ᠡᠯ᠎ᠡ ᠠᠶᠢᠮᠠᠭ ᠬᠤᠲᠠ ᠶᠢᠨ ᠰᠤᠷᠭᠠᠨ ᠬᠥᠮᠦᠵᠢᠯ ︵ᠰᠤᠷᠭᠠᠨ ᠬᠥᠮᠦᠵᠢᠯ ᠪᠡᠶ᠎ᠡ ᠶᠢᠨ ᠲᠠᠮᠢᠷ︶ ᠤᠨ ᠲᠣᠪᠴᠢᠶ᠎ᠠ ᠳᠤ᠄ | ᠪᠦᠬᠦ ᠤᠯᠤᠰ ᠤᠨ ᠰᠤᠷᠭᠠᠨ ᠬᠥᠮᠦᠵᠢᠯ ᠤᠨ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ | ᠲᠤᠭᠤᠰᠢᠯᠠᠭᠤᠯᠵᠤ᠂ ︽ᠪᠡᠭᠡᠵᠢᠩ ᠥᠪᠥᠷ ᠮᠣᠩᠭᠤᠯ ᠤᠨ ᠰᠤᠷᠭᠠᠨ ᠬᠥᠮᠦᠵᠢᠯ ᠤᠨ ᠵᠡᠭᠦᠨ ᠪᠠᠷᠠᠭᠤᠨ ᠣᠷᠣᠨ | ᠬᠠᠮᠵᠢᠯᠴᠠᠬᠤ ᠠᠵᠢᠯ ᠢ ᠭᠦᠨᠵᠡᠭᠡᠶᠢᠷᠡᠭᠦᠯᠬᠦ ᠲᠤᠬᠠᠢ ᠵᠥᠪᠯᠡᠯᠴᠡᠬᠡᠷ︾ ᠤᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ | ᠰᠤᠷᠭᠠᠨ ᠬᠥᠮᠥᠵᠢᠯᠲᠡᠨ ᠤ ᠵᠣᠷᠢᠭ ᠰᠠᠨᠠᠭ᠎ᠠ ᠶᠢ ᠪᠠᠳᠠᠷᠠᠭᠤᠯᠤᠨ᠂ ᠪᠡᠭᠡᠵᠢᠩ ᠥᠪᠥᠷ ᠮᠣᠩᠭᠤᠯ ᠤᠨ ᠥᠨᠳᠥᠷ ᠬᠡᠪ | ᠪᠣᠯᠪᠠᠰᠤᠷᠠᠯ ᠲᠠᠢ ᠲᠤᠰᠬᠠᠶᠢᠵᠢᠭᠰᠠᠨ ᠪᠠᠭᠰᠢ ᠶᠢᠨ ᠡᠩᠨᠡᠭᠡ ᠶᠢᠨ ᠪᠠᠶᠢᠭᠤᠯᠤᠯᠲᠠ ᠶᠢ ᠬᠠᠮᠲᠤ ᠳᠤ ᠪᠠᠨ | ᠴᠢᠩᠭᠠᠳᠬᠠᠬᠤ ᠶᠢᠨ ᠲᠥᠯᠥᠭᠡ᠂ ᠰᠤᠳᠤᠯᠤᠨ ᠲᠣᠭᠲᠠᠭᠠᠬᠤ ᠪᠠᠷ ᠳᠠᠮᠵᠢᠨ᠂ ᠥᠪᠡᠷᠲᠡᠭᠡᠨ ᠵᠠᠰᠠᠬᠤ ᠣᠷᠣᠨ ᠤ | ᠰᠤᠷᠭᠠᠨ ᠬᠥᠮᠦᠵᠢᠯ ᠤᠨ ᠲᠢᠩᠬᠢᠮ ᠪᠠ ᠪᠡᠭᠡᠵᠢᠩ ᠬᠤᠲᠠ ᠶᠢᠨ ᠰᠤᠷᠭᠠᠨ ᠬᠥᠮᠥᠵᠢᠯ ᠤᠨ ᠵᠦᠪᠯᠡᠯ ᠬᠠᠮᠲᠤᠷᠠᠨ | ᠡᠷᠬᠢᠯᠡᠵᠦ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠨᠡᠶᠢᠰᠯᠡᠯ ᠤᠨ ᠪᠠᠭᠰᠢ ᠶᠢᠨ ᠶᠡᠭᠡ | ᠰᠤᠷᠭᠠᠭᠤᠯᠢ ︽ᠪᠡᠭᠡᠵᠢᠩ ᠥᠪᠥᠷ ᠮᠣᠩᠭᠤᠯ ᠭᠠᠷ ᠬᠤᠯᠪᠣᠨ · ᠰᠤᠷᠭᠠᠨ ᠬᠥᠮᠦᠵᠢᠯ ᠢ ᠬᠥᠭᠵᠢᠭᠦᠯᠦᠨ ᠮᠠᠨᠳᠤᠭᠤᠯᠬᠤ | ︾ ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ ᠵᠢᠭᠠᠨ | ᠰᠤᠷᠭᠠᠯᠲᠠ ᠶᠢᠨ ᠤᠷᠤᠯᠳᠤᠭᠠᠨ ︵ᠳᠣᠷᠣᠭᠰᠢ ᠤᠷᠤᠯᠳᠤᠭᠠᠨ ᠭᠡᠵᠦ ᠳᠦᠭᠦᠮᠴᠢᠯᠡᠨ᠎ᠡ︶ ᠢ ᠳᠠᠭᠠᠭᠠᠴᠢᠯᠠᠨ ᠡᠷᠬᠢᠯᠡᠵᠦ | ᠂ ᠪᠡᠭᠡᠵᠢᠩ ᠥᠪᠥᠷ ᠮᠣᠩᠭᠤᠯ ᠤᠨ ᠰᠤᠷᠭᠠᠨ ᠬᠥᠮᠥᠵᠢᠯ ᠤᠨ ᠬᠠᠮᠵᠢᠯᠴᠠᠭᠠᠨ ᠤ ᠣᠶᠤᠨᠴᠢ ᠳᠠᠪᠴᠠᠩ ︵ᠳᠣᠷᠤᠭᠰᠢ | ᠳᠠᠪᠴᠠᠩ ᠭᠡᠵᠦ ᠳᠦᠭᠦᠮᠴᠢᠯᠡᠨ᠎ᠡ︶ ᠳᠡᠮᠵᠢᠪᠡ᠃ ᠡᠳᠦᠭᠡ ᠬᠤᠯᠪᠣᠭᠳᠠᠯ ᠪᠦᠬᠦᠢ ᠵᠦᠢᠯ ᠢ ᠳᠣᠣᠷᠠᠬᠢ ᠮᠡᠲᠦ | ᠮᠡᠳᠡᠭᠳᠡᠶ᠎ᠡ᠃ | ᠨᠢᠭᠡ᠂ ᠤᠷᠤᠯᠳᠤᠭᠠᠨ ᠤ ᠴᠠᠭ | 2025 ᠣᠨ ᠤ 5 ᠰᠠᠷ᠎ᠠ ᠶᠢᠨ 13 - 10 ᠰᠠᠷ᠎ᠠ ᠶᠢᠨ 31 ᠤ ᠡᠳᠦᠷ᠃ | ᠬᠤᠶᠠᠷ᠂ ᠤᠷᠤᠯᠳᠤᠭᠠᠨ ᠤ ᠠᠭᠤᠯᠭ᠎ᠠ ᠶᠢᠨ ᠲᠣᠳᠣᠷᠬᠠᠶᠢᠯᠠᠯᠲᠠ | ︵ᠨᠢᠭᠡ︶ ᠤᠷᠤᠯᠳᠤᠭᠠᠨ ᠳᠤ ᠣᠷᠣᠯᠴᠠᠬᠤ ᠡᠲᠡᠭᠡᠳ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠣᠯᠤᠨ ᠪᠡᠭᠡᠵᠢᠩ ᠬᠤᠲᠠ ᠶᠢᠨ ᠡᠯ᠎ᠡ ᠡᠩ ᠤᠨ ᠳᠤᠮᠳᠠᠳᠤ | ᠪᠠᠭ᠎ᠠ ᠰᠤᠷᠭᠠᠭᠤᠯᠢ ᠶᠢᠨ ᠬᠡᠯᠡ ᠪᠢᠴᠢᠭ᠂ ᠲᠣᠭᠠᠨ ᠤ ᠤᠬᠠᠭᠠᠨ᠂ ᠶᠣᠰᠣ ᠰᠤᠷᠲᠠᠬᠤᠨ ᠬᠢᠭᠡᠳ ᠬᠠᠤᠯᠢ ᠪᠠᠷ | ᠵᠠᠰᠠᠬᠤᠢ ︵ᠦᠵᠡᠯ ᠰᠠᠨᠠᠭ᠎ᠠ ᠤᠯᠤᠰ ᠲᠥᠷᠥ︶᠂ ᠰᠢᠨᠵᠢᠯᠡᠬᠦ ᠤᠬᠠᠭᠠᠨ᠂ ᠹᠢᠽᠢᠺ᠂ ᠬᠢᠮᠢ᠂ ᠠᠮᠢᠳᠤ ᠪᠣᠳᠠᠰ ᠤᠨ | ᠬᠢᠴᠢᠶᠡᠯ ᠲᠥᠷᠦᠯ ᠤᠨ ᠪᠠᠭᠰᠢ ᠳᠤ ᠬᠠᠨᠳᠤᠭᠤᠯᠵᠤ᠂ ᠵᠢᠭᠠᠬᠤ ᠶᠢ ᠰᠤᠳᠤᠯᠤᠭᠴᠢᠳ ᠵᠢᠴᠢ ᠬᠤᠶᠠᠳᠤᠭᠠᠷ | ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠲᠠ ᠶᠢᠨ | ᠤᠷᠤᠯᠳᠤᠭᠠᠨ ᠤ ᠨᠢᠭᠡᠳᠦᠭᠡᠷ ᠳᠡᠰ ᠤᠨ ᠱᠠᠩᠨᠠᠯ ᠢ ᠨᠢᠭᠡᠨᠲᠡ ᠭᠦᠷᠲᠡᠭᠰᠡᠨ ᠪᠠᠭᠰᠢ ᠶᠢ ᠪᠠᠭᠲᠠᠭᠠᠬᠤ ᠦᠭᠡᠢ᠃ | ︵ᠬᠤᠶᠠᠷ︶ ᠤᠷᠤᠯᠳᠤᠭᠠᠨ ᠳᠤ ᠣᠷᠣᠯᠴᠠᠬᠤ ᠬᠡᠯᠪᠡᠷᠢ | ᠡᠨᠡ ᠤᠳᠠᠭᠠᠨ ᠤ ᠤᠷᠤᠯᠳᠤᠭᠠᠨ ᠳᠤ ᠪᠡᠭᠡᠵᠢᠩ ᠥᠪᠥᠷ ᠮᠣᠩᠭᠤᠯ ᠤᠨ ︽ᠪᠦᠯᠬᠦᠮ ᠪᠠᠶᠢᠭᠤᠯᠬᠤ ᠮᠠᠶ᠋ᠢᠭ︾ ᠤᠨ | ᠬᠠᠪᠰᠤᠷᠤᠨ ᠲᠡᠳᠬᠦᠬᠦ ᠰᠤᠷᠭᠠᠭᠤᠯᠢ᠂ ︽ᠭᠠᠷ ᠬᠤᠯᠪᠣᠨ︾ ᠬᠤᠷᠰᠢᠶᠠᠯᠠᠵᠤ ᠬᠠᠪᠰᠤᠷᠤᠨ ᠲᠡᠳᠬᠦᠬᠦ ᠰᠤᠷᠭᠠᠭᠤᠯᠢ | ᠳᠤᠭᠤᠶᠢᠯᠠᠩ ᠵᠣᠬᠢᠶᠠᠨ ᠪᠠᠶᠢᠭᠤᠯᠵᠤ ᠤᠷᠤᠯᠳᠤᠭᠠᠨ ᠳᠤ ᠣᠷᠣᠯᠴᠠᠬᠤ ᠶᠢ ᠱᠠᠭᠠᠷᠳᠠᠵᠤ᠂ ᠳᠡᠭᠡᠷ᠎ᠡ ᠳᠤᠷᠠᠳᠤᠭᠳᠠᠭᠰᠠᠨ | ᠦᠭᠡᠢ ᠪᠡᠭᠡᠵᠢᠩ ᠥᠪᠥᠷ ᠮᠣᠩᠭᠤᠯ ᠤᠨ ᠬᠤᠷᠰᠢᠶᠠᠯᠠᠵᠤ ᠬᠠᠪᠰᠤᠷᠤᠨ ᠲᠡᠳᠬᠦᠬᠦ ᠰᠤᠷᠭᠠᠭᠤᠯᠢ ᠪᠡᠶ᠎ᠡ ᠳᠠᠭᠠᠭᠠᠵᠤ | ᠪᠡᠭᠡᠵᠢᠩ ᠤᠨ ᠰᠤᠷᠭᠠᠭᠤᠯᠢ ᠲᠠᠢ ᠳᠤᠭᠤᠶᠢᠯᠠᠩ ᠵᠣᠬᠢᠶᠠᠨ ᠪᠠᠶᠢᠭᠤᠯᠵᠤ ᠤᠷᠤᠯᠳᠤᠭᠠᠨ ᠳᠤ ᠣᠷᠣᠯᠴᠠᠵᠤ ᠪᠣᠯᠤᠨ᠎ᠠ᠃ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠ ᠪᠡᠭᠡᠵᠢᠩ ᠬᠤᠲᠠ ᠶᠢᠨ ᠪᠠᠭᠰᠢ ᠲᠤᠰ ᠪᠦᠷᠢ 1 ᠬᠥᠮᠦᠨ | ᠳᠣᠭᠤᠶᠢᠯᠠᠩ ᠵᠣᠬᠢᠶᠠᠨ ᠪᠠᠶᠢᠭᠤᠯᠤᠨ ᠤᠷᠤᠯᠳᠤᠭᠠᠨ ᠳᠤ ᠣᠷᠣᠯᠴᠠᠬᠤ ᠳᠤ᠂ ᠪᠠᠭᠰᠢ ᠨᠢᠭᠡ ᠪᠦᠷᠢ ᠶᠢ ᠵᠦᠪᠬᠡᠨ 1 | ᠳᠤᠭᠤᠶᠢᠯᠠᠩ ᠤᠨ ᠤᠷᠤᠯᠳᠤᠭᠠᠨ ᠳᠤ ᠣᠷᠣᠯᠴᠠᠬᠤ ᠪᠠᠷ ᠬᠢᠵᠠᠭᠠᠷᠯᠠᠨ᠂ ᠳᠠᠪᠬᠤᠷᠳᠠᠭᠤᠯᠤᠨ ᠣᠷᠣᠯᠴᠠᠵᠤ ᠪᠣᠯᠬᠤ | ᠦᠭᠡᠢ᠃ ᠬᠤᠪᠢ ᠬᠥᠮᠦᠨ ᠤ ᠨᠡᠷ᠎ᠡ ᠮᠡᠳᠡᠭᠦᠯᠬᠦ ᠶᠢ ᠵᠦᠪᠰᠢᠶᠡᠷᠡᠬᠦ ᠦᠭᠡᠢ᠃ | ︵ᠭᠤᠷᠪᠠ︶ ᠪᠥᠲᠦᠭᠡᠯ ᠤᠨ ᠠᠭᠤᠯᠭ᠎ᠠ | ᠤᠷᠤᠯᠳᠤᠭᠠᠨ ᠳᠤ ᠣᠷᠣᠯᠴᠠᠬᠤ ᠪᠦᠲᠦᠭᠡᠯ ᠤᠨ ᠠᠭᠤᠯᠭ᠎ᠠ ᠡᠷᠬᠡᠪᠰᠢ ᠵᠣᠬᠢᠬᠤ ᠰᠤᠷᠤᠯᠭ᠎ᠠ ᠶᠢᠨ ᠱᠠᠲᠤᠨ ᠤ | ᠬᠢᠴᠢᠶᠡᠯ ᠲᠥᠷᠦᠯ ᠤᠨ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠵᠦ᠂ ︽ᠬᠤᠶᠠᠷ ᠢ ᠬᠥᠩᠭᠡᠷᠡᠭᠦᠯᠬᠦ︾ | ᠵᠢᠴᠢ ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠣᠨᠣᠯᠵᠢᠬᠤᠨ ᠢ ᠨᠠᠶᠢᠳᠠᠪᠤᠷᠢᠵᠢᠭᠤᠯᠤᠨ᠂ ᠲᠣᠭᠠᠵᠢᠭᠤᠯᠤᠭᠰᠠᠨ | ᠮᠡᠷᠭᠡᠵᠢᠯ ᠤᠨ ᠬᠡᠷᠡᠭᠯᠡᠯᠲᠡ ᠪᠣᠯᠤᠨ ᠦᠨᠡᠯᠡᠬᠦ ᠠᠷᠭ᠎ᠠ ᠮᠠᠶ᠋ᠢᠭ ᠤᠨ ᠰᠢᠨ᠎ᠡ ᠶᠢ ᠡᠭᠦᠳᠬᠦ ᠶᠢ ᠴᠢᠬᠤᠯᠠᠴᠢᠯᠠᠵᠤ᠂ | ᠬᠢᠴᠢᠶᠡᠯ ᠤᠨ ᠦᠵᠡᠯ ᠰᠠᠨᠠᠭ᠎ᠠ ᠤᠯᠤᠰ ᠲᠥᠷᠥ ᠶᠢ ᠴᠢᠩᠭᠠᠷᠠᠭᠤᠯᠤᠨ᠂ ᠰᠤᠷᠤᠭᠴᠢᠳ ᠤᠨ ᠪᠦᠬᠦ ᠲᠠᠯ᠎ᠠ ᠶᠢᠨ | ᠬᠥᠭᠵᠢᠯᠲᠡ᠂ ᠡᠷᠡᠭᠦᠯ ᠢᠶᠠᠷ ᠥᠰᠦᠨ ᠪᠤᠶᠢᠵᠢᠬᠤ ᠶᠢ ᠠᠬᠢᠭᠤᠯᠬᠤ ᠬᠡᠷᠡᠭᠲᠡᠢ᠃ ᠪᠣᠳᠠᠲᠠᠢ ᠵᠢᠭᠠᠨ ᠰᠤᠷᠭᠠᠯᠲᠠ ᠶᠢᠨ | ᠠᠭᠤᠯᠭ᠎ᠠ ᠶᠢ ᠥᠪᠥᠷ ᠮᠣᠩᠭᠤᠯ ᠤᠨ ᠪᠠᠭᠰᠢ ᠵᠢᠭᠠᠵᠤ ᠪᠠᠶᠢᠭ᠎ᠠ ᠬᠢᠴᠢᠶᠡᠯ ᠲᠥᠷᠥᠯ ᠤᠨ ᠣᠳᠣ ᠶᠢᠨ ᠬᠡᠷᠡᠭᠯᠡᠵᠦ | ᠪᠠᠶᠢᠭ᠎ᠠ ᠵᠢᠭᠠᠬᠤ ᠮᠠᠲ᠋ᠧᠷᠢᠶᠠᠯ ᠠᠴᠠ ᠥᠪᠡᠰᠦᠪᠡᠨ ᠰᠣᠩᠭᠤᠨ᠎ᠠ᠃ | ︵ᠳᠥᠷᠪᠡ︶ ᠪᠥᠲᠦᠭᠡᠯ ᠤᠨ ᠱᠠᠭᠠᠷᠳᠠᠯᠭ᠎ᠠ | 1. ᠡᠷᠬᠡᠪᠰᠢ ᠤᠷᠤᠯᠳᠤᠭᠠᠨ ᠳᠤ ᠣᠷᠣᠯᠴᠠᠭᠴᠢ ᠶᠢᠨ ᠠᠩᠬᠠᠨ ᠤ ᠪᠦᠲᠦᠭᠡᠯ ᠪᠠᠶᠢᠬᠤ᠃ | 2. ᠰᠤᠷᠭᠠᠭᠤᠯᠢ ᠶᠢᠨ ᠳᠡᠰ ᠠᠴᠠ ᠳᠡᠭᠡᠭᠰᠢᠬᠢ ︵ᠰᠤᠷᠭᠠᠭᠤᠯᠢ ᠶᠢᠨ ᠳᠡᠰ ᠢ ᠪᠠᠭᠲᠠᠭᠠᠨ᠎ᠠ︶ ᠢᠯᠡ | ᠬᠢᠴᠢᠶᠡᠯ ᠢᠶᠠᠷ ᠳᠡᠯᠭᠡᠨ ᠦᠵᠡᠭᠦᠯᠵᠦ ᠥᠩᠭᠡᠷᠡᠭᠰᠡᠨ ᠦᠭᠡᠢ᠃ | 3. ᠪᠤᠰᠤᠳ ᠡᠯ᠎ᠡ ᠲᠥᠷᠥᠯ ᠤᠨ ᠤᠷᠤᠯᠳᠤᠭᠠᠨ ᠳᠤ ᠣᠷᠣᠯᠴᠠᠵᠤ ᠥᠩᠭᠡᠷᠡᠭᠰᠡᠨ ᠦᠭᠡᠢ᠃ | 4.ᠬᠠᠷᠠᠯᠲᠠ ᠪᠠᠷ ᠤᠳᠤᠷᠢᠳᠤᠮᠵᠢ ᠪᠣᠯᠭᠠᠬᠤ ᠪᠠ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ | ᠤᠶᠠᠯᠳᠤᠭᠤᠯᠬᠤ ᠶᠢ ᠪᠠᠷᠢᠮᠲᠠᠯᠠᠭᠰᠠᠨ᠃ | ︵ᠲᠠᠪᠤ︶ ᠤᠷᠤᠯᠳᠤᠭᠠᠨ ᠳᠤ ᠣᠷᠣᠯᠴᠠᠬᠤ ᠳᠤᠭᠤᠶᠢᠯᠠᠩ ᠤᠨ ᠢᠯᠭᠠᠯ | ᠤᠷᠤᠯᠳᠤᠭᠠᠨ ᠢ ᠰᠤᠷᠤᠯᠭ᠎ᠠ ᠶᠢᠨ ᠱᠠᠲᠤᠨ ᠤ ᠬᠢᠴᠢᠶᠡᠯ ᠲᠥᠷᠦᠯ ᠢᠶᠠᠷ 16 ᠳᠤᠭᠤᠶᠢᠯᠠᠩ ᠬᠤᠪᠢᠶᠠᠪᠠ᠃ | ᠪᠠᠭ᠎ᠠ ᠰᠤᠷᠭᠠᠭᠤᠯᠢ᠄ ᠬᠡᠯᠡ ᠪᠢᠴᠢᠭ᠂ ᠲᠣᠭᠠᠨ ᠤ ᠤᠬᠠᠭᠠᠨ᠂ ᠶᠣᠰᠣ ᠰᠤᠷᠲᠠᠬᠤᠨ ᠬᠢᠭᠡᠳ ᠬᠠᠤᠯᠢ ᠪᠠᠷ | ᠵᠠᠰᠠᠬᠤᠢ᠂ ᠰᠢᠨᠵᠢᠯᠡᠬᠦ ᠤᠬᠠᠭᠠᠨ ᠵᠡᠷᠭᠡ 4 ᠳᠤᠭᠤᠶᠢᠯᠠᠩ︔ | ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ᠂ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ᠄ ᠬᠡᠯᠡ ᠪᠢᠴᠢᠭ᠂ | ᠲᠣᠭᠠᠨ ᠤ ᠤᠬᠠᠭᠠᠨ᠂ ᠶᠣᠰᠣ ᠰᠤᠷᠲᠠᠬᠤᠨ ᠬᠢᠭᠡᠳ ᠬᠠᠤᠯᠢ ᠪᠠᠷ ᠵᠠᠰᠠᠬᠤᠢ ︵ᠦᠵᠡᠯ ᠰᠠᠨᠠᠭ᠎ᠠ ᠤᠯᠤᠰ ᠲᠥᠷᠥ︶᠂ | ᠹᠢᠽᠢᠺ᠂ ᠬᠢᠮᠢ᠂ ᠠᠮᠢᠳᠤ ᠪᠣᠳᠠᠰ ᠲᠤᠰ ᠪᠦᠷᠢ 6 ᠳᠤᠭᠤᠶᠢᠯᠠᠩ᠃ | ᠬᠤᠷᠰᠢᠶᠠᠯᠠᠭᠰᠠᠨ ᠰᠤᠷᠭᠠᠭᠤᠯᠢ ᠪᠣᠯᠭᠠᠨ ᠤ ᠰᠤᠷᠤᠯᠭ᠎ᠠ ᠶᠢᠨ ᠱᠠᠲᠤ ᠪᠦᠷᠢ ᠬᠠᠮᠤᠭ ᠤᠨ ᠣᠯᠠᠨ ᠳᠤ ᠪᠠᠨ 3 | ᠳᠤᠭᠤᠶᠢᠯᠠᠩ ᠰᠣᠩᠭᠤᠨ ᠤᠷᠤᠯᠳᠤᠭᠠᠨ ᠳᠤ ᠣᠷᠣᠯᠴᠠᠭᠤᠯᠵᠤ᠂ ᠡᠭᠦᠨ ᠳᠤ ᠶᠣᠰᠣ ᠰᠤᠷᠲᠠᠬᠤᠨ ᠬᠢᠭᠡᠳ ᠬᠠᠤᠯᠢ ᠪᠠᠷ | ᠵᠠᠰᠠᠬᠤᠢ ︵ᠦᠵᠡᠯ ᠰᠠᠨᠠᠭ᠎ᠠ ᠤᠯᠤᠰ ᠲᠥᠷᠥ︶ ᠶᠢ ᠵᠠᠪᠠᠯ ᠰᠣᠩᠭᠤᠬᠤ ᠳᠤᠭᠤᠶᠢᠯᠠᠩ ᠪᠣᠯᠭᠠᠵᠤ᠂ ᠡᠭᠦᠨ ᠠᠴᠠ | ᠭᠠᠳᠠᠨ᠎ᠠ 2 ᠳᠤᠭᠤᠶᠢᠯᠠᠩ ᠢ ᠲᠤᠰ ᠲᠤᠰ ᠰᠤᠷᠭᠠᠭᠤᠯᠢ ᠥᠪᠡᠰᠦᠪᠡᠨ ᠰᠣᠩᠭᠤᠨ᠎ᠠ᠃ | ︵ᠵᠢᠷᠭᠤᠭ᠎ᠠ︶ ᠪᠥᠲᠦᠭᠡᠯ ᠤᠨ ᠲᠤᠭ᠎ᠠ | ᠬᠤᠷᠰᠢᠶᠠᠯᠠᠭᠰᠠᠨ ᠰᠤᠷᠭᠠᠭᠤᠯᠢ ᠪᠣᠯᠭᠠᠨ ᠤ ᠳᠤᠭᠤᠶᠢᠯᠠᠩ ᠪᠦᠷᠢ ᠬᠠᠮᠤᠭ ᠤᠨ ᠣᠯᠠᠨ ᠳᠤ ᠪᠠᠨ 1 ᠪᠦᠲᠦᠭᠡᠯ | ᠳᠤᠰᠢᠶᠠᠨ᠎ᠠ᠃ | ︵ᠳᠤᠯᠤᠭ᠎ᠠ︶ ᠤᠷᠤᠯᠳᠤᠭᠠᠨ ᠤ ᠶᠠᠪᠤᠴᠠ | 1. ᠰᠦᠯᠵᠢᠶᠡᠨ ᠳᠤ ᠨᠡᠷ᠎ᠡ ᠮᠡᠳᠡᠭᠦᠯᠬᠦ | 5 ᠳ᠋ᠤᠭᠠᠷ ᠰᠠᠷ᠎ᠠ ᠶᠢᠨ 13 - 6 ᠳ᠋ᠤᠭᠠᠷ ᠰᠠᠷ᠎ᠠ ᠶᠢᠨ 10 ᠤ ᠡᠳᠦᠷ᠂ ᠪᠡᠭᠡᠵᠢᠩ ᠥᠪᠥᠷ ᠮᠣᠩᠭᠤᠯ ᠤᠨ | ᠬᠤᠷᠰᠢᠶᠠᠯᠠᠭᠰᠠᠨ ᠰᠤᠷᠭᠠᠭᠤᠯᠢ ᠬᠠᠷᠢᠯᠴᠠᠵᠤ᠂ ᠲᠤᠰ ᠲᠤᠰ ᠨᠢᠭᠡ ᠬᠠᠷᠢᠭᠤᠴᠠᠯᠭᠠᠲᠠᠨ ᠢ ᠲᠣᠮᠢᠯᠠᠨ ᠤᠷᠤᠯᠳᠤᠭᠠᠨ ᠤ | ᠬᠤᠶᠠᠷ ᠬᠡᠮᠵᠢᠯᠳᠦ ᠺᠣᠳ᠋ ᠢ ᠰᠢᠷᠪᠢᠵᠦ᠂ ᠤᠷᠤᠯᠳᠤᠭᠠᠨ ᠤ ᠠᠵᠢᠯ ᠤᠨ ᠴᠤᠭᠯᠠᠷᠠᠯ ︵ᠳᠠᠭᠠᠯᠳᠤᠭᠤᠯᠤᠯ 1 ᠢ | ᠦᠵᠡᠭᠡᠷᠡᠢ︶ ᠳᠤ ᠣᠷᠣᠵᠤ᠂ ᠤᠷᠤᠯᠳᠤᠭᠠᠨ ᠳᠤ ᠣᠷᠣᠯᠴᠠᠬᠤ ᠳᠤᠭᠤᠶᠢᠯᠠᠩ ᠪᠠ ᠤᠷᠤᠯᠳᠤᠭᠠᠨ ᠳᠤ ᠣᠷᠣᠯᠴᠠᠬᠤ | ᠪᠠᠭᠰᠢ ᠶᠢ ᠶᠠᠷᠢᠯᠴᠠᠵᠤ ᠳᠣᠭᠲᠠᠭᠠᠨ᠎ᠠ᠃ ᠥᠪᠥᠷ ᠮᠣᠩᠭᠤᠯ ᠤᠨ ᠤᠷᠤᠯᠳᠤᠭᠠᠨ ᠳᠤ ᠣᠷᠣᠯᠴᠠᠬᠤ ᠪᠠᠭᠰᠢ | ᠲᠠᠪᠴᠠᠩ ᠳᠤ ᠳᠠᠩᠰᠠᠯᠠᠭᠤᠯᠤᠨ ᠤᠷᠤᠯᠳᠤᠭᠠᠨ ᠤ ᠭᠤᠣᠯ ᠨᠢᠭᠤᠷ ᠲᠤ ᠣᠷᠣᠵᠤ᠂ ᠥᠪᠡᠷ ᠤᠨ ᠨᠡᠷ᠎ᠡ ᠮᠡᠳᠡᠭᠦᠯᠬᠦ | ᠮᠡᠳᠡᠭᠡ ᠵᠠᠩᠭᠢ ᠶᠢ ᠲᠠᠭᠯᠠᠨ᠂ ︽ᠪᠠᠭᠰᠢ ᠶᠢᠨ ᠨᠡᠷ᠎ᠡ ᠮᠡᠳᠡᠭᠦᠯᠬᠦ ᠮᠡᠳᠡᠭᠡ ᠵᠠᠩᠭᠢ ᠶᠢᠨ ᠬᠦᠰᠦᠨᠦᠭᠲᠦ︾ ᠶᠢᠨ ᠲᠠᠮᠠᠭ᠎ᠠ | ᠳᠠᠷᠤᠵᠤ ᠰᠢᠷᠪᠢᠭᠰᠡᠨ ᠮᠠᠲ᠋ᠧᠷᠢᠶᠠᠯ ︵ᠳᠠᠭᠠᠯᠳᠤᠭᠤᠯᠤᠯ 2 ᠢ ᠦᠵᠡᠭᠡᠷᠡᠢ︶ ᠵᠢᠴᠢ ︽ᠪᠡᠭᠡᠵᠢᠩ ᠥᠪᠥᠷ | ᠮᠣᠩᠭᠤᠯ ᠤᠨ ᠰᠤᠷᠭᠠᠭᠤᠯᠢ ᠬᠤᠷᠰᠢᠶᠠᠯᠠᠬᠤ ᠬᠡᠯᠡᠯᠴᠡᠭᠡᠷ︾ ᠢ ᠳᠠᠮᠵᠢᠭᠤᠯᠬᠤ ᠶᠢᠨ ᠬᠠᠮᠲᠤ ᠪᠡᠭᠡᠵᠢᠩ ᠤᠨ ᠪᠠᠭᠰᠢ ᠪᠠᠷ | ᠬᠤᠪᠢ ᠬᠥᠮᠦᠨ ᠤ ᠮᠡᠳᠡᠭᠡ ᠵᠠᠩᠭᠢ ᠶᠢ ᠨᠢ ᠲᠠᠭᠯᠠᠭᠤᠯᠬᠤ ᠬᠡᠷᠡᠭᠲᠡᠢ᠃ ᠪᠡᠭᠡᠵᠢᠩ ᠤᠨ ᠤᠷᠤᠯᠳᠤᠭᠠᠨ ᠳᠤ | ᠣᠷᠣᠯᠴᠠᠬᠤ ᠪᠠᠭᠰᠢ ᠨᠠᠷ ᠤᠷᠢᠯᠭ᠎ᠠ ᠪᠠ ᠵᠠᠯᠭᠠᠭᠠᠰᠤ ᠶᠢ ᠬᠦᠯᠢᠶᠡᠨ ᠠᠪᠤᠭᠰᠠᠨ ᠤ ᠳᠠᠷᠠᠭ᠎ᠠ᠂ ᠬᠤᠪᠢ ᠬᠥᠮᠦᠨ ᠤ | ᠮᠡᠳᠡᠭᠡ ᠵᠠᠩᠭᠢ ᠪᠠᠨ ᠲᠠᠭᠯᠠᠵᠤ᠂ ᠥᠪᠥᠷ ᠮᠣᠩᠭᠤᠯ ᠤᠨ ᠤᠷᠤᠯᠳᠤᠭᠠᠨ ᠳᠤ ᠣᠷᠣᠯᠴᠠᠬᠤ ᠪᠠᠭᠰᠢ ᠨᠠᠷ | ᠰᠦᠯᠵᠢᠶᠡᠨ ᠳᠤ ᠨᠡᠷ᠎ᠡ ᠮᠡᠳᠡᠭᠦᠯᠬᠦ ᠶᠢᠨ ᠬᠠᠮᠲᠤ ᠬᠢᠨᠠᠨ ᠪᠠᠶᠢᠴᠠᠭᠠᠬᠤ ᠶᠢ ᠬᠦᠯᠢᠶᠡᠨ᠎ᠡ᠃ ᠪᠠᠭᠰᠢ ᠶᠢᠨ ᠨᠡᠷ᠎ᠡ | ᠮᠡᠳᠡᠭᠦᠯᠬᠦ ᠵᠦᠭᠯᠡᠭᠦᠷ ᠢ ᠳᠠᠭᠠᠯᠳᠤᠭᠤᠯᠤᠯ 5 ᠳᠤ ᠨᠠᠷᠢᠨ ᠦᠵᠡᠭᠡᠷᠡᠢ᠃ | 2. ᠤᠷᠤᠯᠳᠤᠭᠠᠨ ᠳᠤ ᠣᠷᠣᠯᠴᠠᠬᠤ ᠪᠦᠲᠦᠭᠡᠯ ᠢ ᠲᠤᠰᠢᠶᠠᠨ᠎ᠠ | 6 ᠳ᠋ᠤᠭᠠᠷ ᠰᠠᠷ᠎ᠠ ᠶᠢᠨ 16 - 7 ᠳ᠋ᠤᠭᠠᠷ ᠰᠠᠷ᠎ᠠ ᠶᠢᠨ 15 ᠤ ᠡᠳᠦᠷ᠂ ᠥᠪᠥᠷ ᠮᠣᠩᠭᠤᠯ ᠤᠨ | ᠤᠷᠤᠯᠳᠤᠭᠠᠨ ᠳᠤ ᠣᠷᠣᠯᠴᠠᠬᠤ ᠪᠠᠭᠰᠢ ᠨᠠᠷ ᠲᠠᠪᠴᠠᠩ ᠳᠤ ᠳᠠᠩᠰᠠᠯᠠᠭᠤᠯᠵᠤ᠂ ᠲᠤᠰ ᠳᠤᠭᠤᠶᠢᠯᠠᠩ ᠤᠨ | ᠤᠷᠤᠯᠳᠤᠭᠠᠨ ᠳᠤ ᠣᠷᠣᠯᠴᠠᠬᠤ ᠪᠦᠲᠦᠭᠡᠯ ᠢ ᠳᠠᠮᠵᠢᠭᠤᠯᠵᠤ᠂ ᠤᠷᠤᠯᠳᠤᠭᠠᠨ ᠳᠤ ᠣᠷᠣᠯᠴᠠᠬᠤ ᠪᠦᠲᠦᠭᠡᠯ ᠳᠤ ᠵᠢᠭᠠᠨ | ᠰᠤᠷᠭᠠᠯᠲᠠ ᠶᠢᠨ ᠸᠢᠳᠢᠣ᠋ ᠵᠢᠴᠢ ᠢᠵᠢ ᠪᠦᠷᠢᠳᠦᠭᠰᠡᠨ ᠵᠢᠭᠠᠨ ᠰᠤᠷᠭᠠᠯᠲᠠ ᠶᠢᠨ ᠵᠢᠷᠤᠭ ᠲᠥᠯᠥᠪᠯᠡᠭᠡ ︵ᠵᠢᠭᠠᠨ | ᠰᠤᠷᠭᠠᠯᠲᠠ ᠶᠢᠨ ᠸᠢᠳᠢᠤ᠋ ᠶᠢᠨ ᠠᠭᠤᠯᠭ᠎ᠠ ᠶᠢᠨ ᠱᠠᠭᠠᠷᠳᠠᠯᠭ᠎ᠠ ᠶᠢ ᠳᠠᠭᠠᠯᠳᠤᠭᠤᠯᠤᠯ 3᠂ ᠵᠢᠭᠠᠨ ᠰᠤᠷᠭᠠᠯᠲᠠ ᠶᠢᠨ | ᠵᠢᠷᠤᠭ ᠲᠥᠯᠥᠪᠯᠡᠭᠡ ᠶᠢᠨ ᠠᠭᠤᠯᠭ᠎ᠠ ᠶᠢ ᠳᠠᠭᠠᠯᠳᠤᠭᠤᠯᠤᠯ 6᠂ ᠪᠥᠲᠦᠭᠡᠯ ᠲᠤᠰᠢᠶᠠᠬᠤ ᠵᠦᠭᠯᠡᠭᠦᠷ ᠢ | ᠳᠠᠭᠠᠯᠳᠤᠭᠤᠯᠤᠯ 6 ᠳᠤ ᠦᠵᠡᠭᠡᠷᠡᠢ︶ ᠶᠢ ᠪᠠᠭᠲᠠᠭᠠᠨ᠎ᠠ᠃ ᠪᠦᠲᠦᠭᠡᠯ ᠢ ᠬᠡᠪ ᠤᠨ ᠪᠠᠶᠢᠳᠠᠯ ᠢᠶᠠᠷ ᠰᠢᠯᠭᠠᠷᠠᠭᠤᠯᠬᠤ ᠶᠢ | ᠪᠠᠲᠤᠯᠠᠬᠤ ᠶᠢᠨ ᠲᠥᠯᠥᠭᠡ᠂ ᠥᠪᠥᠷ ᠮᠣᠩᠭᠤᠯ ᠤᠨ ᠤᠷᠤᠯᠳᠤᠭᠠᠨ ᠳᠤ ᠣᠷᠣᠯᠴᠠᠬᠤ ᠪᠠᠭᠰᠢ ᠪᠦᠲᠦᠭᠡᠯ ᠢ ᠳᠡᠭᠡᠭᠰᠢ | ᠳᠠᠮᠵᠢᠭᠤᠯᠤᠭᠰᠠᠨ ᠤ ᠳᠠᠷᠠᠭ᠎ᠠ᠂ ᠪᠡᠭᠡᠵᠢᠩ ᠤᠨ ᠤᠷᠤᠯᠳᠤᠭᠠᠨ ᠳᠤ ᠣᠷᠣᠯᠴᠠᠬᠤ ᠪᠠᠭᠰᠢ ᠲᠠᠪᠴᠠᠩ ᠳᠤ ᠣᠷᠣᠵᠤ | ᠪᠤᠷᠤᠭᠤ ᠦᠭᠡᠢ ᠭᠡᠵᠦ ᠨᠤᠲᠠᠯᠠᠭᠰᠠᠨ ᠤ ᠳᠠᠷᠠᠭ᠎ᠠ ᠰᠠᠶ᠋ᠢ ᠪᠦᠲᠦᠭᠡᠯ ᠢ ᠳᠤᠰᠢᠶᠠᠨ᠎ᠠ᠃ | 3. ᠬᠤᠰᠢᠭᠤ ᠰᠢᠶᠠᠨ᠂ ᠠᠶᠢᠮᠠᠭ ᠬᠤᠲᠠ ᠶᠢᠨ ᠠᠩᠬᠠᠨ ᠤ ᠬᠢᠨᠠᠨ ᠪᠠᠶᠢᠴᠠᠭᠠᠯᠲᠠ | 7 ᠳ᠋ᠤᠭᠠᠷ ᠰᠠᠷ᠎ᠠ ᠶᠢᠨ 16 - 8 ᠳ᠋ᠤᠭᠠᠷ ᠰᠠᠷ᠎ᠠ ᠶᠢᠨ 17 ᠤ ᠡᠳᠦᠷ᠂ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠡᠯ᠎ᠡ ᠬᠤᠰᠢᠭᠤ ᠰᠢᠶᠠᠨ᠂ ᠠᠶᠢᠮᠠᠭ ᠬᠤᠲᠠ ᠶᠢᠨ ᠰᠤᠷᠭᠠᠨ ᠬᠥᠮᠦᠵᠢᠯ ︵ᠰᠤᠷᠭᠠᠨ ᠬᠥᠮᠦᠵᠢᠯ | ᠪᠡᠶ᠎ᠡ ᠶᠢᠨ ᠲᠠᠮᠢᠷ︶ ᠤᠨ ᠲᠣᠪᠴᠢᠶ᠎ᠠ ᠲᠠᠪᠴᠠᠩ ᠢᠶᠠᠷ ᠳᠠᠮᠵᠢᠭᠤᠯᠤᠨ ᠲᠤᠰ ᠬᠤᠰᠢᠭᠤ ᠰᠢᠶᠠᠨ᠂ ᠠᠶᠢᠮᠠᠭ | ᠬᠤᠲᠠ ᠶᠢᠨ ᠤᠷᠤᠯᠳᠤᠭᠠᠨ ᠳᠤ ᠣᠷᠣᠯᠴᠠᠬᠤ ᠪᠦᠲᠦᠭᠡᠯ ᠢ ᠱᠠᠲᠤ ᠳᠠᠷᠠᠭᠠᠯᠠᠨ ᠬᠢᠨᠠᠨ ᠰᠢᠯᠭᠠᠷᠠᠭᠤᠯᠬᠤ ᠶᠢᠨ ᠬᠠᠮᠲᠤ | ᠰᠢᠯᠢᠳᠡᠭ ᠪᠦᠲᠦᠭᠡᠯ ᠢ ᠰᠣᠩᠭᠤᠵᠤ᠂ ᠳᠠᠬᠢᠨ ᠬᠢᠨᠠᠯᠲᠠ ᠳᠤ ᠣᠷᠣᠭᠤᠯᠤᠨ᠎ᠠ᠃ ᠠᠩᠬᠠᠨ ᠤ ᠬᠢᠨᠠᠯᠲᠠ ᠶᠢᠨ ᠦᠷ᠎ᠡ | ᠳ᠋ᠦᠩ ᠢ ᠲᠠᠪᠴᠠᠩ ᠤᠨ ᠠᠯᠪᠠᠨ ᠤ ᠰᠦᠯᠵᠢᠶ᠎ᠡ ᠳᠤ 3 ᠡᠳᠦᠷ ᠨᠡᠶᠢᠲᠡᠯᠡᠨ᠎ᠡ᠃ | 4. ᠤᠷᠤᠯᠳᠤᠭᠠᠨ ᠢ ᠵᠣᠬᠢᠶᠠᠨ ᠪᠠᠶᠢᠭᠤᠯᠬᠤ ᠺᠣᠮᠢᠰ ᠤᠨ ᠳᠠᠬᠢᠨ ᠬᠢᠨᠠᠯᠲᠠ | 8 ᠰᠠᠷ᠎ᠠ ᠶᠢᠨ 20 - 9 ᠰᠠᠷ᠎ᠠ ᠶᠢᠨ 20 ᠤ ᠡᠳᠦᠷ᠂ ᠤᠷᠤᠯᠳᠤᠭᠠᠨ ᠢ ᠵᠣᠬᠢᠶᠠᠨ ᠪᠠᠶᠢᠭᠤᠯᠬᠤ ᠺᠣᠮᠢᠰ | ᠪᠡᠭᠡᠵᠢᠩ ᠥᠪᠥᠷ ᠮᠣᠩᠭᠤᠯ ᠤᠨ ᠲᠤᠰᠬᠠᠢ ᠮᠡᠷᠭᠡᠵᠢᠯᠲᠡᠨ ᠢ ᠵᠣᠬᠢᠶᠠᠨ ᠪᠠᠶᠢᠭᠤᠯᠤᠨ ᠲᠠᠪᠴᠠᠩ ᠳᠤ ᠳᠠᠬᠢᠨ ᠬᠢᠨᠠᠵᠤ᠂ | ᠨᠢᠭᠡᠳᠦᠭᠡᠷ ᠳᠡᠰ ᠤᠨ ᠱᠠᠩᠨᠠᠯ᠂ ᠬᠤᠶᠠᠳᠤᠭᠠᠷ ᠳᠡᠰ ᠤᠨ ᠱᠠᠩᠨᠠᠯ᠂ ᠭᠤᠷᠪᠠᠳᠤᠭᠠᠷ ᠳᠡᠰ ᠤᠨ ᠱᠠᠩᠨᠠᠯ ᠪᠠ ᠰᠢᠯᠢᠳᠡᠭ | ᠱᠠᠩᠨᠠᠯ ᠢ ᠰᠢᠯᠭᠠᠷᠠᠭᠤᠯᠤᠨ᠎ᠠ᠃ ᠳᠠᠬᠢᠨ ᠬᠢᠨᠠᠭᠰᠠᠨ ᠦᠷ᠎ᠡ ᠳ᠋ᠦᠩ ᠢ ᠲᠠᠪᠴᠠᠩ ᠤᠨ ᠠᠯᠪᠠᠨ ᠰᠦᠯᠵᠢᠶᠡᠨ ᠳᠤ 5 | ᠡᠳᠦᠷ ᠢᠯᠡ ᠨᠡᠶᠢᠲᠡᠯᠡᠨ᠎ᠡ᠃ | 5. ᠳ᠋ᠦᠩᠨᠡᠵᠦ ᠳᠡᠯᠭᠡᠨ ᠦᠵᠡᠭᠦᠯᠬᠦ ᠠᠵᠢᠯᠯᠠᠭ᠎ᠠ | 10 ᠰᠠᠷ᠎ᠠ ᠶᠢᠨ ᠬᠤᠷᠢᠳ ᠢᠶᠠᠷ ᠤᠷᠤᠯᠳᠤᠭᠠᠨ ᠢ ᠵᠣᠬᠢᠶᠠᠨ ᠪᠠᠶᠢᠭᠤᠯᠬᠤ ᠺᠣᠮᠢᠰ ᠠᠴᠠ ᠱᠠᠩᠨᠠᠯ ᠣᠯᠤᠭᠰᠠᠨ | ᠬᠡᠰᠡᠭ ᠪᠠᠭᠰᠢ ᠶᠢ ᠤᠷᠢᠵᠤ᠂ ᠠᠬᠤᠢ ᠲᠠᠯᠠᠪᠠᠢ ᠳᠤ ᠳᠡᠯᠭᠡᠨ ᠦᠵᠡᠭᠦᠯᠵᠦ᠂ ᠲᠤᠰᠬᠠᠢ ᠮᠡᠷᠭᠡᠵᠢᠯᠲᠡᠨ ᠠᠬᠤᠢ | ᠲᠠᠯᠠᠪᠠᠢ ᠳᠤ ᠦᠨᠡᠯᠡᠬᠦ ᠶᠢᠨ ᠬᠠᠮᠲᠤ ᠱᠠᠩᠨᠠᠯ ᠣᠯᠤᠭᠰᠠᠨ ᠪᠡᠭᠡᠵᠢᠩ ᠥᠪᠥᠷ ᠮᠣᠩᠭᠤᠯ ᠤᠨ ᠪᠠᠭᠰᠢ ᠶᠢᠨ | ᠲᠥᠯᠥᠭᠡᠯᠡᠭᠴᠢᠳ ᠲᠤ ᠢᠷᠠᠭᠤ ᠠᠯᠳᠠᠷ ᠤᠨ ᠦᠨᠡᠮᠯᠡᠯ ᠣᠯᠭᠤᠵᠤ᠂ ᠪᠣᠳᠠᠲᠠᠢ ᠲᠣᠬᠢᠷᠠᠭᠤᠯᠤᠯᠲᠠ ᠶᠢ ᠠᠰ ᠲᠤ ᠨᠢ | ᠮᠡᠳᠡᠭᠳᠡᠨ᠎ᠡ᠃ | ᠭᠤᠷᠪᠠ᠂ ᠤᠷᠤᠯᠳᠤᠭᠠᠨ ᠤ ᠦᠷ᠎ᠡ ᠳ᠋ᠦᠩ | ᠡᠨᠡ ᠤᠳᠠᠭᠠᠨ ᠤ ᠤᠷᠤᠯᠳᠤᠭᠠᠨ ᠳᠤ ᠨᠢᠭᠡᠳᠦᠭᠡᠷ ᠳᠡᠰ ᠤᠨ ᠱᠠᠩᠨᠠᠯ᠂ ᠬᠤᠶᠠᠳᠤᠭᠠᠷ ᠳᠡᠰ ᠤᠨ ᠱᠠᠩᠨᠠᠯ᠂ | ᠭᠤᠷᠪᠠᠳᠤᠭᠠᠷ ᠳᠡᠰ ᠤᠨ ᠱᠠᠩᠨᠠᠯ ᠪᠠ ᠰᠢᠯᠢᠳᠡᠭ ᠱᠠᠩᠨᠠᠯ ᠢ ᠳᠤᠭᠲᠠᠭᠠᠵᠤ᠂ ᠤᠷᠤᠯᠳᠤᠭᠠᠨ ᠢ ᠵᠣᠬᠢᠶᠠᠨ ᠪᠠᠶᠢᠭᠤᠯᠬᠤ | ᠺᠣᠮᠢᠰ ᠤᠷᠤᠯᠳᠤᠭᠠᠨ ᠤ ᠪᠠᠶᠢᠳᠠᠯ ᠢ ᠦᠵᠡᠵᠦ ᠡᠴᠦᠰ ᠤᠨ ᠱᠠᠩᠨᠠᠯ ᠬᠦᠷᠲᠡᠬᠦ ᠬᠠᠷᠢᠴᠠᠯ ᠪᠠ ᠨᠡᠷᠡᠰ ᠢ ᠲᠣᠭᠲᠠᠭᠠᠨ᠎ᠠ᠃ | ᠨᠢᠭᠡᠳᠦᠭᠡᠷ ᠳᠡᠰ ᠤᠨ ᠱᠠᠩᠨᠠᠯ᠂ ᠬᠤᠶᠠᠳᠤᠭᠠᠷ ᠳᠡᠰ ᠤᠨ ᠱᠠᠩᠨᠠᠯ᠂ ᠭᠤᠷᠪᠠᠳᠤᠭᠠᠷ ᠳᠡᠰ ᠤᠨ ᠱᠠᠩᠨᠠᠯ ᠬᠦᠷᠲᠡᠬᠦ | ᠳᠤᠭᠤᠶᠢᠯᠠᠩ ᠤᠨ ᠪᠠᠭᠰᠢ ᠳᠤ ᠢᠷᠠᠭᠤ ᠠᠯᠳᠠᠷ ᠤᠨ ᠦᠨᠡᠮᠯᠡᠯ ᠣᠯᠭᠤᠵᠤ᠂ ᠢᠷᠠᠭᠤ ᠠᠯᠳᠠᠷ ᠤᠨ ᠦᠨᠡᠮᠯᠡᠯ ᠢ | ᠬᠤᠲᠠ ᠶᠢᠨ ᠰᠤᠷᠭᠠᠨ ᠬᠥᠮᠦᠵᠢᠯ ᠤᠨ ᠵᠥᠪᠯᠡᠯ ᠪᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠰᠤᠷᠭᠠᠨ ᠬᠥᠮᠦᠵᠢᠯ ᠤᠨ ᠲᠢᠩᠬᠢᠮ ᠠᠴᠠ ᠬᠠᠮᠲᠤᠷᠠᠨ ᠣᠯᠭᠤᠨ᠎ᠠ᠃ | ᠳᠥᠷᠪᠡ᠂ ᠤᠷᠤᠯᠳᠤᠭᠠᠨ ᠤ ᠠᠵᠢᠯ ᠤᠨ ᠱᠠᠭᠠᠷᠳᠠᠯᠭ᠎ᠠ | ︵ᠨᠢᠭᠡ︶ ᠨᠠᠷᠢᠨ ᠨᠢᠮᠪᠠᠢ ᠵᠣᠬᠢᠶᠠᠨ ᠪᠠᠶᠢᠭᠤᠯᠤᠨ᠎ᠠ᠃ ᠡᠨᠡ ᠤᠳᠠᠭᠠᠨ ᠤ ᠤᠷᠤᠯᠳᠤᠭᠠᠨ ᠪᠣᠯ ᠪᠡᠭᠡᠵᠢᠩ ᠥᠪᠥᠷ | ᠮᠣᠩᠭᠤᠯ ᠤᠨ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠤᠨ ᠬᠠᠮᠲᠤᠷᠠᠨ ᠡᠷᠬᠢᠯᠡᠭᠰᠡᠨ ᠲᠣᠮᠣ | ᠬᠡᠯᠪᠡᠷᠢ ᠶᠢᠨ ᠤᠷᠤᠯᠳᠤᠭᠠᠨ ᠮᠥᠨ᠂ ᠪᠡᠭᠡᠵᠢᠩ ᠥᠪᠥᠷ ᠮᠣᠩᠭᠤᠯ ᠤᠨ ᠰᠤᠷᠭᠠᠨ ᠬᠥᠮᠦᠵᠢᠯ ᠤᠨ ᠬᠠᠮᠵᠢᠯᠴᠠᠭ᠎ᠠ ᠶᠢᠨ | ︽ᠭᠤᠷᠪᠠᠨ ᠨᠢᠭᠡ · ᠭᠤᠷᠪᠠᠨ ᠠᠳᠠᠯᠢ︾ ᠶᠢᠨ ᠪᠠᠶᠢᠩᠭᠤ ᠶᠢᠨ ᠬᠠᠮᠵᠢᠯᠴᠠᠭᠠᠨ ᠤ ᠲᠣᠭᠲᠠᠴᠠ ᠶᠢᠨ ᠴᠢᠬᠤᠯᠠ | ᠠᠭᠤᠯᠭ᠎ᠠ᠂ ᠪᠡᠭᠡᠵᠢᠩ ᠥᠪᠥᠷ ᠮᠣᠩᠭᠤᠯ ᠤᠨ ᠪᠠᠭᠰᠢ ᠶᠢᠨ ᠵᠢᠭᠠᠨ ᠰᠤᠷᠭᠠᠯᠲᠠ ᠶᠢᠨ ᠦᠷ᠎ᠡ ᠪᠦᠲᠦᠭᠡᠯ ᠢ ᠳᠡᠯᠭᠡᠨ | ᠦᠵᠡᠭᠦᠯᠬᠦ ᠴᠢᠬᠤᠯᠠ ᠲᠠᠪᠴᠠᠩ ᠮᠥᠨ᠃ ᠡᠯ᠎ᠡ ᠠᠶᠢᠮᠠᠭ ᠬᠤᠲᠠ ᠶᠢᠨ ᠰᠤᠷᠭᠠᠨ ᠬᠥᠮᠦᠵᠢᠯ ︵ᠰᠤᠷᠭᠠᠨ ᠬᠥᠮᠦᠵᠢᠯ | ᠪᠡᠶ᠎ᠡ ᠶᠢᠨ ᠲᠠᠮᠢᠷ︶ ᠤᠨ ᠲᠣᠪᠴᠢᠶ᠎ᠠ ᠤᠷᠤᠯᠳᠤᠭᠠᠨ ᠤ ᠠᠵᠢᠯᠯᠠᠭ᠎ᠠ ᠶᠢᠨ ᠴᠢᠬᠤᠯᠠ ᠠᠴᠢ ᠬᠤᠯᠪᠣᠭᠳᠠᠯ ᠢ ᠭᠦᠢᠴᠡᠳ | ᠲᠠᠨᠢᠵᠤ᠂ ᠤᠷᠤᠯᠳᠤᠭᠠᠨ ᠳᠤ ᠨᠡᠷ᠎ᠡ ᠮᠡᠳᠡᠭᠦᠯᠬᠦ ᠪᠠ ᠠᠩᠬᠠᠨ ᠤ ᠬᠢᠨᠠᠯᠲᠠ ᠶᠢᠨ ᠠᠵᠢᠯ ᠢ ᠨᠠᠷᠢᠨ ᠬᠢᠨᠠᠮᠠᠭᠠᠢ ᠵᠣᠬᠢᠶᠠᠨ | ᠪᠠᠶᠢᠭᠤᠯᠵᠤ᠂ ᠤᠷᠤᠯᠳᠤᠭᠠᠨ ᠢ ᠬᠤᠰᠢᠭᠤ ᠰᠢᠶᠠᠨ ᠲᠣᠭᠤᠷᠢᠭ ᠤᠨ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ | ᠰᠠᠯᠠᠭ᠎ᠠ ᠮᠥᠴᠢᠷ ᠪᠠ ᠬᠠᠷᠢᠶ᠎ᠠ ᠭᠠᠵᠠᠷ ᠤᠨ ᠡᠩ ᠤᠨ ᠳᠤᠮᠳᠠᠳᠤ ᠪᠠᠭ᠎ᠠ ᠰᠤᠷᠭᠠᠭᠤᠯᠢ ᠳᠤ ᠳᠠᠷᠤᠢ ᠳᠤ ᠨᠢ ᠮᠡᠳᠡᠭᠳᠡᠵᠦ | ᠂ ᠤᠷᠤᠯᠳᠤᠭᠠᠨ ᠢ ᠠᠮᠵᠢᠯᠲᠠᠲᠠᠢ ᠥᠷᠨᠢᠭᠦᠯᠬᠦ ᠶᠢ ᠦᠨᠡᠨ ᠬᠦ ᠪᠠᠲᠤᠯᠠᠨ᠎ᠠ᠃ | ︵ᠬᠤᠶᠠᠷ︶ ᠥᠷᠭᠡᠨ ᠢᠶᠠᠷ ᠰᠣᠩᠭᠤᠨ᠎ᠠ᠃ ᠡᠯ᠎ᠡ ᠡᠩ ᠤᠨ ᠳᠤᠮᠳᠠᠳᠤ ᠪᠠᠭ᠎ᠠ ᠰᠤᠷᠭᠠᠭᠤᠯᠢ ᠪᠡᠭᠡᠵᠢᠩ ᠥᠪᠥᠷ | ᠮᠣᠩᠭᠤᠯ ᠤᠨ ᠰᠤᠷᠭᠠᠨ ᠬᠥᠮᠦᠵᠢᠯ ᠤᠨ ᠬᠠᠮᠵᠢᠯᠴᠠᠭ᠎ᠠ ᠶᠢᠨ ᠠᠵᠠ ᠲᠣᠬᠢᠶᠠᠯ ᠢ ᠰᠠᠶᠢᠲᠤᠷ ᠠᠳᠬᠤᠵᠤ᠂ | ᠤᠷᠤᠯᠳᠤᠭᠠᠨ ᠠᠴᠠ ᠭᠠᠷᠳᠠᠵᠤ᠂ ᠲᠣᠭᠠᠵᠢᠭᠤᠯᠤᠭᠰᠠᠨ ᠴᠠᠭ ᠦᠶ᠎ᠡ ᠶᠢᠨ ᠰᠤᠷᠭᠠᠨ ᠬᠥᠮᠦᠵᠢᠯ ᠵᠢᠭᠠᠨ | ᠰᠤᠷᠭᠠᠯᠲᠠ ᠶᠢᠨ ᠥᠭᠡᠷᠡᠴᠢᠯᠡᠯᠲᠡ ᠳᠤ ᠰᠠᠨᠠᠭᠠᠴᠢᠯᠠᠭ᠎ᠠ ᠠᠴᠠ ᠪᠠᠨ ᠵᠣᠬᠢᠴᠠᠨ᠂ ᠲᠤᠰ ᠰᠤᠷᠭᠠᠭᠤᠯᠢ ᠶᠢᠨ | ᠭᠤᠣᠯᠯᠠᠭᠴᠢ ᠪᠠᠭᠰᠢ ᠶᠢᠨ ᠡᠩᠨᠡᠭᠡ ᠶᠢ ᠬᠥᠮᠦᠵᠢᠭᠦᠯᠬᠦ ᠪᠠᠷ ᠵᠣᠷᠢᠯᠲᠠ ᠪᠣᠯᠭᠠᠵᠤ᠂ ᠪᠠᠭᠰᠢ ᠶᠢ ᠢᠳᠡᠪᠬᠢᠲᠡᠢ ᠵᠣᠬᠢᠶᠠᠨ | ᠪᠠᠶᠢᠭᠤᠯᠤᠨ ᠤᠷᠤᠯᠳᠤᠭᠠᠨ ᠳᠤ ᠣᠷᠣᠯᠴᠠᠭᠤᠯᠵᠤ᠂ ᠤᠷᠤᠯᠳᠤᠭᠠᠨ ᠳᠤ ᠣᠷᠣᠯᠴᠠᠬᠤ ᠪᠠᠭᠰᠢ ᠶᠢ ᠵᠢᠯᠣᠭᠤᠳᠤᠨ | ᠤᠷᠤᠯᠳᠤᠭᠠᠨ ᠳᠤ ᠣᠷᠣᠯᠴᠠᠭᠤᠯᠤᠨ᠂ ᠮᠡᠷᠭᠡᠵᠢᠯ᠂ ᠲᠠᠯᠠᠪᠤᠷ ᠵᠡᠷᠭᠡ ᠴᠢᠬᠤᠯᠠ ᠪᠦᠬᠦᠢ ᠳᠡᠮᠵᠢᠯᠭᠡ ᠬᠠᠩᠭᠠᠬᠤ ᠶᠢᠨ | ᠬᠠᠮᠲᠤ ᠡᠭᠦᠨ ᠢᠶᠠᠷ ᠲᠠᠪᠴᠠᠩ ᠪᠣᠯᠭᠠᠵᠤ᠂ ᠬᠤᠷᠰᠢᠶᠠᠯᠠᠭᠰᠠᠨ ᠰᠤᠷᠭᠠᠭᠤᠯᠢ ᠶᠢᠨ ᠬᠤᠭᠤᠷᠣᠨᠳᠣᠬᠢ ᠰᠣᠯᠢᠯᠴᠠᠭ᠎ᠠ ᠪᠠ | ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠦᠨ᠎ᠡ᠃ | ︵ᠭᠤᠷᠪᠠ︶ ᠬᠠᠷᠢᠭᠤᠴᠠᠯᠭ᠎ᠠ ᠶᠢ ᠴᠢᠩᠭᠠᠳᠬᠠᠨ᠎ᠠ᠃ ᠡᠯ᠎ᠡ ᠠᠶᠢᠮᠠᠭ ᠬᠤᠲᠠ ᠶᠢᠨ ᠰᠤᠷᠭᠠᠨ ᠬᠥᠮᠦᠵᠢᠯ ︵ | ᠰᠤᠷᠭᠠᠨ ᠬᠥᠮᠦᠵᠢᠯ ᠪᠡᠶ᠎ᠡ ᠶᠢᠨ ᠲᠠᠮᠢᠷ︶ ᠤᠨ ᠲᠣᠪᠴᠢᠶ᠎ᠠ ᠵᠢᠴᠢ ᠡᠯ᠎ᠡ ᠡᠩ ᠤᠨ ᠳᠤᠮᠳᠠᠳᠤ ᠪᠠᠭ᠎ᠠ ᠰᠤᠷᠭᠠᠭᠤᠯᠢ | ᠤᠷᠤᠯᠳᠤᠭᠠᠨ ᠳᠤ ᠣᠷᠣᠯᠴᠠᠬᠤ ᠪᠠᠭᠰᠢ ᠶᠢᠨ ᠮᠣᠷᠠᠯ ᠪᠠᠭᠰᠢ ᠶᠢᠨ ᠰᠤᠷᠲᠠᠯ ᠵᠢᠴᠢ ᠤᠷᠤᠯᠳᠤᠭᠠᠨ ᠳᠤ ᠣᠷᠣᠯᠴᠠᠬᠤ | ᠪᠦᠲᠦᠭᠡᠯ ᠤᠨ ᠠᠭᠤᠯᠭ᠎ᠠ ᠶᠢ ᠬᠢᠨᠠᠨ ᠪᠠᠶᠢᠴᠠᠭᠠᠬᠤ ᠶᠢ ᠴᠢᠩᠭ᠎ᠠ ᠠᠳᠬᠤᠵᠤ᠂ ᠪᠠᠭᠰᠢ ᠶᠢᠨ ᠮᠣᠷᠠᠯ ᠪᠠᠭᠰᠢ ᠶᠢᠨ | ᠰᠤᠷᠲᠠᠯ ᠢ ᠵᠦᠷᠢᠴᠡᠵᠦ ᠪᠣᠯᠬᠤ ᠦᠭᠡᠢ᠃ ᠡᠭᠦᠨ ᠤ ᠬᠠᠮᠲᠤ᠂ ᠡᠯ᠎ᠡ ᠠᠶᠢᠮᠠᠭ ᠬᠤᠲᠠ ᠶᠢᠨ ᠰᠤᠷᠭᠠᠨ ᠬᠥᠮᠦᠵᠢᠯ ︵ | ᠰᠤᠷᠭᠠᠨ ᠬᠥᠮᠦᠵᠢᠯ ᠪᠡᠶ᠎ᠡ ᠶᠢᠨ ᠲᠠᠮᠢᠷ︶ ᠤᠨ ᠲᠣᠪᠴᠢᠶ᠎ᠠ ᠡᠷᠬᠡᠪᠰᠢ ᠬᠢᠨᠠᠨ ᠲᠣᠭᠲᠠᠭᠠᠬᠤ ᠲᠤᠰᠬᠠᠢ ᠮᠡᠷᠭᠡᠵᠢᠯᠲᠡᠨ ᠤ | ᠪᠠᠭᠰᠢ ᠶᠢᠨ ᠮᠣᠷᠠᠯ ᠪᠠᠭᠰᠢ ᠶᠢᠨ ᠰᠤᠷᠲᠠᠯ ᠢ ᠴᠢᠩᠭ᠎ᠠ ᠬᠢᠨᠠᠨ ᠪᠠᠶᠢᠴᠠᠭᠠᠵᠤ᠂ ᠬᠢᠨᠠᠨ ᠲᠣᠭᠲᠠᠭᠠᠬᠤ ᠠᠵᠢᠯ ᠤᠨ ᠲᠥᠪ | ᠭᠤᠣᠯᠴᠢ ᠴᠢᠨᠠᠷ ᠪᠠ ᠲᠥᠪ ᠴᠢᠩᠭ᠎ᠠ ᠴᠢᠨᠠᠷ ᠢ ᠦᠨᠡᠨ ᠬᠦ ᠪᠠᠲᠤᠯᠠᠨ᠎ᠠ᠃ ᠳᠡᠭᠡᠭᠰᠢ ᠲᠤᠰᠢᠶᠠᠭᠰᠠᠨ | ᠤᠷᠤᠯᠳᠤᠭᠠᠨ ᠳᠤ ᠣᠷᠣᠯᠴᠠᠬᠤ ᠪᠦᠲᠦᠭᠡᠯ ᠡᠷᠬᠡᠪᠰᠢ ᠠᠩᠬᠠᠨ ᠤ ᠪᠥᠲᠦᠭᠡᠯ ᠤᠨ ᠴᠢᠨᠠᠷ᠂ ᠦᠨᠡᠨ ᠪᠣᠳᠠᠲᠤ ᠴᠢᠨᠠᠷ ᠢ | ᠪᠠᠲᠤᠯᠠᠨ᠂ ᠬᠠᠭᠤᠯᠪᠤᠷᠢᠯᠠᠵᠤ᠂ ᠪᠤᠰᠤᠳ ᠤᠨ ᠪᠦᠲᠦᠭᠡᠯ ᠢ ᠬᠤᠯᠠᠭᠠᠶᠢᠯᠠᠨ ᠠᠪᠴᠤ ᠪᠣᠯᠬᠤ ᠦᠭᠡᠢ᠂ ᠬᠡᠷᠪᠡ | ᠡᠷᠬᠡ ᠳᠤ ᠬᠠᠯᠳᠠᠭᠰᠠᠨ ᠦᠢᠯᠡ ᠠᠵᠢᠯᠯᠠᠭ᠎ᠠ ᠲᠠᠢ ᠪᠤᠶᠤ ᠮᠡᠳᠡᠯᠭᠡ ᠶᠢᠨ ᠥᠮᠴᠢᠯᠡᠯ ᠤᠨ ᠡᠷᠬᠡ ᠳᠤ ᠬᠤᠯᠪᠣᠭᠳᠠᠬᠤ | ᠵᠢᠭᠤᠷᠠᠯᠳᠤᠭᠠᠨ ᠲᠠᠢ ᠪᠣᠯ᠂ ᠤᠷᠤᠯᠳᠤᠭᠠᠨ ᠳᠤ ᠣᠷᠣᠯᠴᠠᠬᠤ ᠪᠠᠭᠰᠢ ᠥᠪᠡᠰᠦᠪᠡᠨ ᠵᠣᠬᠢᠬᠤ ᠬᠠᠷᠢᠭᠤᠴᠠᠯᠭ᠎ᠠ ᠶᠢ | ᠡᠭᠦᠷᠭᠡᠯᠡᠨ᠎ᠡ᠃ ᠬᠡᠷᠪᠡ ᠬᠠᠭᠤᠷᠮᠠᠭ ᠪᠣᠯ᠂ ᠤᠷᠤᠯᠳᠤᠭᠠᠨ ᠢ ᠵᠣᠬᠢᠶᠠᠨ ᠪᠠᠶᠢᠭᠤᠯᠬᠤ ᠺᠣᠮᠢᠰ ᠠᠴᠠ ᠲᠡᠭᠦᠨ ᠤ | ᠤᠷᠤᠯᠳᠤᠭᠠᠨ ᠳᠤ ᠣᠷᠣᠯᠴᠠᠬᠤ ᠬᠢᠷᠢ ᠭᠡᠮ ᠢ ᠬᠠᠰᠤᠬᠤ ᠶᠢᠨ ᠬᠠᠮᠲᠤ ᠬᠠᠷᠢᠶ᠎ᠠ ᠭᠠᠵᠠᠷ ᠤᠨ ᠰᠤᠷᠭᠠᠨ ᠬᠥᠮᠦᠵᠢᠯ ᠤᠨ | ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠮᠡᠳᠡᠭᠳᠡᠨ᠎ᠡ᠃ | ᠲᠠᠪᠤ᠂ ᠬᠠᠷᠢᠯᠴᠠᠬᠤ ᠠᠷᠭ᠎ᠠ ᠮᠠᠶ᠋ᠢᠭ | ᠵᠣᠬᠢᠶᠠᠨ ᠪᠠᠶᠢᠭᠤᠯᠬᠤ ᠺᠣᠮᠢᠰ ᠤᠨ ᠬᠠᠷᠢᠯᠴᠠᠬᠤ ᠬᠥᠮᠦᠨ᠄ ᠸᠠᠩ ᠪᠠᠭᠰᠢ | ᠬᠠᠷᠢᠯᠴᠠᠬᠤ ᠤᠲᠠᠰᠤ᠄ 010 - 88512948 ︵ᠠᠵᠢᠯᠯᠠᠬᠤ ᠡᠳᠦᠷ 9᠄ 00 - 11᠄ 30᠂ 14᠄ | 00 - 18᠄ 00︶ | ᠢᠮᠧᠯ᠄ 3629@cnu.edu.cn | ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠤᠨ ᠬᠠᠷᠢᠯᠴᠠᠬᠤ ᠬᠥᠮᠦᠨ᠄ ᠰᠢᠦᠢ ᠽᠢ | ᠵᠢᠶᠠᠨ | ᠬᠠᠷᠢᠯᠴᠠᠬᠤ ᠤᠲᠠᠰᠤ᠄ 0471 - 2857134 | ᠳᠠᠭᠠᠯᠳᠤᠭᠤᠯᠤᠯ᠄ | 1. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ | ᠵᠢᠭᠠᠨ ᠰᠤᠷᠭᠠᠯᠲᠠ ᠶᠢᠨ ᠤᠷᠤᠯᠳᠤᠭᠠᠨ ᠤ ᠬᠠᠷᠢᠯᠴᠠᠬᠤ ᠬᠤᠶᠠᠷ ᠬᠡᠮᠵᠢᠯᠳᠦ ᠺᠣᠳ᠋ | 2. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ | ᠵᠢᠭᠠᠨ ᠰᠤᠷᠭᠠᠯᠲᠠ ᠶᠢᠨ ᠤᠷᠤᠯᠳᠤᠭᠠᠨ ᠤ ᠪᠠᠭᠰᠢ ᠶᠢᠨ ᠨᠡᠷ᠎ᠡ ᠮᠡᠳᠡᠭᠦᠯᠬᠦ ᠮᠡᠳᠡᠭᠡ ᠵᠠᠩᠭᠢ ᠶᠢᠨ ᠬᠦᠰᠦᠨᠦᠭ | 3. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ | ᠵᠢᠭᠠᠨ ᠰᠤᠷᠭᠠᠯᠲᠠ ᠶᠢᠨ ᠤᠷᠤᠯᠳᠤᠭᠠᠨ ᠤ ᠪᠦᠲᠦᠭᠡᠯ ᠤᠨ ᠸᠢᠳᠢᠤ᠋ ᠶᠢᠨ ᠱᠠᠭᠠᠷᠳᠠᠯᠭ᠎ᠠ | 4. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ | ᠵᠢᠭᠠᠨ ᠰᠤᠷᠭᠠᠯᠲᠠ ᠶᠢᠨ ᠤᠷᠤᠯᠳᠤᠭᠠᠨ ᠤ ᠵᠢᠭᠠᠨ ᠰᠤᠷᠭᠠᠯᠲᠠ ᠶᠢᠨ ᠵᠢᠷᠤᠭ ᠲᠥᠯᠥᠪᠯᠡᠭᠡ ᠶᠢᠨ ᠵᠠᠭᠪᠤᠷ | 5. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ ᠵᠢᠭᠠᠨ | ᠰᠤᠷᠭᠠᠯᠲᠠ ᠶᠢᠨ ᠤᠷᠤᠯᠳᠤᠭᠠᠨ ᠤ ᠪᠠᠭᠰᠢ ᠰᠦᠯᠵᠢᠶᠡᠨ ᠳᠤ ᠨᠡᠷ᠎ᠡ ᠮᠡᠳᠡᠭᠦᠯᠬᠦ ᠵᠦᠭᠯᠡᠭᠦᠷ | 6. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ ᠲᠢᠩᠬᠢᠮ ᠤᠨ | ᠵᠢᠭᠠᠨ ᠰᠤᠷᠭᠠᠯᠲᠠ ᠶᠢᠨ ᠤᠷᠤᠯᠳᠤᠭᠠᠨ ᠤ ᠪᠦᠲᠦᠭᠡᠯ ᠤᠨ ᠵᠦᠭᠯᠡᠭᠦᠷ | | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ | 2025 ᠣᠨ ᠤ 5 ᠰᠠᠷ᠎ᠠ ᠶᠢᠨ 20 ᠤ ᠡᠳᠦᠷ | | ᠳᠠᠭᠠᠯᠳᠤᠭᠤᠯᠤᠯ 1᠄ 1. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠬᠠᠷᠢᠯᠴᠠᠬᠤ ᠬᠤᠶᠠᠷ ᠬᠡᠮᠵᠢᠯᠳᠦ ᠺᠣᠳ᠋ .docx | ᠳᠠᠭᠠᠯᠳᠤᠭᠤᠯᠤᠯ 2᠄ 2. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠪᠠᠭᠰᠢ ᠶᠢᠨ ᠨᠡᠷ᠎ᠡ ᠮᠡᠳᠡᠭᠦᠯᠬᠦ ᠮᠡᠳᠡᠭᠡ ᠵᠠᠩᠭᠢ ᠶᠢᠨ | ᠬᠦᠰᠦᠨᠦᠭ .docx | ᠳᠠᠭᠠᠯᠳᠤᠭᠤᠯᠤᠯ 3᠄ 3. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠪᠦᠲᠦᠭᠡᠯ ᠤᠨ ᠸᠢᠳᠢᠤ᠋ ᠶᠢᠨ ᠱᠠᠭᠠᠷᠳᠠᠯᠭ᠎ᠠ .docx | ᠳᠠᠭᠠᠯᠳᠤᠭᠤᠯᠤᠯ 4᠄ 4. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠵᠢᠭᠠᠨ ᠰᠤᠷᠭᠠᠯᠲᠠ ᠶᠢᠨ ᠵᠢᠷᠤᠭ ᠲᠥᠯᠥᠪᠯᠡᠭᠡ ᠶᠢᠨ ᠵᠠᠭᠪᠤᠷ | .docx | ᠳᠠᠭᠠᠯᠳᠤᠭᠤᠯᠤᠯ 5᠄ 5. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠪᠠᠭᠰᠢ ᠰᠦᠯᠵᠢᠶᠡᠨ ᠳᠤ ᠨᠡᠷ᠎ᠡ ᠮᠡᠳᠡᠭᠦᠯᠬᠦ ᠵᠦᠭᠯᠡᠭᠦᠷ . | docx | ᠳᠠᠭᠠᠯᠳᠤᠭᠤᠯᠤᠯ 6᠄ 6. ᠭᠤᠷᠪᠠᠳᠤᠭᠠᠷ ᠬᠤᠭᠤᠴᠠᠭᠠᠨ ᠤ ︽ᠲᠡᠮᠡᠭᠡᠨ ᠬᠤᠩᠬᠤ ᠬᠤᠨᠳᠠᠭᠠᠲᠤ︾ ᠬᠢᠴᠢᠶᠡᠯ ᠤᠨ | ᠲᠢᠩᠬᠢᠮ ᠤᠨ ᠵᠢᠭᠠᠨ ᠰᠤᠷᠭᠠᠯᠲᠠ ᠶᠢᠨ ᠤᠷᠤᠯᠳᠤᠭᠠᠨ ᠤ ᠪᠦᠲᠦᠭᠡᠯ ᠤᠨ ᠵᠦᠭᠯᠡᠭᠦᠷ .docx |