ᠪᠠᠭ᠎ᠠ ᠪᠠᠶᠢᠬᠤ ᠳᠤ ᠠᠩᠬ᠎ᠠ ᠤᠳᠠᠭ᠎ᠠ ᠡᠵᠢ ᠮᠢᠨᠢ ᠤᠷᠭᠤᠮᠠᠯ ᠢᠶᠠᠷ ᠴᠠᠭᠠᠨ ᠤᠳᠠᠰᠤ ᠶᠢ | ᠰᠢᠷ᠎ᠠ ᠦᠡᠭᠭᠡ ᠲᠠᠢ ᠪᠤᠯᠭᠠᠨ ᠪᠤᠳᠤᠬᠤ ᠶᠢ ᠬᠠᠷᠠᠭᠰᠠᠨ ᠶᠤᠮᠰᠠᠨ᠃ ᠰᠡᠭᠦᠯᠡᠷ ᠨᠢ ᡂᠢ ᠽᠢ | ᠵᠢᠶᠠᠨ ᠤ ︽ᠡᠷᠭᠦᠨ᠎ᠠ ᠭᠤᠤᠯ ᠤᠨ ᠪᠠᠷᠠᠭᠤᠨ ᠡᠷᠭᠢ︾ ᠶᠢ ᠤᠡᠭᠰᠢᠭᠠᠳ ᠤᠷᠭᠤᠮᠠᠯ ᠢᠶᠠᠷ ᠪᠤᠳᠤᠬᠤ | ᠲᠤᠬᠠᠢ ᠪᠠᠰᠠ ᠨᠢᠭᠡᠨ ᠠᠯᠬᠤᠮ ᠤᠨ ᠤᠶᠢᠯᠠᠭᠠᠯᠳᠠ ᠲᠠᠢ ᠪᠤᠯᠵᠠᠢ᠃ | ᠭᠦᠯᠦᠨ ᠪᠤᠶᠢᠷ ᠤᠨ ᠶᠠᠭᠰᠢ ᠬᠤᠳᠠ ᠶᠢᠨ ᠠᠵᠢᠯ ᠮᠡᠷᠭᠡᠵᠢᠯ ᠤᠨ ᠲᠡᠭᠡᠳᠦ ᠵᠠᠷᠭᠡ ᠶᠢᠨ | ᠲᠤᠮᠳᠠᠳᠤ ᠰᠤᠷᠭᠠᠭᠤᠯᠢ ᠶᠢᠨ ᠤᠷᠠᠨ ᠵᠢᠷᠤᠭ ᠤᠨ ᠪᠠᠭᠰᠢ ᠢᠦᠢ ᠶᠠᠨ ᠹᠠᠩ ᠤᠯᠠᠮᠵᠢᠯᠠᠯᠳᠤ ᠤᠶᠠᠵᠤ ᠪᠤᠳᠤᠬᠤ | ᠮᠡᠷᠭᠡᠵᠢᠯ ᠢ ᠲᠠᠰᠤᠷᠠᠯᠳᠠ ᠦᠭᠡᠢ ᠰᠦᠪᠡᠭᠴᠢᠯᠡᠨ᠂ ᠴᠢᠷᠮᠠᠶᠢᠨ | ᠦᠢᠯᠡᠳᠦᠯᠭᠡᠵᠢᠭᠦᠯᠵᠤ᠂ ᠲᠤᠰ ᠤᠷ᠎ᠠ ᠮᠡᠷᠭᠡᠵᠢᠯ ᠢ ᠭᠦᠭᠵᠢᠭᠦᠯᠦᠨ ᠲᠡᠯᠭᠡᠷᠡᠭᠦᠯᠵᠡᠢ᠃ | ᠤᠳᠤ ᠴᠠᠭ ᠤᠨ ᠭᠢᠮᠢ ᠶᠢᠨ ᠪᠤᠳᠤᠭ ᠢᠶᠠᠷ ᠪᠤᠳᠤᠬᠤ ᠲᠠᠢ ᠬᠠᠷᠢᠴᠠᠭᠤᠯᠪᠠᠯ ᠤᠷᠭᠤᠮᠠᠯ ᠢᠶᠠᠷ | ᠪᠤᠳᠤᠬᠤ ᠶᠢ ᠨᠡᠩ ᠴᠡᠪᠡᠷ᠂ ᠨᠡᠩ ᠰᠢᠨ᠎ᠠ ᠰᠤᠷᠭᠤᠭ᠂ ᠨᠡᠩ ᠪᠤᠭᠢᠷᠳᠤᠯ ᠦᠭᠡᠢ ᠪᠠᠶᠢᠳᠠᠭ᠃ ᠭᠡᠳᠡᠯ᠎ᠠ ᠪᠤᠳᠤᠬᠤ | ᠶᠠᠪᠤᠴᠠ ᠨᠢ ᠪᠤᠳᠤᠯᠢᠶᠠᠨᠳᠠᠢ ᠪᠠᠶᠢᠵᠤ᠂ ᠴᠠᠭ ᠪᠤᠯᠤᠨ ᠭᠦᠴᠦ ᠶᠢ ᠶᠡᠭᠡ ᠪᠠᠷ ᠵᠠᠷᠤᠴᠠᠭᠤᠯᠤᠨ᠎ᠠ᠃ | ᠡᠭᠡ ᠪᠠᠶᠢᠭᠠᠯᠢ ᠪᠤᠯ ᠡᠷᠳᠠᠨᠢᠳᠤ ᠭᠦᠮᠦᠷᠭᠡ ᠪᠠᠶᠢᠵᠤ᠂ ᠡᠯᠳᠡᠪ ᠦᠡᠭᠭᠡ ᠪᠠᠷ | ᠰᠤᠯᠤᠩᠭᠠᠷᠠᠨ᠂ ᠦᠡᠭᠭᠡ ᠪᠦᠷᠢ ᠶᠢᠨ ᠴᠡᠴᠡᠭ ᠬᠤᠸᠠᠷ᠂ ᠲᠦᠷᠦᠯ ᠪᠦᠷᠢ ᠶᠢᠨ ᠡᠪᠡᠰᠦ ᠤᠷᠭᠤᠮᠠᠯ᠂ ᠵᠢᠮᠢᠰ ᠵᠡᠷᠭᠡ | ᠪᠠᠶᠢᠵᠤ᠂ ᠤᠶᠠᠵᠤ ᠪᠤᠳᠤᠬᠤ ᠳᠤ ᠭᠡᠷᠡᠭᠯᠡᠭᠡᠳ ᠲᠠᠭᠤᠰᠤᠰᠢ ᠦᠭᠡᠢ | ᠪᠠᠶᠢᠭᠠᠯᠢ ᠶᠢᠨ ᠮᠠᠲᠸᠷᠢᠶᠠᠯ ᠢ ᠬᠠᠨᠭ᠍ᠭᠠᠵᠠᠢ᠃ | ᠲᠦᠷᠦᠭᠦᠭᠡᠨ᠂ ᠰᠤᠶᠤᠯ ᠪᠠ ᠵᠢᠭᠤᠯᠴᠢᠯᠠᠯ ᠤᠨ ᠶᠠᠮᠤᠨ ᠠᠴᠠ ᠵᠢᠷᠭᠤᠳᠤᠭᠠᠷ ᠪᠦᠯᠦᠭ ᠤᠨ ᠤᠯᠤᠰ ᠤᠨ ᠳᠡᠰ ᠤᠨ | ᠪᠤᠳᠠᠰ ᠤᠨ ᠪᠤᠰᠤ ᠰᠤᠶᠤᠯ ᠤᠨ ᠦᠪ ᠤᠨ ᠲᠦᠯᠦᠭᠡᠯᠡᠭᠦ ᠴᠢᠨᠠᠷ ᠲᠠᠢ ᠤᠯᠠᠮᠵᠢᠯᠠᠭᠴᠢ ᠶᠢᠨ | ᠨᠡᠷᠡᠰ ᠢ ᠨᠡᠶᠢᠳᠡᠯᠡᠭᠰᠡᠨ ᠲᠤᠳᠤᠷ᠎ᠠ ᠦᠪᠦᠷ ᠮᠤᠩᠭᠤᠯ ᠤᠨ 28 | ᠭᠦᠮᠦᠨ ᠰᠤᠩᠭᠤᠭᠳᠠᠵᠤ᠂ ᠡᠬᠦᠨ ᠳᠦ 6 ᠨᠢ ᠤᠯᠠᠮᠵᠢᠯᠠᠯᠳᠤ ᠤᠷ᠎ᠠ ᠮᠡᠷᠭᠡᠵᠢᠯ ᠤᠨ ᠤᠯᠠᠮᠵᠢᠯᠠᠭᠴᠢ᠂ | ᠬᠠᠰᠠᠭ ᠲᠡᠷᠭᠡ᠂ ᠬᠤᠰᠤ ᠮᠤᠳᠤᠨ ᠤ ᠬᠠᠯᠢᠰᠤᠨ ᠪᠦᠳᠦᠭᠡᠭᠳᠡᠭᠦᠨ᠂ ᠭᠡᠪᠢᠰ᠂ ᠤᠷᠴᠤᠨ | ᠦᠨᠳᠦᠰᠦᠳᠡᠨ ᠤ ᠠᠷᠠᠰᠤᠨ ᠪᠦᠳᠦᠭᠡᠭᠳᠡᠭᠦᠨ᠂ ᠮᠤᠩᠭᠤᠯ ᠭᠡᠷ᠂ ᠮᠦᠡᠭᠭᠦ ᠵᠡᠰ ᠤᠨ ᠭᠡᠷᠡᠭᠰᠡᠯ ᠵᠤᠭᠢᠶᠠᠬᠤ ᠮᠡᠷᠭᠡᠵᠢᠯ | ᠵᠢᠴᠢ ᠠᠯᠳᠠ ᠪᠠᠷ ᠦᠡᠭᠭᠡᠯᠡᠭᠦ ᠮᠡᠷᠭᠡᠵᠢᠯ ᠵᠡᠷᠭᠡ 6 ᠲᠦᠷᠦᠯ ᠤᠨ ᠮᠡᠷᠭᠡᠵᠢᠯ ᠪᠠᠭᠳᠠᠨ᠎ᠠ᠃ ᠦᠪᠡᠷᠳᠡᠭᠡᠨ | ᠵᠠᠰᠠᠬᠤ ᠤᠷᠤᠨ ᠤ ᠡᠳ᠋ ᠤᠨ ᠵᠠᠰᠠᠭ ᠤᠨ ᠲᠢᠩᠭᠢᠮ ᠠᠴᠠ ᠪᠠᠰᠠ | ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠪᠡᠯᠡ ᠮᠦᠡᠭᠭᠦ | 1426 ᠲᠦᠮᠡ ᠶᠢ ᠪᠠᠭᠤᠯᠭᠠᠵᠤ᠂ ᠬᠠᠮᠢᠶ᠎ᠠ ᠪᠦᠭᠦᠢ ᠭᠦᠮᠦᠰ ᠵᠢᠴᠢ ᠠᠵᠢᠯ ᠲᠦᠷᠦᠯ ᠳᠦ ᠬᠠᠯᠠᠮᠵᠢ | ᠲᠡᠮᠵᠢᠯᠭᠡ ᠦᠵᠡᠭᠦᠯᠵᠡᠢ᠃ | ᠤᠯᠤᠰ ᠠᠴᠠ ᠡᠯ᠎ᠡ ᠵᠦᠢᠯ ᠤᠨ ᠠᠰᠢᠭᠳᠠᠢ ᠲᠦᠷᠦ ᠶᠢᠨ ᠪᠤᠳᠤᠯᠭ᠎ᠠ ᠶᠢ ᠭᠡᠷᠡᠭᠵᠢᠭᠦᠯᠵᠤ᠂ ᠤᠯᠤᠰ ᠤᠨ ᠳᠡᠰ ᠤᠨ | ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ᠂ ᠤᠯᠠᠮᠵᠢᠯᠠᠨ | ᠬᠦᠭᠵᠢᠬᠦᠯᠬᠦ ᠳᠦ ᠰᠠᠶᠢᠨ ᠨᠦᠬᠦᠴᠡᠯ ᠢ | ᠪᠦᠷᠢᠯᠳᠦᠭᠦᠯᠦᠨ ᠦᠭᠴᠦ ᠪᠤᠢ᠃ ᠲᠦᠷᠦ ᠶᠢᠨ ᠪᠤᠳᠤᠯᠭ᠎ᠠ᠂ ᠤᠯᠠᠮᠵᠢᠯᠠᠭᠴᠢ ᠶᠢᠨ ᠵᠢᠳᠭᠦᠯ | ᠴᠢᠷᠮᠠᠶᠢᠯᠭ᠎ᠠ᠂ ᠨᠡᠶᠢᠬᠡᠮ ᠤᠨ ᠡᠯ᠎ᠡ | ᠡᠲᠡᠬᠡᠳ ᠤᠨ ᠬᠠᠯᠠᠮᠵᠢ ᠲᠡᠮᠵᠢᠯᠭᠡ ᠲᠤᠤᠷ᠎ᠠ ᠤᠯᠤᠰ ᠤᠨ ᠳᠡᠰ ᠤᠨ ᠪᠤᠳᠠᠰ ᠤᠨ ᠪᠤᠰᠤ | ᠰᠤᠶᠤᠯ ᠤᠨ ᠦᠪ ᠢ ᠬᠠᠮᠠᠭᠠᠯᠠᠬᠤ ᠪᠠ ᠤᠯᠠᠮᠵᠢᠯᠠᠨ ᠭᠦᠭᠵᠢᠭᠦᠯᠭᠦ ᠠᠵᠢᠯ ᠰᠢᠨ᠎ᠠ ᠲᠡᠭᠳᠡᠷ ᠲᠤ ᠭᠠᠷᠴᠦ | ᠂ ᠲᠤᠮᠳᠠᠳᠤ ᠶᠢᠨ ᠦᠨᠳᠦᠰᠦᠳᠡᠨ ᠤ ᠪᠤᠯᠪᠠᠰᠤᠨ ᠤᠯᠠᠮᠵᠢᠯᠠᠯᠳᠤ ᠰᠤᠶᠤᠯ ᠤᠨ ᠪᠦᠳᠦᠭᠡᠯᠴᠢ | ᠴᠢᠨᠠᠷ ᠲᠠᠢ ᠬᠤᠪᠢᠷᠠᠯᠳᠠ᠂ ᠡᠭᠦᠳᠦᠯᠳᠡ ᠶᠢᠨ ᠴᠢᠨᠠᠷᠳᠠᠢ ᠭᠦᠭᠵᠢᠯᠳᠡ ᠶᠢ ᠠᠭᠢᠭᠤᠯᠬᠤ ᠨᠢ ᠯᠠᠪᠳᠠᠢ᠃ |