ᠰᠢᠨᠬᠤᠸᠠ ᠬᠤᠷᠢᠶ᠎ᠠ ᠶᠢᠨ ᠪᠡᠭᠡᠵᠢᠩ ᠤᠨ 7 ᠳ᠋ᠤᠭᠠᠷ ᠰᠠᠷ᠎ᠠ ᠶᠢᠨ 16 ᠤ ᠡᠳᠦᠷ ᠤᠨ ᠴᠠᠬᠢᠯᠭᠠᠨ ᠮᠡᠳᠡᠭᠡ | ᠰᠢᠨᠬᠤᠸᠠ ᠬᠤᠷᠢᠶᠠᠨ ᠤ ᠰᠤᠷᠪᠤᠯᠵᠢᠯᠠᠭᠴᠢ ᠶᠠᠨ ᠭᠦᠸᠧ ᠵᠧᠩ | ᠶᠡᠷᠦᠩᠬᠡᠢ ᠱᠦᠵᠢ ᠰᠢ ᠶᠢᠨ ᠫᠢᠩ ᠴᠢᠬᠤᠯᠠᠴᠢᠯᠠᠬᠤ ᠳᠤ ᠪᠠᠨ᠂ ᠥᠭᠡᠷᠡᠴᠢᠯᠡᠯᠲᠡ ᠶᠢ ᠡᠴᠦᠰ ᠲᠤ ᠨᠢ ᠲᠤᠯᠲᠠᠯ᠎ᠠ | ᠬᠢᠬᠦ ᠡᠷᠡᠰ ᠵᠣᠷᠢᠭ ᠢᠶᠠᠷ ᠦᠨᠡᠨ ᠬᠦ ᠬᠢᠵᠦ᠂ ᠬᠠᠲᠠᠭᠤ ᠲᠠᠢ ᠬᠠᠯᠳᠠᠵᠤ᠂ ᠣᠨᠢᠨ ᠳᠡᠭᠡᠷ᠎ᠡ ᠨᠢ ᠬᠦᠴᠦᠯᠡᠵᠦ᠂ | ᠬᠠᠮᠵᠢᠯᠴᠠᠨ ᠬᠦᠴᠦᠯᠡᠵᠦ᠂ ᠦᠷᠭᠦᠯᠵᠢᠯᠡᠨ ᠬᠦᠴᠦᠯᠡᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ | ᠤᠷᠤᠭᠰᠢᠲᠠᠢ ᠲᠦᠯᠬᠢᠨ ᠠᠬᠢᠭᠤᠯᠬᠤ ᠶᠢ ᠬᠢᠵᠠᠭᠠᠷᠯᠠᠵᠤ ᠪᠠᠶᠢᠭ᠎ᠠ ᠠᠯᠢᠪᠠ ᠪᠠᠶᠢᠭᠤᠯᠤᠯ ᠲᠣᠭᠲᠠᠴᠠ ᠶᠢᠨ ᠬᠠᠷᠰᠢ | ᠰᠠᠭᠠᠳ ᠢ ᠡᠷᠡᠰ ᠠᠷᠢᠯᠭᠠᠬᠤ ᠬᠡᠷᠡᠭᠲᠡᠢ ᠭᠡᠵᠡᠢ᠃ ᠡᠨᠡ ᠪᠣᠯ ︽ᠥᠭᠡᠷᠡᠴᠢᠯᠡᠯᠲᠡ ᠶᠢ ᠡᠴᠦᠰ ᠲᠤ ᠨᠢ ᠲᠤᠯᠲᠠᠯ᠎ᠠ ᠬᠢᠬᠦ | ︾ ᠶᠢᠨ ᠲᠥᠪ ᠴᠢᠩᠭ᠎ᠠ ᠲᠤᠩᠬᠠᠭᠯᠠᠯ ᠪᠣᠯᠣᠨ᠎ᠠ᠂ ᠪᠦᠬᠦ ᠨᠠᠮ ᠪᠦᠬᠦ ᠨᠡᠶᠢᠭᠡᠮ ᠳᠤ ᠥᠭᠡᠷᠡᠴᠢᠯᠡᠯᠲᠡ ᠶᠢ ᠤᠯᠠᠮ ᠨᠢᠭᠡ | ᠠᠯᠬᠤᠮ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠳᠠᠶᠢᠴᠢᠯᠠᠯᠲᠠ ᠶᠢᠨ ᠵᠠᠷᠯᠢᠭ ᠮᠦᠨ᠃ | ᠤᠷᠤᠭᠰᠢᠯᠠᠯᠲᠠ ᠶᠢᠨ ᠵᠠᠮ ᠳᠡᠭᠡᠷᠡᠬᠢ ᠠᠰᠠᠭᠤᠳᠠᠯ ᠢ ᠭᠠᠭᠴᠠ ᠬᠦ ᠥᠭᠡᠷᠡᠴᠢᠯᠡᠯᠲᠡ ᠶᠢᠨ ᠠᠷᠭ᠎ᠠ ᠪᠠᠷ ᠰᠠᠶ᠋ᠢ | ᠰᠢᠢᠳᠪᠦᠷᠢᠯᠡᠵᠦ ᠴᠢᠳᠠᠨ᠎ᠠ᠃ ᠭᠠᠭᠴᠠ ᠬᠦ ᠥᠭᠡᠷᠡᠴᠢᠯᠡᠯᠲᠡ ᠶᠢ ᠡᠴᠦᠰ ᠲᠤ ᠨᠢ ᠲᠤᠯᠲᠠᠯ᠎ᠠ ᠬᠢᠬᠦ ᠡᠷᠡᠰ ᠵᠣᠷᠢᠭ ᠢᠶᠠᠨ | ᠪᠠᠲᠤᠳᠬᠠᠵᠤ᠂ ᠦᠨᠡᠨ ᠬᠦ ᠬᠢᠵᠦ᠂ ᠬᠠᠲᠠᠭᠤ ᠲᠠᠢ ᠬᠠᠯᠳᠠᠵᠤ᠂ ᠥᠭᠡᠷᠡᠴᠢᠯᠡᠯᠲᠡ ᠶᠢ ᠭᠤᠶᠢᠪᠢᠰᠢ ᠦᠭᠡᠢ ᠪᠠᠷ ᠤᠯᠠᠮ | ᠨᠢᠭᠡ ᠠᠯᠬᠤᠮ ᠪᠦᠬᠦ ᠲᠠᠯ᠎ᠠ ᠪᠠᠷ ᠭᠦᠨᠵᠡᠭᠡᠶᠢᠷᠡᠭᠦᠯᠪᠡᠯ ᠰᠠᠶ᠋ᠢ ᠳᠤᠮᠳᠠᠳᠤ ᠤᠯᠤᠰ ᠤᠨ ᠮᠠᠶ᠋ᠢᠭ ᠤᠨ | ᠣᠳᠣᠬᠢᠴᠢᠯᠠᠯᠲᠠ ᠳᠤ ᠬᠦᠴᠦᠷᠬᠡᠭ ᠶᠡᠭᠡ ᠬᠥᠳᠡᠯᠭᠡᠬᠦ ᠬᠦᠴᠦᠨ ᠢ ᠲᠠᠰᠤᠷᠠᠯᠲᠠ ᠦᠭᠡᠢ ᠣᠯᠭᠤᠵᠤ᠂ ᠳᠦᠷᠢᠮ ᠤᠨ | ᠬᠦᠴᠦᠲᠡᠢ ᠪᠠᠲᠤᠯᠠᠭ᠎ᠠ ᠶᠢ ᠲᠠᠰᠤᠷᠠᠯᠲᠠ ᠦᠭᠡᠢ ᠬᠠᠩᠭᠠᠵᠤ ᠴᠢᠳᠠᠨ᠎ᠠ᠃ | ᠦᠨᠡᠨ ᠬᠦ ᠠᠵᠢᠯᠯᠠᠬᠤ ᠭᠡᠳᠡᠭ ᠨᠢ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠤᠷᠤᠭᠰᠢᠲᠠᠢ | ᠠᠬᠢᠬᠤ ᠶᠢ ᠬᠢᠵᠠᠭᠠᠷᠯᠠᠵᠤ ᠪᠠᠶᠢᠭ᠎ᠠ ᠠᠯᠢᠪᠠ ᠪᠠᠶᠢᠭᠤᠯᠤᠯ ᠲᠣᠭᠲᠠᠴᠠ ᠶᠢᠨ ᠬᠠᠷᠰᠢ ᠰᠠᠭᠠᠳ ᠢ ᠡᠷᠡᠰ ᠠᠷᠢᠯᠭᠠᠬᠤ | ᠶᠠᠪᠤᠳᠠᠯ ᠪᠣᠯᠣᠨ᠎ᠠ᠃ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠵᠠᠮ ᠳᠤ ᠬᠠᠷᠰᠢ ᠰᠠᠭᠠᠳ ᠤᠯᠠᠨ | ᠪᠠᠶᠢᠳᠠᠭ᠂ ᠡᠭᠦᠨ ᠢ ᠰᠢᠢᠳᠪᠦᠷᠢᠯᠡᠬᠦ ᠳᠤ ᠡᠷᠡᠰ ᠵᠣᠷᠢᠭ ᠪᠠᠶᠢᠬᠤ ᠬᠡᠷᠡᠭᠲᠡᠢ᠃ ᠵᠣᠷᠢᠭᠲᠠᠢ ᠪᠠᠷ ᠠᠵᠢᠯᠯᠠᠬᠤ ᠶᠢ | ᠲᠡᠷᠢᠭᠦᠨ ᠳᠤ ᠲᠠᠯᠪᠢᠨ᠂ ᠰᠡᠳᠬᠢᠯ ᠰᠢᠭᠤᠳᠤᠨ ᠴᠢᠷᠮᠠᠶᠢᠵᠤ᠂ ᠤᠨᠢᠨ ᠳᠡᠭᠡᠷ᠎ᠡ ᠨᠢ ᠬᠦᠴᠦᠯᠡᠵᠦ᠂ ᠬᠠᠮᠵᠢᠯᠴᠠᠨ | ᠬᠦᠴᠦᠯᠡᠵᠦ᠂ ᠦᠷᠭᠦᠯᠵᠢᠯᠡᠨ ᠬᠦᠴᠦᠯᠡᠬᠦ ᠬᠡᠷᠡᠭᠲᠡᠢ᠃ ᠡᠷᠬᠡᠪᠰᠢ ᠠᠵᠤ ᠠᠬᠤᠢ ᠶᠢᠨ ᠪᠠᠶᠢᠭᠤᠯᠤᠯ᠂ ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ ᠤᠨ ᠪᠠᠶᠢᠭᠤᠯᠤᠯ᠂ ᠰᠣᠶᠣᠯ ᠤᠨ ᠪᠠᠶᠢᠭᠤᠯᠤᠯ᠂ ᠨᠡᠶᠢᠭᠡᠮ ᠤᠨ ᠪᠠᠶᠢᠭᠤᠯᠤᠯ᠂ ᠠᠮᠢ | ᠠᠬᠤᠢ ᠶᠢᠨ ᠪᠣᠯᠪᠠᠰᠤᠨ ᠤ ᠪᠠᠶᠢᠭᠤᠯᠤᠯ ᠵᠡᠷᠭᠡ ᠡᠯ᠎ᠡ ᠬᠦᠷᠢᠶᠡᠨ ᠳᠠᠬᠢ ᠥᠭᠡᠷᠡᠴᠢᠯᠡᠯᠲᠡ ᠶᠢ ᠬᠠᠮᠵᠢᠯᠴᠠᠨ ᠲᠦᠯᠬᠢᠨ | ᠠᠬᠢᠭᠤᠯᠵᠤ᠂ ᠡᠷᠡᠰ ᠵᠣᠷᠢᠭ ᠢᠶᠠᠷ ᠪᠣᠭᠤᠮᠢ ᠶᠢ ᠡᠪᠳᠡᠨ᠂ ᠠᠷᠬᠠᠭ ᠪᠠ ᠲᠦᠭᠰᠢᠭᠦᠷᠢ ᠶᠢ ᠠᠷᠢᠯᠭᠠᠵᠤ᠂ ᠪᠣᠭᠤᠮᠲᠠ ᠶᠢ | ᠰᠢᠪᠲᠤᠯᠤᠨ ᠬᠤᠪᠢᠷᠠᠯᠲᠠ ᠶᠢ ᠠᠷᠭᠠᠴᠠᠭᠠᠵᠤ᠂ ᠰᠢᠨ᠎ᠡ ᠪᠠᠶᠢᠳᠠᠯ ᠢ ᠥᠷᠭᠡᠳᠬᠡᠬᠦ ᠬᠡᠷᠡᠭᠲᠡᠢ᠃ | ᠬᠠᠲᠠᠭᠤ ᠲᠠᠢ ᠬᠠᠯᠳᠠᠬᠤ ᠭᠡᠳᠡᠭ ᠨᠢ ᠪᠠᠴᠢᠮ ᠲᠤᠯᠭᠠᠮ᠎ᠠ ᠠᠰᠠᠭᠤᠳᠠᠯ ᠠᠴᠠ ᠭᠠᠷᠳᠠᠵᠦ᠂ ᠬᠦᠴᠢᠷ ᠠᠰᠠᠭᠤᠳᠠᠯ ᠢ | ᠠᠳᠬᠤᠨ᠂ ᠠᠯᠳᠠᠰᠢ ᠪᠠᠨ ᠵᠠᠯᠠᠷᠠᠭᠤᠯᠵᠤ᠂ ᠳᠤᠲᠠᠭᠤᠳᠠᠯ ᠢᠶᠠᠨ ᠨᠥᠬᠦᠪᠦᠷᠢᠯᠡᠬᠦ ᠶᠠᠪᠤᠳᠠᠯ ᠪᠣᠯᠣᠨ᠎ᠠ᠃ ᠠᠭᠤᠯᠠᠨ ᠳᠤ | ᠪᠠᠷᠰ ᠪᠠᠶᠢᠬᠤ ᠶᠢ ᠮᠡᠳᠡᠪᠡᠴᠦ ᠵᠠᠪᠠᠯ ᠠᠭᠤᠯᠠᠨ ᠳᠤ ᠭᠠᠷᠬᠤ ᠤᠯᠤᠰ ᠲᠦᠷᠦ ᠶᠢᠨ ᠰᠥᠰᠥ ᠵᠣᠷᠢᠭ ᠲᠠᠢ ᠪᠠᠶᠢᠬᠤ ᠪᠠᠷ | ᠪᠠᠷᠠᠬᠤ ᠦᠭᠡᠢ᠂ ᠨᠡᠩ ᠴᠤ ᠲᠡᠮᠦᠷ ᠢ ᠠᠳᠬᠤᠪᠠᠯ ᠤᠷᠤᠮ ᠲᠠᠢ᠂ ᠴᠢᠯᠠᠭᠤᠨ ᠳᠡᠭᠡᠷ᠎ᠡ ᠭᠢᠰᠬᠢᠪᠡᠯ ᠮᠥᠷ ᠲᠠᠢ᠂ ᠨᠡᠷᠡᠨ | ᠰᠠᠷᠠᠨ ᠢ ᠵᠢᠭᠠᠨ ᠵᠠᠬᠢᠷᠴᠦ ᠰᠢᠨ᠎ᠡ ᠣᠷᠴᠢᠯᠠᠩ ᠪᠣᠯᠭᠠᠬᠤ ᠪᠣᠳᠠᠲᠠᠢ ᠠᠵᠢᠯᠯᠠᠬᠤ ᠡᠷᠴᠢ ᠵᠣᠷᠢᠭ ᠲᠠᠢ ᠪᠠᠶᠢᠬᠤ ᠬᠡᠷᠡᠭᠲᠡᠢ | ᠃ ᠥᠭᠡᠷᠡᠴᠢᠯᠡᠯᠲᠡ ᠶᠢᠨ ᠵᠠᠩᠭᠢᠯᠠᠭ᠎ᠠ ᠶᠢᠨ ᠦᠶ᠎ᠡ ᠳᠤ ᠵᠣᠷᠢᠭᠲᠠᠳ ᠢᠯᠠᠳᠠᠭ᠂ ᠡᠷᠴᠢ ᠵᠣᠷᠢᠭ ᠢᠶᠠᠨ | ᠬᠥᠪᠴᠢᠯᠡᠬᠦ ᠠᠴᠠ ᠪᠢᠰᠢ ᠰᠤᠯᠠᠷᠠᠭᠤᠯᠵᠤ ᠪᠣᠯᠬᠤ ᠦᠭᠡᠢ᠃ ᠡᠯ᠎ᠡ ᠱᠠᠲᠤᠨ ᠤ ᠨᠠᠮ ᠤᠨ ᠭᠡᠰᠢᠭᠦᠨ ᠺᠠᠳ᠋ᠷᠴᠤᠳ | ᠡᠷᠬᠡᠪᠰᠢ ᠦᠷᠭᠦᠯᠵᠢᠯᠡᠨ ᠬᠦᠴᠦᠯᠡᠵᠦ᠂ ᠠᠯᠬᠤᠮ ᠠᠯᠬᠤᠮ ᠢᠶᠠᠷ ᠠᠵᠢᠯᠯᠠᠨ᠂ ᠤᠳᠠᠭᠠᠨ ᠳᠠᠭᠠᠭᠠᠮᠠᠭᠠᠢ ᠪᠠᠷ ᠵᠢᠳᠬᠦᠯ | ᠴᠢᠷᠮᠠᠶᠢᠯᠭ᠎ᠠ ᠭᠠᠷᠭᠠᠵᠤ᠂ ᠬᠦᠴᠦᠯᠡᠨ ᠪᠠᠬᠢᠵᠢᠭᠦᠯᠬᠦ᠂ ᠭᠦᠨᠵᠡᠭᠡᠶᠢᠷᠡᠭᠦᠯᠬᠦ᠂ ᠥᠷᠭᠡᠳᠬᠡᠬᠦ ᠳᠡᠭᠡᠷ᠎ᠡ ᠬᠦᠴᠦ ᠲᠠᠯᠪᠢᠵᠤ᠂ | ᠨᠢᠭᠡ ᠨᠢᠭᠡ ᠠᠯᠬᠤᠮ ᠢᠶᠠᠷ ᠬᠢᠵᠦ᠂ ᠵᠢᠷᠤᠭ ᠲᠥᠰᠥᠪ ᠢ ᠡᠴᠦᠰ ᠲᠤ ᠨᠢ ᠲᠤᠯᠲᠠᠯ᠎ᠠ ᠵᠢᠷᠤᠭᠯᠠᠨ᠂ | ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ | ᠪᠣᠳᠠᠲᠠᠢ ᠠᠵᠢᠯᠯᠠᠭ᠎ᠠ ᠳᠤ ᠨᠠᠶᠢᠳᠠᠪᠤᠷᠢᠵᠢᠭᠤᠯᠵᠤ᠂ ᠦᠷ᠎ᠡ ᠪᠦᠲᠦᠮᠵᠢ ᠭᠠᠷᠭᠠᠬᠤ ᠬᠡᠷᠡᠭᠲᠡᠢ᠃ | |