ᠪᠤᠳᠠ᠎ᠨᠢ ᠵᠢᠮᠢᠰ ( 罗汉果)᠎ᠢ 《 ᠳᠣᠷᠣᠨᠠᠳᠠᠬᠢᠨ᠎ᠤ ᠠᠷᠰᠢ᠎ᠶᠢᠨ ᠵᠢᠮᠢᠰ 》 ᠭᠡᠳᠡᠭ ᠂ ᠲᠡᠷᠡ ᠨᠢ 4 ᠰᠠᠶ᠋ᠢᠨ ᠲᠠᠯ᠎ᠠ᠎ᠲᠠᠢ ᠃
ᠬᠠᠨᠢᠶᠠᠯᠭᠠᠬᠤ᠎ᠶᠢ ᠵᠣᠭᠰᠣᠭᠠᠨ᠎ᠠ ᠄ ᠬᠠᠭᠤᠷᠠᠶ᠎ᠪᠠᠷ ᠬᠠᠨᠢᠶᠠᠯᠭᠠᠬᠤ ᠂ ᠠᠮᠠ ᠬᠠᠲᠠᠬᠤ ᠂ ᠤᠮᠳᠠᠭᠠᠰᠬᠤ ᠵᠡᠷᠭᠡ ᠡᠪ ᠥᠬᠡᠶ ᠡᠪᠡᠳᠴᠢᠨ᠎ᠤ ᠢᠯᠡᠷᠡᠯ ᠰᠢᠨᠵᠢ ᠭᠠᠷᠪᠠᠯ ᠪᠢᠳᠡ ᠠᠷᠰᠢ᠎ᠶᠢᠨ ᠵᠢᠮᠢᠰ᠎ᠢᠶᠠᠷ ᠳᠡᠮᠵᠢᠨ ᠨᠠᠮᠤᠷ᠎ᠤᠨ ᠲᠤᠳᠤᠷ ᠬᠠᠯᠠᠭᠤᠨ ᠢ᠋ ᠪᠠᠭᠤᠯᠠᠭ᠋ᠵᠤ ᠪᠣᠯᠤᠨ᠎ᠠ ᠂ ᠲᠡᠷᠡ᠎ᠨᠢ ᠠᠭᠤᠰᠬᠢ᠎ᠶᠢ ᠴᠡᠪᠡᠷᠯᠡᠵᠦ ᠂ ᠴᠡᠷᠢ ᠠᠷᠢᠯᠭᠠᠵᠤ ᠬᠠᠨᠢᠶᠠᠳᠤ᠎ᠶᠢ ᠵᠣᠭᠰᠣᠭᠠᠬᠤ ᠂ ᠭᠡᠳᠡᠰᠦ᠎ᠶᠢ ᠵᠥᠭᠡᠯᠡᠷᠡᠭᠦᠯᠵᠦ ᠦᠳᠭᠡᠨ ᠮᠦᠷ ᠢ᠋ ᠨᠡᠪᠲᠡᠷᠡᠭᠦᠯᠬᠦ ᠤᠢᠯᠡᠳᠦᠯᠲᠠᠢ ᠶᠤᠮ ᠃
ᠴᠢᠰᠤᠨ ᠰᠢᠬᠢᠷ᠎ᠢ ᠬᠢᠵᠠᠭᠠᠷᠯᠠᠬᠤ ᠳ᠋ᠥ ᠲᠤᠰᠠᠯᠠᠨ᠎ᠠ ᠄ ᠪᠤᠳᠠ᠎ᠨᠢ ᠵᠢᠮᠢᠰ᠎ᠤᠨ ᠰᠢᠬᠢᠷᠴᠡᠨᠢ ᠨᠢᠰᠢᠩᠭᠦ᠎ᠶᠢᠨ ᠰᠢᠬᠢᠷ᠎ᠤᠨ 300 ᠳᠠᠬᠢᠨ ᠪᠠᠢᠳᠠᠭ ᠂ ᠭᠡᠪᠡᠴᠦ ᠲᠡᠷᠡ ᠨᠢ ᠢᠯᠴᠢ ᠡᠭᠦᠰᠭᠡᠬᠦ ᠦᠭᠡᠢ ᠂ ᠪᠠᠶ᠋ᠢᠭᠠᠯᠢ᠎ᠶᠢᠨ ᠰᠢᠬᠢᠷᠯᠢᠭ ᠡᠳ᠋ ᠪᠣᠯᠤᠨ᠎ᠠ ᠃
ᠰᠤᠳᠤᠯᠭᠠᠨ᠎ᠠᠴᠠ ᠂ ᠪᠤᠳᠠ᠎ᠨᠢ ᠵᠢᠮᠢᠰ᠎ᠤᠨ ᠭᠯᠢᠺᠣᠰᠢᠳ᠋᠎ᠨᠢ ᠴᠢᠰᠤᠨ ᠰᠢᠬᠢᠷ᠎ᠢ ᠲᠣᠬᠢᠷᠠᠭᠤᠯᠬᠤ ᠂ ᠥᠭᠡᠬᠦ᠎ᠶᠢ ᠪᠠᠭᠤᠷᠠᠭᠤᠯᠬᠤ ᠂ ᠢᠰᠦᠯᠳᠦᠬᠦ᠎ᠶᠢ ᠡᠰᠡᠷᠭᠦᠴᠡᠬᠦ ᠂ ᠶᠠᠳᠠᠷᠠᠯᠢ ᠡᠰᠡᠷᠭᠦᠴᠡᠬᠦ ᠂ ᠡᠯᠢᠭᠡ᠎ᠶᠢ ᠬᠠᠮᠠᠭᠠᠯᠠᠬᠤ ᠂ ᠠᠭᠤᠰᠬᠢᠨ᠎ᠤ ᠠᠵᠢᠯᠯᠠᠭ᠎ᠠ᠎ᠶᠢ ᠰᠠᠶ᠋ᠢᠵᠢᠷᠠᠭᠤᠯᠬᠤ ᠵᠡᠷᠭᠡ ᠣᠯᠠᠨ ᠵᠤᠢᠯ᠎ᠤᠨ ᠤᠢᠯᠡᠳᠦᠯᠲᠠᠢ ᠪᠠᠢᠳᠠᠭ ᠢ᠋ ᠤᠯᠵᠤ ᠮᠡᠳᠡᠵᠡᠢ ᠃
ᠭᠡᠳᠡᠰᠦ᠎ᠶᠢ ᠵᠥᠭᠡᠯᠡᠷᠡᠭᠦᠯᠵᠦ ᠦᠳᠭᠡᠨ ᠮᠦᠷ ᠢ᠋ ᠨᠡᠪᠲᠡᠷᠡᠭᠦᠯᠤᠨ᠎ᠡ ᠄ ᠪᠤᠳᠠ᠎ᠨᠢ ᠵᠢᠮᠢᠰ ᠲᠤ᠌ ᠬᠣᠭᠣᠯᠠᠨ᠎ᠤ ᠰᠢᠷᠬᠡᠭᠯᠢᠭ ᠶᠡᠬᠡ ᠠᠭᠤᠯᠤᠬ᠍ᠳᠠᠳᠠᠭ ᠪᠣᠯᠬᠣᠷ ᠬᠣᠷᠭᠣᠰᠣᠯᠠᠬᠤ᠎ᠶᠢ ᠨᠠᠮᠳᠠᠭᠠᠬᠤ᠎ᠳᠤ ᠵᠣᠬᠢᠬᠤ ᠲᠤᠰᠠ ᠪᠣᠯᠳᠠᠭ ᠃
ᠦᠯᠦ ᠬᠠᠯᠳᠠᠭᠠᠬᠤ ᠴᠢᠳᠠᠪᠤᠷᠢ᠎ᠶᠢ ᠳᠡᠭᠡᠭᠰᠢᠯᠡᠭᠦᠯᠵᠦ ᠂ ᠬᠢᠮᠤᠷᠠᠭ᠎ᠠ᠎ᠶᠢ ᠤᠷᠢᠳᠴᠢᠯᠠᠨ ᠰᠡᠷᠭᠡᠶ᠋ᠢᠯᠡᠨ᠎ᠡ ᠄ ᠪᠤᠳᠠ᠎ᠨᠢ ᠵᠢᠮᠢᠰ ᠨᠢ ᠰᠢᠮ᠎ᠡ ᠲᠡᠵᠢᠭᠡᠯ ᠵᠢᠨᠷ ᠡᠯᠪᠡᠭ ᠪᠦᠭᠡᠳ ᠨᠡᠭᠦᠷᠡᠰᠦ ᠤᠰᠤᠨ᠎ᠤ ᠨᠢᠭᠡᠳᠪᠦᠷᠢ ᠂ ᠤᠭᠤᠷᠠᠭ ᠂ ᠥᠭᠡᠬᠦ ᠂ ᠸᠢᠲ᠋ᠠᠮᠢᠨ ᠂ ᠡᠷᠦᠳᠡᠰᠦ ᠂ ᠣᠯᠠᠨ ᠰᠢᠬᠢᠷ᠎ᠤᠨ ᠲᠥᠷᠥᠯ ᠪᠠ ᠰᠢᠬᠢᠷ᠎ᠤᠨ ᠲᠥᠷᠥᠯ ᠵᠡᠷᠭᠡ ᠣᠯᠠᠨ ᠵᠤᠢᠯ᠎ᠤᠨ ᠰᠢᠮ᠎ᠡ ᠲᠡᠵᠢᠭᠡᠯ᠎ᠤᠨ ᠡᠯᠧᠮᠧᠨ᠋ᠲ ᠠᠭᠤᠯᠵᠤ ᠪᠠᠶ᠋ᠢᠳᠠᠭ ᠃