ᠮᠠᠰᠢᠨ ᠲᠡᠷᠭᠡᠨ ᠤ ᠭᠠᠯ ᠤᠨ ᠠᠶᠤᠯ ᠠᠴᠠ ᠰᠡᠷᠭᠡᠶᠢᠯᠡᠬᠦ ᠨᠢ
ᠨᠡᠶᠢᠲᠡᠯᠡᠭᠰᠡᠨ ᠴᠠᠭ᠄
2024/5/8
    ᠮᠠᠰᠢᠨ ᠲᠡᠷᠭᠡᠨ ᠤ ᠭᠠᠯ ᠤᠨ ᠠᠶᠤᠯ ᠭᠡᠳᠡᠭ ᠪᠤᠯ ᠮᠠᠰᠢᠨ ᠲᠡᠷᠭᠡ ᠵᠡᠷᠭᠡ ᠵᠠᠮ ᠬᠠᠷᠢᠯᠴᠠᠭᠠᠨ ᠤ ᠪᠠᠭᠠᠵᠢ ᠳᠤ ᠴᠠᠬᠢᠯᠭᠠᠨ ᠵᠠᠮ᠂ ᠰᠢᠳᠠᠭᠠᠯᠭ᠎ᠠ᠂ ᠭᠡᠢ ᠵᠠᠯᠠᠬᠤ ᠰᠢᠰᠲ᠋ᠧᠮ ᠵᠡᠷᠭᠡ ᠨᠢ ᠰᠠᠭᠠᠳ ᠲᠤ ᠤᠴᠠᠷᠠᠭᠰᠠᠨ ᠪᠤᠶᠤ ᠬᠥᠮᠥᠨ ᠤ ᠤᠷᠰᠢᠬ ᠠᠴᠠ ᠪᠤᠯᠤᠭᠰᠠᠨ ᠪᠤᠰᠤᠳ ᠵᠥᠢᠯ ᠤᠨ ᠭᠠᠯ ᠤᠨ ᠠᠶᠤᠯ ᠢ ᠵᠢᠭᠠᠵᠤ ᠪᠠᠶᠢᠨ᠎ᠠ᠃    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ    ● ᠮᠠᠰᠢᠨ ᠲᠡᠷᠭᠡᠨ ᠤ ᠬᠥᠳᠡᠯᠭᠡᠬᠦᠷ ᠮᠠᠰᠢᠨ ᠨᠢ ᠰᠢᠳᠠᠭᠰᠠᠨ ᠥᠶᠡᠰ᠂ ᠵᠢᠯᠤᠭᠤᠴᠢ ᠨᠢ ᠲᠠᠷᠦ᠋ᠢᠬᠠᠨ ᠲᠡᠷᠭᠡ ᠪᠠᠨ ᠵᠤᠭᠰᠤᠭᠠᠵᠤ᠂ ᠲᠡᠷᠭᠡᠨ ᠳᠠᠬᠢ ᠬᠥᠮᠥᠰ ᠢ ᠲᠥᠷᠭᠡᠨ ᠪᠠᠭᠤᠯᠭᠠᠵᠤ᠂ ᠲᠠᠷᠠᠭ᠎ᠠ ᠪᠠᠷ ᠨᠢ ᠴᠠᠬᠢᠯᠭᠠᠨ ᠡᠬᠦᠰᠭᠡᠭᠴᠢ ᠶᠢ ᠲᠠᠰᠤᠳᠠᠵᠤ᠂ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠠᠨ ᠠᠪᠴᠤ᠂ ᠰᠢᠳᠠᠵᠤ ᠪᠠᠶᠢᠭ᠎ᠠ ᠭᠡᠰᠡᠭ ᠲᠤ ᠴᠢᠭᠯᠡᠬᠦᠯᠥᠨ ᠬᠥᠴᠥᠳᠡᠢ ᠰᠥᠷᠴᠢᠵᠤ᠂ ᠭᠠᠯ ᠤᠨ ᠰᠤᠷ ᠢ ᠨᠢ ᠤᠨᠳᠠᠷᠠᠭᠠᠨ᠎ᠠ᠃    ● ᠮᠠᠰᠢᠨ ᠲᠡᠷᠭᠡᠨ ᠤ ᠤᠡᠭᠭᠤᠴᠠᠨ ᠳᠠᠬᠢ ᠪᠠᠷᠠᠭᠠᠨ ᠳᠤ ᠭᠠᠯ ᠭᠠᠷᠤᠭᠰᠠᠨ ᠪᠤᠯ ᠵᠢᠯᠤᠭᠤᠴᠢ ᠨᠢ ᠮᠠᠰᠢᠨ ᠲᠡᠷᠭᠡ ᠪᠠᠨ ᠴᠢᠬᠤᠯᠠ ᠬᠡᠷᠰᠡᠤ ᠭᠠᠵᠠᠷ ︵ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ︶ ᠠᠴᠠ ᠬᠤᠯᠠᠬᠠᠨ ᠵᠠᠶᠢᠳᠠᠭᠤᠯᠵᠤ᠂ ᠲᠡᠷᠦ᠋ᠢᠬᠠᠨ ᠭᠠᠯ ᠤᠨᠳᠠᠷᠠᠭᠠᠬᠤ ᠠᠩᠬᠢ ᠳᠤ ᠮᠡᠳᠡᠬᠦᠯᠬᠦ ᠭᠡᠷᠡᠭᠳᠡᠢ᠃ ᠡᠬᠦᠨ ᠤ ᠬᠠᠮᠳᠤ᠂ ᠵᠢᠯᠤᠭᠤᠴᠢ ᠨᠢ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠠᠨ ᠠᠪᠴᠤ ᠭᠠᠯ ᠢ ᠲᠠᠷᠤᠬᠤ ᠭᠡᠷᠡᠭᠳᠡᠢ᠂ ᠭᠠᠯ ᠢ ᠨᠢᠭᠡᠯᠡ ᠲᠡᠭᠡᠷ᠎ᠡ ᠲᠡᠷᠤᠵᠤ ᠲᠡᠶᠢᠯᠬᠦ ᠥᠭᠡᠢ ᠥᠶᠡᠰ᠂ ᠲᠤᠭᠤᠷᠢᠨ ᠥᠵᠡᠬᠦ ᠬᠥᠮᠥᠰ ᠢ ᠲᠤᠬᠠᠢ ᠶᠢᠨ ᠲᠠᠯᠠᠪᠤᠷ ᠠᠴᠠ ᠢᠳᠬᠠᠨ ᠵᠠᠶᠢᠯᠠᠭᠤᠯᠵᠤ᠂ ᠲᠡᠯᠪᠡᠷᠡᠯᠳᠡ ᠶᠢᠨ ᠠᠳᠡᠯ ᠡᠬᠦᠰᠬᠦ ᠠᠴᠠ ᠰᠡᠷᠭᠡᠶᠢᠯᠡᠨ᠎ᠡ᠃    ● ᠮᠠᠰᠢᠨ ᠲᠡᠷᠭᠡ ᠨᠢ ᠲᠤᠰᠤ ᠨᠡᠮᠡᠬᠦ ᠶᠠᠪᠤᠴᠠ ᠳᠤ ᠭᠠᠯ ᠭᠠᠷᠪᠠᠯ᠂ ᠲᠤᠰᠤ ᠨᠡᠮᠡᠬᠦ ᠪᠠᠨ ᠲᠡᠷᠦ᠋ᠢᠬᠠᠨ ᠵᠤᠭᠰᠤᠭᠠᠵᠤ᠂ ᠲᠡᠷᠭᠡ ᠪᠠᠨ ᠲᠤᠰᠤ ᠨᠡᠮᠡᠬᠦ ᠥᠷᠳᠡᠭᠡ ︵ᠬᠥᠮᠥᠷᠭᠡ︶ ᠠᠴᠠ ᠱᠠᠯᠠᠪᠬᠠᠨ ᠵᠠᠶᠢᠯᠠᠭᠤᠯᠵᠤ᠂ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠤᠶᠤ ᠲᠤᠰᠤ ᠨᠡᠮᠡᠬᠦ ᠥᠷᠳᠡᠭᠡᠨ ᠤ ᠭᠠᠯ ᠤᠨᠳᠠᠷᠠᠭᠠᠬᠤ ᠪᠠᠭᠠᠵᠢ ᠵᠢᠴᠢ ᠬᠤᠪᠴᠠᠰᠤ ᠵᠡᠷᠭᠡ ᠪᠠᠷ ᠢᠶᠠᠨ ᠲᠤᠰᠤᠨ ᠤ ᠬᠠᠶᠢᠷᠴᠠᠭ ᠲᠡᠭᠡᠷᠡᠬᠢ ᠭᠠᠯ ᠤᠨ ᠰᠤᠷ ᠢ ᠲᠡᠷᠤᠨ ᠤᠨᠳᠠᠷᠠᠭᠠᠬᠤ ᠭᠡᠷᠡᠭᠳᠡᠢ᠃ ᠭᠡᠷᠪᠡ ᠭᠠᠵᠠᠷ ᠲᠡᠭᠡᠷ᠎ᠡ ᠲᠤᠰᠤ ᠲᠤᠰᠤᠯᠠᠵᠤ ᠠᠰᠬᠠᠭᠳᠠᠭᠰᠠᠨ ᠪᠠᠶᠢᠪᠠᠯ ᠭᠠᠯ ᠤᠨᠳᠠᠷᠠᠭᠠᠬᠤ ᠪᠠᠭᠠᠵᠢ ᠪᠤᠶᠤ ᠡᠯᠡᠰᠥ ᠰᠢᠷᠤᠢ ᠪᠠᠷ ᠲᠡᠷᠤᠵᠤ ᠤᠨᠳᠠᠷᠠᠭᠠᠨ᠎ᠠ᠃    ● ᠮᠠᠰᠢᠨ ᠲᠡᠷᠭᠡ ᠶᠢ ᠰᠡᠯᠪᠢᠨ ᠵᠠᠰᠠᠭᠤᠯᠵᠤ ᠪᠠᠶᠢᠭ᠎ᠠ ᠥᠶᠡᠰ ᠭᠠᠯ ᠭᠠᠷᠤᠭᠰᠠᠨ ᠪᠤᠯ ᠰᠡᠯᠪᠢᠨ ᠵᠠᠰᠠᠭᠴᠢ ᠬᠥᠮᠥᠰ ᠲᠡᠷᠭᠡᠨ ᠠᠴᠠ ᠲᠥᠷᠭᠡᠨ ᠪᠠᠭᠤᠬᠤ ᠪᠤᠶᠤ ᠵᠠᠶᠢᠯᠠᠵᠤ᠂ ᠴᠠᠬᠢᠯᠭᠠᠨ ᠡᠬᠦᠰᠭᠡᠭᠴᠢ ᠶᠢ ᠲᠠᠰᠤᠯᠵᠤ᠂ ᠭᠠᠯ ᠤᠨᠳᠠᠷᠠᠭᠠᠬᠤ ᠪᠠᠭᠠᠵᠢ ᠪᠤᠶᠤ ᠪᠤᠰᠤᠳ ᠵᠥᠢᠯ ᠤᠨ ᠭᠡᠷᠡᠭᠰᠡᠯ ᠢᠶᠠᠷ ᠭᠠᠯ ᠤᠨ ᠰᠤᠷ ᠢ ᠲᠠᠷᠤᠵᠤ ᠠᠪᠬᠤ ᠭᠡᠷᠡᠭᠳᠡᠢ᠃    ● ᠮᠠᠰᠢᠨ ᠲᠡᠷᠭᠡ ᠮᠥᠷᠬᠦᠯᠳᠥᠭᠡᠳ ᠭᠠᠯ ᠤᠨ ᠠᠶᠤᠯ ᠡᠬᠦᠰᠥᠭᠰᠡᠨ ᠪᠤᠯ ᠲᠡᠷᠦ᠋ᠢᠬᠠᠨ ᠡᠬᠦᠳᠡ ᠪᠠᠨ ᠨᠡᠭᠡᠭᠡᠵᠤ ᠲᠡᠷᠭᠡᠨ ᠳᠠᠬᠢ ᠬᠥᠮᠥᠰ ᠢ ᠲᠥᠷᠭᠡᠨ ᠵᠠᠶᠢᠯᠠᠭᠤᠯᠤᠨ᠎ᠠ᠃    ● ᠮᠠᠰᠢᠨ ᠲᠡᠷᠭᠡ ᠵᠤᠭᠰᠤᠭᠠᠬᠤ ᠲᠠᠯᠠᠪᠤᠷ ᠲᠤ ᠭᠠᠯ ᠤᠨ ᠠᠶᠤᠯ ᠡᠬᠦᠰᠥᠭᠰᠡᠨ ᠪᠤᠯ ᠶᠡᠷᠥᠩᠭᠡᠢ ᠳᠡᠭᠡᠨ ᠭᠠᠯ ᠭᠠᠷᠤᠭᠰᠠᠨ ᠲᠡᠷᠭᠡᠨ ᠤ ᠪᠠᠶᠢᠷᠢᠰᠢᠯ ᠢ ᠥᠨᠳᠥᠰᠥᠯᠡᠨ ᠠᠪᠤᠷᠠᠯᠳᠠ ᠶᠢᠨ ᠠᠷᠭ᠎ᠠ ᠭᠡᠮᠵᠢᠶ᠎ᠡ ᠪᠠ ᠲᠠᠷᠬᠠᠭᠠᠨ ᠵᠠᠶᠢᠯᠠᠭᠤᠯᠬᠤ ᠠᠷᠭ᠎ᠠ ᠭᠡᠮᠵᠢᠶ᠎ᠡ ᠶᠢ ᠠᠪᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ ᠨᠢ ᠲᠡᠷᠭᠡ ᠵᠤᠭᠰᠤᠭᠠᠬᠤ ᠲᠠᠯᠠᠪᠤᠷ ᠤᠨ ᠲᠤᠮᠳᠠ ᠪᠠᠶᠢᠪᠠᠯ᠂ ᠭᠠᠯ ᠢ ᠨᠢ ᠤᠨᠳᠠᠷᠠᠭᠠᠬᠤ ᠶᠢᠨ ᠲᠠᠭᠠᠤ ᠬᠥᠮᠥᠰ ᠢ ᠵᠤᠬᠢᠶᠠᠨ ᠪᠠᠶᠢᠭᠤᠯᠤᠨ ᠤᠢᠢᠷ᠎ᠠ ᠤᠷᠴᠢᠮ ᠳᠤᠨᠢ ᠵᠤᠭᠰᠤᠭᠠᠵᠤ ᠪᠠᠶᠢᠭ᠎ᠠ ᠲᠡᠷᠭᠡ ᠨᠦᠭᠦᠳ ᠢ ᠵᠠᠶᠢᠯᠠᠭᠤᠯᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ ᠨᠢ ᠲᠡᠷᠭᠡ ᠵᠤᠭᠰᠤᠭᠠᠬᠤ ᠲᠠᠯᠠᠪᠤᠷ ᠤᠨ ᠨᠢᠭᠡ ᠲᠠᠯ᠎ᠠ ᠳᠤᠨᠢ ᠪᠠᠶᠢᠪᠠᠯ᠂ ᠭᠠᠯ ᠢ ᠨᠢ ᠤᠨᠳᠠᠷᠠᠭᠠᠬᠤ ᠶᠢᠨ ᠲᠠᠭᠠᠤ ᠭᠠᠯ ᠭᠠᠷᠤᠭᠰᠠᠨ ᠲᠡᠷᠭᠡ ᠲᠠᠢ ᠵᠠᠯᠭᠠᠯᠳᠤᠵᠤ ᠪᠠᠶᠢᠭ᠎ᠠ ᠲᠡᠷᠭᠡ ᠶᠢ ᠵᠠᠶᠢᠯᠠᠭᠤᠯᠤᠨ᠎ᠠ᠃    ● ᠤᠯᠠᠨ ᠨᠡᠶᠢᠳᠡ ᠶᠢᠨ ᠮᠠᠰᠢᠨ ᠲᠡᠷᠭᠡᠨ ᠳᠤ ᠭᠠᠯ ᠭᠠᠷᠤᠭᠰᠠᠨ ᠪᠤᠯ ᠡᠩ ᠲᠡᠷᠢᠬᠦᠨ ᠳᠤ ᠬᠥᠮᠥᠰ ᠢ ᠠᠪᠤᠷᠠᠬᠤ ᠪᠠ ᠴᠠᠭᠳᠠᠭ᠎ᠠ ᠳᠤ ᠮᠡᠳᠡᠬᠦᠯᠬᠦ ᠶᠢ ᠪᠤᠳᠤᠯᠬᠢᠯᠠᠬᠤ ᠭᠡᠷᠡᠭᠳᠡᠢ᠃ ᠭᠡᠷᠪᠡ ᠮᠠᠰᠢᠨ ᠲᠡᠷᠭᠡᠨ ᠤ ᠬᠥᠳᠡᠯᠭᠡᠬᠦᠷ ᠮᠠᠰᠢᠨ ᠤ ᠬᠠᠪᠢ ᠳᠤ ᠭᠠᠯ ᠭᠠᠷᠤᠭᠰᠠᠨ ᠪᠤᠯ ᠵᠢᠯᠤᠭᠤᠴᠢ ᠨᠢ ᠪᠥᠬᠦ ᠡᠬᠦᠳᠡ ᠪᠠᠨ ᠨᠡᠭᠡᠭᠡᠵᠤ ᠲᠡᠷᠭᠡᠨ ᠳᠤ ᠰᠠᠭᠤᠭᠰᠠᠳ ᠢ ᠲᠡᠷᠭᠡᠨ ᠠᠴᠠ ᠪᠠᠭᠤᠯᠭᠠᠭᠠᠳ᠂ ᠲᠠᠷᠠᠭᠠᠪᠡᠷ ᠭᠠᠯ ᠢ ᠤᠨᠳᠠᠷᠠᠭᠠᠬᠤ ᠭᠡᠷᠡᠭᠳᠡᠢ᠃ ᠮᠠᠰᠢᠨ ᠲᠡᠷᠭᠡᠨ ᠤ ᠲᠤᠮᠳᠠ ᠭᠡᠰᠡᠭ ᠲᠤ ᠭᠠᠯ ᠭᠠᠷᠤᠭᠰᠠᠨ ᠪᠤᠯ ᠵᠢᠯᠤᠭᠤᠴᠢ ᠨᠢ ᠡᠬᠦᠳᠡ ᠪᠠᠨ ᠨᠡᠭᠡᠭᠡᠨ ᠬᠥᠮᠥᠰ ᠢ ᠬᠤᠶᠠᠷ ᠥᠵᠥᠬᠦᠷ ᠤᠨ ᠡᠬᠦᠳᠡ ᠪᠠᠷ ᠪᠠᠭᠤᠯᠭᠠᠨ᠂ ᠲᠠᠷᠠᠭᠠᠪᠡᠷ ᠨᠢ ᠭᠠᠯ ᠢ ᠤᠨᠳᠠᠷᠠᠭᠠᠨ᠂ ᠭᠠᠯ ᠤᠨ ᠬᠥᠴᠥᠨ ᠢ ᠲᠠᠷᠤᠬᠤ ᠭᠡᠷᠡᠭᠳᠡᠢ᠃ ᠭᠡᠷᠪᠡ ᠲᠡᠷᠭᠡᠨ ᠲᠡᠭᠡᠷᠡᠬᠢ ᠴᠠᠬᠢᠯᠭᠠᠨ ᠤᠳᠠᠰᠤ ᠨᠢ ᠰᠢᠳᠠᠭᠠᠳ᠂ ᠲᠡᠷᠭᠡᠨ ᠡᠬᠦᠳᠡ ᠨᠢ ᠨᠡᠭᠡᠭᠡᠭᠳᠡᠬᠦ ᠥᠭᠡᠢ ᠥᠶᠡᠰ᠂ ᠲᠡᠷᠭᠡᠨ ᠳᠤ ᠰᠠᠭᠤᠭᠰᠠᠳ ᠬᠠᠵᠠᠭᠤ ᠬᠠᠪᠢ ᠶᠢᠨ ᠲᠡᠷᠭᠡᠨ ᠴᠤᠩᠬᠤ ᠪᠠᠷ ᠪᠠᠭᠤᠵᠤ ᠪᠤᠯᠤᠨ᠎ᠠ᠃ ᠭᠡᠷᠪᠡ ᠭᠠᠯ ᠤᠨ ᠰᠤᠷ ᠲᠡᠷᠭᠡᠨ ᠡᠬᠦᠳᠡ ᠶᠢ ᠪᠢᠳᠡᠬᠦᠮᠵᠢᠯᠡᠭᠡᠳ᠂ ᠲᠡᠷᠭᠡᠨ ᠴᠤᠩᠬᠤ ᠪᠠᠷ ᠴᠤ ᠪᠠᠭᠤᠵᠤ ᠲᠡᠶᠢᠯᠬᠦ ᠥᠭᠡᠢ ᠥᠶᠡᠰ᠂ ᠬᠤᠪᠴᠠᠰᠤ ᠬᠤᠨᠠᠷ ᠢᠶᠠᠷ ᠲᠤᠯᠤᠭᠠᠢ ᠪᠠᠨ ᠪᠥᠳᠡᠭᠡᠵᠤ ᠲᠡᠷᠭᠡᠨ ᠡᠬᠦᠳᠡ ᠪᠠᠷ ᠰᠢᠪᠳᠤᠯᠤᠨ ᠭᠠᠷᠴᠤ ᠪᠤᠯᠤᠨ᠎ᠠ᠃    ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠲᠡᠷᠭᠡ ᠪᠠᠨ ᠡᠳᠥᠷ ᠲᠤᠳᠤᠮ ᠰᠠᠶᠢᠳᠤᠷ ᠪᠠᠶᠢᠴᠠᠭᠠᠨ ᠥᠵᠡᠵᠤ᠂ ᠲᠡᠷᠭᠡ ᠪᠠᠨ ᠪᠠᠳᠤᠯᠠᠭ᠎ᠠ ᠲᠠᠢ ᠪᠠᠶᠢᠯᠭᠠᠵᠤ᠂ ᠭᠡᠢ ᠭᠠᠷᠬᠤ᠂ ᠲᠤᠰᠤ ᠭᠤᠭᠤᠵᠢᠬᠤ ᠥᠵᠡᠭᠳᠡᠯ ᠢ ᠰᠡᠷᠭᠡᠶᠢᠯᠡᠨ᠎ᠡ᠃    ◇ ᠭᠡᠷᠪᠡ ᠭᠤᠮ ᠰᠢᠳᠠᠭᠰᠠᠨ ᠥᠨᠥᠷ ᠭᠠᠷᠬᠤ ᠪᠤᠶᠤ ᠤᠳᠤᠭ᠎ᠠ ᠭᠠᠷᠬᠤ ᠵᠡᠷᠭᠡ ᠶᠡᠷᠥ ᠪᠤᠰᠤ ᠶᠢᠨ ᠥᠵᠡᠭᠳᠡᠯ ᠭᠠᠷᠪᠠᠯ᠂ ᠲᠡᠷᠭᠡ ᠪᠠᠨ ᠲᠡᠷᠦ᠋ᠢᠬᠠᠨ ᠵᠤᠭᠰᠤᠭᠠᠵᠤ ᠪᠠᠶᠢᠴᠠᠭᠠᠵᠤ ᠵᠠᠰᠠᠨ᠎ᠠ᠃    ◇ ᠲᠡᠷᠭᠡᠨ ᠳᠡᠭᠡᠨ ᠵᠠᠪᠠᠯ ᠬᠢᠷᠢ ᠳᠤ ᠲᠡᠩᠴᠡᠭᠰᠡᠨ ᠭᠠᠯ ᠤᠨᠳᠠᠷᠠᠭᠠᠬᠤ ᠪᠠᠭᠠᠵᠢ ᠪᠡᠯᠡᠳᠭᠡᠵᠤ᠂ ᠲᠡᠬᠦᠨ ᠢᠶᠠᠨ ᠲᠤᠭᠳᠠᠮᠠᠯ ᠬᠤᠭᠤᠴᠠᠭ᠎ᠠ ᠪᠠᠷ ᠬᠠᠯᠠᠨ ᠰᠤᠯᠢᠵᠤ᠂ ᠭᠡᠷᠡᠭᠯᠡᠬᠦ ᠠᠷᠭ᠎ᠠ ᠶᠢ ᠨᠢ ᠰᠤᠷᠴᠤ ᠡᠵᠡᠮᠰᠢᠬᠦ ᠭᠡᠷᠡᠭᠳᠡᠢ᠃    ◇ ᠭᠠᠯ ᠰᠡᠷᠭᠡᠶᠢᠯᠡᠬᠦ ᠨᠠᠷᠢᠨ ᠪᠠᠶᠢᠳᠠᠯ ᠢ ᠬᠡᠵᠢᠶᠡᠳᠡ ᠠᠩᠬᠠᠷᠴᠤ᠂ ᠲᠡᠮᠡᠬᠢᠨ ᠨᠤᠴᠢᠭᠠᠭᠤᠷ ᠢ ᠢᠯᠡ ᠲᠡᠯᠪᠢᠵᠤ ᠪᠤᠯᠬᠤ ᠥᠭᠡᠢ᠂ ᠲᠡᠯᠪᠡᠷᠡᠬᠦ ᠠᠴᠠ ᠰᠡᠷᠭᠡᠶᠢᠯᠡᠨ᠎ᠡ︔ ᠲᠡᠷᠭᠡᠨ ᠲᠤᠳᠤᠷ᠎ᠠ ᠲᠡᠮᠡᠬᠢᠨ ᠶᠤᠵᠤᠭᠤᠷ ᠢ ᠲᠤᠷ᠎ᠠ ᠪᠠᠷ ᠢᠶᠠᠨ ᠬᠠᠶᠠᠵᠤ ᠪᠤᠯᠬᠤ ᠥᠭᠡᠢ︔ ᠥᠨᠥᠷᠳᠤ ᠤᠰᠤ᠂ ᠱᠥᠷᠬᠦᠬᠦᠯ ᠰᠢᠷᠭᠡᠭ ᠵᠡᠷᠭᠡ ᠬᠢᠯᠪᠠᠷ ᠨᠤᠴᠤᠬᠤ ᠪᠤᠳᠠᠰ ᠢ ᠲᠡᠷᠭᠡᠨ ᠲᠤᠳᠤᠷ᠎ᠠ ᠪᠠᠨ ᠲᠠᠯᠪᠢᠵᠤ ᠪᠤᠯᠬᠤ ᠥᠭᠡᠢ᠃    ◇ ᠮᠠᠰᠢᠨ ᠲᠡᠷᠭᠡ ᠭᠡᠨᠡᠳᠳᠡ ᠥᠪᠡᠷᠳᠡᠭᠡᠨ ᠰᠢᠳᠠᠬᠤ ᠳᠤ ᠬᠥᠷᠪᠡᠯ ᠲᠡᠷᠦ᠋ᠢᠬᠠᠨ ᠭᠠᠷ ᠲᠤᠷᠤᠮᠰᠤᠭᠤᠷ ᠢᠶᠠᠨ ᠲᠠᠳᠠᠵᠤ᠂ ᠴᠠᠬᠢᠯᠭᠠᠨ ᠡᠬᠦᠰᠭᠡᠭᠴᠢ ᠶᠢ ᠬᠠᠭᠠᠵᠤ᠂ ᠭᠠᠯ ᠤᠨᠳᠠᠷᠠᠭᠠᠬᠤ ᠪᠠᠭᠠᠵᠢ ᠪᠠᠷ ᠲᠤᠰᠤᠨ ᠰᠠᠪᠠ ᠪᠤᠯᠤᠨ ᠨᠤᠴᠤᠵᠤ ᠪᠠᠶᠢᠭ᠎ᠠ ᠭᠡᠰᠡᠭ ᠤᠨ ᠬᠠᠯᠠᠭᠤᠨ ᠢ ᠪᠠᠭᠤᠷᠠᠭᠤᠯᠤᠨ ᠭᠠᠯ ᠢ ᠤᠨᠳᠠᠷᠠᠭᠠᠬᠤ ᠶᠢᠨ ᠲᠠᠭᠠᠤ ᠲᠠᠷᠦ᠋ᠢᠬᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃    
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号