1᠂ ᠲᠦᠭᠦᠬᠡᠢ ᠭᠠ ᠶ᠋ᠢ ᠨᠢᠮᠭᠡᠨ ᠬᠡᠷᠴᠢᠵᠦ ᠵᠥᠭᠡᠯᠡᠨ ᠭᠠᠯ ᠳᠡᠭᠡᠷ᠎ᠡ ᠪᠠᠭ᠎ᠠ ᠬᠠᠯᠠᠭᠠᠭᠠᠳ ᠡᠪᠡᠳᠴᠦ ᠪᠠᠢᠭ᠎ᠠ ᠰᠢᠳᠦ ᠪᠡᠷᠢᠶᠡᠨ ᠵᠠᠭᠤᠪᠠᠯ ᠴᠠᠭᠤᠨ ᠲᠠᠷᠠᠭ᠎ᠠ ᠡᠪᠡᠳᠬᠦ ᠨᠢ ᠨᠠᠮᠳᠠᠳᠠᠭ᠃
2᠂ ᠼᠤᠤ ᠶ᠋ᠢ ᠪᠠᠭ᠎ᠠ ᠬᠠᠯᠠᠭᠤᠯᠤᠭᠠᠳ ᠪᠦᠯᠢᠶᠡᠨ ᠪᠣᠯᠤᠭᠰᠠᠨᠤ ᠲᠠᠷᠠᠭ᠎ᠠ ᠰᠢᠳᠦ ᠪᠡᠨ ᠵᠠᠢᠯᠪᠠᠯ ᠡᠪᠡᠳᠬᠦ ᠨᠢ ᠨᠠᠮᠳᠠᠳᠠᠭ᠃
3᠂ ᠡᠪᠡᠳᠴᠦ ᠪᠠᠢᠭ᠎ᠠ ᠰᠢᠳᠤᠨᠳᠡᠭᠡᠨ ᠮᠥᠬᠥᠯᠢᠭᠲᠦ ᠳᠠᠪᠤᠰᠤ ᠶ᠋ᠢ ᠵᠠᠭᠤᠪᠠᠯ᠂ ᠲᠡᠷᠡ ᠳᠣᠣᠷ᠎ᠠ ᠨᠢ ᠨᠡᠯᠢᠶᠡᠳ ᠡᠪᠡᠳᠦᠭᠰᠡᠨ ᠴᠦ᠍ ᠠᠭᠠᠵᠢᠮᠳᠠᠭᠠᠨ ᠬᠣᠣᠷᠢ ᠨᠢ ᠳᠠᠷᠤᠵᠤ ᠪᠠᠺᠲᠸᠷᠢ ᠶ᠋ᠢ ᠤᠰᠠᠳᠬᠠᠵᠤ ᠬᠠᠪᠤᠳᠠᠷᠢ ᠨᠠᠮᠳᠠᠭᠤᠯᠳᠠᠭ᠃
4᠂ ᠰᠢᠳᠦ ᠬᠣᠷᠣᠬᠠᠢᠲᠤᠭᠰᠠᠨ ᠡᠴᠡ ᠪᠣᠯᠵᠤ ᠡᠪᠡᠳᠴᠦ ᠪᠠᠢᠪᠠᠯ ᠲᠣᠯᠣᠭᠠᠢ ᠵᠢᠨ ᠣᠷᠣᠢ ᠵᠢᠨ ᠰᠤᠳᠠᠯ ᠪᠤᠶᠤ ᠬᠣᠶᠠᠷ ᠴᠢᠬᠢᠨᠤ ᠠᠷᠤᠳᠠᠬᠢ ᠰᠤᠳᠠᠯᠢ ᠬᠢᠮᠤᠰᠤ ᠪᠡᠷᠢᠶᠡᠨ 3 ᠮᠢᠨᠦ᠋ᠲ ᠳᠠᠷᠤᠨ᠎ᠠ᠃ ᠡᠨᠡ ᠮᠡᠲᠦ ᠪᠡᠷ ᠠᠷᠤ ᠠᠷᠤ ᠡᠴᠡ ᠨᠢ 3 ᠤᠳᠠᠭ᠎ᠠ ᠳᠠᠷᠤᠪᠠᠯ ᠡᠪᠡᠳᠬᠦ ᠨᠢ ᠨᠠᠮᠳᠠᠳᠠᠭ᠃
5᠂ ᠰᠢᠳᠦᠨᠤ ᠡᠪᠡᠳᠴᠢᠨᠳᠦ ᠭᠠᠭᠴᠠ ᠲᠣᠯᠣᠭᠠᠢ ᠰᠠᠷᠢᠮᠰᠠᠭᠢ ᠨᠢᠴᠠᠯᠵᠤ᠂ ᠶᠤᠤᠮᠠᠢ ᠵᠢᠨ ᠭᠤᠯᠢᠷ ᠲᠠᠢ ᠬᠠᠮᠲᠤ ᠰᠢᠩᠭᠡᠨ ᠵᠢᠭᠤᠷᠠᠭᠠᠳ ᠡᠪᠡᠳᠴᠦ ᠪᠠᠢᠭ᠎ᠠ ᠲᠠᠯ᠎ᠠ ᠵᠢᠨ ᠬᠠᠴᠠᠷ ᠳᠡᠭᠡᠷ᠎ᠡ ᠭᠡᠳᠦ ᠤᠳᠠᠭ᠎ᠠ ᠰᠢᠪᠡᠵᠤ ᠨᠠᠭᠠᠪᠠᠯ ᠰᠢᠳᠦ ᠡᠪᠡᠳᠬᠦ ᠨᠢ ᠳᠠᠷᠤᠢ ᠵᠣᠭᠰᠣᠴᠢᠬᠠᠳᠠᠭ᠂ ᠪᠠᠰᠠ ᠠᠷᠢᠬᠢ ᠬᠣᠯᠢᠭ᠍ᠰᠠᠨ ᠴᠦ᠍ ᠪᠣᠯᠣᠨ᠎ᠠ᠃