ᠡᠩ ᠤᠨ ᠵᠡᠪᠰᠡᠭ ᠤᠨ ᠠᠭᠠᠷ ᠤᠨ ᠲᠠᠭᠠᠷᠢᠯᠳᠠ ᠭᠡᠳᠡᠭ ᠨᠢ ᠶᠠᠭᠤ ᠶᠢ ᠬᠡᠯᠡᠵᠤ ᠪᠠᠶᠢᠬᠤ ᠪᠤᠢ
ᠨᠡᠶᠢᠲᠡᠯᠡᠭᠰᠡᠨ ᠴᠠᠭ᠄
2024/5/8
    ᠡᠩ ᠤᠨ ᠵᠡᠪᠰᠡᠭ ᠤᠨ ᠠᠭᠠᠷ ᠤᠨ ᠲᠠᠭᠠᠷᠢᠯᠳᠠ ᠭᠡᠳᠡᠭ ᠪᠤᠯ ᠴᠥᠮ᠎ᠡ᠂ ᠬᠢᠮᠢ᠂ ᠠᠮᠢᠳᠤ ᠪᠤᠳᠠᠰ ᠤᠨ ᠵᠡᠪᠰᠡᠭ ᠠᠴᠠ ᠪᠤᠰᠤᠳ ᠵᠥᠢᠯ ᠤᠨ ᠵᠡᠪᠰᠡᠭ ᠠᠭᠠᠷ ᠠᠴᠠ ᠭᠠᠵᠠᠷ ᠲᠡᠭᠡᠷᠡᠬᠢ ᠤᠰᠤᠨ ᠲᠡᠭᠡᠷᠡᠬᠢ ᠬᠠᠷᠠᠯᠳᠠ ᠶᠢ ᠲᠠᠭᠠᠷᠢᠬᠤ ᠶᠢ ᠵᠢᠭᠠᠵᠤ ᠪᠠᠶᠢᠨ᠎ᠠ᠃    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ    ● ᠰᠡᠷᠡᠮᠵᠢ ᠶᠢᠨ ᠲᠤᠬᠢᠶ᠎ᠠ ᠶᠢ ᠤᠯᠵᠤ ᠰᠤᠨᠤᠰᠤᠮᠠᠭᠴᠠ ᠪᠠᠨ ᠴᠠᠬᠢᠯᠭᠠᠨ ᠡᠬᠦᠰᠭᠡᠭᠴᠢ ᠪᠠᠨ ᠲᠠᠰᠤᠯᠵᠤ᠂ ᠨᠡᠬᠦᠷᠡᠰᠥᠨ ᠭᠡᠢ ᠪᠠᠨ ᠬᠠᠭᠠᠵᠤ᠂ ᠵᠤᠤᠬ᠎ᠠ ᠶᠢᠨ ᠭᠠᠯ ᠢᠶᠠᠨ ᠤᠨᠳᠠᠷᠠᠭᠠᠵᠤ᠂ ᠠᠭᠠᠷ ᠤᠨ ᠰᠡᠷᠭᠡᠶᠢᠯᠡᠯᠳᠡ ᠶᠢᠨ ᠬᠠᠮᠠᠭᠠᠯᠠᠯᠳᠠ ᠶᠢᠨ ᠪᠠᠭᠠᠵᠢ ᠭᠡᠷᠡᠭᠰᠡᠯ ᠪᠠ ᠠᠮᠢᠳᠤᠷᠠᠯ ᠤᠨ ᠴᠢᠬᠤᠯᠠ ᠡᠳ᠋ᠯᠡᠯ ᠭᠡᠷᠡᠭᠰᠡᠯ ᠢᠶᠠᠨ ᠠᠪᠴᠤ᠂ ᠲᠡᠷᠦ᠋ᠢᠬᠠᠨ ᠡᠮᠬᠢ ᠲᠢᠭᠯᠢᠮ ᠲᠠᠢ ᠪᠠᠷ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠪᠤᠶᠤ ᠵᠢᠭᠠᠨ ᠲᠤᠭᠳᠠᠭᠠᠭᠰᠠᠨ ᠲᠠᠯᠳᠠᠯᠠᠬᠤ ᠤᠷᠤᠨ ᠪᠠᠶᠢᠷᠢ ᠳᠤ ᠰᠢᠯᠵᠢᠬᠦ ᠭᠡᠷᠡᠭᠳᠡᠢ᠃    ● ᠠᠭᠠᠷ ᠤᠨ ᠲᠠᠭᠠᠷᠢᠯᠳᠠ ᠶᠢᠨ ᠰᠡᠷᠡᠮᠵᠢ ᠶᠢᠨ ᠲᠤᠬᠢᠶ᠎ᠠ ᠶᠢ ᠰᠤᠨᠤᠰᠤᠮᠠᠭᠴᠠ ᠪᠠᠨ ᠤᠢᠢᠷ᠎ᠠ ᠬᠠᠪᠢ ᠶᠢᠨ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠳᠤ ᠨᠢᠭᠤᠨ ᠲᠠᠯᠳᠠᠯᠠᠵᠤ᠂ ᠪᠠᠶᠢᠳᠠᠯ ᠪᠠᠴᠢᠮ ᠲᠤᠯᠭᠠᠮ᠎ᠠ ᠪᠤᠯᠵᠤ ᠠᠭᠠᠷ ᠤᠨ ᠰᠡᠷᠭᠡᠶᠢᠯᠡᠯᠳᠡ ᠶᠢᠨ ᠪᠠᠷᠢᠯᠭ᠎ᠠ ᠳᠤ ᠤᠷᠤᠵᠤ ᠵᠠᠪᠳᠤᠬᠤ ᠥᠭᠡᠢ ᠥᠶᠡᠰ᠂ ᠭᠠᠵᠠᠷ ᠤᠨ ᠪᠠᠶᠢᠴᠠ ᠪᠠ ᠭᠠᠵᠠᠷ ᠲᠡᠭᠡᠷᠡᠬᠢ ᠲᠤᠬᠢᠳᠠᠢ ᠭᠠᠵᠠᠷ ᠨᠢᠭᠤᠨ ᠲᠠᠯᠳᠠᠯᠠᠭᠠᠷᠠᠢ᠃    ● ᠤᠯᠠᠨ ᠨᠡᠶᠢᠳᠡ ᠶᠢᠨ ᠭᠠᠵᠠᠷ ᠲᠠᠯᠠᠪᠠᠢ ᠳᠤ ᠪᠠᠶᠢᠪᠠᠯ᠂ ᠤᠢᠢᠷ᠎ᠠ ᠤᠷᠴᠢᠮ ᠤᠨ ᠨᠥᠭᠡᠨ ᠭᠡᠷ᠂ ᠭᠠᠵᠠᠷ ᠲᠤᠤᠷᠠᠬᠢ ᠲᠡᠮᠥᠷ ᠵᠠᠮ ᠤᠨ ᠥᠷᠳᠡᠭᠡ ᠪᠤᠶᠤ ᠪᠤᠯᠤᠳ ᠰᠢᠷᠪᠤᠰᠤᠳᠤ ᠫᠧᠲ᠋ᠤᠨ ᠪᠥᠳᠥᠴᠡᠳᠤ ᠪᠠᠷᠢᠯᠭ᠎ᠠ ᠶᠢᠨ ᠲᠤᠤᠷ᠎ᠠ ᠲᠠᠪᠬᠤᠷᠭ᠎ᠠ ᠵᠡᠷᠭᠡ ᠭᠠᠵᠠᠷ ᠨᠢᠭᠤᠨ ᠲᠠᠯᠳᠠᠯᠠᠬᠤ ᠭᠡᠷᠡᠭᠳᠡᠢ᠃ ᠥᠨᠳᠥᠷ ᠲᠡᠷᠤᠯᠳᠠᠳᠤ ᠴᠠᠬᠢᠯᠭᠠᠨ ᠤᠳᠠᠰᠤ᠂ ᠲᠤᠰᠤᠨ ᠬᠥᠮᠥᠷᠭᠡ ᠵᠡᠷᠭᠡ ᠠᠶᠤᠯᠳᠠᠢ ᠭᠠᠵᠠᠷ ᠶᠠᠭᠠᠬᠢᠭᠰᠠᠨ ᠴᠤ ᠲᠠᠯᠳᠠᠯᠠᠵᠤ ᠪᠤᠯᠬᠤ ᠥᠭᠡᠢ᠃    ● ᠲᠠᠭᠠᠷᠢᠯᠳᠠ ᠶᠢᠨ ᠭᠠᠵᠠᠷ ᠲᠤ ᠪᠠᠶᠢᠪᠠᠯ᠂ ᠤᠢᠢᠷ᠎ᠠ ᠬᠠᠪᠢ ᠶᠢᠨ ᠬᠤᠳᠤᠭᠤᠷ ᠭᠠᠵᠠᠷ᠂ ᠰᠢᠷᠤᠢ ᠶᠢᠨ ᠤᠪᠤᠭ᠎ᠠ᠂ ᠲᠤᠮᠤ ᠮᠤᠳᠤᠨ ᠤ ᠲᠤᠤᠷ᠎ᠠ ᠲᠡᠷᠬᠠᠨ ᠲᠠᠯᠳᠠᠯᠠᠬᠤ ᠭᠡᠷᠡᠭᠳᠡᠢ᠃ ᠭᠡᠷᠪᠡ ᠲᠡᠰᠥᠷᠡᠬᠦ ᠪᠥᠮᠪᠦᠭᠡ ᠤᠢᠢᠷ᠎ᠠ ᠬᠠᠪᠢ ᠳᠤᠨᠢ ᠴᠢᠨᠢ ᠪᠠᠭᠤᠬᠤ ᠪᠤᠶᠤ ᠲᠡᠯᠪᠡᠷᠡᠬᠦ ᠥᠶᠡᠰ᠂ ᠱᠠᠯᠠᠪᠬᠠᠨ ᠡᠯᠢᠭᠡ ᠲᠥᠷᠥᠬᠦᠯᠥᠨ ᠭᠡᠪᠳᠡᠵᠤ᠂ ᠴᠢᠬᠢ ᠪᠠᠨ ᠪᠥᠭᠯᠡᠨ᠂ ᠠᠮᠠ ᠪᠠᠨ ᠠᠩᠭᠠᠢᠢᠵᠤ᠂ ᠨᠢᠳᠤ ᠪᠠᠨ ᠠᠨᠢᠬᠤ ᠭᠡᠷᠡᠭᠳᠡᠢ᠃ ᠭᠡᠪᠳᠡᠬᠦ ᠳᠡᠭᠡᠨ ᠴᠡᠭᠡᠵᠢᠨ ᠪᠡᠶ᠎ᠡ ᠪᠠᠨ ᠭᠠᠵᠠᠷ ᠲᠠᠢ ᠶᠠᠭ ᠨᠠᠭᠠᠯᠳᠤᠭᠤᠯᠵᠤ ᠪᠤᠯᠬᠤ ᠥᠭᠡᠢ᠂ ᠲᠤᠷᠬᠢᠭᠳᠠᠨ ᠰᠢᠷᠬᠠᠳᠤᠬᠤ ᠠᠴᠠ ᠬᠢᠴᠢᠶᠡᠨ᠎ᠡ᠃    ● ᠰᠡᠷᠡᠮᠵᠢ ᠶᠢᠨ ᠲᠤᠬᠢᠶ᠎ᠠ ᠶᠢ ᠵᠤᠭᠰᠤᠭᠠᠭᠰᠠᠨ ᠤ ᠰᠡᠬᠦᠯᠡᠷ᠂ ᠵᠤᠬᠢᠶᠠᠨ ᠪᠠᠶᠢᠭᠤᠯᠤᠯᠳᠠ ᠲᠠᠢ ᠪᠠᠷ ᠠᠶᠤᠯᠳᠠᠢ ᠤᠷᠤᠨ ᠠᠴᠠ ᠵᠠᠶᠢᠯᠠᠵᠤ᠂ ᠥᠪᠡᠷ ᠢ ᠪᠠᠨ ᠠᠪᠤᠷᠠᠬᠤ᠂ ᠬᠠᠷᠢᠯᠴᠠᠨ ᠠᠪᠤᠷᠠᠬᠤ ᠪᠠ ᠥᠢᠯᠡᠳᠪᠥᠷᠢᠯᠡᠯ ᠠᠮᠢᠳᠤᠷᠠᠯ ᠤᠨ ᠡᠮᠬᠢ ᠲᠢᠭᠯᠢᠮ ᠢᠶᠠᠨ ᠰᠡᠷᠬᠦᠭᠡᠬᠦ ᠠᠵᠢᠯ ᠤᠳ ᠢ ᠲᠡᠷᠦ᠋ᠢᠬᠠᠨ ᠦᠷᠨᠢᠭᠦᠯᠦᠨ᠎ᠡ᠃    ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠠᠭᠠᠷ ᠤᠨ ᠰᠡᠷᠭᠡᠶᠢᠯᠡᠯᠳᠡ ᠶᠢᠨ ᠰᠡᠷᠡᠮᠵᠢ ᠶᠢᠨ ᠲᠤᠬᠢᠶ᠎ᠠ ᠶᠢ ᠢᠯᠭᠠᠨ ᠲᠠᠨᠢᠬᠤ ᠤᠷᠢᠳᠴᠢᠯᠠᠭᠰᠠᠨ ᠰᠡᠷᠡᠮᠵᠢ ᠶᠢᠨ ᠲᠤᠬᠢᠶ᠎ᠠ᠄ 36  ᠰᠧᠺᠦ᠋ᠨ᠋ᠳ᠋ ᠲᠤᠤᠭᠠᠷᠴᠤ᠂ 24ᠰᠧᠺᠦ᠋ᠨ᠋ᠳ᠋ ᠵᠤᠭᠰᠤᠭᠠᠵᠤ᠂ 3 ᠤᠳᠠᠭ᠎ᠠ ᠲᠠᠪᠳᠠᠵᠤ᠂ 3 ᠮᠢᠨᠦ᠋ᠲ ᠤᠨ ᠴᠠᠭ ᠭᠡᠷᠡᠭᠰᠡᠨ᠎ᠡ᠃    ᠠᠭᠠᠷ ᠤᠨ ᠲᠠᠭᠠᠷᠢᠯᠳᠠ ᠶᠢᠨ ᠰᠡᠷᠡᠮᠵᠢ ᠶᠢᠨ ᠲᠤᠬᠢᠶ᠎ᠠ᠄ 6 ᠰᠧᠺᠦ᠋ᠨ᠋ᠳ᠋ ᠲᠤᠤᠭᠠᠷᠴᠤ᠂ 6 ᠰᠧᠺᠦ᠋ᠨ᠋ᠳ᠋ ᠵᠤᠭᠰᠤᠵᠤ ᠂ 15 ᠤᠳᠠᠭ᠎ᠠ ᠲᠠᠪᠳᠠᠵᠤ᠂ 3 ᠮᠢᠨᠦ᠋ᠲ ᠤᠨ ᠴᠠᠭ ᠭᠡᠷᠡᠭᠰᠡᠨ᠎ᠡ᠃ ᠰᠡᠷᠡᠮᠵᠢ ᠶᠢᠨ ᠲᠤᠬᠢᠶ᠎ᠠ ᠶᠢ ᠵᠤᠭᠰᠤᠭᠠᠬᠤ᠄ ᠥᠷᠬᠦᠯᠵᠢᠯᠡᠨ 3 ᠮᠢᠨᠦ᠋ᠲ ᠤᠷᠳᠤᠯᠵᠢᠭᠤᠯᠤᠨ ᠲᠤᠤᠭᠠᠷᠭᠠᠨ᠎ᠠ᠃    ◇ ᠠᠭᠠᠷ ᠤᠨ ᠲᠠᠭᠠᠷᠢᠯᠳᠠ ᠠᠴᠠ ᠡᠮᠥᠨᠡᠬᠢ ᠰᠡᠷᠭᠡᠶᠢᠯᠡᠯᠳᠡ ᠶᠢᠨ ᠪᠡᠯᠡᠳᠭᠡᠯ ᠤᠢᠢᠷ᠎ᠠ ᠤᠷᠴᠢᠮ ᠤᠨ ᠠᠭᠠᠷ ᠤᠨ ᠰᠡᠷᠭᠡᠶᠢᠯᠡᠯᠳᠡ ᠶᠢᠨ ᠲᠠᠯᠳᠠᠯᠠᠬᠤ ᠪᠡᠯᠡᠳᠭᠡᠮᠵᠢ ᠶᠢ ᠮᠡᠳᠡᠨ ᠠᠪᠴᠤ᠂ ᠲᠠᠷᠬᠠᠭᠠᠬᠤ᠂ ᠲᠠᠯᠳᠠᠯᠠᠬᠤ ᠵᠠᠮ ᠱᠤᠭᠤᠮ ᠢ ᠲᠤᠳᠤᠷᠬᠠᠢᠢᠯᠠᠨ᠎ᠠ᠃ ᠭᠠᠷ ᠭᠡᠷᠡᠯᠳᠥᠬᠦᠯᠭᠡ᠂ ᠤᠤᠭᠤᠬᠤ ᠤᠰᠤ᠂ ᠲᠥᠷᠭᠡᠨ ᠠᠪᠤᠷᠠᠯᠳᠠ ᠶᠢᠨ ᠪᠤᠭᠴᠤ ᠵᠡᠷᠭᠡ ᠪᠡᠶ᠎ᠡ ᠳᠡᠭᠡᠨ ᠠᠪᠴᠤ ᠶᠠᠪᠤᠬᠤ ᠠᠮᠢᠳᠤᠷᠠᠯ ᠤᠨ ᠬᠡᠷᠡᠭᠰᠡᠯ ᠪᠠ ᠡᠮ ᠢ ᠰᠠᠶᠢᠳᠤᠷ ᠪᠡᠯᠡᠳᠭᠡᠬᠦ ᠭᠡᠷᠡᠭᠳᠡᠢ᠃ ᠥᠷᠥᠭᠡ ᠭᠡᠷ ᠤᠨ ᠢᠶᠠᠨ ᠰᠢᠯ ᠴᠤᠩᠬᠤ ᠪᠠᠨ ᠴᠥᠮ ︽米︾ ᠪᠤᠶᠤ ︽井︾ ᠭᠡᠯᠪᠡᠷᠢ ᠶᠢᠨ ᠴᠠᠭᠠᠰᠤ ᠪᠤᠶᠤ ᠪᠥᠰ ᠢᠶᠠᠷ ᠵᠤᠷᠪᠤᠰᠯᠠᠨ ᠨᠠᠭᠠᠵᠤ᠂ ᠰᠢᠯ ᠨᠢ ᠲᠤᠷᠬᠢᠭᠳᠠᠨ ᠬᠠᠭᠠᠷᠴᠤ ᠬᠥᠮᠥᠨ ᠢ ᠰᠢᠷᠬᠠᠳᠤᠭᠤᠯᠬᠤ ᠠᠴᠠ ᠰᠡᠷᠭᠡᠶᠢᠯᠡᠨ᠎ᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号