ᠥᠨᠥᠳᠦᠷ ︵2025 ᠣᠨ ᠤ 1 ᠰᠠᠷ᠎ᠠ ᠶᠢᠨ 15 ᠤ ᠡᠳᠦᠷ︶ ᠪᠣᠯᠲᠠᠯ᠎ᠠ᠂ ᠬᠠᠲᠤᠨ ᠭᠤᠤᠯ ᠤᠨ | ᠣᠷᠳᠣᠰ ᠤᠨ ᠬᠡᠰᠡᠭ ᠨᠢ ᠲᠣᠭᠲᠠᠭᠤᠨ ᠢᠶᠠᠷ ᠪᠢᠲᠡᠭᠦᠮᠵᠢᠯᠡᠵᠦ ᠬᠥᠯᠳᠡᠭᠡᠬᠦ ᠬᠤᠭᠤᠴᠠᠭᠠᠨ ᠳᠤ ᠣᠷᠣᠵᠤ᠂ ᠣᠲᠤᠭ | ᠬᠤᠰᠢᠭᠤᠨ ᠤ ᠬᠡᠰᠡᠭ ᠤᠨ ᠮᠧᠩ ᠰᠢ ᠪᠠᠯᠭᠠᠰᠤᠨ ᠤ ᠶᠡᠬᠡᠪᠤᠯᠠᠭ ᠭᠠᠴᠠᠭᠠᠨ ᠤ ᠲᠤᠤᠰᠠᠲᠤ ᠭᠠᠯᠲᠤ ᠲᠡᠷᠭᠡᠨ | ᠥᠷᠲᠡᠭᠡᠨ ᠤ ᠭᠠᠵᠠᠷ ︵ᠰᠠᠨ ᠱᠧᠩ ᠬᠥᠩ ᠵᠢᠶᠠ ᠳᠡᠭᠡᠷᠡᠬᠢ 24 ᠺᠢᠯᠣᠮᠧᠲᠷ︶ ᠠᠴᠠ ᠸᠠᠨ ᠵᠢᠶᠠ ᠵᠠᠶ ᠤᠰᠤᠨ | ᠴᠥᠭᠦᠷᠥᠮ ᠤᠨ ᠬᠠᠰᠢᠯᠭ᠎ᠠ ᠶᠢᠨ ᠭᠠᠵᠠᠷ ᠢ ᠪᠦᠬᠦᠨ ᠢ ᠪᠢᠲᠡᠭᠦᠮᠵᠢᠯᠡᠵᠦ᠂ 611 ᠺᠢᠯᠣᠮᠧᠲᠷ ᠣᠷᠳᠣ ᠭᠤᠤᠯ | ᠪᠢᠲᠡᠭᠦᠮᠵᠢᠯᠡᠵᠦ᠂ ᠭᠤᠤᠯ ᠤᠨ ᠪᠢᠲᠡᠭᠦᠮᠵᠢᠯᠡᠯ ᠶᠡᠷᠦᠩᠬᠡᠶ ᠳᠡᠭᠡᠨ ᠲᠣᠭᠲᠠᠭᠤᠨ ᠪᠠᠶᠢᠨ᠎ᠠ᠃ | | | ᠣᠶᠢᠯᠠᠭᠠᠭᠰᠠᠨ ᠢᠶᠠᠷ᠂ ᠬᠠᠲᠤᠨ ᠭᠤᠤᠯ ᠤᠨ ᠣᠷᠳᠣᠰ ᠤᠨ ᠬᠡᠰᠡᠭ ᠨᠢ 2024 ᠣᠨ ᠤ 11 ᠰᠠᠷ᠎ᠠ ᠶᠢᠨ | 27 ᠤ ᠡᠳᠦᠷ ᠠᠴᠠ ᠡᠬᠢᠯᠡᠨ ᠲᠣᠰ ᠲᠣᠰ ᠬᠠᠩᠭᠢᠨ ᠬᠤᠰᠢᠭᠤᠨ ᠤ ᠳᠤᠭᠤᠶᠢᠳᠠᠯ᠎ᠠ ᠶᠢᠨ ᠬᠡᠰᠡᠭ᠂ ᠳᠠᠯᠠᠳ | ᠬᠤᠰᠢᠭᠤᠨ ᠤ ᠬᠡᠰᠡᠭ ᠤᠨ ᠪᠥᠬᠦ ᠱᠤᠭᠤᠮ᠂ ᠵᠡᠭᠦᠨᠭᠠᠷ ᠬᠤᠰᠢᠭᠤᠨ ᠤ ᠬᠡᠰᠡᠭ ᠤᠨ ᠪᠥᠬᠦ ᠱᠤᠭᠤᠮ ᠳᠤ ᠬᠠᠯᠢᠶ᠎ᠠ | ᠭᠠᠷᠴᠤ᠂ ᠬᠠᠯᠢᠶ᠎ᠠ ᠶᠢᠨ ᠨᠢᠭᠲᠠᠴᠠ ᠨᠢ 5 % 30 % ᠣᠷᠴᠢᠮ ᠪᠣᠯᠵᠠᠶ᠃ ᠣᠩᠭᠤᠨ ᠤ ᠡᠳᠦᠷ ᠬᠤᠭᠤᠴᠠᠭ᠎ᠠ ᠨᠢ | ᠡᠩ ᠤᠨ ᠵᠢᠯ ︵1971 ᠣᠨ ᠠᠴᠠ 2020 ᠣᠨ ᠪᠣᠯᠲᠠᠯᠠᠬᠢ ᠳᠤᠮᠳᠠᠴᠢ ᠬᠡᠮᠵᠢᠭᠳᠡᠯ ᠠᠴᠠ 11 ᠰᠠᠷ᠎ᠠ ᠶᠢᠨ | 20 ᠤ ᠡᠳᠦᠷ︶ ᠠᠴᠠ ᠣᠷᠣᠶ 7 ᠡᠳᠦᠷ ᠪᠣᠯᠵᠣ᠂ ᠳᠡᠭᠡᠷ᠎ᠡ ᠵᠢᠯ ᠤᠨ ᠬᠢ ᠠᠴᠠ 13 ᠡᠳᠦᠷ ᠬᠤᠶᠢᠰᠢᠯᠠᠵᠠᠶ᠃ | | | 2024 ᠣᠨ ᠤ 12 ᠰᠠᠷ᠎ᠠ ᠶᠢᠨ 14 ᠤ ᠡᠳᠦᠷ ᠤᠨ 16 ᠴᠠᠭ ᠲᠤ᠂ ᠬᠠᠲᠤᠨ ᠭᠤᠤᠯ ᠤᠨ ᠳᠠᠯᠠᠳ | ᠬᠤᠰᠢᠭᠤᠨ ᠤ ᠪᠠᠶ ᠨᠢ ᠵᠢᠩ ᠪᠠᠯᠭᠠᠰᠤᠨ ᠤ ᠲᠤᠯᠤᠭᠠᠨ ᠶᠣᠣ ᠽᠢ ᠲᠣᠰᠬᠤᠨ ︵ᠬᠠᠷᠠᠭᠠᠯᠵᠠᠭᠰᠠᠨ ᠬᠠᠰᠢᠯᠭ᠎ᠠ ᠶᠢᠨ | ᠪᠠᠭᠠᠨ᠎ᠠ ᠶᠢᠨ ᠨᠣᠮᠧᠷ 388 + 600389 + 600︶᠂ 1 ᠺᠢᠯᠣᠮᠧᠲᠷ ᠣᠷᠳᠣ ᠭᠤᠤᠯ ᠢ ᠪᠢᠲᠡᠭᠦᠮᠵᠢᠯᠡᠵᠦ᠂ | ᠪᠣᠰᠤᠭ᠎ᠠ ᠪᠢᠲᠡᠭᠦᠮᠵᠢᠯᠡᠭᠰᠡᠨ ᠰᠢᠨᠵᠢ ᠴᠢᠨᠠᠷ ᠲᠠᠢ ᠪᠠᠶᠢᠵᠤ᠂ ᠬᠠᠲᠤᠨ ᠭᠤᠤᠯ ᠤᠨ ᠣᠷᠳᠣᠰ ᠤᠨ ᠬᠡᠰᠡᠭ ᠨᠢ | ᠭᠤᠤᠯ ᠤᠨ ᠪᠢᠲᠡᠭᠦᠮᠵᠢᠯᠡᠯ ᠤᠨ ᠬᠤᠭᠤᠴᠠᠭᠠᠨ ᠳᠤ ᠣᠷᠣᠭᠰᠠᠨ ᠢ ᠬᠠᠷᠠᠭᠤᠯᠵᠤ ᠪᠠᠶᠢᠨ᠎ᠠ᠃ ᠠᠩᠬᠠᠨ ᠤ | ᠡᠷᠭᠦᠮᠵᠢᠯᠡᠯ ᠤᠨ ᠡᠳᠦᠷ ᠬᠤᠭᠤᠴᠠᠭ᠎ᠠ ᠨᠢ ᠡᠩ ᠤᠨ ᠵᠢᠯ ︵1971 ᠣᠨ ᠠᠴᠠ 2020 ᠣᠨ ᠪᠣᠯᠲᠠᠯᠠᠬᠢ | ᠳᠤᠮᠳᠠᠴᠢ ᠬᠡᠮᠵᠢᠭᠳᠡᠯ ᠠᠴᠠ 12 ᠰᠠᠷ᠎ᠠ ᠶᠢᠨ 3 ᠤ ᠡᠳᠦᠷ ᠪᠣᠯᠤᠨ᠎ᠠ︶ ᠠᠴᠠ ᠣᠷᠣᠶ 11 ᠡᠳᠦᠷ ᠪᠣᠯᠵᠣ᠂ ᠳᠡᠭᠡᠷ᠎ᠡ | ᠵᠢᠯ ᠤᠨ ᠬᠢ ᠠᠴᠠ 1 ᠡᠳᠦᠷ ᠤᠷᠢᠳᠴᠢᠯᠠᠵᠠᠶ᠃ ᠪᠦᠬᠦ ᠱᠤᠭᠤᠮ ᠤᠨ ᠪᠢᠲᠡᠭᠦᠮᠵᠢᠯᠡᠯ ᠢ 50 ᠡᠳᠦᠷ ᠬᠡᠷᠡᠭᠯᠡᠵᠦ᠂ | ᠳᠡᠭᠡᠷ᠎ᠡ ᠵᠢᠯ ︵57 ᠡᠳᠦᠷ︶ ᠤᠨ ᠪᠦᠬᠦ ᠱᠤᠭᠤᠮ ᠤᠨ ᠪᠢᠲᠡᠭᠦᠮᠵᠢᠯᠡᠯᠲᠡ ᠶᠢ 7 ᠡᠳᠦᠷ ᠤᠷᠢᠳᠴᠢᠯᠠᠨ ᠬᠡᠷᠡᠭᠯᠡᠨ᠎ᠡ᠃ | | | | |