ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠯ᠎ᠡ — ᠪᠠᠭᠰᠢ ᠰᠤᠷᠤᠭᠴᠢ ᠭᠡᠷ ᠤᠨ ᠠᠬᠠᠮᠠᠳ ᠲᠤ ᠥᠭᠬᠦ 43 ᠠᠮᠤᠷ ᠲᠦᠪᠰᠢᠨ ᠤ ᠰᠠᠨᠠᠭᠤᠯᠤᠮᠵᠢ
ᠨᠡᠶᠢᠲᠡᠯᠡᠭᠰᠡᠨ ᠴᠠᠭ᠄
2024/9/20
           ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠯ᠎ᠡ᠂ ᠳᠤᠮᠳᠠᠳᠤ ᠪᠠᠭ᠎ᠠ ᠰᠤᠷᠭᠠᠭᠤᠯᠢ᠂ ᠬᠡᠦᠬᠡᠳ ᠤᠨ ᠴᠡᠴᠡᠷᠯᠢᠭ ᠤᠨ 2024 ᠣᠨ ᠤ ᠨᠠᠮᠤᠷ ᠤᠨ ᠤᠯᠠᠷᠢᠯ ᠤᠨ ᠰᠤᠷᠤᠯᠭ᠎ᠠ ᠡᠬᠢᠯᠡᠬᠦ 43 ᠠᠮᠤᠷ ᠲᠦᠪᠰᠢᠨ ᠤ ᠰᠠᠨᠠᠭᠤᠯᠤᠮᠵᠢ ᠶᠢ ᠬᠠᠮᠲᠤ ᠳᠤ ᠪᠠᠨ ᠦᠵᠡᠵᠡᠭᠡᠶ᠎ᠡ᠃     2024 ᠣᠨ ᠤ ᠨᠠᠮᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭᠠᠨ ᠤ     ᠬᠡᠦᠬᠡᠳ ᠤᠨ ᠴᠡᠴᠡᠷᠯᠢᠭ ᠤᠨ ᠠᠮᠤᠷ ᠲᠦᠪᠰᠢᠨ ᠤ ᠰᠠᠨᠠᠭᠤᠯᠤᠮᠵᠢ     1. ︽ᠡᠷᠡᠭᠦᠯ ᠮᠡᠨᠳᠦ ᠶᠢ ᠲᠡᠷᠢᠭᠦᠨ ᠳᠤ ᠲᠠᠯᠪᠢᠬᠤ︾ ᠣᠶᠢᠯᠠᠭᠠᠭᠳᠠᠬᠤᠨ ᠢ ᠪᠠᠲᠤ ᠪᠠᠬᠢ ᠪᠣᠢ ᠪᠣᠯᠭᠠᠬᠤ ᠶᠢᠨ ᠬᠠᠮᠲᠤ ᠤᠬᠠᠮᠰᠠᠷ ᠠᠴᠠ ᠪᠠᠨ ᠦᠢᠯᠡᠳᠦᠯᠭᠡᠵᠢᠭᠦᠯᠵᠦ᠂ ᠬᠡᠦᠬᠡᠳ ᠢ ᠠᠯᠴᠢᠭᠤᠷ᠂ ᠴᠣᠮᠣ ᠶᠢ ᠬᠠᠮᠲᠤ ᠳᠤ ᠪᠠᠨ ᠬᠡᠷᠡᠭᠯᠡᠬᠦ ᠦᠭᠡᠢ᠂ ᠳᠤᠷ᠎ᠠ ᠪᠠᠷ ᠢᠶᠠᠨ ᠨᠢᠳᠦ ᠪᠠᠨ ᠨᠤᠬᠤᠯᠠᠬᠤ ᠦᠭᠡᠢ ᠪᠠᠷ ᠬᠥᠲᠥᠯᠥᠨ ᠵᠢᠯᠣᠭᠤᠳᠴᠤ᠂ ᠡᠷᠡᠭᠦᠯ ᠬᠠᠮᠠᠭᠠᠯᠠᠯ ᠤᠨ ᠰᠠᠶᠢᠨ ᠰᠠᠶᠢᠬᠠᠨ ᠳᠠᠳᠬᠠᠯ ᠲᠠᠢ ᠪᠣᠯᠭᠠᠬᠤ ᠬᠡᠷᠡᠭᠲᠡᠢ᠃ ᠬᠡᠦᠬᠡᠳ ᠤᠨ ᠡᠷᠡᠭᠦᠯ ᠮᠡᠨᠳᠦ ᠶᠢᠨ ᠬᠢᠨᠠᠨ ᠪᠠᠶᠢᠴᠠᠭᠠᠯᠲᠠ ᠶᠢ ᠰᠠᠶᠢᠲᠤᠷ ᠬᠢᠵᠦ᠂ ᠡᠷᠡᠭᠦᠯ ᠮᠡᠨᠳᠦ ᠶᠢ ᠦᠨᠡᠨ ᠬᠦ ᠪᠠᠲᠤᠯᠠᠭᠰᠠᠨ ᠤᠷᠢᠲᠠᠯ ᠳᠣᠣᠷ᠎ᠠ ᠴᠡᠴᠡᠷᠯᠢᠭ ᠲᠤ ᠬᠦᠷᠭᠡᠨ᠎ᠡ᠃    2. ᠭᠡᠷ ᠴᠡᠪᠡᠷ ᠲᠣᠬᠢᠯᠢᠭ᠂ ᠬᠠᠭᠤᠷᠠᠢ ᠪᠠᠶᠢᠬᠤ ᠶᠢ ᠪᠠᠲᠤᠯᠠᠵᠤ᠂ ᠲᠣᠭᠲᠠᠮᠠᠯ ᠬᠤᠭᠤᠴᠠᠭ᠎ᠠ ᠲᠠᠢ ᠰᠠᠯᠬᠢ ᠨᠡᠪᠲᠡᠷᠡᠭᠦᠯᠦᠨ ᠠᠭᠠᠷ ᠰᠣᠯᠢᠵᠤ᠂ ᠭᠠᠳᠠᠨᠠᠬᠢ ᠴᠡᠪᠡᠷᠯᠡᠭᠰᠡᠨ ᠦᠭᠡᠢ᠂ ᠠᠷᠢᠭᠤᠳᠬᠠᠭᠰᠠᠨ ᠦᠭᠡᠢ ᠡᠳ᠋ ᠪᠣᠳᠠᠰ ᠢ ᠳᠤᠷ᠎ᠠ ᠪᠠᠷ ᠢᠶᠠᠨ ᠭᠡᠷ ᠲᠤ ᠪᠠᠨ ᠠᠪᠠᠴᠢᠠᠬᠤ ᠦᠭᠡᠢ᠂ ᠬᠤᠭ ᠨᠣᠪᠰᠢ ᠶᠢ ᠲᠥᠷᠥᠯ ᠬᠤᠪᠢᠶᠠᠨ ᠬᠠᠶᠠᠨ᠎ᠠ᠃    3. ᠬᠡᠦᠬᠡᠳ ᠲᠤ ᠡᠷᠡᠭᠦᠯ ᠬᠠᠮᠠᠭᠠᠯᠠᠯ ᠤᠨ ᠱᠠᠭᠠᠷᠳᠠᠯᠭ᠎ᠠ ᠳᠤ ᠦᠯᠦ ᠨᠡᠶᠢᠴᠡᠬᠦ ᠢᠳᠡᠭᠡᠨ ᠢ ᠢᠳᠡᠭᠦᠯᠬᠦ ᠦᠭᠡᠢ᠂ ᠬᠥᠯᠳᠡᠭᠦᠦ ᠢᠳᠡᠭᠡᠨ ᠳᠤᠲᠠᠭᠤ ᠢᠳᠡᠭᠦᠯᠦᠨ᠎ᠡ᠂ ᠬᠡᠲᠦᠷᠡᠲᠡᠯ᠎ᠡ ᠢᠳᠡᠭᠦᠯᠵᠦ ᠤᠤᠭᠤᠯᠭᠠᠬᠤ ᠦᠭᠡᠢ᠂ ᠳᠠᠪᠤᠰᠤ ᠶᠡᠬᠡᠲᠡᠢ᠂ ᠰᠢᠬᠢᠷ ᠶᠡᠬᠡᠲᠡᠢ᠂ ᠰᠢᠷᠠᠮᠠᠯ ᠢᠳᠡᠭᠡᠨ ᠢ ᠳᠤᠲᠠᠭᠤ ᠢᠳᠡᠭᠦᠯᠦᠨ᠎ᠡ᠃    4. ᠬᠡᠦᠬᠡᠳ ᠤᠨ ᠭᠦᠢᠴᠡᠳ ᠤᠨᠲᠠᠬᠤ ᠶᠢ ᠪᠠᠲᠤᠯᠠᠵᠤ᠂ ᠬᠡᠦᠬᠡᠳ ᠢ ᠬᠥᠲᠥᠯᠥᠨ ᠵᠢᠯᠣᠭᠤᠳᠴᠤ ᠪᠡᠶ᠎ᠡ ᠮᠠᠬᠠᠪᠣᠳ ᠢ ᠨᠢ ᠵᠣᠬᠢᠰᠲᠠᠢ ᠪᠣᠯᠪᠠᠰᠤᠷᠠᠭᠤᠯᠵᠤ᠂ ᠪᠡᠶ᠎ᠡ ᠮᠠᠬᠠᠪᠣᠳ ᠢ ᠨᠢ ᠴᠢᠭᠢᠷᠠᠭᠵᠢᠭᠤᠯᠵᠤ᠂ ᠴᠤᠭ ᠵᠢᠪᠬᠤᠭ᠎ᠠ ᠲᠡᠭᠦᠯᠳᠡᠷ ᠰᠠᠶᠢᠨ ᠪᠠᠶᠢᠬᠤ ᠶᠢ ᠪᠠᠲᠤᠯᠠᠨ᠎ᠠ᠃    5. ᠬᠡᠦᠬᠡᠳ ᠢ ᠭᠡᠷ ᠤᠨ ᠠᠬᠠᠮᠠᠳ ᠴᠠᠭ ᠢᠮᠠᠭᠲᠠ ᠬᠠᠷᠠᠵᠤ ᠬᠠᠮᠢᠶᠠᠷᠤᠨ᠎ᠠ᠂ ᠬᠡᠦᠬᠡᠳ ᠢ ᠭᠠᠭᠴᠠᠭᠠᠷ ᠨᠢ ᠭᠡᠷ᠂ ᠲᠡᠷᠭᠡᠨ ᠳᠤ ᠦᠯᠡᠳᠡᠭᠡᠬᠦ ᠦᠭᠡᠢ᠂ ᠬᠡᠦᠬᠡᠳ ᠢ ᠭᠠᠭᠴᠠᠭᠠᠷ ᠨᠢ ᠭᠠᠳᠠᠭᠰᠢ ᠭᠠᠷᠭᠠᠬᠤ ᠦᠭᠡᠢ᠃    6. ᠬᠡᠦᠬᠡᠳ ᠢ ᠵᠠᠮ ᠤᠨ ᠵᠠᠬ᠎ᠠ᠂ ᠤᠰᠤᠨ ᠤ ᠵᠠᠬ᠎ᠠ᠂ ᠪᠠᠷᠢᠯᠭ᠎ᠠ ᠶᠢᠨ ᠭᠠᠵᠠᠷ ᠵᠡᠷᠭᠡ ᠠᠶᠤᠯ ᠲᠠᠢ ᠣᠷᠣᠨ ᠳᠤ ᠭᠠᠭᠴᠠᠭᠠᠷ ᠨᠠᠭᠠᠳᠤᠭᠤᠯᠬᠤ ᠦᠭᠡᠢ᠂ ᠵᠠᠮ ᠬᠠᠷᠢᠯᠴᠠᠭᠠᠨ ᠤ ᠠᠳᠡᠯ᠂ ᠤᠰᠤᠨ ᠤ ᠠᠳᠠᠯ ᠭᠠᠷᠬᠤ ᠠᠴᠠ ᠰᠡᠷᠭᠡᠶᠢᠯᠡᠨ᠎ᠡ     7. ᠭᠡᠷ ᠤᠨ ᠨᠠᠷᠠᠪᠴᠢ᠂ ᠲᠠᠪᠴᠠᠩ ᠵᠡᠷᠭᠡ ᠣᠷᠣᠨ ᠪᠦᠰᠡ ᠶᠢᠨ ᠠᠮᠤᠷ ᠲᠦᠪᠰᠢᠨ ᠤ ᠬᠠᠮᠠᠭᠠᠯᠠᠯᠲᠠ ᠶᠢ ᠰᠠᠶᠢᠲᠤᠷ ᠬᠢᠨ᠎ᠡ᠃ ᠬᠡᠦᠬᠡᠳ ᠢᠶᠠᠨ ᠠᠰᠠᠷ ᠠᠴᠠ ᠳᠣᠷᠤᠭᠰᠢ ᠶᠠᠭᠤᠮ᠎ᠠ ᠬᠠᠶᠠᠬᠤ ᠦᠭᠡᠢ᠂ ᠨᠠᠷᠠᠪᠴᠢ᠂ ᠡᠭᠦᠳᠡ ᠴᠣᠩᠬᠤ ᠪᠤᠶᠤ ᠪᠤᠰᠤᠳ ᠥᠨᠳᠥᠷ ᠲᠤ ᠠᠪᠠᠷᠢᠵᠤ ᠪᠣᠯᠬᠤ ᠦᠭᠡᠢ ᠭᠡᠵᠦ ᠰᠤᠷᠭᠠᠨ᠎ᠠ᠃    8. ᠭᠡᠷ ᠤᠨ ᠴᠠᠬᠢᠯᠭᠠᠨ ᠤᠲᠠᠰᠤ᠂ ᠰᠢᠲᠠᠮᠠᠬᠠᠢ ᠬᠡᠢ ᠶᠢᠨ ᠬᠤᠭᠤᠯᠠᠢ᠂ ᠴᠠᠬᠢᠯᠭᠠᠨ ᠬᠡᠷᠡᠭᠰᠡᠯ᠂ ᠢᠷᠲᠦ ᠪᠠᠭᠠᠵᠢ ᠵᠢᠴᠢ ᠪᠤᠰᠤᠳ ᠪᠠᠭᠠᠵᠢ ᠬᠡᠷᠡᠭᠰᠡᠯ ᠤᠨ ᠠᠮᠤᠷ ᠲᠦᠪᠰᠢᠨ ᠢ ᠴᠠᠭ ᠲᠤᠬᠠᠢ ᠳᠤ ᠨᠢ ᠵᠢᠭᠰᠠᠭᠠᠨ ᠪᠠᠶᠢᠴᠠᠭᠠᠵᠤ᠂ ᠴᠠᠬᠢᠯᠭᠠᠨ ᠳᠤ ᠴᠣᠬᠢᠭᠳᠠᠬᠤ᠂ ᠬᠠᠯᠠᠭᠠᠬᠤ᠂ ᠨᠡᠭᠦᠷᠡᠰᠦᠨ ᠬᠡᠢ ᠳᠤ ᠬᠤᠣᠷᠳᠠᠬᠤ᠂ ᠮᠠᠰᠢᠨ ᠪᠠᠭᠠᠵᠢ ᠳᠤ ᠰᠢᠷᠬᠠᠳᠤᠬᠤ ᠵᠡᠷᠭᠡ ᠠᠳᠠᠯ ᠢ ᠰᠡᠷᠭᠡᠶᠢᠯᠡᠨ᠎ᠡ᠃    9. ᠨᠣᠴᠣᠮᠠᠲᠠᠭᠠᠢ᠂ ᠳᠡᠯᠪᠡᠷᠡᠮᠡᠲᠡᠭᠡᠢ᠂ ᠠᠮᠠᠷᠬᠠᠨ ᠬᠡᠮᠬᠡᠷᠡᠳᠡᠭ᠂ ᠬᠤᠣᠷᠲᠠᠢ᠂ ᠢᠷᠲᠡᠢ ᠪᠤᠶᠤ ᠬᠡᠦᠬᠡᠳ ᠤᠨ ᠪᠡᠶ᠎ᠡ ᠰᠡᠳᠬᠢᠯ ᠳᠤ ᠮᠠᠭᠤ ᠨᠥᠯᠥᠭᠡ ᠲᠠᠢ ᠪᠤᠰᠤᠳ ᠲᠣᠭᠯᠠᠭᠠᠮ ᠤᠨ ᠵᠦᠢᠯ᠂ ᠡᠳ᠋ ᠪᠠᠷᠠᠭ᠎ᠠ ᠶᠢ ᠰᠠᠶᠢᠲᠤᠷ ᠬᠠᠳᠠᠭᠠᠯᠠᠵᠤ᠂ ᠬᠡᠦᠬᠡᠳ ᠢ ᠣᠶᠢᠷᠠᠲᠤᠭᠤᠯᠬᠤ ᠦᠭᠡᠢ᠃ ᠬᠡᠦᠬᠡᠳ ᠢᠶᠠᠨ ᠳᠤᠷ᠎ᠠ ᠪᠠᠷ ᠢᠶᠠᠨ ᠶᠠᠭᠤᠮ᠎ᠠ ᠶᠢ ᠠᠮᠠ᠂ ᠴᠢᠬᠢ᠂ ᠬᠠᠮᠠᠷ᠂ ᠨᠢᠳᠦᠨ ᠳᠤ ᠪᠠᠨ ᠣᠷᠣᠭᠤᠯᠵᠤ ᠪᠣᠯᠬᠤ ᠦᠭᠡᠢ᠂ ᠳᠤᠷ᠎ᠠ ᠪᠠᠷ ᠪᠠᠨ ᠶᠠᠭᠤᠮ᠎ᠠ ᠪᠠᠷ ᠬᠦᠵᠦᠭᠦᠦ ᠪᠤᠶᠤ ᠲᠣᠯᠤᠭᠠᠢ ᠪᠠᠨ ᠪᠣᠭᠤᠵᠤ ᠪᠣᠯᠬᠤ ᠦᠭᠡᠢ ᠭᠡᠵᠦ ᠰᠤᠷᠭᠠᠨ᠎ᠠ᠃    10. ᠭᠡᠷ ᠲᠤ ᠪᠠᠨ ᠡᠮ ᠤᠨ ᠵᠦᠢᠯ ᠢ ᠵᠣᠬᠢᠰᠲᠠᠢ ᠲᠠᠯᠪᠢᠵᠤ᠂ ᠬᠡᠦᠬᠡᠳ ᠲᠤ ᠳᠤᠷ᠎ᠠ ᠪᠠᠷ ᠨᠢ ᠬᠥᠨᠳᠡᠭᠦᠯᠬᠦ ᠦᠭᠡᠢ᠃ ᠬᠡᠦᠬᠡᠳ ᠢ ᠭᠠᠷ ᠤᠲᠠᠰᠤ ᠪᠠ ᠡᠯᠧᠺᠲᠷᠣᠨ ᠦᠢᠯᠡᠳᠬᠦᠨ ᠳᠤ ᠰᠢᠨᠤᠭᠤᠯᠬᠤ ᠦᠭᠡᠢ᠃    11. ᠬᠡᠦᠬᠡᠳ ᠢᠶᠠᠨ ᠪᠢᠴᠢᠬᠠᠨ ᠨᠠᠶᠢᠵᠠ ᠨᠠᠷ ᠲᠠᠢ ᠪᠠᠨ ᠨᠥᠬᠦᠷᠰᠡᠭ ᠶᠠᠪᠤᠯᠴᠠ ᠭᠡᠵᠦ ᠰᠤᠷᠭᠠᠨ᠎ᠠ᠃ ᠭᠠᠳᠠᠭᠰᠢ ᠭᠠᠷᠬᠤ ᠳᠤ᠂ ᠬᠡᠦᠬᠡᠳ ᠲᠠᠢ ᠪᠠᠨ ᠬᠠᠮᠲᠤ ᠵᠠᠮ ᠬᠠᠷᠢᠯᠴᠠᠭᠠᠨ ᠤ ᠳᠦᠷᠢᠮ᠂ ᠲᠡᠷᠭᠡᠨ ᠳᠤ ᠰᠠᠭᠤᠬᠤ ᠳᠦᠷᠢᠮ ᠢ ᠵᠢᠷᠤᠮᠯᠠᠨ ᠰᠠᠬᠢᠵᠤ᠂ ᠵᠠᠮ ᠬᠠᠷᠢᠯᠴᠠᠭᠠᠨ ᠤ ᠠᠮᠤᠷ ᠲᠦᠪᠰᠢᠨ ᠢ ᠠᠩᠬᠠᠷᠤᠨ᠎ᠠ᠃ ᠲᠡᠷᠭᠡ ᠵᠣᠭᠰᠤᠭᠠᠬᠤ ᠭᠠᠵᠠᠷ ᠲᠤ ᠳᠤᠷ᠎ᠠ ᠪᠠᠷ ᠢᠶᠠᠨ ᠣᠷᠣᠵᠤ ᠪᠣᠯᠬᠤ ᠦᠭᠡᠢ ᠭᠡᠵᠦ ᠬᠡᠦᠬᠡᠳ ᠢ ᠰᠤᠷᠭᠠᠵᠤ᠂ ᠲᠡᠷᠭᠡᠨ ᠤ ᠪᠠᠯᠠᠢ ᠣᠷᠣᠨ ᠢ ᠰᠡᠷᠭᠡᠶᠢᠯᠡᠨ᠎ᠡ ᠃ ᠬᠡᠦᠬᠡᠳ ᠢᠶᠠᠨ ᠮᠤᠤᠷ ᠨᠣᠬᠠᠢ ᠵᠡᠷᠭᠡ ᠠᠮᠢᠲᠠᠨ ᠢᠶᠠᠷ ᠲᠣᠭᠯᠠᠵᠤ ᠪᠣᠯᠬᠤ ᠦᠭᠡᠢ ᠭᠡᠵᠦ ᠰᠤᠷᠭᠠᠨ᠎ᠠ᠃    12. ᠬᠡᠦᠬᠡᠳ ᠢᠶᠠᠨ ᠪᠤᠰᠤᠳ ᠬᠥᠮᠦᠰ ᠲᠤ ᠥᠪᠡᠷ ᠤᠨ ᠨᠢᠭᠤᠴᠠ ᠬᠡᠰᠡᠭ ᠢᠶᠠᠨ ᠦᠵᠡᠭᠦᠯᠵᠦ᠂ ᠲᠡᠮᠲᠡᠷᠢᠭᠦᠯᠵᠦ᠂ ᠰᠡᠭᠦᠳᠡᠷᠯᠡᠭᠦᠯᠵᠦ ᠪᠣᠯᠬᠤ ᠦᠭᠡᠢ ᠭᠡᠵᠦ ᠰᠤᠷᠭᠠᠨ᠎ᠠ᠃    13. ᠬᠡᠦᠬᠡᠳ ᠢᠶᠠᠨ ᠲᠠᠨᠢᠯ ᠪᠤᠰᠤ ᠬᠥᠮᠦᠨ ᠤ ᠢᠳᠡᠭᠡᠨ ᠪᠠ ᠪᠡᠯᠡᠭ ᠢ ᠠᠪᠴᠤ ᠪᠣᠯᠬᠤ ᠦᠭᠡᠢ᠂ ᠭᠡᠷ ᠪᠦᠯᠢ ᠶᠢᠨ ᠮᠡᠳᠡᠭᠡ ᠵᠠᠩᠭᠢ ᠶᠢ ᠦᠯᠦ ᠲᠠᠨᠢᠬᠤ ᠬᠥᠮᠦᠨ ᠳᠤ ᠬᠡᠯᠡᠬᠦ ᠦᠭᠡᠢ᠂ ᠲᠠᠨᠢᠯ ᠪᠤᠰᠤ ᠬᠥᠮᠦᠨ ᠠᠯᠪᠠᠳᠠᠯᠭ᠎ᠠ ᠪᠠᠷ ᠠᠪᠴᠤ ᠶᠠᠪᠤᠬᠤ ᠦᠶ᠎ᠡ ᠳᠤ ᠥᠨᠳᠥᠷ ᠳᠠᠭᠤᠨ ᠢᠶᠠᠷ ᠠᠪᠤᠷᠠᠯᠲᠠ ᠳᠠᠭᠤᠳᠠᠬᠤ ᠶᠢᠨ ᠬᠠᠮᠲᠤ ᠬᠥᠮᠦᠨ ᠣᠯᠠᠨ ᠴᠤᠭᠯᠠᠷᠠᠳᠠᠭ ᠭᠠᠵᠠᠷ ᠣᠴᠢᠵᠤ᠂ ᠭᠡᠷ ᠤᠨ ᠬᠥᠮᠦᠨ ᠠᠴᠠ ᠪᠠᠨ ᠰᠠᠯᠪᠠᠯ ᠤᠭ ᠭᠠᠵᠠᠷ ᠲᠤ ᠪᠠᠨ ᠬᠦᠯᠢᠶᠡᠬᠦ ᠪᠤᠶᠤ ᠴᠠᠭᠳᠠᠭ᠎ᠠ ᠠᠴᠠ ᠲᠤᠰᠠᠯᠠᠮᠵᠢ ᠭᠤᠶᠤᠴᠢᠯᠠᠬᠤ ᠬᠡᠷᠡᠭᠲᠡᠢ ᠭᠡᠵᠦ ᠰᠤᠷᠭᠠᠨ᠎ᠠ᠃    14᠂ ᠬᠡᠦᠬᠡᠳ ᠲᠤ ᠪᠠᠨ ᠣᠪᠣᠭ ᠨᠡᠷ᠎ᠡ᠂ ᠬᠡᠦᠬᠡᠳ ᠤᠨ ᠴᠡᠴᠡᠷᠯᠢᠭ ᠤᠨ ᠨᠡᠷ᠎ᠡ᠂ ᠭᠡᠷ ᠤᠨ ᠰᠠᠭᠤᠭ᠎ᠠ ᠭᠠᠵᠠᠷ ᠪᠠ ᠭᠡᠷ ᠤᠨ ᠠᠬᠠᠮᠠᠳ ᠤᠨ ᠣᠪᠣᠭ ᠨᠡᠷ᠎ᠡ᠂ ᠤᠲᠠᠰᠤ᠂ ᠪᠠᠶᠢᠭᠤᠯᠭ᠎ᠠ ᠵᠡᠷᠭᠡ ᠶᠢ ᠰᠠᠶᠢᠲᠤᠷ ᠮᠡᠳᠡᠭᠦᠯᠵᠦ᠂ ᠰᠠᠨᠠᠭᠠᠨ ᠳᠤ ᠦᠭᠡᠢ ᠤᠴᠢᠷ ᠲᠣᠬᠢᠶᠠᠯᠳᠤᠪᠠᠯ᠂ ᠲᠤᠰᠠᠯᠠᠮᠵᠢ ᠭᠤᠶᠤᠴᠢᠯᠠᠵᠤ ᠴᠢᠳᠠᠬᠤ ᠪᠤᠶᠤ ᠲᠣᠳᠣᠷᠬᠠᠢ ᠢᠯᠡᠳᠭᠡᠵᠦ ᠴᠢᠳᠠᠬᠤ ᠬᠡᠷᠡᠭᠲᠡᠢ ᠭᠡᠵᠦ ᠰᠤᠷᠭᠠᠨ᠎ᠠ᠃    15. ᠤᠯᠤᠰ ᠤᠨ ︽ᠬᠤᠶᠠᠷ ᠢ ᠬᠥᠩᠭᠡᠷᠡᠭᠦᠯᠬᠦ︾ ᠲᠥᠷᠥ ᠶᠢᠨ ᠪᠣᠳᠣᠯᠭ᠎ᠠ ᠶᠢᠨ ᠱᠠᠭᠠᠷᠳᠠᠯᠭ᠎ᠠ ᠶᠢ ᠦᠨᠳᠦᠰᠦᠯᠡᠨ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠦᠬᠡᠳ ᠲᠤ ᠬᠠᠨᠳᠤᠭᠤᠯᠤᠭᠰᠠᠨ ᠰᠦᠯᠵᠢᠶᠡᠨ ᠤ ᠪᠣᠯᠪᠠᠰᠤᠷᠠᠯ ᠢ ᠥᠷᠨᠢᠭᠦᠯᠬᠦ ᠪᠤᠶᠤ ᠰᠤᠷᠭᠠᠭᠤᠯᠢ ᠶᠢᠨ ᠨᠠᠰᠤᠨ ᠠᠴᠠ ᠡᠮᠦᠨᠡᠬᠢ ᠠᠩᠭᠢ᠂ ᠬᠡᠦᠬᠡᠳ ᠤᠨ ᠴᠡᠴᠡᠷᠯᠢᠭ ᠪᠠ ᠪᠠᠭ᠎ᠠ ᠰᠤᠷᠭᠠᠭᠤᠯᠢ ᠶᠢ ᠵᠣᠯᠭᠠᠭᠤᠯᠬᠤ ᠠᠩᠭᠢ᠂ ᠰᠡᠳᠬᠢᠬᠦᠢ ᠶᠢ ᠪᠣᠯᠪᠠᠰᠤᠷᠠᠭᠤᠯᠬᠤ ᠠᠩᠭᠢ ᠵᠡᠷᠭᠡ ᠨᠡᠷ᠎ᠡ ᠪᠠᠷ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠦᠬᠡᠳ ᠲᠤ ᠬᠠᠨᠳᠤᠭᠤᠯᠤᠨ ᠰᠦᠯᠵᠢᠶᠡᠨ ᠭᠠᠳᠠᠨᠠᠬᠢ ᠬᠢᠴᠢᠶᠡᠯ ᠲᠥᠷᠥᠯ ︵ᠭᠠᠳᠠᠭᠠᠳᠤ ᠬᠡᠯᠡ ᠶᠢ ᠪᠠᠭᠲᠠᠭᠠᠨ᠎ᠠ︶ ᠤᠨ ᠪᠣᠯᠪᠠᠰᠤᠷᠠᠯ ᠥᠷᠨᠢᠭᠦᠯᠬᠦ ᠶᠢ ᠴᠢᠩᠭ᠎ᠠ ᠬᠤᠷᠢᠭᠯᠠᠨ᠎ᠠ᠃ ᠪᠣᠳᠠᠲᠤ ᠠᠵᠢᠯᠯᠠᠭ᠎ᠠ ᠪᠠᠷ ᠳᠡᠮᠵᠢᠯᠭᠡ ᠦᠵᠡᠭᠦᠯᠵᠦ᠂ ᠬᠡᠦᠬᠡᠳ ᠤᠨ ᠪᠡᠶ᠎ᠡ ᠰᠡᠳᠬᠢᠯ ᠤᠨ ᠬᠥᠭᠵᠢᠯᠲᠡ ᠶᠢᠨ ᠵᠢᠮ᠎ᠡ ᠶᠣᠰᠣ ᠶᠢ ᠵᠢᠷᠤᠮᠯᠠᠵᠤ᠂ ᠬᠡᠦᠬᠡᠳ ᠤᠨ ᠡᠷᠡᠭᠦᠯ ᠢᠶᠠᠷ ᠥᠰᠦᠨ ᠪᠤᠶᠢᠵᠢᠬᠤ ᠶᠢ ᠠᠬᠢᠭᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号