ᠮᠣᠩᠭᠤᠯ ᠦᠨᠳᠦᠰᠦᠲᠡᠨ ᠤ ᠲᠡᠮᠡᠭᠡ ᠲᠡᠵᠢᠭᠡᠬᠦ ᠵᠠᠩ ᠦᠢᠯᠡ ᠪᠣᠯ ᠤᠯᠤᠰ ᠤᠨ ᠲᠡᠰ ᠤᠨ ᠪᠣᠳᠠᠰ ᠤᠨ ᠪᠤᠰᠤ | ᠰᠣᠶᠣᠯ ᠤᠨ ᠥᠪ ᠪᠣᠯᠣᠨ᠎ᠠ᠃ ᠠᠯᠠᠱᠠ ᠨᠤᠲᠤᠭ ᠪᠣᠯ ᠲᠡᠮᠡᠭᠡ ᠶᠢ ᠨᠡᠯᠢᠶᠡᠳ ᠲᠥᠪᠯᠡᠷᠡᠭᠦᠯᠦᠨ ᠲᠡᠵᠢᠭᠡᠵᠦ ᠪᠠᠶᠢᠭ᠎ᠠ | ᠭᠠᠵᠠᠷ ᠣᠷᠣᠨ ᠪᠠᠶᠢᠵᠤ᠂ 5000 ᠭᠠᠷᠤᠢ ᠵᠢᠯ ᠤᠨ ᠲᠡᠮᠡᠭᠡ ᠭᠠᠷᠰᠢᠭᠤᠯᠤᠭᠰᠠᠨ ᠲᠡᠦᠬᠡ ᠲᠠᠢ᠃ ᠤᠷᠳᠤ | ᠤᠳᠠᠭᠠᠨ ᠲᠡᠦᠬᠡ ᠶᠢᠨ ᠶᠠᠪᠤᠴᠠ ᠳᠤ᠂ ᠠᠯᠠᠱᠠᠴᠤᠳ ᠲᠡᠮᠡᠭᠡ ᠲᠠᠢ ᠪᠠᠨ ᠬᠠᠮᠲᠤ ᠠᠵᠤ ᠲᠦᠷᠦᠵᠤ᠂ | ᠲᠡᠮᠡᠭᠡ ᠲᠠᠢ ᠪᠠᠨ ᠬᠠᠮᠲᠤ ᠨᠡᠭᠦᠳᠡᠯᠯᠡᠵᠦ᠂ ᠣᠷᠣᠰᠢᠨ ᠠᠮᠢᠳᠤᠷᠠᠬᠤ ᠳᠣᠲᠣᠨᠣ ᠬᠠᠨᠢ ᠪᠣᠯᠵᠠᠢ᠃ ᠡᠭᠦᠨ ᠤ | ᠲᠥᠷᠥᠳᠡᠰᠦ ᠪᠣᠯᠤᠭᠰᠠᠨ ᠲᠡᠮᠡᠭᠡᠨ ᠰᠣᠶᠣᠯ ᠤᠨ ᠠᠭᠤᠯᠬᠤᠨ ᠡᠴᠢᠨ᠎ᠡ ᠭᠦᠨ ᠪᠠᠶᠢᠳᠠᠭ ᠤᠴᠢᠷᠲᠠᠢ᠃ | ᠵᠤᠨ ᠤ ᠰᠡᠭᠦᠯᠴᠢ ᠨᠠᠮᠤᠷ ᠤᠨ ᠡᠬᠢᠨ ᠤ ᠠᠯᠠᠱᠠ ᠨᠤᠲᠤᠭ ᠤᠨ ᠭᠤᠪᠢ ᠭᠡᠵᠦ ᠠᠭᠠᠭᠢᠮ᠎ᠠ ᠬᠠᠯᠠᠭᠤᠨ ᠪᠠᠶᠢᠵᠤ᠂ | ᠬᠤᠯᠠ ᠶᠢᠨ ᠪᠠᠷ᠎ᠠ ᠭᠠᠵᠠᠷ ᠤᠨ ᠮᠠᠨᠠᠨ ᠳᠤ ᠪᠥᠷᠲᠥᠯᠵᠡᠨ᠂ ᠬᠠᠳᠠ ᠴᠢᠯᠠᠭᠤᠨ ᠨᠠᠷᠠᠨ ᠤ ᠭᠡᠷᠡᠯ ᠢ ᠣᠶᠢᠯᠭᠠᠨ | ᠭᠢᠯᠠᠰᠤᠨᠠ᠃ ᠪᠣᠯᠣᠳ ᠤᠨ ᠨᠤᠲᠤᠭ ᠪᠡᠯᠴᠢᠭᠡᠷ ᠨᠢ ᠠᠯᠠᠱᠠ ᠪᠠᠷᠠᠭᠤᠨ ᠬᠤᠰᠢᠭᠤᠨ ᠪ᠊ ᠠᠯᠲᠠᠨᠴᠤᠭ ᠰᠤᠮᠤᠨ ᠤ | ᠠᠯᠲᠠᠨᠲᠠᠯ᠎ᠠ ᠭᠠᠴᠠᠭᠠᠨ ᠳᠤ ᠪᠠᠶᠢᠳᠠᠭ᠃ ᠠᠳᠡᠬᠢ ᠭᠠᠵᠠᠷ ᠤᠨ ᠪᠠᠶᠢᠴᠠ ᠥᠷᠭᠡᠨ ᠠᠭᠤᠵᠢᠮ ᠪᠠᠶᠢᠵᠤ᠂ ᠲᠡᠮᠡᠭᠡ | ᠢᠳᠡᠬᠦ ᠳᠤᠷᠠᠲᠠᠢ ᠰᠢᠷᠠᠯᠵᠢ᠂ ᠬᠤᠨᠢᠨ ᠰᠢᠷᠠᠯᠵᠢ᠂ ᠴᠠᠭᠠᠨ ᠵᠠᠭ᠂ ᠵᠠᠭ ᠮᠣᠳᠣ᠂ ᠲᠡᠮᠡᠭᠡᠨ ᠥᠷᠭᠡᠰᠦ ᠠᠷᠠᠮᠠᠭ | ᠲᠠᠷᠠᠮᠠᠭ ᠤᠷᠭᠤᠵᠠᠢ᠃ ᠠᠳᠡᠬᠢ ᠨᠢ ᠠᠯᠠᠱᠠ ᠳᠤ ᠨᠠᠷᠠᠲᠠᠢ ᠬᠤᠷᠳᠤᠨ ᠲᠡᠮᠡᠭᠡᠨ ᠤ ᠨᠤᠲᠤᠭ ᠪᠠᠶᠢᠵᠤ᠂ ᠨᠠᠭᠠᠳᠤᠮ ᠳᠤ | ᠲᠦᠷᠦᠭᠦᠯᠡᠳᠡᠭ ᠲᠡᠮᠡᠭᠡ ᠤᠯᠠᠨ ᠭᠠᠷᠳᠠᠭ ᠢᠶᠠᠷ ᠢᠶᠠᠨ ᠠᠯᠳᠠᠷᠰᠢᠵᠠᠢ᠃ ᠦᠳᠡ ᠬᠡᠯᠪᠠᠶᠢᠬᠦ ᠦᠶ᠎ᠡ ᠪᠠᠷ ᠪᠣᠯᠣᠳ | ᠵᠤᠷᠰᠢᠯ ᠶᠣᠰᠣᠭᠠᠷ ᠬᠤᠳᠳᠤᠭ ᠤᠨ ᠬᠠᠵᠠᠭᠤ ᠳᠤ ᠢᠷᠠᠵᠤ᠂ ᠲᠡᠮᠡᠭᠡᠳ ᠨᠢ ᠭᠤᠷᠪᠠ ᠲᠠᠪᠤ ᠪᠠᠷ ᠴᠤᠪᠤᠷᠠᠯᠳᠤᠨ | ᠢᠷᠠᠵᠤ ᠤᠰᠤ ᠤᠤᠭᠤᠬᠤ ᠶᠢ ᠬᠠᠷᠠᠵᠤ ᠵᠣᠭᠰᠣᠨ᠎ᠠ᠃ ᠭᠤᠪᠢ ᠨᠤᠲᠤᠭ ᠲᠤ 4G ᠰᠦᠯᠵᠢᠶ᠎ᠡ ᠲᠠᠢ | ᠪᠣᠯᠤᠭᠰᠠᠨ ᠠᠴᠠ ᠲᠠᠷᠠ ᠬᠤᠳᠳᠤᠭ ᠳᠡᠭᠡᠷ᠎ᠡ ᠪᠠᠨ ᠨᠠᠷᠠᠨ ᠡᠨᠧᠷᠭᠢ ᠶᠢᠨ ᠴᠠᠭᠢᠯᠭᠠᠨ ᠭᠠᠷᠭᠠᠭᠤᠷ᠂ ᠳ᠋ᠢᠶᠠᠨ ᡂᠢ᠂ | ᠨᠠᠷᠠᠨ ᠡᠨᠧᠷᠭᠢ᠂ ᠴᠠᠭᠢᠯᠭᠠᠨ ᠬᠤᠷᠢᠶᠠᠭᠤᠷ᠂ ᠤᠰᠤᠨ ᠬᠥᠭᠡᠷᠭᠡ ᠪᠣᠯᠣᠨ ᠠᠦ᠋ᠲ᠋ᠣᠴᠢᠯᠠᠭᠰᠠᠨ ᠲᠤᠨᠤᠭ ᠲᠥᠬᠦᠭᠡᠷᠦᠮᠵᠢ | ᠤᠭᠰᠠᠷᠠᠵᠤ᠂ ᠭᠠᠷ ᠤᠲᠠᠰᠤ ᠪᠠᠷ ᠢᠶᠠᠨ ᠠᠯᠤᠰ ᠠᠴᠠ ᠡᠵᠡᠮᠳᠡᠨ ᠤᠰᠤ ᠲᠠᠲᠠᠭᠠᠳ ᠮᠠᠯ ᠢᠶᠠᠨ ᠤᠰᠤᠯᠠᠴᠢᠬᠠᠳᠠᠭ | ᠪᠣᠯᠵᠠᠢ᠃ ᠥᠩᠭᠡᠷᠡᠭᠰᠡᠨ ᠳᠤ ᠲᠡᠷᠡ ᠦᠷᠭᠦᠯᠵᠢ ᠠᠪᠤ ᠡᠵᠢ ᠪᠠᠨ ᠲᠠᠭᠠᠭᠠᠳ ᠬᠤᠳᠳᠤᠭ ᠳᠡᠭᠡᠷ᠎ᠡ ᠬᠤᠪᠣᠭᠤ ᠪᠠᠷ | ᠤᠰᠤ ᠲᠠᠲᠠᠵᠤ ᠲᠡᠮᠡᠭᠡ ᠪᠠᠨ ᠤᠰᠤᠯᠠᠵᠤ᠂ ᠲᠡᠮᠡᠭᠡᠳ ᠤᠨ ᠤᠰᠤ ᠤᠤᠭᠤᠬᠤ ᠶᠢ ᠬᠠᠷᠠᠬᠤ ᠪᠠᠷ ᠳᠣᠲᠣᠷ᠎ᠠ ᠨᠢ | ᠰᠡᠷᠭᠦᠵᠦ᠂ 13 ᠨᠠᠰᠤᠨ ᠳᠠᠭᠠᠨ ᠠᠪᠤ ᠡᠵᠢ ᠪᠠᠨ ᠬᠠᠪᠰᠤᠷᠴᠤ ᠠᠵᠢᠯ ᠬᠢᠳᠡᠭ ᠪᠣᠯᠤᠭᠰᠠᠨ ᠳᠠᠭᠠᠨ ᠣᠮᠣᠭᠰᠢᠳᠠᠭ | ᠪᠠᠶᠢᠯ᠎ᠠ᠃ | ᠪᠤᠤᠷ᠎ᠠ ᠰᠣᠩᠭᠤᠬᠤ | ᠶᠡᠷᠦ ᠨᠢ ᠲᠡᠮᠡᠭᠡ ᠤᠰᠤᠯᠠᠬᠤ ᠪᠠ ᠲᠡᠮᠡᠭᠡ ᠬᠠᠶᠢᠴᠢᠯᠠᠬᠤ ᠠᠴᠠ ᠭᠠᠳᠠᠨ᠎ᠠ ᠲᠡᠮᠡᠭᠡᠴᠢᠳ ᠲᠡᠮᠡᠭᠡ ᠪᠠᠨ ᠣᠯᠵᠤ | ᠬᠠᠷᠠᠳᠠᠭ ᠦᠭᠡᠢ᠃ ᠲᠡᠮᠡᠭᠡᠨ ᠰᠦᠷᠦᠭ ᠬᠡᠭᠡᠷ᠎ᠡ ᠪᠡᠯᠴᠢᠬᠦ ᠳᠡᠭᠡᠨ ᠬᠤᠷᠤᠭ᠎ᠠ ᠬᠠᠰᠢᠶᠠᠨ ᠠᠴᠠ ᠪᠠᠨ ᠲᠠᠪᠤ ᠵᠢᠷᠭᠤᠭᠠᠨ | ᠺᠢᠯᠣᠮᠧᠲᠷ ᠵᠠᠶᠢᠲᠠᠢ ᠭᠠᠷᠤᠭᠠᠳ ᠰᠠᠶ᠋ᠢ ᠢᠳᠡᠰᠢᠯᠡᠳᠡᠭ᠃ ᠬᠤᠷᠣᠭᠠᠨ ᠤ ᠣᠶᠢᠷᠠᠯᠴᠠᠭᠠᠬᠢ ᠡᠪᠡᠰᠦ ᠶᠢ ᠢᠳᠡᠳᠡᠭ | ᠦᠭᠡᠢ᠂ ᠲᠡᠮᠡᠭᠡ ᠪᠣᠯᠣᠨ ᠲᠡᠮᠡᠭᠡᠴᠢᠨ ᠢᠩᠭᠢᠵᠦ ᠭᠡᠷ ᠣᠷᠣᠨ ᠢᠶᠠᠨ ᠬᠠᠶᠢᠷᠠᠯᠠᠨ ᠬᠠᠮᠠᠭᠠᠯᠠᠳᠠᠭ ᠤᠴᠢᠷᠲᠠᠢ᠃ | ᠪᠣᠯᠣᠳ ᠤᠨ ᠴᠡᠭᠡᠵᠢᠯᠡᠵᠦ ᠪᠠᠶᠢᠬᠤ ᠪᠠᠷ᠂ ᠵᠢᠯ ᠤᠨ ᠥᠩᠭᠡ ᠰᠠᠶᠢᠨ ᠦᠶᠡᠰ ᠲᠡᠳᠡᠨᠡᠶᠢᠬᠢᠨ ᠬᠠᠮᠤᠭ ᠤᠨ ᠤᠯᠠᠨ ᠳᠠᠭᠠᠨ | 100 ᠭᠠᠷᠤᠢ ᠲᠡᠮᠡᠭᠡ ᠲᠠᠢ ᠪᠠᠶᠢᠪᠠ᠃ ᠲᠡᠮᠡᠭᠡ ᠶᠡᠷᠦ ᠳᠡᠭᠡᠨ ᠡᠪᠦᠯ ᠴᠠᠭ ᠣᠷᠤᠭ᠎ᠠ ᠣᠷᠣᠳᠠᠭ᠂ ᠣᠷᠣᠭᠰᠠᠨ ᠪᠤᠤᠷ᠎ᠠ | ᠮᠠᠰᠢ ᠲᠤᠬᠰᠢᠨ ᠪᠠᠶᠢᠵᠤ᠂ ᠰᠦᠷᠦᠭ ᠲᠡᠭᠡᠨ ᠶᠡᠷᠦ ᠥᠭᠡᠷ᠎ᠡ ᠪᠤᠤᠷ᠎ᠠ ᠶᠢ ᠬᠠᠪᠢᠳᠠᠭᠤᠯᠳᠠᠭ ᠦᠭᠡᠢ᠃ ᠪᠤᠤᠷ᠎ᠠ ᠶᠢᠨ | ᠬᠤᠭᠤᠷᠣᠨᠳᠤ ᠦᠬᠦᠵᠦ ᠰᠡᠭᠡᠭᠦ ᠲᠡᠮᠡᠴᠡᠭᠡᠨ ᠪᠣᠯᠵᠤ᠂ ᠵᠠᠪᠠᠯ ᠨᠢᠭᠡ ᠨᠢ ᠢᠯᠠᠵᠤ᠂ ᠨᠦᠭᠦᠭᠡ ᠪᠠᠨ ᠬᠠᠷᠢ ᠬᠤᠯᠠ | ᠲᠠᠭᠤᠵᠤ ᠶᠠᠪᠤᠭᠤᠯᠤᠭᠠᠳ ᠰᠠᠶ᠋ᠢ ᠲᠡᠮᠡᠴᠡᠭᠡᠨ ᠳᠠᠭᠤᠰᠳᠠᠭ᠃ | ᠪᠤᠤᠷ᠎ᠠ ᠰᠣᠩᠭᠤᠵᠤ ᠪᠤᠶᠢᠵᠢᠭᠤᠯᠬᠤ ᠪᠣᠯ ᠲᠡᠮᠡᠭᠡᠴᠢᠨ ᠬᠥᠮᠥᠨ ᠤ ᠨᠢᠭᠡᠨ ᠲᠣᠮᠣ ᠰᠢᠯᠭᠠᠯᠲᠠ ᠮᠥᠨ᠃ ᠪᠠᠰᠠᠴᠤ | ᠲᠡᠮᠡᠭᠡᠨ ᠰᠦᠷᠦᠭ ᠤᠨ ᠮᠠᠨᠳᠤᠯ ᠪᠠᠭᠤᠷᠠᠯ ᠲᠠᠢ ᠬᠤᠯᠪᠣᠭᠳᠠᠬᠤ ᠵᠠᠩᠭᠢᠯᠠᠭ᠎ᠠ ᠶᠢᠨ ᠠᠰᠠᠭᠤᠳᠠᠯ ᠪᠣᠯᠣᠨ᠎ᠠ᠃ ᠲᠡᠮᠡᠭᠡᠨ | ᠰᠦᠷᠦᠭ ᠲᠠᠬᠢ ᠬᠠᠭᠤᠴᠢᠨ ᠪᠤᠤᠷ᠎ᠠ 20 ᠨᠠᠰᠤ ᠶᠢ ᠬᠡᠲᠦᠷᠡᠭᠰᠡᠨ ᠪᠠᠶᠢᠪᠠᠯ ᠰᠢᠨ᠎ᠡ ᠪᠤᠤᠷ᠎ᠠ ᠶᠢ ᠰᠣᠩᠭᠤᠨ | ᠪᠤᠶᠢᠵᠢᠭᠤᠯᠬᠤ ᠬᠡᠷᠡᠭᠲᠡᠢ ᠪᠤᠯᠳᠠᠭ᠃ ᠬᠤᠶᠠᠷ ᠭᠤᠷᠪᠠᠨ ᠨᠠᠰᠤᠲᠠᠢ ᠬᠠᠷᠠᠬᠠᠨ ᠠᠭᠲᠠᠯᠠᠭᠠ ᠦᠭᠡᠢ ᠲᠣᠷᠤᠮ | ᠲᠦᠢᠯᠤᠭ ᠤᠨ ᠳᠤᠮᠳᠠ ᠠᠴᠠ ᠢᠷᠡᠭᠡᠳᠦᠢ ᠶᠢᠨ ᠪᠤᠤᠷ᠎ᠠ ᠶᠢ ᠰᠢᠯᠢᠵᠦ ᠰᠣᠩᠭᠤᠨ᠎ᠠ᠂ ᠰᠣᠩᠭᠤᠬᠤ ᠳᠠᠭᠠᠨ ᠡᠬᠡ | ᠢᠩᠭᠡᠨ ᠤ ᠬᠢᠨᠢ ᠰᠦ ᠶᠢᠨ ᠭᠠᠷᠤᠯᠲᠠ ᠶᠢ ᠦᠵᠡᠬᠦ ᠶᠢᠨ ᠬᠠᠮᠲᠤ ᠪᠠᠰᠠ ᠲᠤᠰ ᠪᠣᠲᠣᠭᠤᠨ ᠤ ᠬᠤᠣᠰ ᠪᠦᠭᠦ ᠨᠢ | ᠰᠦᠷᠯᠢᠭ ᠰᠠᠶᠢᠬᠠᠨ᠂ ᠨᠣᠣᠰᠣᠨ ᠪ᠊ ᠬᠢᠨᠢ ᠥᠩᠭᠡ ᠨᠢ ᠲᠥᠪ ᠰᠠᠶᠢᠬᠠᠨ ᠪᠠᠶᠢᠬᠤ᠂ ᠨᠣᠣᠯᠣᠭᠤᠷ ᠨᠢ ᠵᠤᠵᠠᠭᠠᠨ | ᠮᠥᠷᠲᠡᠭᠡᠨ ᠵᠥᠭᠡᠯᠡᠨ᠂ ᠲᠦᠷᠪᠡᠨ ᠮᠥᠴᠢ ᠨᠢ ᠬᠦᠳᠡᠷᠯᠢᠭ ᠪᠠᠶᠢᠬᠤ᠂ ᠬᠦᠵᠦᠭᠦᠦ ᠨᠢ ᠡᠪᠯᠢᠭ᠂ ᠥᠩᠭᠡ ᠵᠢᠰᠦᠮ ᠨᠢ | ᠰᠠᠶᠢᠬᠠᠨ ᠪᠠᠶᠢᠬᠤ ᠡᠰᠡᠬᠦ ᠶᠢ ᠪᠦᠷ ᠰᠢᠯᠭᠠᠨ ᠪᠠᠶᠢᠴᠠᠭᠠᠵᠤ᠂ ᠬᠢᠷᠢ ᠲᠡᠩᠴᠡᠪᠡᠯ ᠰᠠᠶ᠋ᠢ ᠰᠣᠩᠭᠤᠭᠳᠠᠳᠠᠭ᠃ ᠡᠰᠡ | ᠰᠣᠩᠭᠤᠭᠳᠠᠭᠰᠠᠨ ᠡᠷ᠎ᠡ ᠪᠣᠲᠣᠭᠤ ᠶᠢ ᠪᠠᠷᠤᠭ ᠪᠦᠷ ᠠᠭᠲᠠᠯᠠᠵᠤ᠂ ᠤᠨᠤᠯᠭ᠎ᠠ ᠠᠴᠢᠯᠭ᠎ᠠ ᠳᠤ ᠬᠡᠷᠡᠭᠯᠡᠬᠦ ᠪᠤᠶᠤ | ᠤᠷᠤᠯᠳᠤᠭᠠᠨ ᠤ ᠲᠡᠮᠡᠭᠡ ᠪᠣᠯᠭᠠᠳᠠᠭ᠃ ᠢᠩᠭᠡᠨ ᠲᠡᠮᠡᠭᠡᠳ ᠨᠢ ᠰᠦ᠂ ᠨᠣᠣᠰᠣᠨ ᠪ᠊ ᠠᠰᠢᠭ ᠰᠢᠮ᠎ᠡ ᠪᠠᠨ ᠥᠭᠬᠦ | ᠵᠢᠴᠢ ᠬᠤᠶᠢᠴᠢ ᠦᠶ᠎ᠡ ᠪᠠᠨ ᠦᠷᠡᠵᠢᠭᠦᠯᠬᠦ ᠡᠭᠦᠷᠭᠡ ᠲᠠᠢ᠃ |