ᠥᠪᠡᠷᠲᠡᠭᠡᠨ ᠵᠠᠰᠠᠬᠤ ᠣᠷᠣᠨ ᠤ ᠠᠶᠤᠯᠲᠠᠶ ᠬᠢᠮᠢ ᠶᠢᠨ ᠪᠣᠳᠠᠰ ᠤᠨ ᠠᠮᠤᠷ ᠲᠦᠪᠰᠢᠨ ᠤ ᠬᠢᠨᠠᠯᠲᠠ | ᠬᠠᠮᠢᠶᠠᠷᠤᠯᠲᠠ ᠶᠢᠨ ᠠᠵᠢᠯ ᠤᠨ ᠬᠤᠷᠠᠯ ᠵᠢᠴᠢ ︽ᠬᠢᠩᠭᠠᠨ ᠠᠶᠢᠮᠠᠭ ᠤᠨ ᠠᠶᠤᠯᠲᠠᠶ ᠬᠢᠮᠢ ᠶᠢᠨ ᠪᠣᠳᠠᠰ ᠤᠨ ᠠᠶᠤᠯ | ᠥᠬᠡᠶ ᠦᠢᠯᠡᠳᠪᠦᠷᠢᠯᠡᠯ ᠤᠨ ᠵᠥᠪᠯᠡᠯ ᠤᠨ ᠠᠵᠢᠯ ᠤᠨ ᠡᠭᠦᠷᠭᠡ ᠬᠠᠷᠢᠭᠤᠴᠠᠯᠭ᠎ᠠ ᠶᠢᠨ ᠲᠣᠭᠲᠠᠭᠠᠯ︾ ᠤᠨ | ᠱᠠᠭᠠᠷᠳᠠᠯᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ 12 ᠳ᠋ᠤᠭᠠᠷ ᠰᠠᠷ᠎ᠠ ᠶᠢᠨ 25 ᠤ ᠡᠳᠦᠷ᠂ | ᠪᠥᠬᠦ ᠠᠶᠢᠮᠠᠭ ᠤᠨ 2024 ᠣᠨ ᠤ ᠠᠶᠤᠯᠲᠠᠶ ᠬᠢᠮᠢ ᠶᠢᠨ ᠪᠣᠳᠠᠰ ᠤᠨ ᠠᠶᠤᠯ ᠥᠬᠡᠶ ᠦᠢᠯᠡᠳᠪᠦᠷᠢᠯᠡᠯ ᠤᠨ | ᠵᠥᠪᠯᠡᠯ ᠵᠢᠴᠢ ᠡᠨᠡ ᠡᠪᠦᠯ ᠢᠷᠡᠬᠦ ᠬᠠᠪᠤᠷ ᠤᠨ ᠠᠶᠤᠯᠲᠠᠶ ᠬᠢᠮᠢ ᠶᠢᠨ ᠪᠣᠳᠠᠰ ᠤᠨ ᠠᠮᠤᠷ ᠲᠦᠪᠰᠢᠨ ᠤ ᠬᠢᠨᠠᠯᠲᠠ | ᠬᠠᠮᠢᠶᠠᠷᠤᠯᠲᠠ ᠶᠢᠨ ᠠᠵᠢᠯ ᠤᠨ ᠳᠠᠶᠢᠴᠢᠯᠠᠯᠲᠠ ᠪᠠᠶᠢᠷᠢᠯᠠᠭᠤᠯᠤᠯᠲᠠ ᠶᠢᠨ ᠬᠤᠷᠠᠯ ᠢ ᠬᠤᠷᠠᠯᠳᠤᠭᠤᠯᠪᠠ᠃ ᠠᠶᠢᠮᠠᠭ ᠤᠨ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ᠂ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ | ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ᠂ ᠪᠠᠴᠢᠮ ᠪᠠᠶᠢᠳᠠᠯ ᠢ | ᠠᠷᠭᠠᠴᠠᠭᠠᠬᠤ ᠬᠠᠮᠢᠶᠠᠷᠤᠯᠲᠠ ᠶᠢᠨ ᠲᠣᠪᠴᠢᠶ᠎ᠠ᠂ ᠭᠠᠯ ᠰᠡᠷᠭᠡᠶᠢᠯᠡᠵᠦ ᠭᠠᠯ ᠤᠨᠲᠠᠷᠠᠭᠠᠬᠤ ᠠᠪᠤᠷᠠᠨ ᠲᠤᠰᠠᠯᠠᠬᠤ | ᠰᠠᠯᠪᠤᠷᠢ ᠠᠩᠭᠢ᠂ ᠬᠤᠳᠠᠯᠳᠤᠭᠠᠨ ᠤ ᠶᠠᠪᠤᠳᠠᠯ ᠤᠨ ᠪᠣᠭᠤᠮᠲᠠ ᠶᠢᠨ ᠲᠣᠪᠴᠢᠶ᠎ᠠ᠂ ᠬᠥᠭᠵᠢᠭᠦᠯᠦᠯᠲᠡ ᠪᠠ | ᠥᠭᠡᠷᠡᠴᠢᠯᠡᠯᠲᠡ ᠶᠢᠨ ᠵᠥᠪᠯᠡᠯ᠂ ᠠᠮᠢ ᠠᠬᠤᠶ ᠣᠷᠴᠢᠨ ᠲᠣᠭᠤᠷᠢᠨ ᠤ ᠲᠣᠪᠴᠢᠶ᠎ᠠ᠂ ᠰᠢᠤᠳᠠᠨ ᠤ ᠶᠠᠪᠤᠳᠠᠯ ᠤᠨ | ᠬᠠᠮᠢᠶᠠᠷᠤᠯᠲᠠ ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠤᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠵᠢᠴᠢ | ᠬᠠᠮᠢᠶ᠎ᠠ ᠪᠥᠬᠦᠶ ᠰᠠᠯᠠᠭ᠎ᠠ ᠲᠠᠰᠤᠭ ᠤᠨ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃ | ᠬᠤᠷᠠᠯ ᠠᠴᠠ ︽ᠲᠥᠷᠥ ᠶᠢᠨ ᠶᠠᠪᠤᠳᠠᠯ ᠤᠨ ᠬᠤᠷᠢᠶᠠᠨ ᠤ ᠠᠶᠤᠯᠭᠦᠶ ᠦᠢᠯᠡᠳᠪᠦᠷᠢᠯᠡᠯ ᠤᠨ ᠵᠥᠪᠯᠡᠯ ᠤᠨ | ᠠᠯᠪᠠᠨ ᠬᠡᠷ ᠤᠨ ᠬᠤᠸᠠᠷ ᠫᠤᠤᠵᠢᠩ ᠤᠨ ᠬᠥᠭᠵᠢᠶᠡᠨ ᠲᠠᠢ ᠤᠯᠠᠷᠢᠯ ᠤᠨ ᠠᠶᠤᠯᠭᠦᠶ ᠦᠢᠯᠡᠳᠪᠦᠷᠢᠯᠡᠯ ᠤᠨ ᠠᠵᠢᠯ ᠢ | ᠴᠢᠩᠭᠠᠳᠬᠠᠬᠤ ᠲᠤᠬᠠᠶ ᠮᠡᠳᠡᠭᠳᠡᠯ︾ ᠵᠢᠴᠢ ᠥᠪᠡᠷᠲᠡᠭᠡᠨ ᠵᠠᠰᠠᠬᠤ ᠣᠷᠣᠨ ᠤ ᠠᠶᠤᠯᠲᠠᠶ ᠬᠢᠮᠢ ᠶᠢᠨ ᠪᠣᠳᠠᠰ ᠤᠨ | ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠨ | ᠰᠤᠷᠤᠯᠴᠠᠵᠤ᠂ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠵᠠᠮ ᠬᠠᠷᠢᠯᠴᠠᠭ᠎ᠠ ᠲᠡᠭᠡᠭᠡᠪᠦᠷᠢ ᠶᠢᠨ | ᠲᠣᠪᠴᠢᠶ᠎ᠠ ᠵᠡᠷᠭᠡ ᠰᠠᠯᠠᠭ᠎ᠠ ᠮᠥᠴᠢᠷ ᠤᠨ ᠬᠢᠨ 2024 ᠣᠨ ᠤ ᠠᠶᠤᠯᠲᠠᠶ ᠬᠢᠮᠢ ᠶᠢᠨ ᠪᠣᠳᠠᠰ ᠤᠨ ᠠᠮᠤᠷ | ᠲᠦᠪᠰᠢᠨ ᠤ ᠬᠢᠨᠠᠯᠲᠠ ᠬᠠᠮᠢᠶᠠᠷᠤᠯᠲᠠ ᠶᠢᠨ ᠠᠵᠢᠯ ᠢ ᠥᠷᠨᠢᠭᠦᠯᠦᠭᠰᠡᠨ ᠪᠠᠶᠢᠳᠠᠯ ᠵᠢᠴᠢ ᠲᠠᠷᠠᠭᠠᠴᠢ ᠶᠢᠨ ᠠᠯᠬᠤᠮ ᠤᠨ | ᠠᠵᠢᠯ ᠤᠨ ᠠᠷᠭ᠎ᠠ ᠬᠡᠮᠵᠢᠶ᠎ᠡ ᠶᠢᠨ ᠲᠤᠬᠠᠶ ᠬᠠᠷᠢᠭᠤ ᠮᠡᠳᠡᠭᠦᠯᠦᠯᠲᠡ ᠬᠢᠪᠠ᠃ | ᠬᠤᠷᠠᠯ ᠠᠴᠠ᠂ ᠨᠢᠭᠡ ᠳᠤ ᠬᠤᠷᠢᠭ᠎ᠠ ᠱᠤᠭᠤᠮ ᠤᠨ ᠰᠡᠳᠬᠢᠬᠦᠶ ᠪᠠᠨ ᠴᠢᠩᠭᠠᠳᠬᠠᠵᠤ᠂ ᠠᠳᠡᠯ ᠠᠴᠠ ᠭᠦᠨᠵᠡᠭᠡᠶ | ᠰᠤᠷᠭᠠᠮᠵᠢ ᠠᠪᠴᠤ᠂ ᠨᠢᠭᠡ ᠠᠴᠠ ᠨᠥᠭᠦᠭᠡ ᠶᠢ ᠵᠦᠶ᠋ᠴᠢᠯᠡᠨ ᠮᠡᠳᠡᠵᠦ᠂ ᠡᠯ᠎ᠡ ᠰᠠᠯᠠᠭ᠎ᠠ ᠮᠥᠴᠢᠷ ᠤᠨ ᠡᠭᠦᠷᠭᠡ | ᠴᠢᠳᠠᠪᠬᠢ ᠲᠤᠰᠢᠶᠠᠯ ᠬᠠᠷᠢᠭᠤᠴᠠᠯᠭ᠎ᠠ ᠶᠣᠰᠣᠭᠠᠷ᠂ ᠠᠵᠤ ᠠᠬᠤᠶᠢᠯᠠᠯ ᠤᠨ ᠡᠯ᠎ᠡ ᠭᠤᠭᠴᠤᠭ᠎ᠠ ᠶᠢᠨ ᠠᠶᠤᠯ | ᠲᠦᠭᠰᠢᠭᠦᠷᠢ ᠶᠢ ᠬᠠᠮᠢᠶᠠᠷᠤᠨ ᠡᠵᠡᠮᠳᠡᠬᠦ ᠪᠠ ᠬᠡᠮ ᠰᠣᠭᠤᠭ ᠢ ᠵᠠᠰᠠᠬᠤ ᠠᠵᠢᠯ ᠢ ᠭᠤᠤᠯᠳᠠᠯᠭ᠎ᠠ ᠲᠠᠢ ᠵᠢᠭᠰᠠᠭᠠᠨ | ᠪᠠᠶᠢᠴᠠᠭᠠᠵᠤ᠂ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠶᠢ ᠴᠢᠩᠭ᠎ᠠ ᠠᠳᠬᠤᠵᠤ᠂ ᠬᠦᠨᠳᠦ ᠶᠡᠭᠡ ᠬᠡᠮ ᠰᠣᠭᠤᠭ | ᠪᠣᠯᠤᠨ ᠲᠣᠪᠤᠶᠢᠮ᠎ᠠ ᠠᠰᠠᠭᠤᠳᠠᠯ ᠢ ᠴᠢᠩᠭ᠎ᠠ ᠠᠩᠬᠠᠷᠴᠤ᠂ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶᠢ | ᠪᠣᠳᠠᠲᠠᠶ ᠨᠠᠶᠢᠳᠠᠪᠤᠷᠢᠵᠢᠭᠤᠯᠬᠤ ᠶᠢ ᠦᠨᠡᠨ ᠬᠦ ᠪᠠᠲᠤᠯᠠᠬᠤ ᠶᠢᠨ ᠬᠠᠮᠲᠤ ᠴᠡᠭᠴᠡᠯᠡᠨ ᠰᠠᠶᠢᠵᠢᠷᠠᠭᠤᠯᠤᠭᠠᠳᠤᠶ | ᠠᠰᠠᠭᠤᠳᠠᠯ ᠢ ᠱᠠᠯᠠᠪᠳᠠᠭᠤᠯᠤᠨ ᠰᠢᠢᠳᠪᠦᠷᠢᠯᠡᠬᠦ ᠡᠷᠴᠢᠮ ᠢᠶᠠᠨ ᠴᠢᠩᠭᠠᠷᠠᠭᠤᠯᠵᠤ᠂ ᠬᠢᠨᠠᠨ ᠬᠠᠮᠢᠶᠠᠷᠬᠤ | ᠬᠠᠷᠢᠭᠤᠴᠠᠯᠭ᠎ᠠ ᠶᠢ ᠪᠥᠬᠦ ᠲᠠᠯ᠎ᠠ ᠪᠠᠷ ᠪᠣᠳᠠᠲᠠᠶᠢᠵᠢᠭᠤᠯᠬᠤ ᠬᠡᠷᠡᠭᠲᠡᠶ︔ ᠬᠤᠶᠠᠷ ᠲᠤ᠂ ᠡᠬᠢ ᠡᠭᠦᠰᠦᠯ ᠠᠴᠠ ᠨᠢ | ᠬᠠᠮᠢᠶᠠᠷᠤᠨ ᠡᠵᠡᠮᠳᠡᠬᠦ ᠶᠢ ᠴᠢᠩᠭᠠᠳᠬᠠᠵᠤ᠂ ᠠᠮᠤᠷ ᠲᠦᠪᠰᠢᠨ ᠤ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ | ᠲᠦᠪᠰᠢᠨ ᠢ ᠳᠡᠭᠡᠭᠰᠢᠯᠡᠭᠦᠯᠵᠦ᠂ ᠠᠶᠤᠯᠲᠠᠢ ᠬᠢᠮᠢ ᠶᠢᠨ ᠪᠣᠳᠠᠰ ᠢ ᠦᠢᠯᠡᠳᠪᠦᠷᠢᠯᠡᠬᠦ᠂ ᠬᠠᠳᠠᠭᠠᠯᠠᠬᠤ᠂ ᠬᠡᠷᠡᠭᠯᠡᠬᠦ᠂ | ᠡᠵᠡᠩᠨᠡᠬᠦ᠂ ᠲᠡᠭᠡᠭᠡᠪᠦᠷᠢᠯᠡᠬᠦ ᠵᠢᠴᠢ ᠬᠠᠶᠠᠭᠳᠠᠮᠠᠯ ᠪᠣᠳᠠᠰ ᠢ ᠰᠢᠢᠳᠪᠦᠷᠢᠯᠡᠬᠦ ᠵᠡᠷᠭᠡ ᠪᠦᠬᠦ ᠶᠠᠪᠤᠴᠠ᠂ ᠪᠦᠬᠦ | ᠬᠡᠯᠬᠢᠶᠡᠨ ᠤ ᠠᠮᠤᠷ ᠲᠦᠪᠰᠢᠨ ᠤ ᠬᠠᠮᠢᠶᠠᠷᠤᠨ ᠡᠵᠡᠮᠳᠡᠬᠦ ᠶᠢ ᠴᠢᠩᠭᠠᠳᠬᠠᠬᠤ ᠬᠡᠷᠡᠭᠲᠡᠢ᠃ ᠤᠯᠤᠰ ᠤᠨ ︽ᠠᠵᠤ | ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢᠨ ᠵᠢᠯᠣᠭᠤᠳᠬᠤ ᠭᠠᠷᠴᠠᠭ︾ ᠲᠤ ᠲᠣᠭᠲᠠᠭᠠᠭᠰᠠᠨ ᠬᠢᠵᠠᠭᠠᠷᠯᠠᠬᠤ | ᠲᠥᠷᠥᠯ ᠪᠠ ᠰᠢᠯᠢᠭᠳᠡᠭᠦᠯᠬᠦ ᠲᠥᠷᠥᠯ ᠤᠨ ᠤᠷᠠᠨ ᠳᠠᠷᠬ᠎ᠠ᠂ ᠮᠡᠷᠭᠡᠵᠢᠯ᠂ ᠲᠥᠬᠦᠭᠡᠷᠦᠮᠵᠢ᠂ ᠦᠢᠯᠡᠳᠬᠦᠨ ᠳᠤ | ᠬᠤᠯᠪᠣᠭᠳᠠᠬᠤ ᠲᠥᠷᠥᠯ ᠵᠦᠢᠯ ᠢ ᠰᠢᠨ᠎ᠡ ᠪᠠᠷ ᠪᠠᠶᠢᠭᠤᠯᠬᠤ᠂ ᠥᠭᠡᠷᠡᠴᠢᠯᠡᠨ ᠪᠠᠶᠢᠭᠤᠯᠬᠤ᠂ ᠥᠷᠭᠡᠳᠬᠡᠨ | ᠪᠠᠶᠢᠭᠤᠯᠬᠤ ᠶᠢ ᠴᠢᠩᠭ᠎ᠠ ᠴᠠᠭᠠᠵᠠᠯᠠᠵᠤ᠂ ︽ᠴᠢᠭᠢᠷᠠᠭ ᠲᠥᠷᠥᠭᠦᠯᠵᠦ ᠲᠣᠷᠨᠢᠭᠤᠨ ᠥᠰᠬᠡᠬᠦ︾ ᠶᠢ ᠪᠡᠶᠡᠯᠡᠭᠦᠯᠦᠨ᠂ | ᠠᠶᠤᠯ ᠲᠠᠢ ᠬᠢᠮᠢ ᠶᠢᠨ ᠵᠦᠢᠯ ᠤᠨ ᠠᠵᠢᠯ ᠲᠥᠷᠥᠯ ᠤᠨ ᠠᠶᠤᠯ ᠦᠭᠡᠶ ᠶᠢᠨ ᠬᠢᠷᠢ ᠬᠡᠮᠵᠢᠶ᠎ᠡ ᠶᠢ ᠤᠯᠠᠮ ᠨᠢᠭᠡ | ᠠᠯᠬᠤᠮ ᠳᠡᠭᠡᠭᠰᠢᠯᠡᠭᠦᠯᠬᠦ ᠬᠡᠷᠡᠭᠲᠡᠶ︔ ᠭᠤᠷᠪᠠ ᠳᠤ᠂ ᠬᠤᠸᠠᠷ ᠫᠤᠤᠵᠢᠩ ᠤᠨ ᠠᠮᠤᠷ ᠲᠦᠪᠰᠢᠨ ᠤ ᠠᠶᠤᠯ | ᠲᠦᠭᠰᠢᠭᠦᠷᠢ ᠶᠢ ᠬᠠᠮᠢᠶᠠᠷᠤᠨ ᠡᠵᠡᠮᠳᠡᠬᠦ ᠶᠢ ᠴᠢᠩᠭᠠᠳᠬᠠᠵᠤ᠂ ᠡᠯ᠎ᠡ ᠰᠠᠯᠠᠭ᠎ᠠ ᠮᠥᠴᠢᠷ ᠤᠨ ᠬᠢᠨ ︽ᠬᠤᠸᠠᠷ | ᠫᠤᠤᠵᠢᠩ ᠤᠨ ᠬᠥᠭᠵᠢᠶᠡᠨ ᠲᠠᠢ ᠤᠯᠠᠷᠢᠯ ᠤᠨ ᠠᠶᠤᠯ ᠥᠬᠡᠶ ᠦᠢᠯᠡᠳᠪᠦᠷᠢᠯᠡᠯ ᠤᠨ ᠠᠵᠢᠯ ᠢ ᠴᠢᠩᠭᠠᠳᠬᠠᠬᠤ ᠲᠤᠬᠠᠶ | ᠲᠥᠷᠥ ᠶᠢᠨ ᠶᠠᠪᠤᠳᠠᠯ ᠤᠨ ᠬᠤᠷᠢᠶᠠᠨ ᠤ ᠠᠶᠤᠯ ᠥᠬᠡᠶ ᠦᠢᠯᠡᠳᠪᠦᠷᠢᠯᠡᠯ ᠤᠨ ᠵᠥᠪᠯᠡᠯ ᠤᠨ ᠠᠯᠪᠠᠨ ᠬᠡᠷ ᠤᠨ | ᠮᠡᠳᠡᠭᠳᠡᠯ︾ ᠤᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠲᠤᠰᠬᠠᠶ ᠴᠡᠭᠴᠡᠯᠡᠨ | ᠵᠠᠰᠠᠬᠤ ᠠᠵᠢᠯ ᠥᠷᠨᠢᠭᠦᠯᠵᠦ᠂ ᠬᠤᠸᠠᠷ ᠫᠤᠤᠵᠢᠩ ᠬᠠᠳᠠᠭᠠᠯᠠᠬᠤ᠂ ᠡᠵᠡᠩᠨᠡᠬᠦ᠂ ᠲᠡᠭᠡᠭᠡᠪᠦᠷᠢᠯᠡᠬᠦ᠂ ᠫᠤᠤᠵᠢᠩ | ᠲᠠᠯᠪᠢᠬᠤ ᠵᠡᠷᠭᠡ ᠡᠯ᠎ᠡ ᠭᠤᠭᠴᠤᠭ᠎ᠠ ᠶᠢᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ︽ | ᠬᠠᠤᠯᠢ ᠪᠤᠰᠤ ᠬᠡᠪᠯᠡᠭᠳᠡᠬᠦᠨ ᠳᠤ ᠴᠣᠬᠢᠯᠲᠠ ᠥᠭᠴᠦ ᠬᠠᠤᠯᠢ ᠪᠤᠰᠤ ᠬᠡᠪᠯᠡᠭᠳᠡᠬᠦᠨ ᠢ ᠵᠠᠰᠠᠬᠤ︾ ᠥᠨᠳᠥᠷ | ᠳᠠᠷᠤᠯᠲᠠᠲᠤ ᠪᠠᠶᠢᠳᠠᠯ ᠢ ᠢᠮᠠᠭᠲᠠ ᠪᠠᠲᠤᠯᠠᠵᠤ᠂ ᠬᠤᠸᠠᠷ ᠫᠤᠤᠵᠢᠩ ᠤᠨ ᠵᠠᠬ᠎ᠠ ᠳᠡᠯᠭᠡᠭᠦᠷ ᠤᠨ ᠡᠮᠬᠢ ᠵᠠᠮᠪᠠᠷᠠᠭ᠎ᠠ | ᠥᠬᠡᠶ ᠪᠠᠶᠢᠳᠠᠯ ᠢ ᠴᠡᠭᠴᠡᠯᠡᠨ ᠵᠠᠰᠠᠬᠤ ᠬᠡᠷᠡᠭᠲᠡᠶ᠃ |