ᠤᠯᠠᠭᠠᠨᠬᠠᠳᠠ ᠠᠴᠠ 100 ᠭᠠᠷᠤᠢ ︽ᠬᠤᠩᠱᠠᠨ ᠰᠣᠶᠣᠯ︾ ᠤᠨ ᠬᠠᠰ ᠡᠳ᠋ᠯᠡᠯ ᠤᠯᠳᠠᠪᠡ
ᠨᠡᠶᠢᠲᠡᠯᠡᠭᠰᠡᠨ ᠴᠠᠭ᠄
2024/9/19
    ᠥᠪᠥᠷ ᠮᠣᠩᠭᠤᠯ ᠤᠨ ᠤᠯᠠᠭᠠᠨᠬᠠᠳᠠ ᠬᠤᠳᠠ ᠶᠢᠨ ᠠᠤᠬᠠᠨ ᠬᠤᠱᠢᠭᠤᠨ ᠳᠤ ᠨᠢᠭᠡᠨ ᠪᠦᠷᠢᠨ ᠪᠦᠲᠦᠨ ᠬᠠᠳᠠᠭᠠᠯᠡᠭᠳᠠᠵᠤ ᠪᠠᠶᠢᠭᠰᠠᠨ ︽ᠬᠤᠩᠱᠠᠨ ᠰᠣᠶᠣᠯ︾ ᠤᠨ ᠰᠡᠭᠦᠯᠴᠢ ᠶᠢᠨ ᠦᠶ᠎ᠡ ᠶᠢᠨ ᠴᠢᠯᠠᠭᠤᠨ ᠤᠩᠭᠤᠨ ᠠᠴᠠ 100 ᠭᠠᠷᠤᠢ ᠬᠠᠰ ᠡᠳ᠋ᠯᠡᠯ ᠤᠯᠳᠠᠵᠦ᠂ ︽ᠬᠤᠩᠱᠠᠨ ᠰᠣᠶᠣᠯ︾  ᠤᠨ ᠰᠤᠳᠤᠯᠭᠠᠨ ᠳᠤ ᠮᠠᠰᠢ ᠴᠢᠬᠤᠯᠠ ᠪᠠᠷᠢᠮᠳᠠ ᠪᠤᠯᠵᠠᠢ᠃ ᠤᠷᠴᠢᠮᠬᠠᠨ ᠳᠤᠮᠳᠠᠳᠤ ᠤᠯᠤᠰ  ᠤᠨ ᠬᠠᠭᠤᠴᠢ ᠰᠤᠳᠤᠯᠤᠯ ᠤᠨ ᠨᠡᠢᠭᠡᠮᠯᠢᠭ᠂ ᠥᠪᠥᠷ ᠮᠣᠩᠭᠤᠯ  ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ  ᠤᠨ ᠲᠣᠪᠴᠢᠶ᠎ᠠ᠂ ᠤᠯᠠᠭᠠᠨᠬᠠᠳᠠ ᠬᠤᠲᠠ ᠶᠢᠨ ᠵᠠᠰᠠᠭ  ᠤᠨ ᠣᠷᠳᠣᠨ ᠬᠥᠬᠡᠬᠤᠲᠠ ᠳᠤ ᠰᠣᠨᠢᠨ ᠮᠡᠳᠡᠭᠡ ᠨᠡᠢᠲᠡᠯᠡᠬᠦ ᠬᠤᠷᠠᠯ ᠬᠢᠵᠤ ︽ᠬᠤᠩᠱᠠᠨ ᠰᠣᠶᠣᠯ︾   ᠤᠨ ᠬᠠᠭᠤᠴᠢ ᠰᠤᠳᠤᠯᠤᠯ ᠤᠨ ᠡᠨᠡ ᠬᠦ ᠬᠠᠮᠤᠭ  ᠤᠨ ᠰᠢᠨ᠎ᠡ ᠦᠷ᠎ᠡ ᠪᠦᠲᠦᠭᠡᠯ ᠢ ᠨᠡᠶᠢᠲᠡᠯᠡᠭᠰᠡᠨ ᠪᠠᠶᠢᠨ᠎ᠠ᠃    2024 ᠣᠨ ᠤ 4 ᠰᠠᠷ᠎ᠠ ᠠᠴᠠ ᠡᠬᠢᠯᠡᠨ ᠥᠪᠥᠷ ᠮᠣᠩᠭᠤᠯ  ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ  ᠤᠨ ᠲᠥᠷᠥᠯ  ᠵᠦᠢᠯ  ᠤᠨ ᠪᠦᠯᠬᠦᠮ ᠠᠦᠬᠠᠨ ᠬᠤᠰᠢᠭᠤᠨ ᠳᠤ 4 ᠰᠠᠷ᠎ᠠ ᠰᠢᠬᠠᠮ ᠬᠠᠭᠤᠴᠢ ᠰᠤᠳᠤᠯᠤᠯ  ᠤᠨ ᠪᠠᠶᠢᠴᠠᠭᠠᠯᠲᠠ ᠥᠷᠨᠢᠭᠦᠯᠵᠤ᠂ ᠠᠳᠡ ᠠᠴᠠ ︽ᠬᠤᠩᠱᠠᠨ ᠰᠣᠶᠣᠯ︾   ᠤᠨ ᠰᠡᠭᠦᠯᠴᠢ ᠶᠢᠨ ᠦᠶ᠎ᠡ ᠶᠢᠨ ᠨᠢᠭᠡᠨ ᠪᠦᠷᠢᠨ ᠪᠦᠳᠦᠨ ᠴᠢᠯᠠᠭᠤᠨ ᠤᠩᠭᠤᠨ ᠢ ᠢᠯᠡᠷᠡᠭᠦᠯᠤᠨ᠂ ᠨᠢᠭᠡ ᠯᠡ ᠤᠳᠠᠭ᠎ᠠ ᠳᠤ 100 ᠭᠠᠷᠤᠢ ︽ᠬᠤᠩᠱᠠᠨ ᠰᠣᠶᠣᠯ︾   ᠤᠨ ᠬᠠᠰ ᠡᠳ᠋ᠯᠡᠯ ᠣᠯᠳᠠᠵᠤ᠂ ᠠᠩᠬ᠎ᠠ ᠤᠳᠠᠭ᠎ᠠ ᠡᠮᠦᠨ᠎ᠡ ᠳᠠᠯ᠎ᠠ ᠨᠢ ᠲᠦᠷᠪᠡᠯᠵᠢᠨ᠂  ᠬᠤᠶᠢᠲᠥ ᠳᠠᠯ᠎ᠠ ᠨᠢ ᠲᠣᠭᠤᠷᠢᠭ᠂ ᠡᠮᠦᠨ᠎ᠡ ᠳᠠᠯ᠎ᠠ ᠳᠤᠨᠢ ᠮᠠᠨᠳᠤᠯ᠂  ᠬᠤᠶᠢᠲᠥ‌‍ᠲ᠋ᠠᠯ᠎ᠠ ᠳᠤᠨᠢ ᠤᠩᠭᠤᠨ ᠪᠠᠢᠷᠢᠯᠠᠭᠤᠯᠤᠭᠰᠠᠨ ᠤᠩᠭᠤᠨ ᠪᠠ ᠲᠠᠬᠢᠯᠭ᠎ᠠ ᠶᠢ ᠤᠶᠠᠯᠳᠤᠭᠤᠯᠤᠭᠰᠠᠨ ᠪᠠᠷᠢᠯᠭ᠎ᠠ ᠶᠢᠨ ᠦᠯᠡᠳᠡᠭᠳᠡᠯ ᠢ ᠢᠯᠡᠷᠡᠭᠦᠯᠵᠦ᠂ ᠤᠭ ᠪᠠᠷᠢᠯᠭ᠎ᠠ ᠶᠢᠨ  ᠪᠠᠶᠢᠷᠢᠰᠢᠯ ᠤᠨ ᠣᠨᠴᠠᠯᠢᠭ ᠪᠠ ᠡᠮᠬᠢ ᠳᠠᠷᠠᠭᠠᠯᠠᠯ  ᠢ ᠦᠨᠳᠦᠰᠦᠨ ᠳᠡᠭᠡᠨ ᠲᠣᠳᠣᠯᠠᠨ ᠨᠤᠳᠠᠯᠠᠪᠠ᠃    
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号