᠬᠢᠯᠢ ᠵᠢᠨ ᠭᠠᠳᠠᠨᠠᠬᠢ ᠣᠬᠣᠷ ᠮᠡᠳᠡᠭᠡ ᠵᠢ ᠲᠤᠰᠬᠤ ᠦᠶ᠎ᠡ᠎ᠳᠤ᠂ ᠢᠷᠡᠭᠦᠯᠦᠭᠰᠡᠨ ᠤᠲᠠᠰᠤ ᠪᠠ ᠣᠬᠣᠷ ᠮᠡᠳᠡᠭᠡ ᠵᠢᠨ ᠢᠷᠡᠯᠲᠡ ᠵᠢᠨ ᠤᠯᠤᠰ ᠪᠤᠶᠤ ᠭᠠᠵᠠᠷ ᠣᠷᠣᠨ᠎ᠢ ᠵᠡᠷᠭᠡ᠎ᠳᠤ᠎ᠨᠢ ᠰᠠᠨᠠᠭᠠᠴᠢᠯᠠᠭ᠎ᠠ᠎ᠠᠴᠠ᠎ᠪᠠᠨ ᠰᠠᠨᠠᠭᠤᠯᠵᠤ᠂ ᠬᠡᠷᠡᠭᠯᠡᠭᠴᠢᠳ᠎ᠤᠨ ᠰᠡᠷᠭᠡᠢᠯᠡᠯᠲᠡ ᠵᠢᠨ ᠤᠬᠠᠮᠰᠠᠷ᠎ᠢ ᠴᠢᠡᠭᠡᠭᠠᠳᠭ᠋ᠠᠪᠠ ᠃

    ᠳᠣᠲᠦᠭᠠᠳᠦ ᠵᠢ ᠬᠠᠮᠠᠭᠠᠯᠠᠬᠤ ᠪᠠᠢᠭᠤᠯᠭ᠎ᠠ ᠵᠢᠨ ᠰᠠᠨᠠᠭᠤᠯᠤᠮᠵᠢ ᠄ ᠭᠠᠳᠠᠭᠠᠳᠤ ᠵᠢᠨ ᠬᠠᠷᠢᠴᠠᠭ᠎ᠠ ᠦᠭᠡᠢ ᠪᠠᠢᠳᠠᠯ ᠳᠣᠣᠷ᠎ᠠ ᠂ ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠤᠲᠠᠰᠤ ᠵᠢ ᠲᠤᠰᠪᠠᠯ ᠪᠠᠷᠤᠭ ᠪᠦᠷ ᠮᠡᠬᠡᠯᠡᠯ᠎ᠤᠨ ᠤᠲᠠᠰᠤ ᠪᠣᠯᠣᠨ᠎ᠠ ! ᠡᠵᠡᠩᠨᠡᠯᠲᠡ ᠵᠢᠨ ᠬᠤᠳᠠᠯᠳᠤᠭᠠᠴᠢᠨ᠎ᠤ ᠬᠢᠯᠢ ᠵᠢᠨ ᠭᠠᠳᠠᠨ᠎ᠠ᠎ᠠᠴᠠ ᠢᠷᠡᠭᠦᠯᠦᠭᠰᠡᠨ ᠴᠠᠬᠢᠯᠭᠠᠨ ᠮᠡᠳᠡᠭᠡᠨ᠎ᠤ ᠰᠠᠨᠠᠭᠤᠯᠬᠤ ᠦᠢᠯᠡᠴᠢᠯᠡᠭᠡᠨ᠎ᠤ ᠬᠠᠷᠢᠮᠠᠭᠲᠤ ᠴᠣᠩᠬᠣᠪᠴᠢ ᠵᠢᠨ ᠮᠡᠳᠡᠭᠡ ᠵᠠᠩᠭᠢ ᠵᠢ ᠣᠯᠣᠭᠰᠠᠨ᠎ᠤ ᠳᠠᠷᠠᠭ᠎ᠠ ᠂ ᠡᠷᠬᠡᠪᠰᠢ ᠳᠡᠭᠡᠳᠦ ᠬᠡᠮᠵᠢᠶᠡᠨ᠎ᠤ ᠰᠣᠨᠣᠷ ᠰᠡᠷᠡᠮᠵᠢ᠎ᠲᠠᠢ ᠪᠠᠢᠵᠤ᠂ ᠨᠣᠮᠧᠷ᠎ᠤᠨ ᠢᠷᠡᠯᠲᠡ ᠵᠢ ᠴᠠᠭ ᠲᠤᠬᠠᠢ᠎ᠳᠤᠨᠢ ᠢᠯᠭᠠᠨ ᠲᠠᠨᠢᠬᠤ ᠬᠡᠷᠡᠭᠲᠡᠢ ᠃ ᠬᠡᠷᠪᠡ ᠬᠢᠯᠢ ᠵᠢᠨ ᠭᠠᠳᠠᠨᠠᠬᠢ ᠮᠡᠳᠡᠭᠡ ᠬᠣᠯᠪᠦᠭᠠᠨ᠎ᠤ ᠪᠣᠳᠠᠲᠠᠢ ᠬᠡᠷᠡᠭᠴᠡᠭᠡ ᠦᠭᠡᠢ ᠪᠣᠯ ᠂ ᠡᠵᠡᠩᠨᠡᠯᠲᠡ ᠵᠢᠨ ᠬᠤᠳᠠᠯᠳᠤᠭᠠᠴᠢᠨ᠎ᠲᠠᠢ ᠬᠠᠷᠢᠯᠴᠠᠵᠤ ᠬᠢᠯᠢ ᠵᠢᠨ ᠭᠠᠳᠠᠨᠠᠬᠢ ᠤᠲᠠᠰᠤ ᠢᠷᠡᠬᠦ ᠵᠢ ᠬᠣᠷᠢᠭ᠍ᠯᠠᠬᠤ ᠦᠢᠯᠡᠴᠢᠯᠡᠭᠡ ᠨᠡᠪᠲᠡᠷᠡᠭᠦᠯᠦᠨ᠂ ᠴᠠᠬᠢᠯᠭᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠢ ᠡᠬᠢ ᠡᠭᠦᠰᠦᠯ᠎ᠠᠴᠠ᠎ᠨᠢ ᠰᠡᠷᠭᠡᠢᠯᠡᠬᠦ ᠵᠢ ᠰᠠᠨᠠᠭᠤᠯᠵᠤ ᠪᠠᠢᠨ᠎ᠠ ᠃

ᠢᠷᠡᠯᠲᠡ᠄  
          
ᠬᠠᠮᠢᠶ᠎ᠡ ᠪᠦᠬᠦᠢ ᠰᠣᠨᠢᠨ
ᠠᠵᠢᠯ ᠠᠯᠳᠠᠭᠰᠠᠨ ᠳᠠᠭ᠋ᠠᠳᠬᠠᠯ᠎ᠤᠨ ᠮᠥᠩᠭᠥ ᠠᠪᠴᠤ ᠥᠩᠭᠡᠷᠡᠭᠰᠡᠨ ᠪᠣᠯ ᠬᠣᠢ᠌ᠰᠢ᠎ᠳᠠᠬᠢ ᠨᠠᠰᠤᠵᠢᠯ᠎ᠤᠨ ᠠᠰᠠᠷᠠᠮᠵᠢ ᠵᠢᠨ ᠮᠥᠩᠭᠥ ᠵᠢ ᠨᠥᠯᠥᠭᠡᠯᠡᠬᠦ ᠤᠤ?
ᠬᠥᠳᠡᠯᠮᠦᠷᠢ ᠵᠢᠨ ᠪᠠᠲᠤᠯᠠᠭ᠎ᠠ ᠵᠢᠨ ᠪᠢᠴᠢᠭᠯᠡᠭᠰᠡᠨ ᠬᠢᠨᠠᠨ ᠪᠠᠢ᠌ᠴᠠᠭ᠋ᠠᠯᠲᠠ
ᠪᠤᠬᠢᠷᠳᠤᠯ ᠶᠡᠬᠡᠲᠠᠢ ᠲᠦᠯᠡᠰᠢ ᠵᠢ ᠬᠤᠪᠢᠶᠠᠷᠢᠯᠠᠬᠤ ᠲᠤᠬᠠᠢ ᠲᠤᠭᠲᠠᠭ᠋ᠠᠯ
ᠤᠯᠤᠰ᠎ᠤᠨ ᠬᠠᠤᠯᠢ ᠴᠠᠭ᠋ᠠᠵᠠ ᠵᠢᠨ ᠰᠢᠯᠭ᠋ᠠᠯᠲᠠ ᠵᠢᠨ ᠬᠢᠷᠢ ᠪᠦᠲᠦᠮᠵᠢ ᠵᠢ ᠪᠠᠢ᠌ᠴᠠᠭ᠋ᠠᠨ ᠡᠷᠢᠬᠦ ᠪᠠ ᠬᠢᠷᠢ ᠭᠡᠮ ᠣᠯᠭᠣᠬᠤ
ᠢᠯᠡ᠎ᠪᠠᠷ ᠳᠠᠭ᠋ᠠᠭ᠋ᠠᠴᠢᠯᠠᠯᠲᠠ ᠵᠠᠷᠯᠠᠪᠠᠰᠦ ᠵᠣᠬᠢᠬᠤ ᠲᠥᠷᠥᠯ ᠵᠦᠢ᠍ᠯ᠎ᠳᠤ ᠤᠷᠢᠵᠦ ᠳᠠᠭ᠋ᠠᠭ᠋ᠠᠴᠢᠯᠠᠯᠲᠠ ᠵᠠᠷᠯᠠᠬᠤ ᠠᠷᠭ᠎ᠠ ᠮᠠᠶᠢᠭ ᠠᠪᠬᠤ ᠵᠢ ᠵᠦᠪᠰᠢᠶᠡᠷᠡᠬᠦ
 
            