ᠬᠤᠤᠷᠳᠠᠭᠳᠠᠬᠤ ᠠᠳᠡᠯ - ᠤᠷᠭᠠᠨᠢᠬ ᠬᠠᠶᠢᠯᠤᠭᠤᠯᠤᠭᠴᠢ ᠡᠳ᠋ ᠳᠤ ᠬᠤᠤᠷᠳᠠᠭᠳᠠᠬᠤ ᠶᠢ ᠰᠡᠷᠭᠡᠶᠢᠯᠡᠬᠦ ᠲᠤᠬᠠᠢ
ᠨᠡᠶᠢᠲᠡᠯᠡᠭᠰᠡᠨ ᠴᠠᠭ᠄
2024/5/10
    ᠤᠷᠭᠠᠨᠢᠬ ᠬᠠᠶᠢᠯᠤᠭᠤᠯᠤᠭᠴᠢ ᠡᠳ᠋ ᠪᠤᠯ ᠭᠤᠤᠯ ᠨᠢ ᠤᠰᠤᠨ ᠳᠤ ᠬᠢᠯᠪᠠᠷ ᠠᠭᠤᠰᠳᠠᠭ ᠥᠭᠡᠢ ᠲᠤᠰᠤ᠂ ᠮᠤᠳᠤᠨ ᠤ ᠲᠠᠪᠠᠷᠬᠠᠢ᠂ ᠪᠤᠳᠤᠬᠤ ᠮᠠᠲ᠋ᠧᠷᠢᠶᠠᠯ᠂ ᠯᠠ᠂ ᠨᠡᠬᠦᠷᠡᠰᠤ ᠤᠰᠤᠳᠦ᠋ᠷᠥᠭᠴᠢ ᠵᠡᠷᠭᠡ ᠤᠷᠭᠠᠨᠢᠬ ᠬᠢᠮᠢ ᠶᠢᠨ ᠨᠡᠶᠢᠯᠡᠯ ᠪᠤᠳᠠᠰ ᠤᠨ ᠰᠢᠩᠭᠡᠨ ᠢ ᠵᠢᠭᠠᠵᠤ ᠪᠤᠢ᠃ ᠡᠳᠡᠭᠡᠷ ᠪᠤᠳᠠᠰ ᠨᠢ ᠴᠥᠮ ᠬᠥᠮᠥᠨ ᠤ ᠪᠡᠶ᠎ᠡ ᠮᠠᠬᠠᠪᠤᠳ ᠢ ᠬᠤᠤᠷᠳᠠᠭᠤᠯᠳᠠᠭ᠃ ᠬᠠᠮᠤᠭ ᠤᠨ ᠪᠠᠶᠢᠡᠭᠭᠤ ᠬᠠᠷᠠᠭᠳᠠᠳᠠᠭ ᠨᠢ ᠪᠧᠨ᠋ᠽᠧᠨ᠂ ᠮᠧᠲ᠋ᠢᠯᠳᠤ ᠪᠧᠨ᠋ᠽᠢᠨ᠂ ᠺᠠᠰᠢᠯᠤᠯ᠂ ᠴᠢᠶ᠋ᠢᠤ᠂ ᠡᠲ᠋ᠠᠨ᠂ ᠡᠾᠯᠤᠷᠤᠹᠤᠷᠮ᠂ ᠡᠾᠯᠤᠷᠳᠤ ᠡᠲ᠋ᠠᠨ᠂ ᠡᠲ᠋ᠢᠯ ᠡᠲ᠋ᠧᠷ᠂ ᠮᠧᠲ᠋ᠢᠯ ᠠᠯᠺᠥᠥᠯ᠂ ᠠᠼᠧᠲ᠋ᠤᠨ᠂ ᠬᠥᠬᠦᠷᠯᠢᠭ ᠨᠡᠬᠦᠷᠡᠰᠥᠳᠦ᠋ᠷᠥᠭᠴᠢ ᠵᠡᠷᠭᠡ ᠪᠤᠯᠤᠨ᠎ᠠ᠃     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ     ● ᠬᠤᠤᠷᠳᠠᠯ ᠤᠨ ᠠᠳᠡᠯ ᠡᠬᠦᠰᠥᠭᠰᠡᠨ ᠭᠠᠵᠠᠷ ᠤᠷᠤᠨ ︵ᠢᠯᠠᠩᠭᠤᠶ᠎ᠠ ᠰᠠᠯᠬᠢᠨ ᠤ ᠲᠤᠤᠷ᠎ᠠ ᠲᠠᠯ᠎ᠠ ᠳᠤ ᠪᠠᠶᠢᠭ᠎ᠠ︶ ᠤ ᠬᠥᠮᠥᠰ ᠲᠠᠷᠦ᠋ᠢᠬᠠᠨ ᠵᠠᠶᠢᠯᠠᠬᠤ ᠪᠤᠶᠤ ᠲᠤᠬᠠᠢ ᠶᠢᠨ ᠭᠠᠵᠠᠷ ᠲᠠᠭᠠᠨ ᠪᠠᠷᠢᠯᠭ᠎ᠠ ᠶᠢᠨ ᠲᠤᠳᠤᠷ᠎ᠠ ᠲᠠᠯᠳᠠᠯᠠᠬᠤ ᠭᠡᠷᠡᠭᠳᠡᠢ᠃    ● ᠬᠤᠤᠷᠳᠠᠭᠳᠠᠭᠰᠠᠨ ᠬᠥᠮᠥᠨ ᠢ ᠱᠠᠯᠠᠪᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠬᠦᠯᠵᠤ᠂ ᠪᠤᠬᠢᠷᠳᠤᠭᠰᠠᠨ ᠬᠤᠪᠴᠠᠰᠤ ᠬᠤᠨᠠᠷ ᠢ ᠨᠢ ᠲᠠᠶᠢᠴᠢᠵᠤ᠂ ᠶᠡᠭᠡ ᠭᠡᠮᠵᠢᠶ᠋ᠨᠨ ᠤ ᠴᠡᠪᠡᠷ ᠤᠰᠤ ᠪᠤᠶᠤ ᠰᠠᠪᠤᠩ ᠲᠠᠢ ᠤᠰᠤ ᠪᠠᠷ ᠪᠤᠬᠢᠷᠳᠤᠭᠰᠠᠨ ᠠᠷᠠᠰᠤ ᠬᠥᠷᠥᠰᠤ ᠶᠢ ᠨᠢ ᠰᠠᠶᠢᠳᠤᠷ ᠴᠡᠪᠡᠷᠯᠡᠨ ᠤᠬᠢᠶᠠᠬᠤ ᠶᠢᠨ ᠬᠠᠮᠳᠤ ᠲᠤᠯᠠᠭᠠᠬᠠᠨ ᠪᠠᠶᠢᠯᠭᠠᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠴᠡᠪᠡᠷ ᠤᠰᠤ ᠪᠠᠷ ᠥᠷᠬᠦᠯᠵᠢᠯᠡᠨ ᠨᠠᠭᠠᠳᠤ ᠵᠠᠬ᠎ᠠ ᠶᠢᠨ 10 ᠮᠢᠨᠦ᠋ᠲ ᠠᠴᠠ ᠲᠡᠭᠡᠭᠰᠢ ᠵᠠᠶᠢᠯᠠᠨ ᠤᠬᠢᠶᠠᠬᠤ ᠭᠡᠷᠡᠭᠳᠡᠢ᠃     ● ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠭᠢᠯᠭᠡᠬᠦ ᠪᠠ ᠡᠮᠴᠢᠯᠡᠭᠦᠯᠦᠨ᠎ᠡ᠃     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ     ◇ ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠭᠦᠯᠤᠨ᠎ᠠ᠃    ◇ ᠬᠤᠤᠷᠳᠤ ᠪᠤᠳᠠᠰ ᠢ ᠲᠡᠷᠦ᠋ᠢᠬᠠᠨ ᠪᠠᠶᠢᠴᠠᠭᠠᠨ  ᠲᠣᠳᠣᠯᠠᠬᠤ ᠬᠡᠷᠡᠭᠲᠡᠢ᠃     ◇ ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠨ ᠬᠥᠮᠥᠰ ᠢ ᠨᠢᠬᠳᠠ ᠠᠵᠢᠭᠯᠠᠨ ᠪᠠᠶᠢᠴᠠᠭᠠᠵᠤ᠂ ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠠᠴᠠ ᠰᠡᠷᠭᠡᠶᠢᠯᠡᠨ᠎ᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号