ᠣᠢ ᠰᠢᠭᠤᠶ ᠶᠢᠨ ᠭᠠᠯ ᠤᠨ ᠠᠶᠤᠯ ᠢ ᠰᠡᠷᠭᠡᠶᠢᠯᠡᠬᠦ ᠲᠤᠬᠠᠶ ᠶᠡᠷᠦ ᠶᠢᠨ ᠮᠡᠳᠡᠯᠭᠡ
ᠨᠡᠶᠢᠲᠡᠯᠡᠭᠰᠡᠨ ᠴᠠᠭ᠄
2024/4/12
     ᠡᠪᠦᠯ ᠤᠨ ᠤᠯᠠᠷᠢᠯ ᠪᠣᠯ ᠠᠭᠤᠯᠠᠨ ᠲᠦᠶᠮᠡᠷ ᠣᠯᠠᠨ ᠡᠭᠦᠰᠬᠦ ᠤᠯᠠᠷᠢᠯ ᠪᠣᠯᠤᠨ᠎ᠠ᠂ ᠣᠶ ᠰᠢᠭᠤᠶ ᠳᠤ ᠲᠦᠶᠮᠡᠷ ᠭᠠᠷᠬᠤ ᠨᠢ ᠬᠡᠮᠵᠢᠶᠡᠯᠡᠰᠢ ᠥᠬᠡᠶ ᠬᠤᠬᠢᠷᠠᠯ ᠤᠴᠠᠷᠠᠭᠤᠯᠳᠠᠭ᠃ ᠲᠡᠭᠡᠪᠡᠯ ᠣᠢ ᠰᠢᠭᠤᠶ ᠶᠢᠨ ᠭᠠᠯ ᠤᠨ ᠠᠶᠤᠯ ᠤᠨ ᠬᠤᠤᠷ ᠬᠥᠨᠥᠭᠡᠯ ᠶᠠᠮᠠᠷ ᠪᠠᠶᠢᠳᠠᠭ ᠪᠣᠢ︖ ᠣᠶ ᠰᠢᠭᠤᠶ ᠳᠤ ᠭᠠᠯ ᠤᠨ ᠠᠶᠤᠯ ᠡᠭᠦᠰᠬᠦ ᠰᠢᠯᠲᠠᠭᠠᠨ ᠨᠢ ᠶᠠᠭᠤ ᠪᠣᠶ︖ ᠣᠢ ᠰᠢᠭᠤᠶ ᠶᠢᠨ ᠭᠠᠯ ᠤᠨ ᠠᠶᠤᠯ ᠢ ᠣᠯᠵᠤ ᠮᠡᠳᠡᠪᠡᠯ ᠶᠠᠭᠠᠬᠢᠬᠤ ᠶᠣᠰᠣᠲᠠᠢ ᠪᠤᠢ︖    ᠣᠢ ᠰᠢᠭᠤᠶ ᠶᠢᠨ ᠭᠠᠯ ᠤᠨ ᠠᠶᠤᠯ ᠤᠨ ᠬᠤᠤᠷ ᠬᠥᠨᠥᠭᠡᠯ    ᠣᠶ ᠰᠢᠭᠤᠶ ᠶᠢᠨ ᠭᠠᠯ ᠤᠨ ᠠᠶᠤᠯ ᠪᠣᠯ ᠬᠡᠪᠴᠢᠶ᠎ᠡ ᠶᠡᠭᠡ᠂ ᠬᠤᠬᠢᠷᠠᠯ ᠶᠡᠭᠡ ᠮᠦᠷᠲᠡᠭᠡᠨ ᠬᠠᠷᠠᠰᠠᠯᠲᠠᠶ᠂  ᠦᠷᠬᠦᠯᠵᠢᠯᠡᠬᠦ ᠴᠠᠭ ᠤᠷᠲᠤ᠂ ᠭᠠᠯ ᠤᠨ ᠪᠠᠶᠢᠳᠠᠯ ᠰᠢᠷᠦᠭᠦᠨ ᠵᠡᠷᠭᠡ ᠣᠨᠴᠠᠯᠢᠭ ᠲᠠᠢ᠃ ᠲᠡᠷᠡ ᠨᠢ ᠣᠶ ᠰᠢᠭᠤᠶ ᠶᠢᠨ ᠬᠠᠮᠤᠭ ᠤᠨ ᠠᠶᠤᠯᠲᠠᠶ ᠳᠠᠶᠢᠰᠤᠨ ᠪᠣᠯᠬᠤ ᠪᠥᠭᠡᠳ ᠪᠠᠰᠠ ᠣᠶ ᠰᠢᠭᠤᠶ ᠶᠢᠨ ᠬᠠᠮᠤᠭ ᠤᠨ ᠠᠶᠤᠮᠰᠢᠭᠲᠠᠶ ᠭᠠᠮᠰᠢᠭ ᠪᠣᠯᠤᠨ᠎ᠠ᠃    ᠣᠶ ᠰᠢᠭᠤᠶ ᠶᠢᠨ ᠭᠠᠯ ᠤᠨ ᠠᠶᠤᠯ ᠨᠢ ᠣᠶ ᠰᠢᠭᠤᠶ ᠶᠢ ᠰᠢᠲᠠᠭᠠᠵᠤ᠂ ᠣᠶ ᠳᠣᠲᠣᠷᠠᠬᠢ ᠠᠮᠢᠲᠠᠨ ᠢ ᠬᠥᠨᠥᠭᠡᠬᠦ  ᠪᠠᠷ ᠪᠠᠷᠠᠬᠤ ᠦᠭᠡᠶ ᠪᠠᠰᠠ ᠣᠶ ᠰᠢᠭᠤᠶ ᠶᠢᠨ ᠰᠢᠨᠡᠳᠬᠡᠬᠦ ᠴᠢᠳᠠᠪᠤᠷᠢ ᠶᠢ ᠪᠠᠭᠤᠷᠠᠭᠤᠯᠵᠤ᠂ ᠬᠥᠷᠥᠰᠥ ᠰᠢᠷᠣᠶ ᠶᠢ ᠲᠠᠴᠢᠷᠳᠠᠭᠤᠯᠬᠤ ᠪᠠ ᠣᠶ ᠰᠢᠭᠤᠶ ᠶᠢᠨ ᠤᠰᠤᠨ ᠤ ᠡᠬᠢ ᠰᠤᠷᠪᠤᠯᠵᠢ ᠶᠢ ᠬᠠᠳᠠᠭᠠᠯᠠᠬᠤ ᠦᠢᠯᠡᠳᠦᠯ ᠢ ᠡᠪᠳᠡᠬᠦ ᠳᠤ ᠬᠦᠷᠦᠭᠦᠯᠵᠦ᠂ ᠴᠢᠨᠠᠭᠰᠢᠯᠠᠪᠠᠯ ᠠᠮᠢ ᠠᠬᠤᠶ ᠶᠢᠨ ᠣᠷᠴᠢᠨ ᠲᠣᠭᠤᠷᠢᠨ ᠢ ᠲᠡᠩᠴᠡᠭᠦᠷᠢ ᠠᠯᠳᠠᠭᠤᠯᠳᠠᠭ᠃ ᠬᠡᠳᠦᠶᠢᠪᠡᠷ ᠣᠳᠣᠬᠠᠨ ᠤ ᠳᠡᠯᠡᠬᠡᠶ ᠶᠢᠨ ᠰᠢᠨᠵᠢᠯᠡᠬᠦ ᠤᠬᠠᠭᠠᠨ ᠡᠳᠦᠷ ᠠᠴᠠ ᠡᠳᠦᠷ ᠰᠢᠨᠡᠳᠦᠨ ᠬᠥᠭᠵᠢᠵᠦ ᠪᠠᠶᠢᠭ᠎ᠠ ᠪᠣᠯᠪᠠᠴᠤ ᠬᠥᠮᠦᠨ ᠲᠥᠷᠥᠯᠬᠢᠲᠡᠨ ᠣᠶ ᠰᠢᠭᠤᠶ ᠶᠢᠨ ᠭᠠᠯ ᠤᠨ ᠠᠶᠤᠯ ᠢ ᠠᠷᠭᠠᠴᠠᠬᠤ ᠲᠠᠯ᠎ᠠ ᠪᠠᠷ ᠮᠥᠨ ᠯᠡ ᠲᠡᠶᠢᠮᠦ ᠶᠡᠭᠡ ᠠᠮᠵᠢᠯᠲᠠ ᠣᠯᠵᠤ ᠴᠢᠳᠠᠭ᠎ᠠ ᠦᠭᠡᠶ ᠪᠠᠶᠢᠨ᠎ᠠ᠃    ᠣᠶ ᠰᠢᠭᠤᠶ ᠳᠤ ᠭᠠᠯ ᠤᠨ ᠠᠶᠤᠯ ᠡᠭᠦᠰᠬᠦ ᠭᠤᠤᠯ ᠰᠢᠯᠲᠠᠭᠠᠨ    ᠣᠢ ᠰᠢᠭᠤᠶ ᠳᠤ ᠭᠠᠯ ᠤᠨ ᠠᠶᠤᠯ ᠡᠭᠦᠰᠬᠦ ᠰᠢᠯᠲᠠᠭᠠᠨ ᠳᠤ ᠭᠤᠤᠯᠳᠠᠭᠤ ᠬᠤᠶᠠᠷ ᠶᠡᠭᠡ ᠲᠥᠷᠥᠯ  ᠪᠠᠭᠲᠠᠨ᠎ᠠ᠄ ᠬᠥᠮᠦᠨ ᠤ ᠲᠠᠯᠪᠢᠭᠰᠠᠨ ᠭᠠᠯ ᠲᠦᠢᠮᠡᠷ ᠪᠠ ᠪᠠᠶᠢᠭᠠᠯᠢ ᠶᠢᠨ ᠭᠠᠯ ᠲᠦᠢᠮᠡᠷ᠃    ᠬᠥᠮᠦᠨ ᠤ ᠲᠠᠯᠪᠢᠭᠰᠠᠨ ᠭᠠᠯ ᠲᠦᠢᠮᠡᠷ ᠲᠤ ᠳᠣᠣᠷᠠᠬᠢ ᠬᠡᠳᠦᠨ ᠵᠦᠢᠯ ᠪᠠᠭᠲᠠᠨ᠎ᠠ᠄    ᠦᠢᠯᠡᠳᠪᠦᠷᠢᠯᠡᠯ ᠤᠨ ᠴᠢᠨᠠᠷᠲᠠᠶ ᠭᠠᠯ ᠤᠨ ᠢᠷᠡᠯᠲᠡ᠄ ᠲᠠᠷᠢᠶᠠᠯᠠᠩ᠂ ᠣᠶ ᠰᠢᠭᠤᠶ᠂ ᠮᠠᠯ ᠠᠵᠤ ᠠᠬᠤᠶ ᠶᠢᠨ ᠦᠢᠯᠡᠳᠪᠦᠷᠢᠯᠡᠯ ᠳᠤ ᠬᠡᠷᠡᠭᠯᠡᠬᠦ ᠭᠠᠯ᠂ ᠣᠶ ᠰᠢᠭᠤᠶ ᠶᠢᠨ ᠲᠤᠰᠠᠯᠠᠬᠤ ᠦᠢᠯᠡᠳᠪᠦᠷᠢᠯᠡᠯ ᠳᠤ ᠬᠡᠷᠡᠭᠯᠡᠬᠦ ᠭᠠᠯ᠂ ᠦᠢᠯᠡᠳᠪᠦᠷᠢ ᠠᠭᠤᠷᠬᠠᠶ ᠶᠢᠨ ᠲᠡᠭᠡᠭᠡᠪᠦᠷᠢ ᠦᠢᠯᠡᠳᠪᠦᠷᠢᠯᠡᠯ ᠳᠤ ᠬᠡᠷᠡᠭᠯᠡᠬᠦ ᠭᠠᠯ ᠵᠡᠷᠭᠡ ᠪᠣᠯᠤᠨ᠎ᠠ᠃    ᠦᠢᠯᠡᠳᠪᠦᠷᠢᠯᠡᠯ ᠤᠨ ᠪᠤᠰᠤ ᠴᠢᠨᠠᠷᠲᠠᠢ ᠭᠠᠯ ᠤᠨ ᠢᠷᠡᠯᠲᠡ᠄ ᠬᠡᠭᠡᠷ᠎ᠡ ᠲᠠᠮᠠᠬᠢ ᠲᠠᠲᠠᠬᠤ᠂ ᠬᠤᠭᠤᠯᠠ ᠬᠢᠬᠦ᠂ ᠴᠠᠭᠠᠰᠤ ᠰᠢᠲᠠᠭᠠᠬᠤ᠂ ᠳᠤᠯᠠᠭᠠᠯᠠᠬᠤ ᠵᠡᠷᠭᠡ᠃    ᠵᠣᠷᠢᠭᠤᠳᠠ ᠭᠠᠯ ᠲᠠᠯᠪᠢᠬᠤ᠄ ᠵᠣᠷᠢᠭᠤᠳᠠ ᠠᠴᠠ ᠪᠣᠯᠤᠭᠰᠠᠨ ᠭᠠᠯ ᠤᠨ ᠠᠶᠤᠯ ᠤᠨ ᠳᠣᠲᠣᠷ᠎ᠠ ᠠᠲᠠᠷ ᠰᠢᠲᠠᠭᠠᠬᠤ᠂ ᠲᠠᠮᠠᠬᠢ ᠲᠠᠲᠠᠬᠤ ᠵᠡᠷᠭᠡ ᠠᠴᠠ ᠪᠣᠯᠤᠭᠰᠠᠨ ᠣᠶ ᠰᠢᠭᠤᠶ ᠶᠢᠨ ᠭᠠᠯ ᠤᠨ ᠠᠶᠤᠯ ᠬᠠᠮᠤᠭ ᠤᠨ  ᠣᠯᠠᠨ ᠪᠠᠶᠢᠳᠠᠭ᠃    ᠣᠶ ᠰᠢᠭᠤᠶ ᠶᠢᠨ ᠭᠠᠯ ᠤᠨ ᠠᠶᠤᠯ ᠳᠤ ᠲᠠᠮᠠᠬᠢ ᠲᠠᠲᠠᠬᠤ᠂ ᠠᠲᠠᠷ ᠰᠢᠲᠠᠭᠠᠬᠤ ᠪᠠ ᠪᠤᠯᠠᠰᠢᠨ ᠳᠤ ᠴᠠᠭᠠᠰᠤ ᠰᠢᠲᠠᠭᠠᠭᠰᠠᠨ ᠠᠴᠠ ᠪᠣᠯᠵᠤ ᠭᠠᠯ ᠤᠨ ᠠᠶᠤᠯ ᠭᠠᠷᠬᠤ ᠨᠢ ᠬᠠᠷᠢᠴᠠᠯᠠᠰᠢ ᠦᠭᠡᠶ ᠲᠤᠭ᠎ᠠ ᠶᠢ ᠡᠵᠡᠯᠡᠵᠦ ᠪᠠᠶᠢᠨ᠎ᠠ᠃    ᠪᠠᠶᠢᠭᠠᠯᠢ ᠶᠢᠨ ᠭᠠᠯ ᠲᠦᠢᠮᠡᠷ᠄ ᠡᠭᠦᠨ ᠳᠤ ᠠᠶᠤᠩᠭ᠎ᠠ ᠴᠠᠬᠢᠯᠭᠠᠨ᠂ ᠠᠶᠠᠨᠳᠠᠭᠠᠨ ᠨᠣᠴᠣᠬᠤ ᠵᠡᠷᠭᠡ ᠪᠠᠭᠲᠠᠨ᠎ᠠ᠃ ᠪᠠᠶᠢᠭᠠᠯᠢ ᠶᠢᠨ ᠭᠠᠯ ᠠᠴᠠ ᠪᠣᠯᠤᠭᠰᠠᠨ ᠣᠶ ᠰᠢᠭᠤᠶ ᠶᠢᠨ ᠭᠠᠯ ᠤᠨ ᠠᠶᠤᠯ ᠨᠢ ᠪᠠᠷᠤᠭ ᠮᠠᠨ ᠤ ᠤᠯᠤᠰ ᠤᠨ ᠣᠶ ᠰᠢᠭᠤᠶ ᠶᠢᠨ ᠭᠠᠯ ᠤᠨ ᠠᠶᠤᠯ ᠤᠨ ᠶᠡᠷᠦᠩᠬᠡᠶ ᠲᠣᠭᠠᠨ ᠤ 1 % ᠶᠢ ᠡᠵᠡᠯᠡᠳᠡᠭ᠃    ᠣᠢ ᠰᠢᠭᠤᠶ ᠶᠢᠨ ᠭᠠᠯ ᠤᠨ ᠠᠶᠤᠯ ᠢ ᠣᠯᠵᠤ ᠮᠡᠳᠡᠪᠡᠯ ᠶᠠᠭᠠᠬᠢᠬᠤ ᠶᠣᠰᠣᠲᠠᠢ ᠪᠤᠢ    ᠣᠶ ᠰᠢᠭᠤᠶ ᠶᠢᠨ ᠭᠠᠯ ᠤᠨ ᠠᠶᠤᠯ ᠢ ᠣᠯᠵᠤ ᠮᠡᠳᠡᠪᠡᠯ ᠳᠠᠷᠤᠶᠢᠬᠠᠨ ᠣᠶ ᠰᠢᠭᠤᠶ ᠶᠢᠨ ᠭᠠᠯ ᠰᠡᠷᠭᠡᠶᠢᠯᠡᠯᠲᠡ  ᠶᠢᠨ ᠰᠡᠷᠡᠮᠵᠢ ᠶᠢᠨ 12119 ᠳᠤ ᠤᠲᠠᠰᠤᠳᠠᠵᠤ ᠭᠠᠯ ᠤᠨ ᠪᠠᠶᠢᠳᠠᠯ ᠢ ᠮᠡᠳᠡᠭᠦᠯᠬᠦ ᠬᠡᠷᠡᠭᠲᠡᠶ᠂ ᠳᠤᠷ᠎ᠠ ᠪᠠᠷ ᠢᠶᠠᠨ ᠠᠵᠢᠯᠯᠠᠭ᠎ᠠ ᠠᠪᠴᠤ ᠪᠣᠯᠬᠤ ᠦᠭᠡᠶ᠃ ᠮᠡᠳᠡᠭᠦᠯᠬᠦ ᠠᠭᠤᠯᠭ᠎ᠠ ᠨᠢ ᠲᠣᠪᠴᠢ ᠲᠣᠳᠣᠷᠬᠠᠶ ᠪᠠᠶᠢᠬᠤ ᠬᠡᠷᠡᠭᠲᠡᠶ᠂ ᠡᠭᠦᠨ ᠳᠤ ᠭᠠᠯ ᠭᠠᠷᠤᠭᠰᠠᠨ ᠭᠠᠵᠠᠷ᠂ ᠭᠠᠯ ᠤᠨ ᠶᠡᠭᠡ ᠪᠠᠭ᠎ᠠ᠂ ᠬᠡᠷᠡᠭ ᠮᠡᠳᠡᠭᠦᠯᠦᠭᠴᠢ ᠶᠢᠨ ᠣᠪᠣᠭ ᠨᠡᠷ᠎ᠡ᠂ ᠪᠡᠶ᠎ᠡ ᠶᠢᠨ ᠭᠠᠷᠤᠯ᠂ ᠬᠠᠷᠢᠯᠴᠠᠬᠤ ᠤᠲᠠᠰᠤ ᠵᠡᠷᠭᠡ ᠪᠠᠭᠲᠠᠨ᠎ᠠ᠃    ᠭᠠᠯ ᠭᠠᠷᠤᠭᠰᠠᠨ ᠭᠠᠵᠠᠷ ᠬᠡᠷᠬᠢᠨ ᠥᠪᠡᠷ ᠢ ᠪᠠᠨ ᠠᠪᠤᠷᠠᠬᠤ ᠪᠤᠢ︖    ᠭᠤᠣᠯ᠂ ᠭᠤᠷᠤᠬ᠎ᠠ᠂ ᠵᠠᠮ ᠦᠭᠡᠢ ᠦᠶᠡᠰ᠂ ᠴᠠᠭ ᠬᠤᠭᠤᠴᠠᠭ᠎ᠠ ᠬᠦᠷᠦᠯᠴᠡᠭᠡᠲᠡᠢ ᠪᠠᠶᠢᠳᠠᠯ ᠳᠣᠣᠷ᠎ᠠ  ᠰᠠᠯᠬᠢᠨ ᠤ ᠳᠣᠣᠷ᠎ᠠ ᠲᠠᠯ᠎ᠠ ᠳᠤ ᠭᠠᠯ ᠨᠣᠴᠣᠭᠠᠵᠤ᠂ ᠭᠠᠯ ᠤᠨᠲᠠᠷᠠᠭᠠᠭᠴᠢᠳ ᠤᠨ ᠬᠠᠮᠲᠤ ᠭᠠᠯ ᠳᠠᠭᠠᠵᠤ  ᠵᠠᠶᠢᠯᠠᠨ᠎ᠠ᠃ ᠭᠠᠷ ᠢᠶᠠᠷ ᠢᠶᠠᠨ ᠭᠠᠵᠠᠷ ᠳᠣᠣᠷᠠᠬᠢ ᠨᠣᠶᠢᠲᠠᠨ ᠰᠢᠷᠣᠢ ᠶᠢ ᠮᠠᠯᠲᠠᠨ ᠭᠠᠷᠭᠠᠵᠤ᠂ ᠨᠣᠶᠢᠲᠠᠨ ᠰᠢᠷᠣᠢ ᠲᠠᠢ ᠬᠠᠴᠠᠷ  ᠢᠶᠠᠨ ᠨᠠᠭᠠᠯᠳᠤᠭᠤᠯᠤᠨ ᠠᠮᠢᠰᠬᠤᠬᠤ ᠪᠤᠶᠤ ᠨᠣᠶᠢᠲᠠᠨ ᠠᠯᠴᠢᠭᠤᠷ ᠢᠶᠠᠷ ᠠᠮᠠ ᠬᠠᠮᠠᠷ ᠢᠶᠠᠨ ᠪᠥᠭᠯᠡᠵᠦ ᠨᠡᠭᠦᠷᠡᠰᠦᠲᠥ᠋ᠷᠥᠭᠴᠢ ᠶᠢᠨ ᠳᠠᠩ ᠢᠰᠦᠯ ᠳᠤ ᠬᠤᠣᠷᠳᠠᠭᠳᠠᠬᠤ ᠠᠴᠠ ᠰᠡᠷᠭᠡᠶᠢᠯᠡᠨ᠎ᠡ᠃    ᠭᠠᠯ ᠨᠣᠴᠣᠭᠠᠬᠤ ᠪᠤᠶᠤ ᠪᠤᠰᠤᠳ ᠨᠥᠬᠦᠴᠡᠯ ᠪᠦᠷᠢᠯᠳᠦᠭᠡᠳᠦᠶ ᠦᠶᠡᠰ᠂ ᠰᠠᠯᠬᠢᠨ ᠤ ᠠᠶ᠎ᠠ ᠪᠠᠷ ᠭᠦᠶᠦᠵᠦ ᠪᠣᠯᠬᠤ ᠥᠬᠡᠶ᠂ ᠨᠢᠭᠡᠨᠲᠡ ᠭᠠᠯᠳᠠᠭᠳᠠᠭᠰᠠᠨ ᠪᠤᠶᠤ ᠡᠪᠡᠰᠦ ᠰᠡᠶᠢᠷᠡᠭ᠂ ᠲᠡᠭᠰᠢᠬᠡᠨ ᠭᠠᠵᠠᠷ ᠢ ᠰᠣᠩᠭᠤᠵᠤ᠂ ᠬᠤᠪᠴᠠᠰᠤ ᠬᠤᠨᠠᠷ ᠢᠶᠠᠷ ᠲᠣᠯᠣᠭᠠᠶ ᠪᠠᠨ ᠪᠦᠲᠡᠭᠡᠵᠦ᠂ ᠲᠦᠷᠭᠡᠨ ᠰᠠᠯᠬᠢ ᠰᠥᠷᠦᠨ ᠭᠠᠯ ᠰᠣᠷ ᠢ ᠳᠠᠪᠠᠵᠤ᠂ ᠭᠠᠯ ᠳᠤ ᠭᠠᠯᠳᠠᠭᠳᠠᠭᠰᠠᠨ ᠭᠠᠵᠠᠷ ᠲᠤ ᠣᠷᠣᠪᠠᠯ ᠳᠠᠷᠤᠶ ᠠᠮᠤᠷ ᠲᠦᠪᠰᠢᠨ ᠢᠶᠠᠷ ᠠᠶᠤᠯ ᠠᠴᠠ ᠮᠤᠯᠲᠤᠷᠠᠵᠤ ᠪᠣᠯᠤᠨ᠎ᠠ᠃    ᠭᠠᠵᠠᠷ ᠬᠡᠪᠲᠡᠵᠦ ᠤᠲᠤᠭ᠎ᠠ ᠠᠴᠠ ᠵᠠᠶᠢᠯᠠᠬᠤ᠃ ᠭᠠᠯ ᠨᠣᠴᠣᠭᠠᠵᠤ ᠪᠦᠰᠡᠯᠡᠯᠲᠡ ᠶᠢ ᠳᠠᠪᠠᠵᠤ ᠠᠮᠵᠢᠬᠤ ᠦᠭᠡᠢ᠂ ᠣᠶᠢᠷᠠᠯᠴᠠᠭ᠎ᠠ ᠭᠤᠣᠯ ᠮᠥᠷᠡᠨ᠂ ᠭᠤᠣ᠂ ᠤᠷᠭᠤᠮᠠᠯ ᠦᠭᠡᠢ ᠪᠤᠶᠤ ᠤᠷᠭᠤᠮᠠᠯ ᠤᠨ ᠬᠤᠴᠢᠯᠭ᠎ᠠ ᠰᠡᠶᠢᠷᠡᠭ ᠰᠠᠯᠬᠢ ᠡᠰᠡᠷᠭᠦ ᠲᠡᠭᠰᠢ ᠭᠠᠵᠠᠷ ᠪᠠᠶᠢᠬᠤ ᠦᠭᠡᠢ ᠦᠶᠡᠰ᠂ ᠤᠰᠤᠨ ᠳᠤ ᠨᠣᠷᠭᠠᠭᠰᠠᠨ ᠬᠤᠪᠴᠠᠰᠤ ᠪᠠᠷ ᠲᠣᠯᠣᠭᠠᠢ ᠪᠠᠨ ᠪᠦᠲᠡᠭᠡᠵᠦ᠂ ᠬᠤᠶᠠᠷ ᠭᠠᠷ ᠢᠶᠠᠨ ᠴᠡᠭᠡᠵᠢᠨ ᠳᠡᠭᠡᠷ᠎ᠡ ᠪᠠᠨ ᠲᠠᠯᠪᠢᠭᠠᠳ᠂ ᠬᠡᠪᠲᠡᠵᠦ ᠤᠲᠤᠭ᠎ᠠ ᠠᠴᠠ ᠵᠠᠶᠢᠯᠠᠨ᠎ᠠ᠃ ᠣᠲᠤᠭ᠎ᠠ ︵ᠭᠠᠯ︶ ᠠᠴᠠ ᠵᠠᠶᠢᠯᠠᠬᠤ ᠦᠶ᠎ᠡ ᠳᠤ᠂ ᠣᠲᠤᠭ᠎ᠠ ᠮᠠᠨᠠᠷᠠᠵᠤ ᠪᠦᠲᠡᠬᠦ ᠠᠴᠠ ᠰᠡᠷᠭᠡᠶᠢᠯᠡᠬᠦ ᠶᠢᠨ ᠲᠥᠯᠥᠭᠡ ᠨᠣᠶᠢᠲᠠᠨ ᠠᠯᠴᠢᠭᠤᠷ ᠢᠶᠠᠷ ᠠᠮᠠ ᠬᠠᠮᠠᠷ ᠢᠶᠠᠨ ᠪᠥᠭᠯᠡᠬᠦ ᠶᠢᠨ ᠬᠠᠮᠲᠤ ᠨᠥᠬᠡ ᠮᠠᠯᠲᠠᠵᠤ᠂ ᠨᠣᠶᠢᠲᠠᠨ ᠰᠢᠷᠣᠶ ᠲᠠᠢ ᠬᠠᠴᠠᠷ ᠢᠶᠠᠨ ᠨᠠᠭᠠᠯᠳᠤᠭᠤᠯᠤᠨ ᠠᠮᠢᠰᠬᠤᠪᠠᠯ ᠤᠲᠤᠭᠠᠨ ᠤ ᠬᠥᠨᠥᠭᠡᠯ ᠠᠴᠠ ᠵᠠᠶᠢᠯᠠᠰᠬᠢᠵᠦ ᠴᠢᠳᠠᠨ᠎ᠠ᠃    ᠲᠦᠷᠭᠡᠨ ᠵᠠᠶᠢᠯᠠᠬᠤ᠃ ᠭᠠᠯ ᠤᠨ ᠠᠶᠤᠯ ᠡᠭᠦᠰᠴᠦ᠂ ᠬᠥᠮᠦᠨ ᠤ ᠬᠦᠴᠦ ᠪᠠᠷ ᠡᠵᠡᠮᠳᠡᠬᠦ ᠶᠢᠨ ᠠᠷᠭ᠎ᠠ ᠦᠭᠡᠶ ᠪᠣᠯᠤᠭᠰᠠᠨ ᠦᠶ᠎ᠡ ᠳᠤ᠂ ᠴᠠᠭ ᠠᠮᠵᠢᠳᠠᠭ ᠯᠡ ᠶᠤᠮ ᠪᠣᠯ ᠳᠠᠷᠤᠶ ᠲᠦᠷᠭᠡᠨ ᠠᠶᠤᠯ ᠦᠭᠡᠶ ᠭᠠᠵᠠᠷ  ᠤᠷᠤᠭᠤ ᠵᠠᠶᠢᠯᠠᠵᠤ᠂ ᠦᠬᠦᠵᠦ ᠰᠢᠷᠬᠠᠲᠤᠬᠤ ᠠᠴᠠ ᠵᠠᠶᠢᠯᠠᠰᠬᠢᠬᠦ ᠬᠡᠷᠡᠭᠲᠡᠶ᠃
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠲᠠ ᠶᠢᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号