ᠦᠶᠡᠷ ᠤᠨ ᠬᠤᠭᠤᠴᠠᠭ᠎ᠠ ᠬᠦᠷᠴᠦ ᠢᠷᠡᠯ᠎ᠡ᠂ ᠡᠳᠡᠭᠡᠷ ᠠᠮᠢ ᠠᠪᠤᠷᠠᠬᠤ ᠮᠡᠳᠡᠯᠭᠡ ᠶᠢ ᠡᠷᠬᠡᠪᠰᠢ ᠡᠵᠡᠮᠰᠢᠬᠦ ᠬᠡᠷᠡᠭᠲᠡᠶ
ᠨᠡᠶᠢᠲᠡᠯᠡᠭᠰᠡᠨ ᠴᠠᠭ᠄
2024/7/19
    ᠠᠭᠤᠯᠠᠨ ᠦᠶᠡᠷ ᠤᠨ ᠭᠠᠮᠰᠢᠭ ᠭᠡᠵᠦ ᠶᠠᠭᠤ ᠪᠣᠯᠬᠤ ᠶᠢ ᠮᠡᠳᠡᠨ᠎ᠡ ᠦᠦ︖ ᠠᠭᠤᠯᠠᠨ ᠦᠶᠡᠷ ᠤᠨ ᠡᠮᠦᠨ᠎ᠡ ᠶᠠᠮᠠᠷ ᠶᠠᠮᠠᠷ ᠠᠷᠭᠠᠴᠠᠬᠤ ᠠᠷᠭ᠎ᠠ ᠬᠡᠮᠵᠢᠶ᠎ᠡ ᠠᠪᠳᠠᠭ ᠪᠣᠶ︖ ᠡᠳᠡᠭᠡᠷ ᠠᠶᠤᠯ ᠠᠴᠠ ᠵᠠᠶᠢᠯᠠᠬᠤ ᠵᠢᠵᠢᠭ ᠮᠡᠳᠡᠯᠭᠡ ᠶᠢ ᠬᠤᠷᠳᠤᠨ ᠬᠤᠷᠢᠶᠠᠭᠠᠷᠠᠶ᠃    ᠶᠠᠭᠤ ᠶᠢ ᠠᠭᠤᠯᠠᠨ ᠦᠶᠡᠷ ᠤᠨ ᠭᠠᠮᠰᠢᠭ ᠭᠡᠬᠦ ᠪᠤᠢ     ᠲᠥᠬᠦᠮ ᠢᠶᠠᠷ ᠬᠡᠯᠡᠪᠡᠯ᠂ ᠠᠭᠤᠯᠠᠨ ᠦᠶᠡᠷ ᠤᠨ ᠭᠠᠮᠰᠢᠭ ᠭᠡᠳᠡᠭ ᠨᠢ ᠠᠭᠤᠯᠠᠨ ᠦᠶᠡᠷ ᠠᠴᠠ ᠬᠥᠮᠦᠰ ᠲᠤ ᠤᠴᠠᠷᠠᠭᠤᠯᠤᠭᠰᠠᠨ ᠬᠤᠤᠷ ᠬᠥᠨᠥᠭᠡᠯ ᠢ ᠵᠢᠭᠠᠵᠤ ᠪᠠᠶᠢᠨ᠎ᠠ᠂ ᠡᠭᠦᠨ ᠳᠤ ᠭᠤᠤᠯ ᠮᠥᠷᠡᠨ ᠤ ᠦᠶᠡᠷᠯᠡᠬᠦ ᠵᠢᠴᠢ ᠳᠠᠭᠠᠯᠳᠤᠨ ᠡᠭᠦᠰᠦᠭᠰᠡᠨ ᠰᠢᠪᠠᠷ ᠴᠢᠯᠠᠭᠤᠨ ᠤ ᠤᠷᠤᠰᠬᠠᠯ᠂ ᠠᠭᠤᠯᠠ ᠶᠡᠭᠦᠷᠡᠬᠦ ᠵᠡᠷᠭᠡ ᠠᠴᠠ ᠪᠣᠯᠵᠣ ᠬᠥᠮᠦᠨ ᠬᠠᠷ᠎ᠠ ᠥᠭᠦᠵᠦ ᠰᠢᠷᠬᠠᠲᠤᠬᠤ᠂ ᠡᠳ᠋ ᠬᠥᠷᠥᠩᠭᠡ ᠬᠤᠬᠢᠷᠠᠬᠤ᠂ ᠰᠠᠭᠤᠷᠢ ᠲᠥᠬᠦᠭᠡᠷᠦᠮᠵᠢ ᠡᠪᠳᠡᠭᠳᠡᠬᠦ ᠵᠢᠴᠢ ᠣᠷᠴᠢᠨ ᠲᠣᠭᠤᠷᠢᠨ ᠡᠬᠢ ᠪᠠᠶᠠᠯᠢᠭ ᠡᠪᠳᠡᠭᠳᠡᠬᠦ ᠵᠡᠷᠭᠡ ᠪᠠᠭᠲᠠᠨ᠎ᠠ᠃    ᠠᠭᠤᠯᠠᠨ ᠦᠶᠡᠷ ᠤᠨ ᠭᠠᠮᠰᠢᠭ ᠤᠨ ᠣᠨᠴᠠᠯᠢᠭ    ᠤᠯᠠᠷᠢᠯ ᠤᠨ ᠴᠢᠨᠠᠷ ᠢᠶᠠᠷ ᠴᠢᠩᠭ᠎ᠠ᠂ ᠳᠠᠪᠲᠠᠮᠵᠢ ᠨᠢ ᠥᠨᠳᠥᠷ᠃ ᠠᠭᠤᠯᠠᠨ ᠦᠶᠡᠷ ᠤᠨ ᠭᠠᠮᠰᠢᠭ ᠪᠣᠯᠤᠨ ᠰᠢᠷᠦᠭᠦᠨ ᠪᠣᠷᠣᠭᠠᠨ ᠤ ᠡᠭᠦᠰᠬᠦ ᠴᠠᠭ ᠤᠨ ᠲᠠᠯ᠎ᠠ ᠪᠠᠷ ᠨᠢᠭᠡᠳᠦᠯᠲᠦ ᠴᠢᠨᠠᠷ ᠲᠠᠢ᠃ ᠮᠠᠨ ᠤ ᠤᠯᠤᠰ ᠤᠨ ᠠᠭᠤᠯᠠᠨ ᠦᠶᠡᠷ ᠤᠨ ᠭᠠᠮᠰᠢᠭ ᠨᠢ ᠭᠤᠤᠯᠳᠠᠭᠤ 5-9 ᠰᠠᠷ᠎ᠠ ᠳᠤ ᠲᠥᠪᠯᠡᠷᠡᠵᠦ᠂ ᠢᠯᠠᠩᠭᠤᠶ᠎ᠠ 6-8 ᠰᠠᠷ᠎ᠠ ᠪᠣᠯ ᠨᠠᠩ ᠴᠤ ᠠᠭᠤᠯᠠᠨ ᠦᠶᠡᠷ ᠤᠨ ᠭᠠᠮᠰᠢᠭ ᠣᠯᠠᠨ ᠡᠭᠦᠰᠬᠦ ᠬᠤᠭᠤᠴᠠᠭ᠎ᠠ ᠪᠣᠯᠤᠨ᠎ᠠ᠃    ᠢᠷᠡᠬᠦ ᠨᠢ ᠲᠦᠷᠭᠡᠨ᠂ ᠭᠠᠮᠰᠢᠭ ᠪᠣᠯᠬᠤ ᠨᠢ ᠲᠦᠷᠭᠡᠨ᠃ ᠠᠭᠤᠯᠠᠷᠬᠠᠭ ᠣᠷᠣᠨ ᠳᠤ ᠠᠭᠤᠯᠠ ᠥᠨᠳᠥᠷ ᠵᠢᠯᠠᠭ᠎ᠠ ᠭᠦᠨ᠂ ᠭᠤᠣᠯ ᠮᠥᠷᠡᠨ ᠨᠢᠭᠲᠠ ᠬᠤᠷᠠᠭᠰᠠᠨ ᠠᠴᠠ ᠪᠣᠯᠵᠤ᠂ ᠪᠣᠷᠣᠭᠠᠨ ᠮᠠᠰᠢ ᠲᠦᠷᠭᠡᠨ ᠢᠶᠠᠷ ᠤᠰᠤᠨ ᠤᠷᠤᠰᠬᠠᠯ ᠪᠣᠯᠵᠤ ᠬᠤᠪᠢᠷᠬᠠᠰᠠᠨ ᠮᠥᠷᠲᠡᠭᠡᠨ ᠬᠤᠷᠠᠬᠤ ᠨᠢ ᠲᠦᠷᠭᠡᠨ᠂ ᠤᠷᠤᠰᠬᠤ ᠬᠤᠷᠳᠤᠴᠠ ᠨᠢ ᠶᠡᠭᠡ ᠪᠠᠶᠢᠵᠤ᠂ ᠪᠣᠷᠣᠭᠠᠨ ᠤᠷᠤᠭᠰᠠᠨ ᠤ ᠳᠠᠷᠠᠭ᠎ᠠ ᠣᠬᠤᠷᠬᠠᠨ ᠬᠤᠭᠤᠴᠠᠭᠠᠨ ᠳᠣᠲᠣᠷ᠎ᠠ ᠭᠠᠮᠰᠢᠭ ᠪᠣᠯᠵᠤ᠂ ᠤᠷᠢᠳᠴᠢᠯᠠᠨ ᠰᠡᠷᠡᠮᠵᠢᠯᠡᠵᠦ ᠤᠷᠢᠳᠴᠢᠯᠠᠨ ᠮᠡᠳᠡᠭᠡᠯᠡᠬᠦ ᠳᠤ ᠬᠦᠴᠢᠷᠲᠡᠶ ᠪᠠᠶᠢᠳᠠᠭ᠃    ᠣᠷᠣᠨ ᠪᠦᠰᠡ ᠶᠢᠨ ᠴᠢᠨᠠᠷ ᠨᠢ ᠢᠯᠡᠷᠬᠡᠶ᠂ ᠠᠮᠠᠷᠬᠠᠨ ᠡᠭᠦᠰᠬᠦ ᠴᠢᠨᠠᠷ ᠨᠢ ᠴᠢᠩᠭ᠎ᠠ᠃ ᠠᠭᠤᠯᠠᠨ ᠦᠶᠡᠷ ᠨᠢ ᠭᠤᠣᠯᠳᠠᠭᠤ ᠠᠭᠤᠯᠠᠷᠬᠠᠭ ᠣᠷᠣᠨ᠂ ᠳᠣᠪᠣᠷᠬᠠᠭ ᠣᠷᠣᠨ ᠪᠣᠯᠤᠨ ᠳᠣᠪᠣᠷᠬᠠᠭ ᠭᠠᠵᠠᠷ ᠭᠠᠷᠴᠤ᠂ ᠢᠯᠠᠩᠭᠤᠶ᠎ᠠ ᠰᠢᠷᠦᠭᠦᠨ ᠪᠣᠷᠣᠭᠠᠨ ᠤ ᠲᠥᠪ ᠣᠷᠣᠨ ᠳᠤ ᠪᠠᠶᠢᠷᠢᠰᠢᠵᠤ ᠪᠠᠶᠢᠭ᠎ᠠ ᠠᠭᠤᠯᠠᠷᠬᠠᠭ ᠣᠷᠣᠨ ᠳᠤ ᠭᠠᠷᠴᠤ᠂ ᠰᠢᠷᠦᠭᠦᠨ ᠪᠣᠷᠣᠭᠠᠨ ᠣᠷᠣᠬᠤ ᠦᠶ᠎ᠡ ᠳᠤ ᠮᠠᠰᠢ ᠬᠢᠯᠪᠠᠷᠬᠠᠨ ᠳᠠᠭᠠᠷᠢᠯᠲᠠ ᠶᠢᠨ ᠬᠦᠴᠦᠨ ᠲᠠᠢ ᠤᠰᠤᠨ ᠤᠷᠤᠰᠬᠠᠯ ᠢ ᠪᠣᠶ ᠪᠣᠯᠭᠠᠵᠤ᠂ ᠠᠭᠤᠯᠠᠨ ᠦᠶᠡᠷ ᠢ ᠰᠢᠷᠦᠭᠦᠨ ᠡᠭᠦᠰᠭᠡᠭᠡᠳ ᠠᠭᠤᠯᠠᠨ ᠦᠶᠡᠷ ᠤᠨ ᠭᠠᠮᠰᠢᠭ ᠢ ᠪᠣᠶ ᠪᠣᠯᠭᠠᠬᠤ ᠪᠣᠯᠤᠨ᠎ᠠ᠃    ᠡᠪᠳᠡᠬᠦ ᠴᠢᠨᠠᠷ ᠢᠶᠠᠷ ᠶᠡᠭᠡ᠂ ᠬᠤᠣᠷ ᠬᠥᠨᠥᠭᠡᠯ ᠨᠢ ᠬᠦᠨᠳᠦ ᠨᠣᠴᠢᠲᠠᠢ᠃ ᠠᠭᠤᠯᠠᠨ ᠦᠶᠡᠷ ᠤᠨ ᠭᠠᠮᠰᠢᠭ ᠡᠭᠦᠰᠬᠦ ᠦᠶ᠎ᠡ ᠳᠤ ᠦᠷᠭᠦᠯᠵᠢ ᠪᠡᠯ ᠶᠡᠭᠦᠷᠡᠬᠦ᠂ ᠰᠢᠪᠠᠷ ᠴᠢᠯᠠᠭᠤᠨ ᠤᠷᠤᠰᠬᠠᠯ ᠵᠡᠷᠭᠡ ᠭᠠᠮᠰᠢᠭ ᠳᠠᠭᠠᠯᠳᠤᠵᠤ᠂ ᠦᠷᠭᠦᠯᠵᠢ ᠭᠤᠣᠯ ᠮᠥᠷᠡᠨ ᠤ ᠵᠠᠮ ᠢ ᠥᠭᠡᠷᠡᠴᠢᠯᠡᠬᠦ᠂ ᠵᠠᠰᠠᠮᠠᠯ ᠵᠠᠮ ᠢ ᠲᠠᠰᠤᠯᠬᠤ᠂ ᠬᠥᠭᠦᠷᠭᠡ ᠨᠤᠷᠠᠬᠤ᠂ ᠲᠠᠷᠢᠶᠠᠨ ᠭᠠᠵᠠᠷ ᠢ ᠨᠣᠷᠭᠠᠬᠤ᠂ ᠭᠡᠷ ᠪᠠᠶᠢᠰᠢᠩ ᠢ ᠨᠤᠷᠠᠭᠠᠬᠤ ᠵᠡᠷᠭᠡ ᠭᠤᠨᠢᠭᠲᠤ ᠵᠦᠴᠦᠭᠡ ᠶᠢ ᠡᠭᠦᠰᠭᠡᠳᠡᠭ ᠪᠠᠶᠢᠨ᠎ᠠ᠃    ᠠᠭᠤᠯᠠᠨ ᠦᠶᠡᠷ ᠪᠠᠭᠤᠬᠤ ᠳᠤ ᠠᠶᠤᠯ ᠲᠠᠢ᠂ ᠭᠡᠪᠡᠴᠦ ᠪᠢᠳᠡ ᠰᠠᠨᠳᠤᠷᠬᠤ ᠴᠢᠬᠤᠯᠠ ᠦᠭᠡᠢ᠃ ᠳᠤᠤᠷᠠᠬᠢ ᠮᠡᠳᠡᠯᠭᠡ ᠶᠢ ᠡᠵᠡᠮᠰᠢᠳᠡᠭ ᠯᠡ ᠶᠤᠮ ᠪᠣᠯ ᠤᠷᠢᠳᠴᠢᠯᠠᠨ ᠮᠠᠭᠠᠳᠯᠠᠯᠲᠠ ᠬᠢᠵᠦ᠂ ᠥᠪᠡᠷ ᠢ ᠪᠠᠨ ᠬᠠᠮᠠᠭᠠᠯᠠᠵᠤ ᠪᠣᠯᠤᠨ᠎ᠠ᠃    ᠠᠭᠤᠯᠠᠨ ᠦᠶᠡᠷ᠂ ᠰᠢᠪᠠᠷ ᠴᠢᠯᠠᠭᠤᠨ ᠤ ᠤᠷᠤᠰᠬᠠᠯ ᠡᠭᠦᠰᠬᠦ ᠠᠴᠠ ᠡᠮᠦᠨ᠎ᠡ ᠶᠠᠮᠠᠷ ᠶᠠᠮᠠᠷ ᠪᠡᠯᠭᠡ ᠲᠡᠮᠳᠡᠭ ᠪᠠᠶᠢᠬᠤ ᠪᠣᠶ     ᠠᠭᠤᠯᠠ ᠶᠢᠨ ᠦᠷ᠎ᠡ ᠬᠠᠪᠢ ᠳᠤ ᠲᠣᠭᠲᠠᠪᠤᠷᠢ ᠦᠭᠡᠢ ᠬᠦᠴᠦᠨ ᠵᠦᠢᠯ ᠪᠠᠢᠬᠤ ᠪᠠᠢᠳᠠᠯ ᠳᠤᠤᠷ᠎ᠠ ᠠᠮᠠᠷᠬᠠᠨ ᠠᠭᠤᠯᠠ ᠨᠤᠷᠠᠯᠲᠠ ᠪᠠ ᠰᠢᠪᠠᠷ ᠴᠢᠯᠠᠭᠤᠨ ᠤᠷᠤᠰᠬᠠᠯ ᠡᠭᠦᠰᠦᠨ᠎ᠡ᠃    ᠬᠤᠷ᠎ᠠ ᠪᠣᠷᠣᠭᠠᠨ ᠬᠠᠮᠤᠭ ᠶᠡᠭᠡ ᠳᠡᠭᠡᠨ ᠬᠥᠷᠬᠦ ᠦᠶ᠎ᠡ ᠳᠤ᠂ ᠳᠡᠭᠡᠳᠦ ᠤᠷᠤᠰᠬᠠᠯ ᠤᠨ ᠬᠤᠷ᠎ᠠ ᠲᠣᠨᠣᠳᠠᠰᠤ ᠰᠢᠷᠦᠭᠦᠨ ᠪᠣᠯᠵᠣ᠂ ᠡᠯᠡᠰᠦ ᠰᠢᠪᠠᠷ ᠤᠨ ᠭᠠᠮᠰᠢᠭ ᠢᠯᠡᠷᠬᠡᠶ ᠪᠣᠯᠵᠣ᠂ ᠭᠤᠷᠤᠬ᠎ᠠ ᠶᠢᠨ ᠭᠤᠤ ᠳᠤ ᠬᠡᠪ ᠤᠨ ᠪᠤᠰᠤ ᠦᠶᠡᠷ ᠪᠠᠭᠤᠳᠠᠭ᠃    ᠠᠭᠤᠯᠠᠨ ᠭᠠᠵᠠᠷ ᠠᠭᠤᠯᠠ ᠶᠡᠭᠦᠷᠡᠬᠦ ᠪᠤᠶᠤ ᠭᠤᠤ ᠭᠠᠩᠭ᠎ᠠ ᠢᠳᠡᠭᠳᠡᠬᠦ ᠦᠶᠡᠰ᠂ ᠠᠭᠤᠯᠠᠨ ᠳᠡᠭᠡᠷᠡᠬᠢ ᠮᠣᠳᠣᠳ ᠨᠢ ᠡᠯᠡᠰᠦ ᠮᠠᠩᠬ᠎ᠠ ᠶᠢ ᠰᠠᠮᠠᠭᠤᠷᠠᠭᠤᠯᠬᠤ ᠳᠠᠭᠤᠨ ᠭᠠᠷᠴᠤ᠂ ᠠᠭᠤᠯᠠᠨ ᠪᠡᠶ᠎ᠡ ᠨᠢ ᠬᠡᠪ ᠤᠨ ᠪᠤᠰᠤ ᠠᠭᠤᠯᠠ ᠶᠢᠨ ᠳᠠᠭᠤᠨ ᠭᠠᠷᠤᠨ᠎ᠠ᠃    ᠳᠡᠭᠡᠳᠦ ᠤᠷᠤᠰᠬᠠᠯ ᠤᠨ ᠭᠤᠣᠯ ᠤᠨ ᠵᠠᠮ ᠪᠥᠭᠯᠡᠷᠡᠵᠦ᠂ ᠭᠤᠷᠤᠬ᠎ᠠ ᠶᠢᠨ ᠭᠤᠤ ᠳᠣᠲᠣᠷ᠎ᠠ ᠤᠰᠤᠨ ᠲᠦᠪᠰᠢᠨ ᠲᠦᠷᠭᠡᠨ  ᠪᠠᠭᠠᠰᠳᠠᠭ᠃    ᠳᠡᠭᠡᠳᠦ ᠤᠷᠤᠰᠬᠠᠯ ᠳᠤ ᠨᠤᠷᠠᠭᠰᠠᠨ ᠠᠴᠠ᠂ ᠭᠤᠷᠤᠬ᠎ᠠ ᠶᠢᠨ ᠤᠰᠤ ᠮᠠᠰᠢ ᠪᠤᠯᠠᠩᠭᠢᠷ ᠲᠠᠢ᠃    ᠤᠷᠤᠰᠬᠠᠯ ᠤᠰᠤ ᠭᠡᠨᠡᠳᠲᠡ ᠶᠡᠬᠡᠰᠬᠦ ᠦᠶ᠎ᠡ ᠳᠤ᠂  ᠰᠠᠯᠬᠢ ᠪᠣᠷᠣᠭᠠᠨ᠂ ᠠᠶᠤᠩᠭ᠎ᠠ ᠴᠠᠬᠢᠯᠭᠠᠨ᠂ ᠳᠡᠯᠪᠡᠴᠢᠬᠦ ᠲᠠᠭᠤ ᠨᠢ ᠰᠢᠪᠠᠷ ᠴᠢᠯᠠᠭᠤᠨ ᠤ ᠤᠷᠤᠰᠬᠠᠯ ᠤᠨ ᠠᠪᠴᠢᠷᠠᠭᠰᠠᠨ ᠠᠪᠤᠷᠭᠤ ᠴᠢᠯᠠᠭᠤᠨ ᠤ ᠮᠥᠷᠭᠦᠯᠲᠡ ᠠᠴᠠ ᠢᠯᠡᠷᠬᠡᠶ ᠠᠳᠠᠯᠢ ᠥᠬᠡᠶ ᠪᠠᠶᠢᠳᠠᠭ᠃     ᠳᠡᠭᠡᠳᠦ ᠤᠷᠤᠰᠬᠠᠯ ᠳᠤ ᠠᠭᠤᠯᠠ ᠨᠤᠷᠠᠯᠲᠠ ᠡᠭᠦᠰᠴᠦ᠂ ᠣᠨᠴᠠᠭᠠᠢ ᠦᠮᠡᠬᠡᠶ ᠦᠨᠦᠷ  ᠭᠠᠷᠳᠠᠭ᠃    ᠮᠣᠳᠣᠨ ᠤ ᠲᠠᠰᠤᠷᠠᠬᠤ ᠳᠠᠭᠤᠨ ᠰᠤᠨᠤᠰᠳᠠᠨ᠎ᠠ ᠃    ᠬᠥᠮᠦᠨ ᠶᠡᠷᠦ ᠪᠤᠰᠤ ᠶᠢᠨ ᠦᠵᠡᠭᠳᠡᠯ ᠢ ᠰᠡᠷᠡᠵᠦ ᠮᠡᠳᠡᠭᠡ ᠥᠬᠡᠶ ᠦᠶ᠎ᠡ ᠳᠤ᠂ ᠮᠤᠤᠷ ᠤᠨ ᠲᠠᠭᠤ᠂ ᠢᠨᠴᠠᠭᠠᠬᠤ ᠮᠡᠲᠦ  ᠲᠠᠭᠤ ᠭᠠᠷᠴᠤ᠂ ᠠᠮᠢᠲᠠᠨ ᠨᠢᠭᠡᠨᠲᠡ ᠬᠡᠪ ᠤᠨ ᠪᠤᠰᠤ ᠦᠢᠯᠡ ᠬᠥᠳᠡᠯᠦᠯ ᠲᠠᠢ ᠪᠣᠯᠳᠠᠭ᠃    ᠠᠭᠤᠯᠠᠨ ᠦᠶᠡᠷ ᠢᠷᠡᠬᠦ ᠣᠶᠢᠶ᠎ᠠ ᠳᠤ ᠬᠡᠷᠬᠢᠨ ᠰᠢᠯᠵᠢᠭᠦᠯᠬᠦ ᠪᠤᠢ    ᠦᠶᠡᠷ ᠤᠨ ᠬᠤᠭᠤᠴᠠᠭᠠᠨ ᠳᠤ᠂ ᠠᠶᠤᠯᠲᠠᠶ ᠣᠷᠣᠨ ᠳᠤ ᠰᠠᠭᠤᠵᠤ ᠪᠠᠶᠢᠭ᠎ᠠ ᠰᠠᠭᠤᠭᠠᠯᠢ ᠠᠷᠠᠳ ᠠᠮᠤᠷ ᠲᠦᠪᠰᠢᠨ ᠢᠶᠠᠷ ᠰᠢᠯᠵᠢᠭᠦᠯᠬᠦ ᠪᠡᠯᠡᠳᠬᠡᠯ ᠢᠶᠠᠨ ᠰᠠᠶᠢᠲᠤᠷ ᠬᠢᠵᠦ᠂ ᠴᠢᠬᠤᠯᠠ ᠪᠥᠬᠦᠶ ᠡᠳ᠋ ᠪᠣᠳᠠᠰ ︵ᠵᠢᠱᠢᠶᠡᠯᠡᠪᠡᠯ ᠭᠠᠷ ᠳ᠋ᠧᠩ᠂ ᠭᠠᠷ ᠪᠣᠭᠴᠣ ᠵᠡᠷᠭᠡ︶ ᠢᠶᠠᠨ ᠡᠮᠬᠢᠯᠡᠬᠦ ᠬᠡᠷᠡᠭᠲᠡᠶ᠃    ᠰᠠᠭᠤᠭᠠᠯᠢ ᠠᠷᠠᠳ ᠤᠨ ᠡᠳᠦᠷ ᠲᠤᠲᠤᠮ ᠤᠨ ᠠᠮᠢᠳᠤᠷᠠᠯ ᠳᠤᠮᠳᠠ ᠰᠡᠷᠡᠮᠵᠢᠯᠡᠭᠦᠯᠬᠦ ᠳᠣᠬᠢᠶ᠎ᠠ ᠵᠢᠴᠢ ᠤᠬᠤᠷᠢᠬᠤ ᠵᠠᠮ ᠱᠤᠭᠤᠮ ᠢ ᠲᠣᠳᠣᠷᠬᠠᠶ ᠣᠶᠢᠯᠠᠭᠠᠵᠤ᠂ ᠰᠡᠷᠡᠮᠵᠢᠯᠡᠭᠦᠯᠬᠦ ᠳᠣᠬᠢᠶ᠎ᠠ ᠶᠢ ᠣᠯᠤᠭᠰᠠᠨ ᠤ ᠳᠠᠷᠠᠭ᠎ᠠ᠂ ᠡᠷᠬᠡᠪᠰᠢ ᠰᠢᠯᠵᠢᠭᠦᠯᠬᠦ ᠬᠠᠷᠢᠭᠤᠴᠠᠯᠭᠠᠲᠠᠨ ᠤ ᠵᠣᠬᠢᠶᠠᠨ ᠪᠠᠶᠢᠭᠤᠯᠤᠯᠲᠠ ᠵᠢᠯᠣᠭᠤᠳᠤᠯᠭ᠎ᠠ ᠳᠤᠤᠷ᠎ᠠ ᠤᠷᠢᠳᠴᠢᠯᠠᠨ ᠲᠣᠭᠲᠠᠭᠠᠭᠰᠠᠨ ᠤᠬᠤᠷᠢᠬᠤ ᠵᠠᠮ ᠱᠤᠭᠤᠮ ᠢᠶᠠᠷ ᠦᠳᠲᠡᠷ ᠲᠦᠷᠭᠡᠨ ᠡᠮᠬᠢ ᠵᠢᠷᠤᠮ ᠲᠠᠢ ᠪᠠᠷ ᠰᠢᠯᠵᠢᠬᠦ ᠬᠡᠷᠡᠭᠲᠡᠶ᠃    ᠰᠢᠯᠵᠢᠭᠦᠯᠬᠦ ᠳᠡᠭᠡᠨ ᠤᠷᠢᠳᠠᠪᠠᠷ ᠬᠥᠮᠦᠨ ᠨᠢ ᠶᠠᠪᠤᠵᠤ᠂ ᠲᠠᠷᠠᠭ᠎ᠠ ᠨᠢ ᠡᠳ᠋ ᠬᠦᠷᠦᠩᠭᠡ ᠨᠢ ᠶᠠᠪᠤᠬᠤ᠂ ᠤᠷᠢᠳᠠᠪᠠᠷ ᠨᠠᠰᠤᠲᠠᠨ ᠨᠢᠯᠬᠠᠰ ᠵᠡᠮᠳᠡᠭ᠂ ᠲᠠᠷᠠᠭ᠎ᠠ ᠨᠢ ᠡᠩ ᠤᠨ ᠬᠥᠮᠦᠨ ᠤ ᠵᠠᠷᠴᠢᠮ ᠢᠶᠠᠷ ᠵᠣᠬᠢᠶᠠᠨ ᠪᠠᠶᠢᠭᠤᠯᠵᠤ ᠰᠢᠯᠵᠢᠭᠦᠯᠬᠦ ᠬᠡᠷᠡᠭᠲᠡᠢ ᠪᠥᠭᠡᠳ ᠰᠢᠯᠵᠢᠭᠦᠯᠬᠦ ᠵᠠᠷᠯᠢᠭ ᠢ ᠲᠠᠭᠠᠬᠤ ᠦᠭᠡᠢ ᠬᠥᠮᠦᠰ ᠲᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠬᠤ ᠬᠡᠷᠡᠭᠳᠡᠢ᠃ ᠬᠠᠷᠢᠭᠤᠴᠠᠭᠴᠢ ᠡᠷᠬᠡᠪᠰᠢ ᠪᠦᠬᠦ ᠬᠥᠮᠦᠨ ᠰᠢᠯᠵᠢᠭᠰᠡᠨ ᠤ ᠳᠠᠷᠠᠭ᠎ᠠ ᠬᠠᠮᠤᠭ ᠰᠡᠭᠦᠯ ᠳᠤ ᠤᠬᠤᠷᠢᠬᠤ ᠬᠡᠷᠡᠭᠲᠡᠶ᠃    ᠦᠶᠡᠷᠯᠡᠭᠰᠡᠨ ᠣᠷᠣᠨ ᠤ ᠬᠤᠲᠣᠭᠤᠷ ᠭᠠᠵᠠᠷ ᠲᠤ ᠪᠠᠶᠢᠭ᠎ᠠ ᠣᠷᠣᠨ ᠰᠠᠭᠤᠴᠠ ᠦᠷᠭᠦᠯᠵᠢ ᠦᠶᠡᠷ ᠲᠤ ᠠᠪᠲᠠᠬᠤ ᠪᠤᠶᠤ ᠪᠦᠰᠡᠯᠡᠭᠳᠡᠵᠦ ᠪᠠᠶᠢᠳᠠᠭ᠂ ᠬᠡᠷᠪᠡ ᠰᠢᠯᠵᠢᠵᠦ ᠠᠮᠵᠢᠬᠤ ᠦᠭᠡᠶ ᠪᠣᠯ᠄    1 . ᠭᠡᠷ ᠤᠨ ᠬᠥᠮᠦᠰ ᠢᠶᠠᠨ ᠭᠡᠷ ᠤᠨ ᠣᠷᠣᠢ ᠵᠦᠭ ᠰᠢᠯᠵᠢᠭᠦᠯᠬᠦ᠂ ᠪᠢᠲᠡᠭᠡᠢ ᠠᠶᠤᠵᠤ ᠰᠠᠨᠳᠤᠷ᠃    2 . ᠠᠪᠤᠷᠠᠯ ᠭᠤᠶᠤᠬᠤ ᠳᠣᠬᠢᠶ᠎ᠠ ᠶᠢ ᠠᠷᠭ᠎ᠠ ᠪᠦᠬᠦᠨ ᠢ ᠰᠦᠪᠡᠭᠴᠢᠯᠡᠨ ᠭᠠᠷᠭᠠᠵᠤ᠂ ᠳᠠᠷᠤᠶ ᠲᠦᠷᠭᠡᠨ ᠭᠠᠳᠠᠨᠠᠬᠢ ᠲᠠᠢ ᠬᠠᠷᠢᠯᠴᠠᠵᠤ᠂ ᠴᠠᠭ ᠲᠤᠬᠠᠶ ᠳᠤᠨᠢ ᠠᠪᠤᠷᠠᠨ ᠲᠤᠰᠠᠯᠠᠨ᠎ᠠ᠃    3. ᠬᠤᠯᠤᠰᠤ ᠵᠡᠷᠭᠡ ᠬᠥᠪᠪᠥᠮᠡᠯ ᠪᠣᠳᠠᠰ ᠢᠶᠠᠷ ᠭᠡᠷ ᠤᠨ ᠬᠥᠮᠦᠰ ᠢᠶᠠᠨ ᠣᠶᠢᠷ᠎ᠠ ᠬᠠᠪᠢ ᠶᠢᠨ ᠥᠨᠳᠥᠷ ᠪᠠᠷᠢᠯᠭ᠎ᠠ ᠪᠤᠶᠤ ᠠᠶᠤᠯ ᠦᠭᠡᠢ ᠭᠠᠵᠠᠷ ᠲᠤ ᠬᠠᠮᠠᠭᠠᠯᠠᠨ ᠬᠦᠷᠭᠡᠬᠦ᠃    ᠦᠶᠡᠷ ᠲᠤ ᠪᠦᠰᠡᠯᠡᠭᠳᠡᠪᠡᠯ ᠶᠠᠭᠠᠬᠢᠵᠤ ᠠᠪᠤᠷᠠᠬᠤ ᠪᠤᠢ    ᠠᠭᠤᠯᠠᠨ ᠳᠣᠪᠣᠴᠠᠭ ᠤᠨ ᠣᠷᠴᠢᠨ ᠳᠤ᠂ ᠭᠠᠭᠴᠠ ᠬᠥᠮᠦᠨ ᠴᠦ ᠲᠡᠷᠡ᠂ ᠣᠯᠠᠨ ᠬᠥᠮᠦᠨ ᠴᠦ ᠲᠡᠷᠡ᠂ ᠬᠡᠷᠪᠡ ᠰᠠᠭᠤᠷᠢ ᠪᠠᠷ ᠨᠡᠯᠢᠶᠡᠳ ᠪᠠᠲᠤ ᠪᠠᠬᠢ ᠥᠨᠳᠥᠷ ᠬᠠᠷᠠᠭᠤᠯ ᠤᠨ ᠳᠡᠨᠵᠢ ᠪᠤᠶᠤ ᠲᠣᠭᠤᠰᠬ᠎ᠠ ᠪᠧᠲ᠋ᠤᠨ ᠪᠦᠲᠦᠴᠡ ᠲᠠᠢ ᠣᠷᠣᠨ ᠰᠠᠭᠤᠴᠠ ᠶᠢᠨ ᠠᠰᠠᠷ ᠲᠤ ᠭᠡᠨᠡᠳᠲᠡ ᠦᠶᠡᠷ ᠲᠤ ᠤᠴᠠᠷᠠᠪᠠᠯ᠂ ᠠᠪᠤᠷᠠᠨ ᠲᠤᠰᠠᠯᠠᠬᠤ ᠶᠢ ᠡᠮᠬᠢ ᠵᠢᠷᠤᠮ ᠲᠠᠢ ᠪᠠᠷ ᠪᠠᠲᠤ ᠰᠠᠬᠢᠬᠤ ᠪᠤᠶᠤ ᠠᠭᠤᠯᠠᠨ ᠦᠶᠡᠷ ᠡᠭᠴᠡ ᠪᠠᠭᠤᠬᠤ ᠶᠢ ᠬᠦᠯᠢᠶᠡᠪᠡᠯ ᠳᠠᠷᠤᠶ ᠪᠦᠰᠡᠯᠡᠯᠲᠡ ᠠᠴᠠ ᠮᠤᠯᠲᠤᠷᠠᠵᠤ ᠪᠣᠯᠤᠨ᠎ᠠ᠃    ᠬᠡᠷᠪᠡ ᠦᠶᠡᠷ ᠤᠨ ᠤᠰᠤ ᠬᠤᠲᠣᠭᠤᠷ ᠭᠠᠵᠠᠷ ᠤᠨ ᠡᠷᠭᠢ᠂ ᠭᠠᠩᠭ᠎ᠠ ᠪᠤᠶᠤ ᠮᠣᠳᠣᠨ ᠪᠦᠲᠦᠴᠡ ᠲᠠᠢ ᠭᠡᠷ ᠲᠤ ᠬᠠᠰᠢᠭᠳᠠᠪᠠᠯ᠂ᠪᠠᠶᠢᠳᠠᠯ ᠪᠠᠴᠢᠮ ᠪᠣᠯᠬᠤ ᠦᠶ᠎ᠡ ᠳᠤ᠄    1 . ᠴᠢᠮᠡᠭᠡ ᠬᠤᠯᠪᠣᠭᠠᠨ ᠤ ᠨᠥᠬᠦᠴᠡᠯ ᠲᠠᠢ ᠪᠣᠯ ᠲᠤᠬᠠᠶ ᠶᠢᠨ ᠭᠠᠵᠠᠷ ᠤᠨ ᠵᠠᠰᠠᠭ ᠤᠨ ᠣᠷᠳᠣᠨ ᠪᠣᠯᠤᠨ ᠦᠶᠡᠷ ᠢ ᠰᠡᠷᠭᠡᠶᠢᠯᠡᠬᠦ ᠰᠠᠯᠠᠭ᠎ᠠ ᠮᠥᠴᠢᠷ ᠲᠤ ᠦᠶᠡᠷ ᠤᠨ ᠪᠠᠶᠢᠳᠠᠯ ᠪᠣᠯᠤᠨ ᠬᠠᠰᠢᠭᠳᠠᠭᠰᠠᠨ ᠪᠠᠶᠢᠳᠠᠯ ᠢᠶᠠᠨ ᠮᠡᠳᠡᠭᠦᠯᠵᠦ᠂ ᠠᠪᠤᠷᠠᠨ ᠲᠤᠰᠠᠯᠠᠬᠤ ᠠᠵᠢᠯ ᠡᠷᠢᠵᠦ ᠪᠣᠯᠤᠨ᠎ᠠ᠃    2 . ᠬᠤᠯᠪᠣᠭ᠎ᠠ ᠨᠡᠪᠲᠡᠷᠡᠬᠦ ᠨᠥᠬᠦᠴᠡᠯ ᠦᠭᠡᠢ ᠲᠣᠬᠢᠶᠠᠯᠳᠤᠯ ᠳᠤ᠂ ᠫᠤᠤᠵᠢᠩ ᠳᠠᠯᠪᠢᠵᠤ᠂ ᠥᠩᠭᠡ ᠢᠯᠭᠠᠷᠠᠭᠰᠠᠨ ᠬᠤᠪᠴᠠᠰᠤ ᠪᠤᠶᠤ ᠬᠠᠮᠲᠤ ᠪᠠᠷ ᠠᠪᠤᠷᠠᠯ ᠳᠠᠭᠤᠳᠠᠭᠤᠯᠵᠤ᠂ ᠭᠠᠳᠠᠨ᠎ᠠ ᠠᠴᠠ ᠲᠤᠰᠠᠯᠠᠮᠵᠢ ᠭᠤᠶᠤᠬᠤ ᠳᠣᠬᠢᠶ᠎ᠠ ᠶᠢ ᠲᠠᠰᠤᠷᠠᠯᠲᠠ ᠦᠭᠡᠢ ᠶᠠᠪᠤᠭᠤᠯᠵᠤ᠂ ᠡᠷᠲᠡᠬᠡᠨ ᠠᠪᠤᠷᠠᠯ ᠬᠦᠰᠡᠨ᠎ᠡ᠃    3 . ᠥᠪᠡᠷ ᠢ ᠪᠠᠨ ᠠᠪᠤᠷᠠᠬᠤ ᠠᠷᠭ᠎ᠠ ᠬᠡᠮᠵᠢᠶ᠎ᠡ ᠶᠢ ᠢᠳᠡᠪᠬᠢᠲᠡᠶ ᠠᠪᠴᠤ᠂ ᠨᠡᠯᠢᠶᠡᠳ ᠶᠡᠭᠡ ᠡᠵᠡᠯᠡᠬᠦᠨ ᠲᠠᠢ ᠬᠥᠪᠦᠮᠡᠯ ᠪᠣᠳᠠᠰ ᠵᠡᠷᠭᠡ ᠶᠢ ᠡᠷᠢᠨ᠎ᠡ᠃    ᠵᠠᠶᠢᠯᠠᠵᠤ ᠰᠢᠯᠵᠢᠭᠡᠳ ᠪᠦᠲᠦᠭᠰᠡᠨ ᠦᠭᠡᠢ ᠦᠶ᠎ᠡ ᠳᠤ᠂ ᠨᠡᠯᠢᠶᠡᠳ ᠠᠮᠤᠷ ᠲᠦᠪᠰᠢᠨ ᠪᠠᠶᠢᠷᠢ ᠶᠢ ᠰᠣᠩᠭᠤᠵᠤ ᠪᠠᠬᠢᠯᠡᠨ ᠰᠠᠬᠢᠬᠤ ᠶᠢᠨ ᠬᠠᠮᠲᠤ ᠲᠠᠰᠤᠷᠠᠯᠲᠠ ᠦᠭᠡᠢ ᠭᠠᠳᠠᠭᠠᠳᠤ ᠳᠤ ᠠᠪᠤᠷᠠᠨ ᠲᠤᠰᠠᠯᠠᠬᠤ ᠳᠣᠬᠢᠶ᠎ᠠ ᠥᠭᠬᠦ ᠬᠡᠷᠡᠭᠲᠡᠢ᠂ ᠶᠠᠭᠠᠬᠢᠭᠰᠠᠨ ᠴᠤ ᠴᠦᠯᠲᠦ ᠮᠥᠯᠲᠥ ᠬᠥᠳᠡᠯᠵᠦ ᠪᠣᠯᠬᠤ ᠦᠭᠡᠢ᠂ ᠪᠠᠶᠢᠳᠠᠯ ᠲᠣᠳᠣᠷᠬᠠᠢ ᠦᠭᠡᠢ ᠠᠴᠠ ᠪᠣᠯᠵᠤ ᠮᠤᠬᠤᠷᠳᠠᠯ ᠳᠤ ᠣᠷᠣᠬᠤ ᠠᠴᠠ ᠵᠠᠶᠢᠯᠠᠰᠬᠢᠬᠦ ᠬᠡᠷᠡᠭᠲᠡᠢ᠃    ᠦᠶᠡᠷ ᠥᠩᠭᠡᠷᠡᠭᠰᠡᠨ ᠤ ᠳᠠᠷᠠᠭ᠎ᠠ᠂ ᠡᠪᠡᠳᠴᠢᠨ ᠡᠮᠭᠡᠭ ᠳᠡᠯᠭᠡᠷᠡᠬᠦ ᠶᠢ ᠬᠡᠷᠬᠢᠨ ᠰᠡᠷᠭᠡᠶᠢᠯᠡᠬᠦ ᠪᠣᠶ    ᠬᠤᠷᠠᠮᠠᠯ ᠤᠰᠤ᠂ ᠪᠣᠬᠢᠷ ᠪᠣᠳᠠᠰ ᠢ ᠴᠡᠪᠡᠷᠯᠡᠨ ᠠᠷᠢᠯᠭᠠᠵᠤ᠂ ᠰᠠᠯᠬᠢ ᠨᠡᠪᠲᠡᠷᠡᠭᠦᠯᠦᠨ ᠡᠭᠡᠭᠡᠵᠦ᠂ ᠠᠷᠢᠭᠤᠳᠬᠠᠬᠤ ᠡᠮ ᠰᠦᠷᠴᠢᠵᠦ᠂ ᠬᠠᠯᠳᠠᠪᠤᠷᠢᠲᠤ ᠡᠪᠡᠳᠴᠢᠨ ᠵᠢᠴᠢ ᠢᠯᠠᠭ᠎ᠠ ᠪᠠᠲᠠᠭᠠᠨ᠎ᠠ ᠡᠭᠦᠰᠬᠦ ᠶᠢ ᠰᠡᠷᠭᠡᠶᠢᠯᠡᠨ᠎ᠡ᠃    ᠤᠷᠢᠳᠴᠢᠯᠠᠨ ᠰᠡᠷᠭᠡᠶᠢᠯᠡᠬᠦ ᠡᠮ ᠤᠤᠭᠤᠵᠤ᠂ ᠬᠠᠯᠳᠠᠪᠤᠷᠢᠲᠤ ᠡᠪᠡᠳᠴᠢᠨ ᠡᠭᠦᠰᠬᠦ ᠠᠴᠠ ᠰᠡᠷᠭᠡᠶᠢᠯᠡᠨ᠎ᠡ᠃ ᠬᠡᠷᠪᠡ ᠬᠠᠯᠳᠠᠪᠤᠷᠢᠲᠤ ᠡᠪᠡᠳᠴᠢᠨ ᠤ ᠵᠢᠱᠢᠶ᠎ᠡ ᠡᠭᠦᠰᠪᠡᠯ ᠡᠷᠬᠡᠪᠰᠢ ᠲᠤᠰᠠᠭᠠᠷᠯᠠᠬᠤ ᠡᠮᠴᠢᠯᠡᠭᠡ ᠬᠢᠬᠦ ᠬᠡᠷᠡᠭᠲᠡᠶ᠃    ᠭᠡᠷ ᠪᠦᠯᠢ ᠶᠢᠨ ᠠᠮᠢᠳᠤᠷᠠᠯ ᠤᠨ ᠬᠡᠷᠡᠭᠰᠡᠯ ᠢ ᠤᠬᠢᠶᠠᠵᠤ ᠠᠷᠢᠭᠤᠳᠬᠠᠬᠤ ᠬᠡᠷᠡᠭᠲᠡᠢ᠃ ᠨᠦᠢᠲᠠᠨ᠂ ᠸᠠᠯᠠᠭᠰᠠᠨ ᠶᠠᠭᠤᠮ᠎ᠠ ᠶᠢ ᠰᠠᠯᠬᠢ ᠨᠡᠪᠲᠡᠷᠡᠭᠦᠯᠵᠦ᠂ ᠨᠡᠷᠡᠨ ᠳᠤ ᠡᠭᠡᠭᠡᠬᠦ ᠬᠡᠷᠡᠭᠲᠡᠢ᠃
 
ᠢᠷᠡᠯᠲᠡ᠄ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠲᠠ ᠶᠢᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号