ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠴᠠᠬᠢᠮ ᠰᠣᠷᠪᠣᠯᠵᠢᠯᠠᠭ᠎ᠠ   -   ᠬᠠᠮᠲᠣ᠎ᠶᠢᠨ ᠴᠣᠭᠴᠠ᠎ᠶᠢᠨ ᠣᠬᠠᠮᠰᠠᠷ
ᠦᠨᠳᠦᠰᠦᠨ ᠬᠠᠤᠯᠢ ᠶᠣᠰᠣᠭ᠋ᠠᠷ ᠬᠠᠤᠯᠢ ᠲᠣᠭᠲᠠᠭ᠋ᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠳᠦᠷᠢᠮ ᠲᠣᠭᠲᠠᠴᠠ ᠵᠢ ᠪᠦᠷᠢᠨᠰᠢᠭᠦᠯᠦᠨ᠎ᠡ
ᠨᠡᠶ᠋ᠢᠲᠡᠯᠡᠭᠰᠡᠨ ᠴᠠᠭ᠄ 2025-02-26

    ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠢ ᠬᠦᠳᠦᠯᠦᠨ ᠵᠢᠯᠣᠭᠣᠳᠴᠤ ᠪᠠᠶ᠋ᠢᠭ᠋ᠠᠳ ᠤᠯᠤᠰ ᠣᠷᠣᠨ᠎ᠤ ᠤᠬᠠᠮᠰᠠᠷ᠂ ᠠᠷᠠᠳ ᠢᠷᠭᠡᠨ᠎ᠤ ᠤᠬᠠᠮᠰᠠᠷ᠂ ᠬᠠᠤᠯᠢ᠎ᠪᠠᠷ ᠵᠠᠰᠠᠬᠤ ᠤᠬᠠᠮᠰᠠᠷ᠎ᠢ᠎ᠨᠢ ᠴᠢᠩᠭ᠋ᠠᠳᠬᠠᠬᠤ ᠪᠣᠯ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠲᠦᠯᠬᠢᠨ ᠠᠬᠢᠭᠤᠯᠬᠤ ᠵᠢᠨ ᠴᠢᠬᠤᠯᠠ ᠠᠭᠤᠯᠭ᠎ᠠ ᠮᠥᠨ᠃ ᠨᠠᠮ᠎ᠤᠨ ᠬᠣᠷᠢᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠭᠤᠷᠪᠠᠳᠤᠭ᠋ᠠᠷ ᠪᠥᠬᠥᠳᠡ ᠬᠤᠷᠠᠯ᠎ᠠᠴᠠ ᠬᠢᠨᠠᠨ ᠶᠠᠷᠢᠯᠴᠠᠵᠤ ᠪᠠᠲᠤᠯᠠᠭᠰᠠᠨ 《ᠥᠭᠡᠷᠡᠴᠢᠯᠡᠯᠲᠡ ᠵᠢ ᠤᠯᠠᠮ ᠨᠢᠭᠡ ᠠᠯᠬᠤᠮ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠵᠦ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠠᠬᠢᠭᠤᠯᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠲᠣᠭᠲᠠᠭ᠋ᠠᠯ》᠎ᠳᠤ᠂ 《ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠬᠠᠤᠯᠢ ᠵᠢ ᠲᠣᠭᠲᠠᠭ᠋ᠠᠨ᠎ᠠ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠳᠦᠷᠢᠮ ᠲᠣᠭᠲᠠᠴᠠ ᠵᠢ ᠪᠦᠷᠢᠨᠰᠢᠭᠦᠯᠦᠨ᠎ᠡ᠂ ᠳᠤᠮᠳᠠᠳᠤ ᠵᠢᠨ ᠦᠨᠳᠦᠰᠦᠲᠡᠨ᠎ᠤ ᠨᠢᠭᠲᠠᠷᠠᠯ᠎ᠤᠨ ᠬᠦᠴᠦᠨ᠎ᠢ ᠴᠢᠩᠭ᠋ᠠᠷᠠᠭᠤᠯᠤᠨ᠎ᠠ》᠂ ᠡᠭᠦᠨ᠎ᠤ ᠬᠠᠮᠲᠤ 《ᠦᠨᠳᠦᠰᠦᠨ ᠬᠠᠤᠯᠢ᠎ᠪᠠᠷ ᠭᠣᠣᠯ ᠪᠣᠯᠭ᠋ᠠᠭᠰᠠᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠬᠠᠤᠯᠢ ᠴᠠᠭ᠋ᠠᠵᠠ ᠵᠢᠨ ᠰᠢᠰᠲ᠋ᠧᠮ᠎ᠢ ᠲᠡᠭᠦᠯᠳᠡᠷᠵᠢᠭᠦᠯᠦᠨ᠎ᠡ᠂ ᠦᠨᠳᠦᠰᠦᠨ ᠬᠠᠤᠯᠢ ᠵᠢ ᠪᠦᠬᠦ ᠲᠠᠯ᠎ᠠ᠎ᠪᠠᠷ ᠬᠡᠷᠡᠭᠵᠢᠭᠦᠯᠬᠦ ᠵᠢ ᠪᠠᠲᠤᠯᠠᠬᠤ ᠳᠦᠷᠢᠮ᠎ᠤᠨ ᠰᠢᠰᠲ᠋ᠧᠮ᠎ᠢ ᠪᠦᠷᠢᠨᠰᠢᠬᠦᠯᠦᠨ᠎ᠠ᠂ ᠦᠨᠳᠦᠰᠦᠨ ᠬᠠᠤᠯᠢ ᠵᠢ ᠬᠡᠷᠡᠭᠵᠢᠭᠦᠯᠦᠭᠰᠡᠨ ᠪᠠᠶ᠋ᠢᠳᠠᠯ᠎ᠢ ᠮᠡᠳᠡᠭᠦᠯᠬᠦ ᠲᠦᠷᠢᠮ᠎ᠢ ᠪᠠᠶ᠋ᠢᠭᠤᠯᠤᠨ᠎ᠠ》᠂ 《ᠬᠠᠤᠯᠢ ᠲᠣᠭᠲᠠᠭ᠋ᠠᠬᠤ ᠵᠠᠰᠠᠪᠤᠷᠢ ᠣᠷᠣᠭᠤᠯᠬᠤ ᠬᠦᠴᠦᠨ ᠦᠭᠡᠢ ᠪᠣᠯᠭ᠋ᠠᠬᠤ ᠲᠠᠶ᠋ᠢᠯᠪᠤᠷᠢᠯᠠᠯᠲᠠ ᠵᠢ ᠨᠢᠭᠡᠳᠦᠯᠲᠡᠢ ᠲᠥᠯᠥᠪᠵᠢᠭᠦᠯᠦᠨ᠎ᠡ᠂ ᠭᠤᠤᠯᠳᠠᠯᠭ᠎ᠠ᠎ᠲᠠᠢ ᠬᠦᠷᠢᠶ᠎ᠡ ᠴᠠᠷᠠᠭ᠎ᠠ ᠵᠢ ᠴᠢᠩᠭ᠋ᠠᠳᠬᠠᠨ᠎ᠠ᠂ ᠰᠢᠨ᠎ᠡ᠎ᠪᠠᠷ ᠬᠥᠭᠵᠢᠭᠰᠡᠨ ᠬᠦᠷᠢᠶ᠎ᠡ᠂ ᠭᠠᠳᠠᠭ᠋ᠠᠳᠤ᠎ᠳᠤ ᠬᠣᠯᠪᠣᠭᠳᠠᠬᠤ ᠬᠦᠷᠢᠶᠡᠨ᠎ᠳᠠᠬᠢ ᠬᠠᠤᠯᠢ ᠲᠣᠭᠲᠠᠭ᠋ᠠᠯᠲᠠ᠂ ᠦᠨᠳᠦᠰᠦᠨ ᠬᠠᠤᠯᠢ᠎ᠳᠤ ᠨᠡᠶ᠋ᠢᠴᠡᠬᠦ ᠴᠢᠨᠠᠷ᠎ᠤᠨ ᠬᠢᠨᠠᠨ ᠪᠠᠶ᠋ᠢᠴᠠᠭ᠋ᠠᠯᠲᠠ ᠵᠢ ᠲᠡᠭᠦᠯᠳᠡᠷᠵᠢᠭᠦᠯᠦᠨ᠎ᠡ᠂ ᠳᠠᠩᠰᠠᠯᠠᠵᠤ ᠬᠢᠨᠠᠨ ᠪᠠᠶ᠋ᠢᠴᠠᠭ᠋ᠠᠬᠤ ᠳᠦᠷᠢᠮ᠂ ᠬᠠᠤᠯᠢ ᠲᠣᠭᠲᠠᠭ᠋ᠠᠬᠤ ᠶᠠᠰᠤ ᠴᠢᠨᠠᠷ᠎ᠢ ᠳᠡᠭᠡᠭᠰᠢᠯᠡᠭᠦᠯᠦᠨ᠎ᠡ》᠃ 2024 ᠣᠨ᠎ᠤ 9 ᠰᠠᠷ᠎ᠠ᠎ᠳᠤ ᠬᠤᠷᠠᠯᠳᠤᠭᠰᠠᠨ ᠪᠥᠬᠥ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠬᠥᠬᠢᠭᠦᠯᠦᠨ ᠰᠠᠶ᠋ᠢᠰᠢᠶᠠᠬᠤ ᠶᠡᠬᠡ ᠬᠤᠷᠠᠯ᠎ᠠᠴᠠ᠂ 《ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠣᠭ᠋ᠠᠷ ᠵᠠᠰᠠᠵᠤ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠴᠢᠳᠠᠪᠤᠷᠢ ᠪᠠ ᠲᠦᠪᠰᠢᠨ᠎ᠢ ᠲᠠᠰᠤᠷᠠᠯᠲᠠ ᠥᠬᠡᠶ ᠳᠡᠭᠡᠭᠰᠢᠯᠡᠭᠦᠯᠬᠦ ᠬᠡᠷᠡᠭᠲᠡᠶ᠃ ᠡᠨᠳᠡ ᠬᠡᠯᠡᠵᠦ ᠪᠠᠶ᠋ᠢᠭ᠎ᠠ 《ᠬᠠᠤᠯᠢ ᠶᠣᠰᠣᠭ᠋ᠠᠷ》 ᠭᠡᠳᠡᠭ᠎ᠤᠨ ᠬᠠᠮᠤᠭ᠎ᠤᠨ ᠦᠨᠳᠦᠰᠦᠨ ᠵᠦᠢ᠍ᠯ ᠪᠣᠯ ᠳᠠᠷᠤᠢ ᠦᠨᠳᠦᠰᠦᠨ ᠬᠠᠤᠯᠢ ᠵᠢ ᠦᠨᠳᠦᠰᠦᠯᠡᠬᠦ ᠶᠠᠪᠤᠳᠠᠯ ᠪᠣᠯᠤᠨ᠎ᠠ᠃ ᠦᠨᠳᠦᠰᠦᠨ ᠬᠠᠤᠯᠢ ᠶᠣᠰᠣᠭ᠋ᠠᠷ ᠬᠠᠤᠯᠢ ᠲᠣᠭᠲᠠᠭ᠋ᠠᠬᠤ ᠵᠠᠷᠴᠢᠮ᠎ᠢ ᠲᠤᠭᠤᠰᠢᠯᠠᠭᠤᠯᠵᠤ᠂ ᠦᠨᠳᠦᠰᠦᠨ ᠬᠠᠤᠯᠢ᠎ᠳᠤ ᠨᠡᠶ᠋ᠢᠴᠡᠬᠦ ᠡᠰᠡᠬᠦ ᠵᠢ ᠬᠢᠨᠠᠨ ᠪᠠᠶ᠋ᠢᠴᠠᠭ᠋ᠠᠬᠤ᠂ ᠲᠠᠨᠭ᠌ᠰᠠᠯᠠᠵᠤ ᠬᠢᠨᠠᠨ ᠪᠠᠶ᠋ᠢᠴᠠᠭ᠋ᠠᠬᠤ ᠲᠦᠷᠢᠮ᠎ᠢ ᠲᠡᠭᠦᠯᠳᠡᠷᠵᠢᠭᠦᠯᠦᠨ᠂ ᠦᠨᠳᠦᠰᠦᠲᠡᠨ᠎ᠤ ᠲᠦᠷᠦ ᠵᠢᠨ ᠪᠤᠳᠤᠯᠭ᠎ᠠ ᠪᠠ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠰᠢᠰᠲ᠋ᠧᠮ᠎ᠢ ᠪᠦᠷᠢᠨᠰᠢᠬᠦᠯᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠬᠤ ᠠᠬᠢᠴᠠ ᠳᠤᠮᠳᠠ᠂ ᠤᠯᠤᠰ ᠣᠷᠣᠨ᠎ᠤ ᠤᠬᠠᠮᠰᠠᠷ᠂ ᠠᠷᠠᠳ ᠢᠷᠭᠡᠨ᠎ᠤ ᠤᠬᠠᠮᠰᠠᠷ᠂ ᠬᠠᠤᠯᠢ᠎ᠪᠠᠷ ᠵᠠᠰᠠᠬᠤ ᠤᠬᠠᠮᠰᠠᠷ᠎ᠤᠨ ᠨᠢᠭᠡᠳᠦᠯᠲᠦ ᠴᠢᠨᠠᠷ ᠪᠠ ᠵᠢᠷᠤᠮᠵᠢᠯ᠎ᠤᠨ ᠴᠢᠨᠠᠷ᠎ᠢ ᠴᠢᠩᠭ᠋ᠠᠳᠬᠠᠬᠤ ᠬᠡᠷᠡᠭᠲᠡᠢ᠃
     ᠤᠯᠤᠰ᠎ᠤᠨ ᠤᠬᠠᠮᠰᠠᠷ ᠵᠶ᠋ᠠᠨ ᠴᠢᠩᠭ᠋ᠠᠳᠬᠠᠨ᠎ᠠ᠄ ᠦᠨᠳᠦᠰᠦᠨ ᠬᠠᠤᠯᠢ᠎ᠳᠤ 《ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠦᠨ᠎ᠡ》 ᠭᠡᠵᠦ ᠲᠣᠳᠣᠷᠬᠠᠢ ᠳᠤᠷᠠᠳᠴᠤ᠂ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢᠨ ᠭᠣᠣᠯ ᠬᠠᠷᠠᠯᠲᠠ ᠵᠢ ᠲᠣᠳᠣᠷᠬᠠᠢ ᠵᠢᠭ᠋ᠠᠵᠤ ᠭᠠᠷᠭ᠋ᠠᠪᠠ

    ᠤᠯᠤᠰ᠎ᠤᠨ ᠤᠬᠠᠮᠰᠠᠷ ᠪᠣᠯ ᠠᠷᠠᠳ ᠢᠷᠭᠡᠨ᠎ᠤ ᠬᠠᠷᠢᠶᠠᠯᠠᠭᠳᠠᠬᠤ ᠤᠯᠤᠰ ᠎ᠳᠠᠭᠠᠨ ᠬᠠᠷᠢᠶᠠᠯᠠᠭᠳᠠᠬᠤ ᠰᠡᠳᠬᠢᠯᠭᠡ᠂ ᠮᠡᠳᠡᠷᠡᠬᠦ ᠰᠡᠳᠬᠢᠯᠭᠡ ᠮᠥᠨ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠴᠢᠭᠯᠡᠯ᠎ᠢ ᠪᠠᠲᠤ ᠴᠣᠭᠴᠠᠯᠠᠬᠤ ᠤᠯᠤᠰ᠎ᠤᠨ ᠤᠬᠠᠮᠰᠠᠷ ᠭᠡᠳᠡᠭ᠎ᠨᠢ ᠭᠣᠣᠯᠳᠠᠭᠤ ᠴᠢᠰᠤᠨ ᠰᠦᠯᠪᠡᠭᠡ ᠠᠭᠤᠰᠤᠯᠴᠠᠭᠰᠠᠨ᠂ ᠢᠲᠡᠭᠡᠯ ᠪᠢᠰᠢᠷᠡᠯ ᠠᠳᠠᠯᠢ᠂ ᠰᠣᠶᠣᠯ ᠨᠡᠪᠲᠡᠷᠡᠯᠴᠡᠭᠰᠡᠨ᠂ ᠠᠵᠤ ᠠᠬᠤᠢ ᠬᠠᠷᠢᠯᠴᠠᠨ ᠲᠦᠰᠢᠯᠴᠡᠭᠰᠡᠨ᠂ ᠬᠠᠶ᠋ᠢᠷ᠎ᠠ ᠰᠡᠳᠬᠢᠯᠭᠡ ᠬᠠᠷᠢᠯᠴᠠᠨ ᠳᠣᠲᠣᠨᠣ ᠪᠣᠯᠤᠭᠰᠠᠨ ᠵᠡᠷᠭᠡ ᠨᠡᠶ᠋ᠢᠲᠡᠯᠢᠭ ᠴᠢᠨᠠᠷᠲᠠᠢ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠲᠠᠰᠤᠷᠠᠯᠳᠡ ᠦᠭᠡᠢ ᠳᠣᠲᠣᠭ᠋ᠠᠳᠤ᠎ᠳᠠᠭᠠᠨ ᠡᠭᠦᠰᠦᠭᠰᠡᠨ 《ᠶᠡᠬᠡ ᠭᠡᠷ ᠪᠦᠯᠢ》 ᠎ᠳᠡᠭᠡᠨ ᠬᠣᠷᠭᠣᠳᠠᠬᠤ ᠰᠡᠳᠬᠢᠯᠭᠡ᠂ ᠤᠯᠤᠰ᠎ᠤᠨ ᠡᠷᠬᠡ ᠮᠡᠳᠡᠯ ᠵᠣᠭᠰᠣᠯᠲᠠ᠂ ᠲᠡᠦᠬᠡ ᠵᠢᠨ ᠢᠲᠡᠭᠡᠯ᠂ ᠪᠡᠶ᠎ᠡ ᠵᠢᠨ ᠭᠠᠷᠤᠯ᠎ᠤᠨ ᠮᠡᠳᠡᠷᠡᠮᠵᠢ᠂ ᠤᠶᠤᠨ ᠰᠠᠨᠠᠭ᠋ᠠᠨ᠎ᠤ ᠬᠠᠷᠢᠶᠠᠯᠠᠯ ᠵᠢᠴᠢ ᠠᠵᠢᠯᠯᠠᠭ᠎ᠠ ᠵᠢᠨ ᠴᠢᠭᠯᠡᠯ ᠵᠡᠷᠭᠡ ᠤᠯᠠᠨ ᠲᠠᠯᠠᠲᠤ ᠣᠶ᠋ᠢᠯᠠᠭ᠋ᠠᠭᠳᠠᠬᠤᠨ᠎ᠤ ᠶᠡᠷᠦᠩᠬᠡᠶ᠋ᠢᠯᠡᠭᠰᠡᠨ ᠪᠠᠶ᠋ᠢᠳᠠᠯ᠎ᠢ ᠵᠢᠭ᠋ᠠᠵᠤ ᠪᠠᠶ᠋ᠢᠨ᠎ᠠ᠃
     ᠤᠯᠤᠰ᠎ᠤᠨ ᠤᠬᠠᠮᠰᠠᠷ ᠵᠶ᠋ᠠᠨ ᠴᠢᠩᠭ᠋ᠠᠳᠬᠠᠬᠤ᠎ᠳᠤ ᠬᠠᠮᠲᠤ ᠵᠢᠨ ᠥᠷᠲᠡᠭ᠎ᠤᠨ ᠬᠦᠰᠡᠯᠡᠩ ᠪᠠ ᠪᠣᠳᠠᠲᠠᠶ ᠠᠴᠢᠶᠠᠯᠠᠬᠤ ᠪᠡᠶᠡᠴᠢ ᠴᠣᠭᠴᠠ ᠵᠢ ᠲᠣᠳᠣᠷᠬᠠᠶ᠋ᠢᠯᠠᠬᠤ ᠴᠢᠬᠤᠯᠠᠲᠠᠶ᠃ 《ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ》 ᠵᠢ ᠨᠠᠮ᠎ᠤᠨ ᠲᠦᠷᠢᠮ ᠪᠠ ᠦᠨᠳᠦᠰᠦᠨ ᠬᠠᠤᠯᠢ᠎ᠳᠤ ᠪᠢᠴᠢᠵᠦ ᠣᠷᠣᠭᠤᠯᠤᠭᠰᠠᠨ᠎ᠨᠢ ᠤᠯᠤᠰ᠎ᠠᠴᠠ ᠲᠦᠷᠦ ᠵᠢᠨ ᠨᠠᠮ ᠪᠠ ᠦᠨᠳᠦᠰᠦᠨ ᠬᠠᠤᠯᠢ ᠭᠡᠬᠦ ᠬᠣᠶᠠᠷ ᠳᠠᠪᠬᠤᠷᠭ᠎ᠠ᠎ᠳᠤ ᠳᠤᠮᠳᠠᠳᠤ ᠵᠢᠨ ᠦᠨᠳᠦᠰᠦᠲᠡᠨ᠎ᠤ ᠶᠡᠬᠡ ᠪᠦᠯᠬᠦᠮᠳᠡᠯ᠎ᠤᠨ ᠵᠠᠷᠴᠢᠮ᠎ᠢ ᠲᠣᠳᠣᠷᠬᠠᠶ᠋ᠢᠯᠠᠵᠤ᠂ 《ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ》᠎ᠨᠢ ᠳᠠᠪᠬᠤᠷ ᠬᠠᠮᠤᠭ᠎ᠤᠨ ᠳᠡᠭᠡᠳᠦ ᠵᠢᠷᠤᠮᠵᠢᠯ᠎ᠤᠨ ᠠᠴᠢ ᠬᠣᠯᠪᠣᠭᠳᠠᠯ᠎ᠲᠠᠢ ᠪᠣᠯᠤᠭᠰᠠᠨ᠎ᠢ ᠬᠠᠷᠠᠭᠤᠯᠵᠤ᠂ ᠪᠠᠰᠠ ᠡᠯ᠎ᠡ ᠦᠨᠳᠦᠰᠦᠲᠡᠨ᠎ᠤ ᠠᠷᠠᠳ ᠲᠦᠮᠡᠨ᠎ᠤ ᠤᠯᠤᠰ᠎ᠤᠨ ᠪᠦᠳᠦᠭᠡᠨ ᠪᠠᠶ᠋ᠢᠭᠤᠯᠤᠯᠲᠠ ᠵᠢᠨ ᠲᠤᠬᠠᠢ ᠬᠠᠮᠲᠤ ᠵᠢᠨ ᠬᠦᠰᠡᠯᠡᠩ᠎ᠢ ᠢᠯᠡᠳᠬᠡᠭᠰᠡᠨ ᠪᠠᠶ᠋ᠢᠨ᠎ᠠ᠃ ᠦᠨᠳᠦᠰᠦᠨ ᠬᠠᠤᠯᠢ ᠵᠢᠨ ᠣᠷᠣᠰᠢᠯ᠎ᠳᠤ 《ᠪᠦᠯᠬᠦᠮᠳᠡᠵᠦ ᠪᠣᠯᠬᠤ ᠬᠦᠴᠦᠨ ᠪᠦᠬᠦᠨ᠎ᠲᠠᠢ ᠪᠦᠯᠬᠦᠮᠳᠡᠵᠦ》᠂ ᠥᠷᠭᠡᠨ ᠳᠡᠯᠭᠡᠷ ᠡᠭᠡ ᠣᠷᠣᠨᠴᠢ ᠨᠢᠭᠡᠳᠦᠮᠡᠯ ᠹᠷᠣᠨᠲ᠎ᠢ ᠪᠡᠬᠢᠵᠢᠭᠦᠯᠦᠨ ᠬᠥᠭᠵᠢᠭᠦᠯᠵᠦ᠂ ᠤᠯᠤᠰ ᠣᠷᠣᠨ᠎ᠤ ᠦᠵᠡᠯ ᠤᠬᠠᠮᠰᠠᠷ᠎ᠤᠨ ᠠᠴᠢᠶᠠᠯᠠᠬᠤ ᠪᠡᠶᠡᠴᠢ ᠴᠣᠭᠴᠠ ᠪᠠ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ ᠡᠭᠦᠷᠭᠡ ᠵᠢᠨ ᠪᠡᠶᠡᠴᠢ ᠴᠣᠭᠴᠠ᠂ ᠤᠯᠤᠰ ᠣᠷᠣᠨ᠎ᠤ ᠦᠵᠡᠯ ᠤᠬᠠᠮᠰᠠᠷ᠎ᠲᠤ ᠪᠠᠭᠲᠠᠵᠤ ᠪᠠᠶ᠋ᠢᠭ᠎ᠠ ᠡᠭᠡ ᠣᠷᠣᠨ᠎ᠤ ᠨᠢᠭᠡᠳᠦᠯ᠎ᠢ ᠬᠠᠮᠠᠭ᠋ᠠᠯᠠᠬᠤ᠂ ᠤᠯᠤᠰ ᠣᠷᠣᠨ᠎ᠤ ᠬᠠᠮᠲᠤ ᠵᠢᠨ ᠲᠠᠨᠢᠯᠲᠠ ᠵᠢ ᠴᠢᠩᠭ᠋ᠠᠳᠬᠠᠬᠤ᠂ ᠡᠭᠡ ᠣᠷᠣᠨᠴᠢ ᠦᠵᠡᠯ᠎ᠤᠨ ᠵᠣᠷᠢᠭ ᠰᠠᠨᠠᠭ᠎ᠠ ᠵᠢ ᠪᠠᠳᠠᠷᠠᠭᠤᠯᠬᠤ ᠶᠠᠪᠤᠳᠠᠯ᠎ᠢ ᠲᠣᠳᠣᠷᠬᠠᠢ ᠪᠣᠯᠭ᠋ᠠᠭᠰᠠᠨ ᠪᠥᠭᠡᠳ ᠡᠭᠦᠨ᠎ᠤ ᠤᠯᠠᠮ᠎ᠠᠴᠠ ᠲᠡᠭᠦᠨ᠎ᠢ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ ᠦᠵᠡᠯ ᠰᠠᠨᠠᠭ᠎ᠠ ᠤᠯᠤᠰ ᠲᠦᠷᠦ ᠵᠢᠨ ᠰᠠᠭᠤᠷᠢ ᠪᠣᠯᠭ᠋ᠠᠨ ᠳᠡᠭᠡᠭᠰᠢᠯᠡᠭᠦᠯᠦᠭᠰᠡᠨ ᠪᠠᠶ᠋ᠢᠨ᠎ᠠ᠃
     ᠤᠯᠤᠰ᠎ᠤᠨ ᠤᠬᠠᠮᠰᠠᠷ ᠵᠶ᠋ᠠᠨ ᠴᠢᠩᠭ᠋ᠠᠳᠬᠠᠬᠤ᠎ᠳᠤ ᠦᠨᠳᠦᠰᠦᠨ ᠬᠠᠤᠯᠢ ᠵᠢᠨ ᠪᠠᠲᠤᠯᠠᠭ᠎ᠠ ᠵᠢ ᠴᠢᠩᠭ᠋ᠠᠳᠬᠠᠬᠤ ᠴᠢᠬᠤᠯᠠᠲᠠᠢ᠃ ᠤᠯᠤᠰ ᠣᠷᠣᠨ᠎ᠤ ᠨᠢᠭᠡᠳᠦᠯ ᠪᠠ ᠦᠨᠳᠦᠰᠦᠲᠡᠨ᠎ᠤ ᠪᠦᠯᠬᠦᠮᠳᠡᠯ᠎ᠢ ᠬᠠᠮᠠᠭ᠋ᠠᠯᠠᠬᠤ᠎ᠨᠢ ᠤᠯᠤᠰ ᠣᠷᠣᠨ᠎ᠤ ᠤᠬᠠᠮᠰᠠᠷ ᠪᠣᠯᠤᠭᠰᠠᠨ᠎ᠤ ᠤᠷᠢᠲᠠᠯ ᠮᠥᠨ᠂ ᠪᠠᠰᠠ ᠴᠤ᠌ ᠤᠯᠠᠨ ᠦᠨᠳᠦᠰᠦᠲᠡᠨ᠎ᠲᠠᠢ ᠨᠢᠭᠡᠳᠦᠭᠰᠡᠨ ᠤᠯᠤᠰ᠎ᠤᠨ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠣᠭ᠋ᠠᠷ ᠵᠠᠰᠠᠬᠤ᠂ ᠠᠷᠠᠳ ᠢᠷᠭᠡᠨ᠎ᠤ ᠬᠠᠤᠯᠢ ᠶᠣᠰᠣᠨ᠎ᠤ ᠡᠷᠬᠡ ᠠᠰᠢᠭ᠎ᠢ ᠬᠠᠮᠠᠭ᠋ᠠᠯᠠᠬᠤ᠂ ᠠᠷᠠᠳ ᠢᠷᠭᠡᠨ᠎ᠤ ᠤᠯᠤᠰ ᠣᠷᠣᠨ᠎ᠤ ᠵᠥᠪᠰᠢᠶᠡᠷᠡᠯ᠎ᠢ ᠨᠡᠮᠡᠭᠳᠡᠭᠦᠯᠬᠦ ᠬᠠᠷᠠᠯᠲᠠ ᠪᠠ ᠬᠠᠤᠯᠢ᠎ᠪᠠᠷ ᠵᠠᠰᠠᠬᠤ ᠵᠠᠷᠴᠢᠮ ᠮᠥᠨ᠂ ᠦᠨᠳᠦᠰᠦᠨ ᠬᠠᠤᠯᠢ᠎ᠨᠢ ᠲᠡᠭᠦᠨ᠎ᠳᠤ ᠪᠣᠳᠠᠲᠠᠢ ᠵᠢᠷᠤᠮᠵᠢᠯ᠎ᠤᠨ ᠴᠢᠨᠠᠷᠲᠠᠢ ᠪᠠᠲᠤᠯᠠᠭ᠎ᠠ ᠬᠠᠩᠭ᠋ᠠᠵᠤ᠂ ᠠᠷᠠᠳ ᠢᠷᠭᠡᠨ᠎ᠤ ᠡᠭᠦᠷᠭᠡᠯᠡᠵᠦ ᠪᠠᠶ᠋ᠢᠭ᠎ᠠ ᠶᠠᠮᠠᠷᠪᠠ ᠦᠨᠳᠦᠰᠦᠲᠡᠨ᠎ᠢ ᠭᠠᠳᠠᠭᠤᠷᠴᠢᠯᠠᠬᠤ ᠪᠠ ᠳᠠᠷᠤᠯᠠᠬᠤ ᠵᠢ ᠴᠠᠭ᠋ᠠᠵᠠᠯᠠᠬᠤ᠂ ᠦᠨᠳᠦᠰᠦᠲᠡᠨ᠎ᠤ ᠪᠦᠯᠬᠦᠮᠳᠡᠯ᠎ᠢ ᠡᠪᠳᠡᠬᠦ ᠪᠠ ᠦᠨᠳᠦᠰᠦᠲᠡᠨ᠎ᠤ ᠬᠠᠭ᠋ᠠᠴᠠᠯ ᠭᠠᠷᠭ᠋ᠠᠬᠤ ᠦᠢ᠍ᠯᠡ ᠠᠵᠢᠯᠯᠠᠭ᠎ᠠ ᠵᠢ ᠴᠠᠭ᠋ᠠᠵᠠᠯᠠᠬᠤ ᠵᠡᠷᠭᠡ ᠡᠭᠦᠷᠭᠡ ᠵᠢ ᠲᠣᠳᠣᠷᠬᠠᠶ᠋ᠢᠯᠠᠪᠠ᠃
     ᠠᠷᠠᠳ ᠢᠷᠭᠡᠳ᠎ᠤᠨ ᠤᠬᠠᠮᠰᠠᠷ᠎ᠢ ᠴᠢᠩᠭ᠋ᠠᠳᠬᠠᠨ᠎ᠠ᠄ ᠦᠨᠳᠦᠰᠦᠨ ᠬᠠᠤᠯᠢ᠎ᠳᠤ ᠠᠯᠢᠪᠠ ᠡᠷᠬᠡ ᠠᠷᠠᠳ ᠲᠦᠮᠡᠨ᠎ᠤ᠎ᠬᠢ ᠭᠡᠵᠦ ᠲᠣᠭᠲᠠᠭ᠋ᠠᠵᠤ᠂ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢᠨ ᠪᠦᠯᠬᠦᠮᠳᠡᠯ᠎ᠤᠨ ᠬᠣᠯᠪᠣᠭ᠋ᠠᠰᠤ ᠵᠢ ᠨᠢᠭᠲᠠᠷᠠᠭᠤᠯᠪᠠ

    ᠠᠷᠠᠳ ᠢᠷᠭᠡᠨ᠎ᠤ ᠤᠬᠠᠮᠰᠠᠷ ᠭᠡᠳᠡᠭ᠎ᠨᠢ ᠭᠣᠣᠯᠳᠠᠭᠤ ᠨᠡᠶ᠋ᠢᠭᠡᠮ᠎ᠤᠨ ᠪᠦᠷᠢᠯᠳᠦᠬᠦᠨ᠎ᠤ ᠥᠪᠡᠷ᠎ᠤᠨ ᠪᠡᠶ᠎ᠡ ᠪᠠ ᠪᠤᠰᠤᠳ᠎ᠤᠨ ᠠᠷᠠᠳ ᠢᠷᠭᠡᠨ᠎ᠤ ᠬᠢᠷᠢ ᠬᠡᠮ ᠵᠢᠴᠢ ᠲᠡᠭᠦᠨ᠎ᠤ ᠦᠷᠳᠡᠭ᠎ᠢ ᠣᠶ᠋ᠢᠯᠠᠭ᠋ᠠᠵᠤ ᠮᠡᠳᠡᠷᠡᠬᠦ ᠵᠢ ᠵᠢᠭ᠋ᠠᠵᠤ ᠪᠠᠶ᠋ᠢᠨ᠎ᠠ᠃ ᠤᠳᠤ ᠦᠶ᠎ᠡ ᠵᠢᠨ ᠴᠢᠨᠠᠷᠲᠠᠢ ᠠᠷᠠᠳ ᠢᠷᠭᠡᠨ᠎ᠤ ᠤᠬᠠᠮᠰᠠᠷ ᠭᠡᠳᠡᠭ᠎ᠨᠢ ᠭᠣᠣᠯᠳᠠᠭᠤ ᠦᠨᠳᠦᠰᠦᠲᠡᠨ᠎ᠨᠦᠭᠦᠳ᠎ᠤᠨ ᠠᠷᠠᠳ ᠢᠷᠭᠡᠨ᠎ᠤ ᠠᠷᠠᠳᠴᠢᠯᠠᠯ ᠬᠠᠤᠯᠢ᠎ᠪᠠᠷ ᠵᠠᠰᠠᠬᠤ ᠪᠠᠶ᠋ᠢᠭᠤᠯᠤᠯᠲᠠ ᠵᠢᠨ ᠶᠠᠪᠤᠴᠠ᠎ᠳᠤ᠂ ᠪᠡᠶᠡᠴᠢ ᠴᠣᠭᠴᠠ ᠵᠢᠨ ᠪᠡᠶ᠎ᠡ ᠬᠡᠮ᠎ᠤᠨ ᠬᠠᠷᠢᠴᠠᠭ᠎ᠠ ᠪᠠ ᠤᠯᠤᠰ᠎ᠤᠨ ᠤᠯᠤᠰ ᠲᠦᠷᠦ ᠵᠢᠨ ᠮᠡᠳᠡᠷᠡᠮᠵᠢ᠎ᠳᠤ ᠰᠠᠭᠤᠷᠢᠯᠠᠨ᠂ ᠦᠨᠳᠦᠰᠦᠨ ᠬᠠᠤᠯᠢ᠎ᠠᠴᠠ ᠣᠯᠭᠣᠭᠰᠠᠨ ᠡᠷᠬᠡ ᠵᠢ ᠬᠡᠷᠡᠭᠵᠢᠭᠦᠯᠵᠦ᠂ ᠦᠨᠳᠦᠰᠦᠨ ᠬᠠᠤᠯᠢ᠎ᠳᠤ ᠲᠣᠭᠲᠠᠭ᠋ᠠᠭᠰᠠᠨ ᠡᠭᠦᠷᠭᠡ ᠵᠢ ᠭᠦᠢ᠍ᠴᠡᠳᠬᠡᠬᠦ ᠡᠷᠬᠡ ᠬᠠᠷᠢᠭᠤᠴᠠᠯᠭ᠎ᠠ ᠵᠢ ᠨᠢᠭᠡᠳᠬᠡᠭᠰᠡᠨ ᠡᠵᠡᠨ ᠬᠥᠮᠦᠨ᠎ᠤ ᠤᠬᠠᠮᠰᠠᠷ᠎ᠢ ᠵᠢᠭ᠋ᠠᠵᠤ ᠪᠠᠶ᠋ᠢᠨ᠎ᠠ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠵᠢᠭ᠋ᠠᠭᠰᠠᠨ ᠠᠷᠠᠳ ᠢᠷᠭᠡᠨ᠎ᠤ ᠤᠬᠠᠮᠰᠠᠷ᠎ᠢ ᠪᠠᠲᠤ ᠪᠡᠬᠢ ᠪᠤᠢ ᠪᠣᠯᠭ᠋ᠠᠵᠤ᠂ ᠠᠷᠠᠳ ᠲᠦᠮᠡᠨ ᠵᠶ᠋ᠠᠷ ᠭᠣᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠬᠤ ᠵᠢ ᠴᠢᠬᠤᠯᠠᠴᠢᠯᠠᠵᠤ᠂ ᠠᠷᠠᠳ ᠲᠦᠮᠡᠨ᠎ᠤ ᠪᠡᠶ᠎ᠡ ᠵᠢᠨ ᠭᠠᠷᠤᠯ᠎ᠲᠠᠢ ᠳᠡᠭᠡᠳᠦ ᠬᠡᠮᠵᠢ᠊ ᠢ᠎ᠡ᠎ᠪᠠᠷ ᠳᠠᠪᠬᠤᠴᠠᠭᠤᠯᠵᠤ᠂ ᠥᠷᠥᠨᠡᠳᠠᠬᠢᠨ᠎ᠤ ᠦᠨᠳᠦᠰᠦᠲᠡᠨ᠎ᠤ ᠤᠯᠤᠰ᠎ᠤᠨ ᠦᠭᠡ ᠶᠠᠷᠢᠶᠠᠨ᠎ᠳᠠᠬᠢ 《ᠬᠤᠪᠢ ᠵᠢᠨ ᠡᠷᠬᠡ》 ᠪᠣᠯᠤᠨ 《ᠬᠠᠮᠲᠤᠯᠢᠭ᠎ᠤᠨ ᠰᠢᠢ᠍ᠳᠪᠦᠷᠢᠲᠦ ᠪᠤᠳᠤᠯᠭ᠎ᠠ》 ᠵᠢᠨ ᠤᠨᠤᠯ᠎ᠤᠨ ᠵᠠᠭ᠋ᠠᠭᠯᠠᠯ᠎ᠢ ᠰᠢᠪᠲᠤᠯᠵᠤ᠂ 《ᠬᠤᠪᠢ ᠵᠢᠨ ᠡᠷᠬᠡ ᠴᠢᠯᠥᠭᠡ》 ᠪᠣᠯᠤᠨ 《ᠬᠠᠮᠲᠤ ᠵᠢᠨ ᠴᠣᠭᠴᠠ ᠵᠢᠨ ᠡᠮᠬᠢ ᠳᠢᠭᠯᠢᠮ》᠎ᠤᠨ ᠬᠠᠤᠯᠢ ᠵᠦᠢ ᠵᠢᠨ ᠦᠷᠳᠡᠭ᠎ᠤᠨ ᠲᠠᠯ᠎ᠠ ᠵᠢᠨ ᠢᠯᠭ᠋ᠠᠭ᠎ᠠ ᠵᠢ ᠵᠣᠬᠢᠴᠠᠭᠤᠯᠵᠤ᠂ ᠪᠣᠳᠠᠭ᠋ᠠᠯᠢ ᠪᠡᠶ᠎ᠡ᠂ ᠦᠨᠳᠦᠰᠦᠲᠡᠨ᠂ ᠨᠡᠶ᠋ᠢᠭᠡᠮ᠂ ᠤᠯᠤᠰ᠎ᠤᠨ 《ᠠᠷᠠᠳ ᠲᠦᠮᠡᠨ》᠎ᠤ ᠪᠡᠶ᠎ᠡ ᠵᠢᠨ ᠭᠠᠷᠤᠯ᠎ᠤᠨ ᠤᠬᠠᠮᠰᠠᠷ ᠪᠣᠯᠤᠨ ᠪᠦᠯᠬᠦᠮᠳᠡᠯ᠎ᠤᠨ ᠬᠣᠯᠪᠣᠭ᠋ᠠᠰᠤ ᠪᠣᠯᠵᠠᠢ᠃
     ᠠᠷᠠᠳ ᠢᠷᠭᠡᠳ᠎ᠤᠨ ᠦᠵᠡᠯ ᠤᠬᠠᠮᠰᠠᠷ᠎ᠢ ᠴᠢᠩᠭ᠋ᠠᠳᠬᠠᠬᠤ᠎ᠳᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠮᠥᠨ ᠴᠢᠨᠠᠷ᠎ᠤᠨ ᠰᠢᠨᠵᠢ ᠴᠢᠨᠠᠷ᠎ᠢ ᠲᠣᠳᠣᠷᠬᠠᠶ᠋ᠢᠯᠠᠬᠤ ᠴᠢᠬᠤᠯᠠᠲᠠᠢ ᠶᠤᠮ᠃ ᠦᠨᠳᠦᠰᠦᠨ ᠬᠠᠤᠯᠢ᠎ᠳᠤ 《ᠠᠷᠠᠳ᠎ᠤᠨ ᠠᠷᠠᠳᠴᠢᠯᠠᠭᠰᠠᠨ ᠳᠠᠷᠤᠩᠭᠤᠶ᠋ᠢᠯᠠᠬᠤ ᠵᠠᠰᠠᠭ᠎ᠢ ᠪᠠᠷᠢᠮᠲᠠᠯᠠᠨ᠎ᠠ》᠂ 《ᠪᠦᠬᠦᠳᠠ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠯᠢᠪᠠ ᠡᠷᠬᠡ ᠪᠣᠯ ᠠᠷᠠᠳ ᠲᠦᠮᠡᠨ᠎ᠤ᠎ᠬᠢ ᠶᠤᠮ》 ᠭᠡᠵᠦ ᠲᠣᠭᠲᠠᠭ᠋ᠠᠭᠰᠠᠨ᠎ᠨᠢ ᠪᠦᠬᠦᠳᠠ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠤᠢ᠍ᠷᠦ ᠵᠢᠨ ᠰᠢᠨᠵᠢ ᠴᠢᠨᠠᠷ ᠪᠣᠯ ᠠᠵᠢᠯᠴᠢᠨ ᠠᠡᠭᠬᠢ ᠵᠢᠨ ᠤᠳᠤᠷᠢᠳᠤᠭᠰᠠᠨ᠂ ᠠᠵᠢᠯᠴᠢᠨ ᠲᠠᠷᠢᠶᠠᠴᠢᠨ᠎ᠤ ᠬᠣᠯᠪᠣᠭ᠎ᠠ᠎ᠪᠠᠷ ᠰᠠᠭᠤᠷᠢ ᠪᠣᠯᠭ᠋ᠠᠭᠰᠠᠨ ᠠᠷᠠᠳ᠎ᠤᠨ ᠠᠷᠠᠳᠴᠢᠯᠠᠭᠰᠠᠨ ᠳᠠᠷᠤᠩᠭᠤᠶ᠋ᠢᠯᠠᠬᠤ ᠵᠠᠰᠠᠭᠲᠤ ᠨᠡᠶ᠋ᠢᠭᠡᠮ ᠵᠢᠷᠤᠮᠲᠤ ᠤᠯᠤᠰ ᠮᠥᠨ᠂ ᠲᠤᠢ᠍ᠷᠦ ᠵᠢᠨ ᠡᠷᠬᠡ ᠵᠢᠨ ᠭᠣᠣᠯ ᠴᠣᠭᠴᠠ ᠪᠣᠯ ᠠᠷᠠᠳ ᠲᠦᠮᠡᠨ ᠮᠥᠨ ᠭᠡᠳᠡᠭ᠎ᠢ ᠲᠣᠳᠣᠷᠬᠠᠶ᠋ᠢᠯᠠᠭᠰᠠᠨ ᠪᠠᠶ᠋ᠢᠨ᠎ᠠ᠃ ᠦᠨᠳᠦᠰᠦᠨ ᠬᠠᠤᠯᠢ᠎ᠳᠤ ᠠᠷᠠᠳ ᠲᠦᠮᠡᠨ᠎ᠤ ᠡᠷᠬᠡ ᠮᠡᠳᠡᠯ᠎ᠤᠨ ᠬᠠᠤᠯᠢ ᠶᠣᠰᠣᠴᠢ ᠴᠢᠨᠠᠷ᠎ᠢ ᠲᠣᠭᠲᠠᠭ᠋ᠠᠵᠤ᠂ ᠠᠷᠠᠳ ᠢᠷᠭᠡᠨ ᠪᠠ ᠠᠷᠠᠳ ᠲᠦᠮᠡᠨ᠎ᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠴᠢ ᠨᠡᠶ᠋ᠢᠭᠡᠮ ᠵᠢᠷᠤᠮ᠎ᠤᠨ ᠬᠠᠤᠯᠢ᠎ᠪᠠᠷ ᠵᠠᠰᠠᠬᠤ ᠤᠯᠤᠰ᠎ᠤᠨ ᠲᠡᠦᠬᠡ ᠰᠣᠶᠣᠯ᠎ᠤᠨ ᠤᠯᠠᠷᠢᠯ ᠬᠤᠪᠢᠰᠤᠯ ᠪᠠ ᠬᠠᠤᠯᠢ᠎ᠪᠠᠷ ᠵᠠᠰᠠᠬᠤ ᠡᠷᠬᠡ ᠵᠢᠨ ᠦᠢ᠍ᠯᠡᠳᠦᠯᠭᠡ ᠳᠤᠮᠳᠠ ᠨᠢᠭᠡᠳᠦᠯᠲᠡᠢ ᠪᠥᠭᠡᠳ ᠨᠢᠭᠡᠳᠦᠯᠲᠡᠢ᠎ᠪᠠᠷ ᠭᠡᠷ᠎ᠡ ᠪᠠᠶ᠋ᠢᠭᠤᠯᠵᠤ᠂ ᠬᠣᠶᠠᠭᠤᠯᠠ ᠵᠢ ᠪᠡᠶ᠎ᠡ ᠭᠡᠮ᠎ᠤᠨ ᠰᠠᠨᠠᠭ᠎ᠠ ᠠᠬᠤᠢ ᠵᠢᠨ ᠲᠠᠯ᠎ᠠ᠎ᠪᠠᠷ ᠪᠡᠶᠡᠴᠢ ᠴᠣᠭᠴᠠ ᠵᠢᠨ ᠬᠠᠮᠲᠤ᠎ᠪᠠᠷ ᠣᠷᠣᠰᠢᠬᠤ ᠴᠢᠨᠠᠷ᠎ᠲᠠᠢ ᠮᠥᠷᠲᠡᠭᠡᠨ ᠪᠠᠰᠠ ᠬᠠᠤᠯᠢ ᠵᠦᠢ ᠵᠢᠨ ᠨᠡᠶ᠋ᠢᠲᠡ ᠵᠢᠨ ᠭᠡᠷ᠎ᠡ᠎ᠲᠠᠢ ᠴᠢᠨᠠᠷ᠎ᠲᠠᠢ ᠪᠣᠯᠭ᠋ᠠᠵᠠᠢ᠃
     ᠠᠷᠠᠳ ᠢᠷᠭᠡᠨ᠎ᠤ ᠦᠵᠡᠯ ᠤᠬᠠᠮᠰᠠᠷ᠎ᠢ ᠴᠢᠩᠭ᠋ᠠᠳᠬᠠᠬᠤ᠎ᠳᠤ ᠨᠡᠶ᠋ᠢᠭᠡᠮ ᠵᠢᠷᠤᠮ᠎ᠤᠨ ᠦᠨᠳᠦᠰᠦᠲᠡᠨ᠎ᠤ ᠬᠠᠷᠢᠴᠠᠭ᠎ᠠ᠎ᠳᠤ ᠰᠠᠭᠤᠷᠢᠯᠠᠨ ᠨᠡᠶ᠋ᠢᠲᠡ ᠵᠢᠨ ᠭᠡᠷ᠎ᠡ ᠲᠣᠭᠲᠠᠭ᠋ᠠᠬᠤ ᠴᠢᠬᠤᠯᠠᠲᠠᠶ᠃ ᠦᠨᠳᠦᠰᠦᠲᠡᠨ᠎ᠤ ᠬᠠᠷᠢᠴᠠᠭ᠋ᠠᠨ᠎ᠤ ᠮᠥᠨ ᠴᠢᠨᠠᠷ ᠪᠣᠯ ᠠᠳᠠᠯᠢ ᠪᠤᠰᠤ ᠦᠨᠳᠦᠰᠦᠲᠡᠨ᠎ᠤ ᠬᠣᠭᠣᠷᠣᠨᠳᠣᠬᠢ ᠬᠠᠮᠲᠤᠯᠢᠭ᠎ᠤᠨ ᠬᠠᠷᠢᠴᠠᠭ᠎ᠠ ᠮᠥᠨ᠂ ᠬᠠᠮᠲᠤᠯᠢᠭ᠎ᠤᠨ ᠬᠠᠷᠢᠴᠠᠭ᠋ᠠᠨ᠎ᠤ ᠰᠢᠨᠵᠢ ᠴᠢᠨᠠᠷ᠎ᠨᠢ ᠦᠨᠳᠦᠰᠦᠲᠡᠨ᠎ᠤ ᠪᠦᠷᠢᠯᠳᠦᠬᠦᠨ ᠪᠣᠳᠠᠭ᠋ᠠᠯᠢ ᠪᠡᠶ᠎ᠡ᠎ᠳᠤ ᠨᠥᠯᠥᠭᠡ ᠦᠵᠡᠭᠦᠯᠳᠡᠭ᠃ ᠦᠨᠳᠦᠰᠦᠨ ᠬᠠᠤᠯᠢ᠎ᠳᠤ ᠲᠣᠭᠲᠠᠭ᠋ᠠᠭᠰᠠᠨ ᠦᠨᠳᠦᠰᠦᠲᠡᠨ᠎ᠨᠦᠭᠦᠳ ᠡᠷᠬᠡ ᠲᠡᠭᠰᠢ ᠪᠠᠶ᠋ᠢᠬᠤ ᠮᠥᠨ ᠴᠢᠨᠠᠷ ᠪᠣᠯ ᠦᠨᠳᠦᠰᠦᠲᠡᠨ᠎ᠨᠦᠭᠦᠳ᠎ᠤᠨ ᠡᠷᠬᠡ ᠪᠠ ᠡᠭᠦᠷᠭᠡ ᠡᠷᠬᠡ ᠲᠡᠭᠰᠢ ᠪᠠᠶ᠋ᠢᠬᠤ ᠶᠠᠪᠤᠳᠠᠯ ᠮᠥᠨ᠂ ᠦᠨᠳᠦᠰᠦᠨ ᠬᠠᠤᠯᠢ᠎ᠳᠤ ᠲᠣᠭᠲᠠᠭ᠋ᠠᠭᠰᠠᠨ ᠬᠣᠯᠪᠣᠭᠳᠠᠯ ᠪᠦᠬᠦᠢ ᠱᠠᠭ᠋ᠠᠷᠳᠠᠯᠭ᠎ᠠ ᠵᠢ ᠨᠠᠶ᠋ᠢᠳᠠᠪᠤᠷᠢᠵᠢᠭᠤᠯᠪᠠᠯ ᠰᠠᠶᠢ ᠡᠷᠬᠡ ᠲᠡᠭᠰᠢ ᠪᠦᠯᠬᠦᠮᠳᠡᠯ᠎ᠲᠠᠢ ᠬᠠᠷᠢᠯᠴᠠᠨ ᠬᠠᠪᠰᠤᠷᠤᠯᠴᠠᠭᠰᠠᠨ ᠡᠶ᠎ᠡ ᠵᠣᠬᠢᠴᠠᠯ᠎ᠲᠠᠢ ᠨᠡᠶ᠋ᠢᠭᠡᠮ ᠵᠢᠷᠤᠮ᠎ᠤᠨ ᠦᠨᠳᠦᠰᠦᠲᠡᠨ᠎ᠤ ᠬᠠᠷᠢᠴᠠᠭ᠎ᠠ ᠵᠢ ᠪᠡᠬᠢᠵᠢᠭᠦᠯᠦᠨ ᠬᠥᠭᠵᠢᠭᠦᠯᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠲᠦᠯᠬᠢᠨ ᠠᠬᠢᠭᠤᠯᠵᠤ ᠴᠢᠳᠠᠨ᠎ᠠ᠃
     ᠬᠠᠤᠯᠢ᠎ᠪᠠᠷ ᠵᠠᠰᠠᠬᠤ ᠤᠬᠠᠮᠰᠠᠷ ᠵᠶ᠋ᠠᠨ ᠴᠢᠩᠭ᠋ᠠᠳᠬᠠᠨ᠎ᠠ᠄ ᠦᠨᠳᠦᠰᠦᠨ ᠬᠠᠤᠯᠢ᠎ᠳᠤ ᠦᠨᠳᠦᠰᠦᠲᠡᠨ᠎ᠨᠦᠭᠦᠳ ᠴᠥᠮ ᠡᠷᠬᠡ ᠲᠡᠭᠰᠢ ᠪᠠᠶ᠋ᠢᠬᠤ ᠵᠢ ᠲᠣᠭᠲᠠᠭ᠋ᠠᠵᠤ᠂ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢᠨ ᠬᠡᠷᠡᠭᠵᠢᠭᠦᠯᠬᠦ ᠲᠣᠭᠲᠠᠴᠠ ᠵᠢ ᠲᠣᠭᠲᠠᠭ᠋ᠠᠪᠠ

    ᠬᠠᠤᠯᠢ᠎ᠪᠠᠷ ᠵᠠᠰᠠᠬᠤ ᠤᠬᠠᠮᠰᠠᠷ ᠪᠣᠯ ᠵᠣᠬᠢᠴᠠᠩᠭᠤᠢ ᠪᠡᠶᠡᠴᠢ ᠴᠣᠭᠴᠠ ᠵᠢᠨ ᠬᠠᠤᠯᠢ ᠴᠠᠭ᠋ᠠᠵᠠ ᠵᠢᠨ ᠤᠯᠠᠷᠢᠯ ᠬᠤᠪᠢᠰᠤᠯ ᠪᠠ ᠬᠠᠤᠯᠢ᠎ᠪᠠᠷ ᠵᠠᠰᠠᠬᠤ ᠠᠵᠢᠯᠯᠠᠭ᠋ᠠᠨ᠎ᠤ ᠲᠤᠬᠠᠢ ᠲᠠᠨᠢᠯᠲᠠ ᠣᠶ᠋ᠢᠯᠠᠭ᠋ᠠᠭᠳᠠᠬᠤᠨ᠂ ᠦᠷᠳᠡᠭ᠎ᠤᠨ ᠬᠠᠨᠳᠤᠰᠢ᠂ ᠮᠡᠳᠡᠯᠭᠡ ᠵᠢᠨ ᠰᠢᠰᠲ᠋ᠧᠮ᠂ ᠰᠡᠳᠬᠢᠬᠦᠢ ᠵᠢᠨ ᠵᠠᠭᠪᠤᠷ ᠵᠡᠷᠭᠡ ᠵᠢᠨ ᠶᠡᠷᠦᠩᠬᠡᠢ ᠨᠡᠷᠡᠶ᠋ᠢᠳᠦᠯ ᠮᠥᠨ᠂ ᠵᠢᠷᠤᠮᠵᠢᠯ᠎ᠤᠨ ᠴᠢᠨᠠᠷ᠂ ᠵᠢᠷᠤᠮ᠎ᠤᠨ ᠴᠢᠨᠠᠷ ᠪᠠ ᠡᠷᠬᠡ ᠰᠦᠷᠲᠦ ᠴᠢᠨᠠᠷ᠎ᠤᠨ ᠨᠢᠭᠡᠳᠦᠯ᠎ᠢ ᠴᠢᠬᠤᠯᠠᠴᠢᠯᠠᠳᠠᠭ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠵᠢᠭ᠋ᠠᠭᠰᠠᠨ ᠬᠠᠤᠯᠢ᠎ᠪᠠᠷ ᠵᠠᠰᠠᠬᠤ ᠤᠬᠠᠮᠰᠠᠷ᠎ᠢ ᠪᠠᠲᠤ ᠪᠡᠬᠢ ᠪᠣᠢ ᠪᠣᠯᠭ᠋ᠠᠵᠤ᠂ ᠡᠯ᠎ᠡ ᠪᠡᠶᠡᠴᠢ ᠴᠣᠭᠴᠠ ᠵᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠬᠤ ᠶᠠᠪᠤᠴᠠ᠎ᠳᠤ ᠦᠨᠳᠦᠰᠦᠨ ᠬᠠᠤᠯᠢ ᠬᠠᠤᠯᠢ ᠵᠦᠢ ᠵᠢᠨ ᠰᠠᠭᠤᠷᠢ ᠪᠠ ᠨᠡᠶ᠋ᠢᠭᠡᠮ ᠵᠢᠷᠤᠮ᠎ᠤᠨ ᠦᠨᠳᠦᠰᠦᠲᠡᠨ᠎ᠤ ᠬᠠᠷᠢᠴᠠᠭ᠎ᠠ᠎ᠳᠤ ᠰᠠᠭᠤᠷᠢᠯᠠᠨ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠬᠠᠤᠯᠢ᠎ᠪᠠᠷ ᠵᠠᠰᠠᠬᠤ ᠬᠢᠷᠢ ᠲᠦᠪᠰᠢᠨ᠎ᠢ ᠳᠡᠭᠡᠭᠰᠢᠯᠡᠭᠦᠯᠬᠦ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠣᠯᠠᠨ ᠲᠠᠯᠠᠲᠤ ᠨᠡᠶ᠋ᠢᠭᠡᠮ᠎ᠤᠨ ᠬᠦᠷᠢᠶᠡᠨ᠎ᠳᠤ ᠬᠠᠤᠯᠢ᠎ᠪᠠᠷ ᠵᠠᠰᠠᠬᠤ ᠰᠡᠳᠬᠢᠬᠦᠢ ᠪᠠ ᠠᠷᠭ᠎ᠠ ᠮᠠᠶᠢᠭ᠎ᠢ ᠬᠡᠷᠡᠭᠯᠡᠨ ᠦᠨᠳᠦᠰᠦᠲᠡᠨ᠎ᠤ ᠬᠠᠷᠢᠯᠴᠠᠭ᠋ᠠᠨ᠎ᠤ ᠦᠢ᠍ᠯᠡ ᠠᠵᠢᠯᠯᠠᠭ᠎ᠠ᠂ ᠵᠣᠬᠢᠴᠠᠩᠭᠤᠢ ᠡᠷᠬᠡ ᠠᠰᠢᠭ᠎ᠢ ᠲᠡᠩᠴᠡᠭᠦᠷᠢᠰᠢᠭᠦᠯᠬᠦ ᠴᠢᠳᠠᠪᠤᠷᠢ᠎ᠪᠠᠨ ᠲᠠᠰᠣᠷᠠᠯᠳᠠ ᠥᠭᠡᠢ ᠴᠢᠩᠭ᠋ᠠᠳᠬᠠᠵᠤ᠂ ᠡᠭᠦᠨ᠎ᠤ ᠤᠯᠠᠮ᠎ᠠᠴᠠ ᠨᠡᠩ ᠪᠦᠷᠢᠨ ᠲᠡᠭᠦᠯᠳᠡᠷ ᠬᠠᠤᠯᠢ ᠴᠠᠭ᠋ᠠᠵᠠ ᠵᠢᠨ ᠵᠢᠷᠤᠮᠵᠢᠯ᠎ᠤᠨ ᠰᠢᠰᠲ᠋ᠧᠮ᠂ ᠨᠡᠩ ᠥᠨᠳᠥᠷ ᠪᠦᠲᠦᠮᠵᠢᠲᠡᠢ ᠬᠠᠤᠯᠢ᠎ᠪᠠᠷ ᠵᠠᠰᠠᠬᠤ ᠵᠢ ᠬᠡᠷᠡᠭᠵᠢᠭᠦᠯᠬᠦ ᠰᠢᠰᠲ᠋ᠧᠮ᠂ ᠨᠡᠩ ᠨᠢᠭᠲᠠ ᠴᠢᠩᠭ᠎ᠠ ᠬᠠᠤᠯᠢ᠎ᠪᠠᠷ ᠵᠠᠰᠠᠬᠤ ᠬᠢᠨᠠᠯᠲᠠ ᠵᠢᠨ ᠰᠢᠰᠲ᠋ᠧᠮ᠂ ᠨᠡᠩ ᠬᠦᠴᠦᠲᠡᠢ ᠬᠠᠤᠯᠢ᠎ᠪᠠᠷ ᠵᠠᠰᠠᠬᠤ ᠪᠠᠲᠤᠯᠠᠭ᠎ᠠ ᠵᠢᠨ ᠰᠢᠰᠲ᠋ᠧᠮ᠎ᠢ ᠪᠣᠢ ᠪᠣᠯᠭ᠋ᠠᠬᠤ ᠵᠢ ᠱᠠᠭ᠋ᠠᠷᠳᠠᠨ᠎ᠠ᠃
     ᠬᠠᠤᠯᠢᠵᠢᠯ᠎ᠤᠨ ᠤᠬᠠᠮᠰᠠᠷ᠎ᠢ ᠴᠢᠩᠭ᠋ᠠᠳᠬᠠᠬᠤ᠎ᠳᠤ ᠦᠨᠳᠦᠰᠦᠲᠡᠨ᠎ᠨᠦᠭᠦᠳ ᠡᠷᠬᠡ ᠲᠡᠭᠰᠢ ᠪᠠᠶ᠋ᠢᠬᠤ ᠵᠢ ᠪᠠᠷᠢᠮᠲᠠᠯᠠᠬᠤ᠎ᠪᠠᠷ ᠬᠠᠷᠠᠯᠲᠠ ᠴᠢᠭᠯᠡᠯ ᠪᠣᠯᠭ᠋ᠠᠬᠤ ᠬᠡᠷᠡᠭᠲᠡᠢ᠃ ᠦᠨᠳᠦᠰᠦᠲᠡᠨ᠎ᠨᠦᠭᠦᠳ ᠡᠷᠬᠡ ᠲᠡᠭᠰᠢ ᠪᠠᠶ᠋ᠢᠬᠤ ᠪᠣᠯ ᠰᠢᠨ᠎ᠡ ᠳᠤᠮᠳᠠᠳᠤ ᠤᠯᠤᠰ᠎ᠤᠨ ᠤᠯᠤᠰ ᠵᠶ᠋ᠠᠨ ᠪᠠᠶ᠋ᠢᠭᠤᠯᠬᠤ ᠦᠨᠳᠦᠰᠦᠨ ᠵᠠᠷᠴᠢᠮ᠎ᠤᠨ ᠨᠢᠭᠡ ᠮᠥᠨ᠃ ᠦᠨᠳᠦᠰᠦᠨ ᠬᠠᠤᠯᠢ ᠵᠢᠨ ᠣᠷᠣᠰᠢᠯ᠎ᠤᠨ ᠪᠦᠬᠦᠯᠢ ᠴᠣᠭᠴᠠ ᠵᠢᠨ ᠲᠠᠶ᠋ᠢᠯᠪᠤᠷᠢᠯᠠᠯᠲᠠ ᠪᠣᠯᠤᠨ ᠦᠨᠳᠦᠰᠦᠨ ᠬᠠᠤᠯᠢ ᠵᠢᠨ ᠬᠠᠮᠢᠶ᠎ᠠ ᠪᠦᠬᠦᠢ ᠲᠣᠭᠲᠠᠭ᠋ᠠᠯ᠎ᠲᠠᠢ ᠤᠶᠠᠯᠳᠤᠭᠤᠯᠵᠤ ᠦᠵᠡᠪᠡᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ 《ᠠᠷᠠᠳ ᠲᠦᠮᠡᠨ ᠵᠶ᠋ᠠᠷ ᠭᠣᠣᠯ ᠪᠣᠯᠭ᠋ᠠᠬᠤ》 ᠲᠦᠷᠦ ᠪᠠᠷᠢᠬᠤ ᠣᠶ᠋ᠢᠯᠠᠭ᠋ᠠᠭᠳᠠᠬᠤᠨ᠂ 《ᠦᠨᠳᠦᠰᠦᠲᠡᠨ᠎ᠨᠦᠭᠦᠳ ᠡᠷᠬᠡ ᠲᠡᠭᠰᠢ ᠪᠠᠶ᠋ᠢᠬᠤ》᠎ᠪᠠᠷ ᠦᠷᠳᠡᠭ᠎ᠤᠨ ᠬᠥᠭᠡᠭᠡᠴᠡᠯᠳᠦᠯ ᠪᠣᠯᠭ᠋ᠠᠭᠰᠠᠨ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠵᠠᠷᠴᠢᠮ ᠵᠢᠴᠢ ᠬᠡᠷᠡᠭᠵᠢᠭᠦᠯᠬᠦ ᠠᠷᠭ᠎ᠠ ᠬᠡᠮᠵᠢ᠊ ᠢ᠎ᠡ ᠪᠣᠯ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠳᠣᠲᠣᠷᠠᠬᠢ ᠵᠣᠬᠢᠴᠠᠩᠭᠤᠢ ᠭᠣᠣᠯ ᠴᠣᠭᠴᠠ ᠵᠢᠨ ᠬᠠᠤᠯᠢᠵᠢᠯ᠎ᠤᠨ ᠰᠡᠳᠬᠢᠬᠦᠢ᠎ᠪᠠᠷ ᠦᠨᠳᠦᠰᠦᠲᠡᠨ᠎ᠤ ᠬᠡᠷᠡᠭ ᠶᠠᠪᠤᠳᠠᠯ᠎ᠢ ᠵᠠᠰᠠᠬᠤ᠂ ᠦᠨᠳᠦᠰᠦᠲᠡᠨ᠎ᠤ ᠠᠵᠢᠯ᠎ᠢ ᠰᠠᠶ᠋ᠢᠲᠤᠷ ᠬᠢᠬᠦ ᠵᠢᠨ ᠤᠷᠢᠲᠠᠯ ᠪᠣᠯᠤᠨ᠎ᠠ᠃
     ᠬᠠᠤᠯᠢ᠎ᠪᠠᠷ ᠵᠠᠰᠠᠬᠤ ᠤᠬᠠᠮᠰᠠᠷ ᠵᠶ᠋ᠠᠨ ᠴᠢᠩᠭ᠋ᠠᠳᠬᠠᠬᠤ᠎ᠳᠤ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠣᠭ᠋ᠠᠷ ᠵᠠᠰᠠᠬᠤ ᠬᠠᠤᠯᠢ᠎ᠪᠠᠷ ᠵᠠᠰᠠᠬᠤ ᠦᠷᠳᠡᠭ᠎ᠤᠨ ᠰᠢᠰᠲ᠋ᠧᠮ᠎ᠢ ᠪᠠᠶ᠋ᠢᠭᠤᠯᠤᠨ ᠲᠠᠶ᠋ᠢᠯᠪᠤᠷᠢᠯᠠᠬᠤ ᠴᠢᠬᠤᠯᠠᠲᠠᠢ᠃ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠦᠨᠳᠦᠰᠦᠨ ᠲᠥᠷᠥ ᠵᠢᠨ ᠪᠣᠳᠣᠯᠭ᠎ᠠ ᠵᠢ ᠲᠣᠭᠲᠠᠭᠤᠨ ᠡᠷᠬᠡ ᠰᠦᠷᠲᠦ ᠴᠢᠨᠠᠷᠲᠠᠶ ᠦᠨᠳᠦᠰᠦᠨ ᠬᠠᠤᠯᠢ ᠵᠢᠨ ᠵᠢᠷᠤᠮᠵᠢᠯ ᠵᠢᠴᠢ ᠢᠵᠢ ᠪᠥᠷᠢᠳᠦᠭᠰᠡᠨ ᠬᠠᠤᠯᠢ ᠴᠠᠭ᠋ᠠᠵᠠ ᠵᠢᠨ ᠪᠢᠴᠢᠭ ᠪᠣᠯᠭ᠋ᠠᠨ ᠳᠡᠭᠡᠭᠰᠢᠯᠡᠭᠦᠯᠵᠦ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢ ᠨᠠᠮ᠎ᠤᠨ ᠲᠦᠷᠢᠮ᠎ᠤᠨ ᠪᠠᠶ᠋ᠢᠭᠤᠯᠤᠯᠲᠠ ᠵᠢᠴᠢ ᠰᠠᠶ᠋ᠢᠨ ᠬᠠᠤᠯᠢ ᠰᠠᠶ᠋ᠢᠨ ᠵᠠᠰᠠᠯᠲᠠ ᠵᠢᠨ ᠵᠠᠮ᠎ᠳᠤ ᠣᠷᠣᠭᠤᠯᠬᠤ ᠵᠢᠨ ᠬᠠᠮᠲᠤ ᠨᠢᠭᠡᠨᠲᠡ ᠪᠠᠶ᠋ᠢᠭ᠎ᠠ ᠦᠨᠳᠦᠰᠦᠲᠡᠨ᠎ᠤ ᠲᠥᠷᠥ ᠵᠢᠨ ᠪᠣᠳᠣᠯᠭ᠎ᠠ ᠬᠠᠤᠯᠢ ᠲᠣᠭᠲᠠᠭ᠋ᠠᠯ᠎ᠳᠤ ᠦᠨᠳᠦᠰᠦᠨ ᠬᠠᠤᠯᠢ ᠵᠢᠨ ᠥᠷᠲᠡᠭ᠎ᠤᠨ ᠬᠡᠪ ᠵᠠᠭᠪᠤᠷ᠎ᠲᠤ ᠨᠡᠶ᠋ᠢᠴᠡᠭᠰᠡᠨ ᠰᠢᠰᠲ᠋ᠧᠮ᠎ᠲᠠᠢ ᠡᠮᠬᠢᠯᠡᠯᠲᠡ ᠪᠠ ᠵᠠᠰᠠᠪᠤᠷᠢ ᠣᠷᠣᠭᠤᠯᠵᠤ ᠲᠡᠭᠦᠯᠳᠡᠷᠵᠢᠭᠦᠯᠬᠦ ᠵᠢᠨ ᠤᠯᠠᠮ ᠵᠶ᠋ᠠᠷ ᠨᠠᠮ᠎ᠤᠨ ᠤᠳᠤᠷᠢᠳᠤᠯᠭ᠎ᠠ ᠳᠤᠤᠷ᠎ᠠ ᠦᠨᠳᠦᠰᠦᠲᠡᠨ᠎ᠨᠦᠭᠦᠳ ᠬᠠᠮᠲᠤ᠎ᠪᠠᠷ ᠡᠷᠬᠡ ᠮᠡᠳᠡᠵᠦ ᠡᠵᠡᠨ ᠰᠠᠭᠤᠬᠤ ᠪᠠ ᠬᠠᠤᠯᠢ᠎ᠪᠠᠷ ᠤᠯᠤᠰ ᠵᠶ᠋ᠠᠨ ᠵᠠᠰᠠᠬᠤ ᠵᠢᠨ ᠣᠷᠭ᠋ᠠᠨᠢᠭ ᠨᠢᠭᠡᠳᠦᠯ᠎ᠢ ᠪᠡᠶᠡᠯᠡᠭᠦᠯᠬᠦ ᠬᠡᠷᠡᠭᠲᠡᠶ᠃

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠦᠬᠠᠶ ᠬᠣᠲᠠ ᠵᠢᠨ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠡᠭᠦᠳᠦᠨ ᠪᠠᠶ᠋ᠢᠭᠤᠯᠬᠤ ᠪᠣᠭᠣᠮᠲᠠ ᠰᠢᠪᠲᠤᠯᠬᠤ ᠠᠵᠢᠯ᠎ᠤᠨ ᠳᠠᠶ᠋ᠢᠴᠢᠯᠠᠯᠲᠠ ᠪᠠᠶ᠋ᠢᠷᠢᠯᠠᠭᠤᠯᠤᠯᠲᠠ ᠵᠢᠨ ᠬᠤᠷᠠᠯ ᠬᠤᠷᠠᠯᠳᠤᠪᠠ
ᠲᠦᠩᠯᠢᠶᠣᠤ ᠬᠣᠲᠠ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠡᠭᠦᠳᠦᠨ ᠪᠠᠶ᠋ᠢᠭᠤᠯᠬᠤ 《ᠬᠤᠤᠰ ᠵᠠᠭᠤᠨ᠎ᠤ ᠢᠨᠵᠧᠨᠧᠷᠢᠩ》᠎ᠢ ᠬᠡᠷᠡᠭᠵᠢᠭᠦᠯᠬᠦ᠎ᠪᠠᠷ ᠪᠣᠶ
ᠬᠤᠤᠯᠢᠨ ᠭᠤᠤᠯ ᠬᠣᠲᠠ 《ᠳᠥᠷᠪᠡᠨ ᠳᠡᠭᠡᠭᠰᠢᠯᠡᠯᠲᠡ》 ᠵᠢ ᠴᠢᠬᠤᠯᠠᠴᠢᠯᠠᠵᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠡᠭᠦᠳᠦᠨ ᠪᠠᠶ᠋ᠢᠭᠤᠯᠬᠤ ᠠᠵᠢᠯ᠎ᠢ ᠦᠷᠭᠦᠯᠵᠢᠯᠡᠨ ᠠᠬᠢᠭᠤᠯᠪᠠ
ᠬᠢᠯᠢ ᠬᠢᠵᠠᠭ᠋ᠠᠷ ᠎ᠢ ᠵᠠᠰᠠᠬᠤ ᠡᠯ᠎ᠡ ᠵᠦᠢ᠍ᠯ᠎ᠤᠨ ᠠᠵᠢᠯ᠎ᠢ ᠭᠦᠨᠵᠡᠭᠡᠢ ᠰᠠᠶ᠋ᠢᠲᠤᠷ ᠬᠢᠨ᠎ᠡ
ᠶᠡᠬᠡ ᠳᠡᠭᠡᠳᠦ ᠰᠤᠷᠭ᠋ᠠᠭᠤᠯᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠲᠠᠯ᠎ᠠ᠎ᠪᠠᠷ ᠡᠮᠦᠨ᠎ᠡ ᠡᠩᠨᠡᠭᠡᠨ᠎ᠳᠤ ᠶᠠᠪᠤᠬᠤ ᠬᠡᠷᠡᠭᠲᠡᠢ
 
            