ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠴᠠᠬᠢᠮ ᠰᠣᠷᠪᠣᠯᠵᠢᠯᠠᠭ᠎ᠠ   -   ᠤᠮᠠᠷᠠᠲᠤ᠎ᠶᠢᠨ ᠰᠣᠶᠣᠯ
ᠡᠭᠡ ᠪᠠᠢ᠌ᠭ᠋ᠠᠯᠢ ᠵᠢᠨ ᠦᠨᠭᠭᠡ ᠵᠢ ᠬᠡᠪ ᠵᠶ᠋ᠠᠷ᠎ᠨᠢ ᠦᠯᠡᠳᠡᠭᠡᠶ᠎ᠠ
ᠨᠡᠶ᠋ᠢᠲᠡᠯᠡᠭᠰᠡᠨ ᠴᠠᠭ᠄ 2025-05-08

    ᠪᠠᠭ᠎ᠠ ᠪᠠᠶ᠋ᠢᠬᠤ᠎ᠳᠤ  ᠠᠨᠭ᠌ᠬ᠎ᠠ ᠤᠳᠠᠭ᠎ᠠ ᠡᠵᠢ ᠮᠢᠨᠢ ᠤᠷᠭᠤᠮᠠᠯ ᠵᠶ᠋ᠠᠷ ᠴᠠᠭ᠋ᠠᠨ ᠤᠳᠠᠰᠤ ᠵᠢ ᠰᠢᠷ᠎ᠠ ᠦᠨᠭᠭᠡ᠎ᠲᠠᠢ ᠪᠤᠯᠭ᠋ᠠᠨ ᠪᠤᠳᠤᠬᠤ ᠵᠢ ᠬᠠᠷᠠᠭᠰᠠᠨ ᠶᠤᠮᠰᠠᠨ᠃ ᠰᠡᠭᠦᠯᠡᠷ᠎ᠨᠢ ᡂᠢ ᠽᠢ  ᠵᠢᠶᠠᠨ᠎ᠤ 《ᠡᠷᠭᠦᠨ᠎ᠠ ᠭᠤᠤᠯ᠎ᠤᠨ ᠪᠠᠷᠠᠭᠤᠨ ᠡᠷᠭᠢ》 ᠵᠢ ᠤᠨᠭ᠌ᠰᠢᠭ᠋ᠠᠳ ᠤᠷᠭᠤᠮᠠᠯ ᠵᠶ᠋ᠠᠷ ᠪᠤᠳᠤᠬᠤ ᠲᠤᠬᠠᠢ ᠪᠠᠰᠠ ᠨᠢᠭᠡᠨ ᠠᠯᠬᠤᠮ᠎ᠤᠨ  ᠤᠶ᠋ᠢᠯᠠᠭ᠋ᠠᠯᠳᠠ᠎ᠲᠠᠢ ᠪᠤᠯᠵᠠᠢ᠃
     ᠭᠦᠯᠦᠨ  ᠪᠤᠶ᠋ᠢᠷ᠎ᠤᠨ ᠶᠠᠭᠰᠢ ᠬᠤᠳᠠ ᠵᠢᠨ ᠠᠵᠢᠯ  ᠮᠡᠷᠭᠡᠵᠢᠯ᠎ᠤᠨ ᠲᠡᠭᠡᠳᠦ ᠵᠠᠷᠭᠡ ᠵᠢᠨ ᠲᠤᠮᠳᠠᠳᠤ ᠰᠤᠷᠭ᠋ᠠᠭᠤᠯᠢ ᠵᠢᠨ ᠤᠷᠠᠨ ᠵᠢᠷᠤᠭ᠎ᠤᠨ ᠪᠠᠭᠰᠢ ᠢᠦᠢ ᠶᠠᠨ ᠹᠠᠩ ᠤᠯᠠᠮᠵᠢᠯᠠᠯᠳᠤ ᠤᠶᠠᠵᠤ ᠪᠤᠳᠤᠬᠤ ᠮᠡᠷᠭᠡᠵᠢᠯ᠎ᠢ ᠲᠠᠰᠤᠷᠠᠯᠳᠠ ᠦᠭᠡᠢ ᠰᠦᠪᠡᠭᠴᠢᠯᠡᠨ᠂ ᠴᠢᠷᠮᠠᠶ᠋ᠢᠨ ᠦᠢ᠍ᠯᠡᠳᠦᠯᠭᠡᠵᠢᠭᠦᠯᠵᠤ᠂ ᠲᠤᠰ ᠤᠷ᠎ᠠ  ᠮᠡᠷᠭᠡᠵᠢᠯ᠎ᠢ ᠭᠦᠭᠵᠢᠭᠦᠯᠦᠨ ᠲᠡᠯᠭᠡᠷᠡᠭᠦᠯᠵᠡᠢ᠃
     ᠤᠳᠤ ᠴᠠᠭ᠎ᠤᠨ ᠭᠢᠮᠢ ᠵᠢᠨ ᠪᠤᠳᠤᠭ ᠵᠶ᠋ᠠᠷ ᠪᠤᠳᠤᠬᠤ᠎ᠲᠠᠢ ᠬᠠᠷᠢᠴᠠᠭᠤᠯᠪᠠᠯ ᠤᠷᠭᠤᠮᠠᠯ ᠵᠶ᠋ᠠᠷ ᠪᠤᠳᠤᠬᠤ ᠵᠢ ᠨᠡᠩ ᠴᠡᠪᠡᠷ᠂ ᠨᠡᠩ ᠰᠢᠨ᠎ᠠ ᠰᠤᠷᠭᠤᠭ᠂ ᠨᠡᠩ ᠪᠤᠭᠢᠷᠳᠤᠯ ᠦᠭᠡᠢ ᠪᠠᠢ᠌ᠳᠠᠭ᠃ ᠭᠡᠳᠡᠯ᠎ᠠ ᠪᠤᠳᠤᠬᠤ ᠶᠠᠪᠤᠴᠠ᠎ᠨᠢ ᠪᠤᠳᠤᠯᠢᠶᠠᠨᠳᠠᠢ  ᠪᠠᠶ᠋ᠢᠵᠤ᠂ ᠴᠠᠭ ᠪᠤᠯᠤᠨ ᠭᠦᠴᠦ ᠵᠢ ᠶᠡᠭᠡ᠎ᠪᠠᠷ ᠵᠠᠷᠤᠴᠠᠭᠤᠯᠤᠨ᠎ᠠ᠃
     ᠡᠭᠡ ᠪᠠᠶ᠋ᠢᠭ᠋ᠠᠯᠢ ᠪᠤᠯ ᠡᠷᠳᠠᠨᠢᠳᠤ ᠭᠦᠮᠦᠷᠭᠡ ᠪᠠᠶ᠋ᠢᠵᠤ᠂ ᠡᠯᠳᠡᠪ ᠦᠨᠭᠭᠡ᠎ᠪᠠᠷ ᠰᠤᠯᠤᠨᠭ᠌ᠭ᠋ᠠᠷᠠᠨ᠂ ᠦᠨᠭᠭᠡ ᠪᠦᠷᠢ ᠵᠢᠨ ᠴᠡᠴᠡᠭ ᠬᠤᠸᠠᠷ᠂ ᠲᠦᠷᠦᠯ ᠪᠦᠷᠢ ᠵᠢᠨ ᠡᠪᠡᠰᠦ ᠤᠷᠭᠤᠮᠠᠯ᠂ ᠵᠢᠮᠢᠰ ᠵᠡᠷᠭᠡ ᠪᠠᠶ᠋ᠢᠵᠤ᠂ ᠤᠶᠠᠵᠤ ᠪᠤᠳᠤᠬᠤ᠎ᠳᠤ ᠭᠡᠷᠡᠭᠯᠡᠭᠡᠳ ᠲᠠᠭᠤᠰᠤᠰᠢ ᠦᠭᠡᠢ ᠪᠠᠶ᠋ᠢᠭ᠋ᠠᠯᠢ ᠵᠢᠨ  ᠮᠠᠲ᠋ᠤᠷᠢᠶᠠᠯ᠎ᠢ ᠬᠠᠨᠭ᠌ᠭ᠋ᠠᠵᠠᠢ᠃
     ᠲᠦᠷᠦᠭᠦᠭᠡᠨ᠂ ᠰᠤᠶᠤᠯ ᠪᠠ ᠵᠢᠭᠤᠯᠴᠢᠯᠠᠯ᠎ᠤᠨ ᠶᠠᠮᠤᠨ᠎ᠠᠴᠠ ᠵᠢᠷᠭᠤᠳᠤᠭ᠋ᠠᠷ ᠪᠦᠯᠦᠭ᠎ᠤᠨ ᠤᠯᠤᠰ᠎ᠤᠨ ᠳᠡᠰ᠎ᠤᠨ ᠪᠤᠳᠠᠰ᠎ᠤᠨ  ᠪᠤᠰᠤ ᠰᠤᠶᠤᠯ᠎ᠤᠨ ᠦᠪ᠎ᠤᠨ ᠲᠦᠯᠦᠭᠡᠯᠡᠭᠦ ᠴᠢᠨᠠᠷ᠎ᠲᠠᠢ ᠤᠯᠠᠮᠵᠢᠯᠠᠭᠴᠢ ᠵᠢᠨ ᠨᠡᠷᠡᠰ᠎ᠢ ᠨᠡᠶ᠋ᠢᠳᠡᠯᠡᠭᠰᠡᠨ ᠲᠤᠳᠤᠷ᠎ᠠ ᠦᠪᠦᠷ ᠮᠤᠩᠭᠤᠯ᠎ᠤᠨ 28 ᠭᠦᠮᠦᠨ ᠰᠤᠨᠭ᠌ᠭᠤᠭᠳᠠᠵᠤ᠂ ᠡᠬᠦᠨ᠎ᠳᠤ 6᠎ᠨᠢ ᠤᠯᠠᠮᠵᠢᠯᠠᠯᠳᠤ ᠤᠷ᠎ᠠ ᠮᠡᠷᠭᠡᠵᠢᠯ᠎ᠤᠨ ᠤᠯᠠᠮᠵᠢᠯᠠᠭᠴᠢ᠂ ᠬᠠᠰᠠᠭ ᠲᠡᠷᠭᠡ᠂ ᠬᠤᠰᠤ  ᠮᠤᠳᠤᠨ᠎ᠤ ᠬᠠᠯᠢᠰᠤᠨ ᠪᠦᠳᠦᠭᠡᠭᠳᠡᠭᠦᠨ᠂ ᠭᠡᠪᠢᠰ᠂ ᠤᠷᠴᠤᠨ ᠦᠨᠳᠦᠰᠦᠳᠡᠨ᠎ᠤ  ᠠᠷᠠᠰᠤᠨ ᠪᠦᠳᠦᠭᠡᠭᠳᠡᠭᠦᠨ᠂ ᠮᠤᠨᠭ᠌ᠭᠤᠯ ᠭᠡᠷ᠂ ᠮᠦᠨᠭᠭᠦ ᠵᠡᠰ᠎ᠤᠨ ᠭᠡᠷᠡᠭᠰᠡᠯ ᠵᠤᠭᠢᠶᠠᠬᠤ ᠮᠡᠷᠭᠡᠵᠢᠯ ᠵᠢᠴᠢ ᠠᠯᠳᠠ᠎ᠪᠠᠷ ᠦᠨᠭᠭᠡᠯᠡᠭᠦ ᠮᠡᠷᠭᠡᠵᠢᠯ ᠵᠡᠷᠭᠡ 6 ᠲᠦᠷᠦᠯ᠎ᠤᠨ ᠮᠡᠷᠭᠡᠵᠢᠯ ᠪᠠᠭᠳᠠᠨ᠎ᠠ᠃ ᠦᠪᠡᠷᠳᠡᠭᠡᠨ ᠵᠠᠰᠠᠬᠤ ᠤᠷᠤᠨ᠎ᠤ ᠡᠳ᠋᠎ᠤᠨ ᠵᠠᠰᠠᠭ᠎ᠤᠨ ᠲᠢᠨᠭᠭᠢᠮ᠎ᠠᠴᠠ ᠪᠠᠰᠠ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠬᠠᠮᠠᠭ᠋ᠠᠯᠠᠯᠳᠠ ᠵᠢᠨ ᠪᠡᠯᠡ ᠮᠦᠨᠭᠭᠦ 1426 ᠲᠦᠮᠡ ᠵᠢ ᠪᠠᠭᠤᠯᠭ᠋ᠠᠵᠤ᠂ ᠬᠠᠮᠢᠶ᠎ᠠ ᠪᠦᠭᠦᠢ ᠭᠦᠮᠦᠰ ᠵᠢᠴᠢ ᠠᠵᠢᠯ ᠲᠦᠷᠦᠯ᠎ᠳᠤ ᠬᠠᠯᠠᠮᠵᠢ ᠲᠡᠮᠵᠢᠯᠭᠡ ᠦᠵᠡᠭᠦᠯᠵᠡᠢ᠃
     ᠤᠯᠤᠰ᠎ᠠᠴᠠ ᠡᠯ᠎ᠡ ᠵᠦᠢ᠍ᠯ᠎ᠤᠨ ᠠᠰᠢᠭᠳᠠᠢ ᠲᠦᠷᠦ ᠵᠢᠨ ᠪᠤᠳᠤᠯᠭ᠎ᠠ ᠵᠢ ᠭᠡᠷᠡᠭᠵᠢᠭᠦᠯᠵᠤ᠂ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭ᠋ᠠᠯᠠᠬᠤ᠂ ᠤᠯᠠᠮᠵᠢᠯᠠᠨ ᠬᠦᠭᠵᠢᠬᠦᠯᠬᠦ᠎ᠳᠤ ᠰᠠᠶ᠋ᠢᠨ ᠨᠦᠬᠦᠴᠡᠯ᠎ᠢ ᠪᠦᠷᠢᠯᠳᠦᠭᠦᠯᠦᠨ ᠦᠭᠴᠦ ᠪᠤᠢ᠃ ᠲᠦᠷᠦ ᠵᠢᠨ ᠪᠤᠳᠤᠯᠭ᠎ᠠ᠂ ᠤᠯᠠᠮᠵᠢᠯᠠᠭᠴᠢ ᠵᠢᠨ ᠵᠢᠳᠭᠦᠯ ᠴᠢᠷᠮᠠᠶ᠋ᠢᠯᠭ᠎ᠠ᠂  ᠨᠡᠶ᠋ᠢᠬᠡᠮ᠎ᠤᠨ ᠡᠯ᠎ᠡ ᠡᠲᠡᠬᠡᠳ᠎ᠤᠨ ᠬᠠᠯᠠᠮᠵᠢ ᠲᠡᠮᠵᠢᠯᠭᠡ ᠲᠤᠤᠷ᠎ᠠ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭ᠋ᠠᠯᠠᠬᠤ ᠪᠠ ᠤᠯᠠᠮᠵᠢᠯᠠᠨ ᠭᠦᠭᠵᠢᠭᠦᠯᠭᠦ ᠠᠵᠢᠯ ᠰᠢᠨ᠎ᠠ ᠲᠡᠭᠳᠡᠷ᠎ᠲᠤ ᠭᠠᠷᠴᠦ᠂ ᠲᠤᠮᠳᠠᠳᠤ ᠵᠢᠨ ᠦᠨᠳᠦᠰᠦᠳᠡᠨ᠎ᠤ ᠪᠤᠯᠪᠠᠰᠤᠨ ᠤᠯᠠᠮᠵᠢᠯᠠᠯᠳᠤ ᠰᠤᠶᠤᠯ᠎ᠤᠨ ᠪᠦᠳᠦᠭᠡᠯᠴᠢ ᠴᠢᠨᠠᠷ᠎ᠲᠠᠢ ᠬᠤᠪᠢᠷᠠᠯᠳᠠ᠂ ᠡᠭᠦᠳᠦᠯᠳᠡ ᠵᠢᠨ ᠴᠢᠨᠠᠷᠳᠠᠢ ᠭᠦᠭᠵᠢᠯᠳᠡ ᠵᠢ ᠠᠭᠢᠭᠤᠯᠬᠤ᠎ᠨᠢ ᠯᠠᠪᠳᠠᠢ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
 
            