ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠌ ᠪᠣᠯ ᠠᠷᠠᠳ ᠣᠯᠠᠨ᠎ᠤ 《 ᠡᠪᠡᠳᠴᠢᠨ ᠦᠵᠡᠭᠦᠯᠬᠦ᠌ ᠵᠣᠭᠤᠰ 》᠂ 《ᠠᠮᠢ ᠠᠪᠤᠷᠠᠬᠤ ᠵᠣᠭᠤᠰ》 ᠮᠥᠨ᠂ ᠨᠢᠭᠡᠪᠦᠷᠢ᠎ᠨᠢ ᠴᠥᠮ ᠠᠷᠠᠳ᠎ᠤᠨ ᠠᠮᠢᠳᠤᠷᠠᠯ᠎ᠤᠨ ᠪᠤᠶᠠᠨ ᠵᠢᠷᠭᠠᠯ ᠪᠠ ᠡᠮᠴᠢᠯᠡᠭᠡᠨ᠎ᠦ ᠳᠠᠭᠠᠳᠭᠠᠯ᠎ᠤᠨ ᠲᠦᠷᠢᠮ᠎ᠤᠨ ᠦᠷᠭᠦᠯᠵᠢᠯᠡᠭᠦᠯᠬᠦᠢ ᠬᠥᠭ᠌ᠵᠢᠯᠲᠡ᠎ᠲᠠᠢ ᠬᠤᠯᠪᠣᠭ᠍ᠳᠠᠨ᠎ᠠ᠃ ᠡᠨᠡ ᠵᠢᠯ᠎ᠠᠴᠠ ᠨᠠᠭ᠋ᠠᠰᠢ᠂ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠠᠷᠠᠳ᠎ᠤᠨ ᠳᠡᠭᠡᠳᠦ ᠱᠢᠭᠦᠬᠦ᠌ ᠬᠤᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠂ ᠳᠣᠲᠣᠭᠠᠳᠤ᠎ᠶ᠋ᠢ ᠬᠠᠮᠠᠭᠠᠯᠠᠬᠤ ᠶᠠᠮᠤᠨ᠂ ᠡᠳ᠋᠎ᠤᠨ ᠵᠠᠰᠠᠭ᠎ᠤᠨ ᠶᠠᠮᠤᠨ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠶᠡᠷᠦᠩᠬᠡᠶ ᠲᠣᠪᠴᠢᠶ᠎ᠠ᠂ ᠤᠯᠤᠰ᠎ᠤᠨ ᠬᠢᠲᠠᠳ ᠡᠮ᠎ᠤᠨ ᠬᠠᠮᠢᠶᠠᠷᠤᠯᠲᠠ᠎ᠶᠢᠨ ᠲᠣᠪᠴᠢᠶ᠎ᠠ᠂ ᠤᠯᠤᠰ᠎ᠤᠨ ᠡᠮ᠎ᠤᠨ ᠵᠦᠶ᠋ᠯ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ᠲᠠᠢ ᠬᠠᠮᠲᠤ ᠪᠥᠬᠦ᠌ ᠤᠯᠤᠰ᠎ᠤᠨ ᠬᠡᠪᠴᠢᠶᠡᠨ᠎ᠳᠤ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠬᠠᠮᠢᠶᠠᠷᠤᠯᠲᠠ᠎ᠶ᠋ᠢᠨ ᠲᠣᠪᠤᠢᠮ᠎ᠠ ᠠᠰᠠᠭᠤᠳᠠᠯ᠎ᠢ ᠲᠤᠰᠭᠠᠶ ᠴᠡᠭ᠌ᠴᠡᠯᠡᠨ ᠵᠠᠰᠠᠬᠤ ᠠᠵᠢᠯ᠎ᠢ ᠥᠷᠨᠢᠭᠦᠯᠵᠦ᠍᠂ ᠡᠯ᠎ᠡ ᠭᠠᠵᠠᠷ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ᠎ᠤᠳ ᠦᠳᠲᠡᠷ ᠲᠦᠷᠭᠡᠨ ᠪᠠᠢᠷᠢᠯᠠᠭᠤᠯᠤᠨ ᠨᠠᠢᠳᠠᠪᠤᠷᠢᠵᠢᠭᠤᠯᠵᠤ᠂ ᠬᠠᠮᠢᠶ᠎ᠠ ᠪᠥᠬᠦᠶ ᠰᠠᠯᠠᠭ᠎ᠠ ᠮᠥᠴᠢᠷ᠎ᠲᠠᠢ ᠬᠠᠮᠲᠤᠷᠠᠨ ᠨᠢᠭᠡ ᠪᠦᠯᠦᠭ ᠮᠡᠬᠡᠯᠡᠨ ᠬᠢᠬᠠᠵᠤ ᠳᠠᠭᠠᠳᠭᠠᠯ ᠮᠡᠬᠡᠯᠡᠭ᠌ᠰᠡᠨ ᠬᠡᠷᠡᠭ᠎ᠢ ᠪᠠᠢᠴᠠᠭᠠᠨ ᠱᠢᠶ᠋ᠳᠪᠦᠷᠢᠯᠡᠪᠡ᠃ ᠬᠡᠷᠡᠭ᠎ᠤᠨ ᠰᠡᠷᠡᠮᠵᠢᠯᠡᠭᠦᠯᠬᠦ᠂ ᠬᠥᠮᠦᠵᠢᠭᠦᠯᠬᠦ᠌ ᠪᠠ ᠬᠥᠲᠥᠯᠦᠨ ᠵᠢᠯᠣᠭᠤᠳᠭᠤ ᠦᠢᠯᠡᠳᠦᠯ᠎ᠢ ᠭᠦᠢᠴᠡᠳ ᠪᠠᠳᠠᠷᠠᠭᠤᠯᠵᠤ᠂ ᠰᠠᠭᠤᠷᠢ ᠮᠥᠩᠭᠦ᠎ᠶ᠋ᠢᠨ ᠬᠢᠨᠠᠯᠲᠠ ᠬᠠᠮᠢᠶᠠᠷᠤᠯᠲᠠ᠎ᠶ᠋ᠢᠨ ᠥᠨᠳᠥᠷ ᠳᠠᠷᠤᠯᠲᠠᠲᠤ ᠪᠠᠢᠳᠠᠯ᠎ᠢ ᠦᠷᠭᠦᠯᠵᠢᠯᠡᠨ ᠪᠠᠲᠤᠯᠠᠬᠤ᠎ᠶ᠋ᠢᠨ ᠲᠥᠯᠥᠭᠡ᠂ ᠬᠤᠪᠢ ᠬᠥᠮᠦᠨ᠎ᠤ ᠮᠡᠬᠡᠯᠡᠨ ᠬᠢᠬᠠᠵᠤ ᠳᠠᠭᠠᠳᠭᠠᠯ ᠮᠡᠬᠡᠯᠡᠭ᠌ᠰᠡᠨ 7 ᠨᠡᠢᠲᠡᠯᠢᠭ ᠬᠡᠷᠡᠭ᠎ᠤᠨ ᠵᠢᠱ᠌ᠢᠶ᠎ᠡ᠎ᠶ᠋ᠢ ᠢᠯᠡᠷᠡᠭᠦᠯᠵᠦ᠍᠂ ᠬᠡᠷᠡᠭ᠎ᠢᠶᠠᠷ ᠲᠣᠯᠢ ᠪᠣᠯᠭᠠᠵᠤ ᠰᠡᠷᠡᠮᠵᠢ᠎ᠶ᠋ᠢᠨ ᠬᠤᠩᠬᠤ᠎ᠶ᠋ᠢ ᠳᠤᠭᠠᠷᠭᠠᠨᠠ !
ᠬᠡᠷᠡᠭ᠎ᠦᠨ ᠵᠢᠱ᠌ᠢᠶ᠎ᠡ ᠨᠢᠭᠡ ᠭᠤᠸᠠᠩᠳᠦ᠋ᠩ ᠮᠤᠵᠢ᠎ᠶ᠋ᠢᠨ ᠱᠸᠨᠵᠸᠨ ᠬᠣᠲᠠ᠎ᠶ᠋ᠢᠨ ᠯᠢ ᠣᠪᠣᠭ᠍ᠲᠤ ᠪᠤᠰᠤᠳ᠎ᠤᠨ ᠨᠡᠷ᠎ᠡ᠎ᠪᠡᠷ ᠡᠪᠡᠳᠴᠢᠨ ᠦᠵᠡᠭᠦᠯᠦᠭ᠌ᠰᠡᠨ ᠪᠠ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠬᠡᠷᠡᠭ
ᠭᠤᠸᠠᠩᠳᠦ᠋ᠩ ᠮᠣᠵᠢ᠎ᠶᠢᠨ ᠱᠧᠨᠵᠧᠨ ᠬᠣᠲᠠ᠎ᠶᠢᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠲᠣᠮᠣ ᠳ᠋ᠠᠢ᠌ᠲ᠋ᠠ᠎ᠶᠢᠨ ᠵᠠᠭ᠍ᠪᠤᠷ᠎ᠢ᠋ ᠲᠦᠰᠢᠭᠯᠡᠨ᠂ ᠲᠤᠰ ᠬᠣᠲᠠ᠎ᠶᠢᠨ ᠯᠢ ᠣᠪᠣᠭ᠍ᠲᠤ ᠵᠡᠷᠭᠡ ᠣᠯᠠᠨ ᠳᠠᠭᠠᠳᠭᠠᠯ᠎ᠳ᠋ᠤ ᠣᠷᠣᠯᠴᠠᠭ᠍ᠴᠢ ᠬᠡᠪ᠎ᠦ᠋ᠨ ᠪᠤᠰᠤ ᠡᠮ ᠬᠣᠳᠠᠯᠳᠤᠬᠤ ᠠᠵᠢᠯᠯᠠᠭ᠎ᠠ ᠣᠷᠣᠰᠢᠵᠤ᠂ ᠲᠡᠷᠡ ᠳᠠᠷᠤᠢᠳ᠋ᠤ ᠨᠢ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ᠎ᠲᠠᠢ ᠬᠠᠮᠲᠤᠷᠠᠨ ᠭᠦᠨᠵᠡᠭᠡᠢ ᠰᠤᠳᠤᠯᠤᠨ ᠮᠠᠭᠠᠳᠯᠠᠬᠤ ᠪᠠ ᠨᠠᠷᠢᠨ ᠨᠢᠭ᠍ᠲᠠ ᠪᠠᠢᠴᠠᠭᠠᠯᠲᠠ ᠬᠢᠪᠡ᠃ ᠪᠠᠢᠴᠠᠭᠠᠭ᠍ᠰᠠᠨ᠎ᠢᠶᠠᠷ᠂ 2023 ᠣᠨ᠎ᠤ ᠡᠬᠢ᠎ᠪᠠᠷ᠂ ᠯᠢ ᠣᠪᠣᠭ᠍ᠲᠤ ᠰᠠᠨᠠᠮᠰᠠᠷ ᠦᠭᠡᠢ ᠰᠦᠯᠵᠢᠶᠡᠨ ᠳᠡᠭᠡᠷ᠎ᠡ 《 ᠡᠮᠴᠢᠯᠡᠭᠡᠨ᠎ᠦ ᠳᠠᠭᠠᠳᠭᠠᠯ᠎ᠢᠶᠡᠷ ᠵᠣᠭᠣᠰ ᠮᠡᠬᠡᠯᠡᠨ ᠰᠣᠯᠢᠨ᠎ᠠ 》 ᠭᠡᠵᠦ᠍ ᠬᠡᠯᠡᠭ᠌ᠰᠡᠨ᠎ᠢ ᠣᠯᠵᠤ ᠦᠵᠡᠭᠡᠳ ᠪᠤᠰᠤᠳ ᠬᠦᠮᠦᠨ᠎ᠦ ᠡᠮᠴᠢᠯᠡᠭᠡᠨ᠎ᠦ ᠳᠠᠭᠠᠳᠭᠠᠯ᠎ᠤᠨ ᠲᠠᠩᠰᠠᠨ ᠡᠷᠦᠬᠡ᠎ᠶ᠋ᠢ ᠠᠱᠢᠭ᠍ᠯᠠᠨ ᠡᠮ᠎ᠤᠨ ᠵᠦᠢᠯ᠎ᠢ ᠫᠠᠨᠽᠠᠯᠠᠨ ᠵᠣᠭᠤᠰ ᠤᠯᠬᠤ ᠪᠣᠳᠣᠯ᠎ᠲᠠᠢ ᠪᠣᠯᠵᠣ᠂ ᠳᠠᠷᠠᠭ᠎ᠠ᠎ᠨᠢ ᠰᠦᠯᠵᠢᠶᠡᠨ ᠳᠡᠭᠡᠷ᠎ᠡ᠎ᠠᠴᠠ ᠱᠧᠨᠵᠧᠨ᠎ᠤ ᠡᠮᠴᠢᠯᠡᠭᠡᠨ᠎ᠦ ᠳᠠᠭᠠᠳᠭᠠᠯ᠎ᠤᠨ ᠲᠠᠩᠰᠠᠨ ᠡᠷᠦᠬᠡ᠎ᠶ᠋ᠢᠨ ᠮᠡᠳᠡᠭᠡ ᠵᠠᠩᠭᠢ᠎ᠶ᠋ᠢ ᠡᠷᠢᠬᠦ᠌ ᠳᠤᠷᠠᠲᠠᠶ ᠰᠦᠯᠵᠢᠶᠡᠨ ᠨᠠᠢᠵᠠ ᠡᠷᠢᠵᠦ᠂ ᠲᠡᠳᠡᠨ᠎ᠳᠦ 《 ᠡᠮᠴᠢᠯᠡᠭᠡᠨ᠎ᠦ ᠳᠠᠭᠠᠳᠭᠠᠯ᠎ᠢᠶᠡᠷ ᠪᠡᠯᠡᠨ ᠵᠣᠭᠣᠰ ᠮᠡᠬᠡᠯᠡᠨ ᠰᠣᠯᠢᠬᠤ 》 ᠦᠢ᠍ᠯᠡᠴᠢᠯᠡᠭᠡ ᠬᠠᠩᠭᠠᠪᠠ᠃ 2023 ᠣᠨ᠎ᠤ 2 ᠳ᠋ᠤᠭ᠋ᠠᠷ ᠰᠠᠷ᠎ᠠ᠎ᠠᠴᠠ 2024 ᠣᠨ᠎ᠤ 7 ᠳ᠋ᠤᠭ᠋ᠠᠷ ᠰᠠᠷ᠎ᠠ᠎ᠶ᠋ᠢᠨ ᠬᠤᠭᠤᠴᠠᠭᠠᠨ᠎ᠳᠤ᠂ ᠯᠢ ᠣᠪᠣᠭ᠍ᠲᠤ ᠰᠦᠯᠵᠢᠶᠡᠨ ᠨᠠᠢᠵᠠ ᠨᠠᠷ᠎ᠤᠨ ᠣᠯᠤᠭ᠍ᠰᠠᠨ ᠡᠮᠴᠢᠯᠡᠭᠡᠨ᠎ᠦ ᠳᠠᠭᠠᠳᠭᠠᠯ᠎ᠤᠨ ᠲᠠᠩᠰᠠᠨ ᠡᠷᠦᠬᠡ᠎ᠶ᠋ᠢᠨ ᠮᠡᠳᠡᠭᠡ ᠵᠠᠩᠭᠢ᠎ᠶ᠋ᠢ ᠠᠱᠢᠭ᠍ᠯᠠᠨ᠂ ᠣᠯᠠᠨ ᠤᠳᠠᠭ᠎ᠠ ᠬᠤᠳᠠᠯ ᠬᠠᠭᠤᠷᠮᠠᠭ᠎ᠢᠶᠠᠷ ᠱᠧᠨᠵᠧᠨ ᠬᠤᠲᠠ᠎ᠶ᠋ᠢᠨ ᠣᠯᠠᠨ ᠡᠮᠨᠡᠯᠭᠡ᠎ᠶ᠋ᠢᠨ ᠬᠤᠷᠢᠶ᠎ᠠ᠂ ᠡᠮ᠎ᠤᠨ ᠳᠡᠯᠭᠡᠭᠦᠷ᠎ᠲᠤ ᠬᠦᠷᠴᠦ᠍ ᠪᠤᠰᠤᠳ᠎ᠤᠨ ᠨᠡᠷ᠎ᠡ᠎ᠪᠡᠷ ᠡᠪᠡᠳᠴᠢᠨ ᠦᠵᠡᠭᠦᠯᠦᠨ ᠡᠮ ᠬᠤᠳᠠᠯᠳᠤᠨ ᠠᠪᠴᠤ᠌᠂ ᠳᠠᠷᠠᠭ᠎ᠠ᠎ᠨᠢ ᠡᠮ᠎ᠦᠨ ᠵᠦᠢ᠍ᠯ᠎ᠢ ᠵᠠᠬ᠎ᠠ ᠳᠡᠯᠭᠡᠭᠦᠷ᠎ᠤᠨ ᠦᠨ᠎ᠡ᠎ᠠᠴᠠ ᠳᠣᠤᠷ᠎ᠠ ᠦᠨ᠎ᠡ᠎ᠪᠠᠷ ᠵᠠᠷᠢᠮ ᠡᠮ᠎ᠤᠨ ᠳᠡᠯᠭᠡᠭᠦᠷ᠎ᠤᠨ ᠡᠵᠡᠨ ᠸᠠᠩ ᠣᠪᠣᠭ᠍ᠲᠤ᠎ᠳᠤ ᠬᠤᠳᠠᠯᠳᠤᠨ ᠥᠭ᠌ᠴᠦ᠂ ᠡᠭᠦᠨ᠎ᠤ ᠤᠯᠠᠮ᠎ᠠᠴᠠ ᠪᠡᠯᠡᠨ ᠵᠣᠭᠣᠰ᠎ᠢ ᠮᠡᠬᠡᠯᠡᠨ ᠰᠣᠯᠢᠵᠤ᠂ ᠳᠠᠬᠢᠨ ᠵᠣᠬᠢᠬᠤ ᠬᠠᠷᠢᠴᠠᠯ᠎ᠤᠨ ᠵᠣᠭᠤᠰ ᠮᠥᠩᠭᠦ᠎ᠶ᠋ᠢ ᠳᠠᠩᠰᠠᠨ ᠡᠷᠦᠬᠡ᠎ᠶ᠋ᠢᠨ ᠮᠡᠳᠡᠭᠡ ᠵᠠᠩᠭᠢ ᠬᠠᠩᠭᠠᠭ᠍ᠰᠠᠨ ᠰᠦᠯᠵᠢᠶᠡᠨ ᠨᠠᠢ᠌ᠵᠠ ᠨᠠᠷ᠎ᠲᠤ ᠪᠤᠴᠠᠭ᠋ᠠᠨ ᠥᠭᠴᠡᠢ᠃ ᠪᠦᠷᠢᠳᠭᠡᠭ᠌ᠰᠡᠨ᠎ᠢᠶᠠᠷ᠂ ᠯᠢ ᠣᠪᠣᠭ᠍ᠲᠤ ᠤᠷᠢᠳ ᠬᠤᠵᠢᠳ ᠣᠯᠠᠨ ᠤᠳᠠᠭ᠎ᠠ ᠡᠮ ᠬᠤᠳᠠᠯᠳᠤᠨ ᠠᠪᠬᠤ᠎ᠶ᠋ᠢᠨ ᠬᠠᠮᠲᠤ ᠫᠠᠨᠽᠠᠯᠠᠵᠤ᠂ ᠡᠮᠴᠢᠯᠡᠭᠡᠨ᠎ᠦ ᠳᠠᠭᠠᠳᠭᠠᠯ᠎ᠤᠨ ᠨᠢᠭᠡᠳᠦᠯᠲᠡᠶ ᠲᠥᠯᠥᠪᠯᠡᠬᠦ᠌ ᠰᠠᠭᠤᠷᠢ ᠮᠥᠩᠭᠦ᠎ᠶ᠋ᠢ ᠨᠡᠢᠲᠡ 93013.68 ᠲᠥᠭᠦᠷᠢᠭ ᠮᠡᠬᠡᠯᠡᠨ ᠣᠯᠪᠠ; ᠸᠠᠩ ᠣᠪᠣᠭ᠍ᠲᠤ ᠣᠯᠠᠨ ᠤᠳᠠᠭ᠎ᠠ ᠬᠠᠤᠯᠢ ᠪᠤᠰᠤ ᠠᠷᠭ᠎ᠠ ᠵᠠᠮ᠎ᠢᠶᠠᠷ ᠯᠢ ᠣᠪᠣᠭ᠍ᠲᠤ᠎ᠠᠴᠠ 《 ᠪᠤᠴᠠᠯ ᠡᠮ 》 ᠬᠤᠳᠠᠯᠳᠤᠨ ᠠᠪᠴᠤ᠌᠂ ᠡᠮ ᠬᠤᠳᠠᠯᠳᠤᠨ ᠠᠪᠤᠭ᠍ᠰᠠᠨ ᠵᠣᠭᠤᠰ ᠨᠡᠢᠲᠡ 169025.00 ᠲᠥᠭᠦᠷᠢᠭ ᠥᠭ᠌ᠪᠡ; ᠬᠡᠷᠡᠭ ᠭᠠᠷᠤᠭ᠍ᠰᠠᠨ᠎ᠤ ᠳᠠᠷᠠᠭ᠎ᠠ᠂ ᠯᠢ ᠣᠪᠣᠭ᠍ᠲᠤ᠂ ᠸᠠᠩ ᠣᠪᠣᠭ᠍ᠲᠤ ᠵᠢᠴᠢ ᠡᠮᠴᠢᠯᠡᠭᠡᠨ᠎ᠦ ᠳᠠᠭᠠᠳᠭᠠᠯ᠎ᠤᠨ ᠲᠠᠩᠰᠠᠨ ᠡᠷᠦᠬᠡ᠎ᠶ᠋ᠢᠨ ᠮᠡᠳᠡᠭᠡ ᠵᠠᠩᠭᠢ ᠬᠠᠩᠭᠠᠭ᠍ᠰᠠᠨ ᠳᠠᠭᠠᠳᠭᠠᠯ᠎ᠳᠤ ᠣᠷᠣᠯᠴᠠᠭ᠍ᠴᠢ᠎ᠶ᠋ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠬᠠᠤᠯᠢ ᠶᠣᠰᠣᠭᠠᠷ ᠡᠷᠡᠭᠦᠦ᠍᠎ᠶ᠋ᠢᠨ ᠬᠡᠷᠡᠭ᠎ᠢᠶᠠᠷ ᠲᠦᠷ ᠬᠤᠷᠢᠵᠤ᠂ ᠳᠠᠭᠠᠳᠭᠠᠯ᠎ᠳᠤ ᠣᠷᠣᠯᠴᠠᠭ᠍ᠴᠢ ᠬᠤᠢᠨ᠎ᠠ ᠬᠤᠢᠨ᠎ᠠ᠎ᠠᠴᠠ᠎ᠪᠠᠨ ᠪᠤᠵᠠᠷ ᠵᠣᠭᠤᠰ᠎ᠢ ᠪᠤᠴᠠᠭᠠᠭ᠍ᠰᠠᠨᠤ ᠳᠠᠷᠠᠭ᠎ᠠ᠂ ᠯᠢ ᠣᠪᠣᠭ᠍ᠲᠤ ᠬᠡᠷᠡᠭ᠎ᠲᠤ ᠬᠤᠯᠪᠣᠭ᠍ᠳᠠᠭ᠍ᠰᠠᠨ ᠦᠯᠡᠳᠡᠪᠦᠷᠢ ᠪᠤᠵᠠᠷ ᠵᠣᠭᠣᠰ 22495.63 ᠲᠥᠭᠦᠷᠢᠭ᠎ᠢ ᠪᠤᠴᠠᠭᠠᠵᠤ᠂ ᠸᠠᠩ ᠣᠪᠣᠭ᠍ᠲᠤ ᠪᠤᠵᠠᠷ ᠵᠣᠭᠣᠰ 91820.63 ᠲᠥᠭᠦᠷᠢᠭ᠎ᠢ ᠪᠤᠴᠠᠭᠠᠪᠠ᠃ 2025 ᠣᠨ᠎ᠤ 3 ᠳ᠋ᠤᠭ᠋ᠠᠷ ᠰᠠᠷ᠎ᠠ᠎ᠳᠤ᠂ ᠱᠧᠨᠵᠧᠨ ᠬᠤᠳᠠ᠎ᠶ᠋ᠢᠨ ᠨᠠᠨᠱ᠌ᠠᠨ ᠲᠣᠭᠣᠷᠢᠭ᠎ᠤᠨ ᠠᠷᠠᠳ᠎ᠤᠨ ᠱᠢᠭᠦᠬᠦ᠌ ᠬᠤᠷᠢᠶ᠎ᠠ ᠮᠡᠬᠡᠯᠡᠭ᠌ᠰᠡᠨ ᠶᠠᠯ᠎ᠠ᠎ᠪᠠᠷ ᠯᠢ ᠣᠪᠣᠭ᠍ᠲᠤ᠎ᠶ᠋ᠢ 2 ᠵᠢᠯ 4 ᠰᠠᠷ᠎ᠠ ᠬᠤᠭᠤᠴᠠᠭ᠎ᠠ ᠲᠠᠢ ᠬᠣᠷᠢᠵᠤ᠂ 6000 ᠲᠥᠭᠦᠷᠢᠭ ᠵᠣᠭᠤᠰ᠎ᠢᠶᠠᠷ ᠲᠣᠷᠭ᠋ᠠᠵᠤ᠂ ᠨᠢᠭᠤᠵᠤ ᠳᠠᠯᠳᠠᠯᠠᠬᠤ ᠶᠠᠯ᠎ᠠ᠎ᠪᠠᠷ ᠰᠢᠢ᠍ᠳᠬᠡᠵᠦ᠂ ᠸᠠᠩ ᠣᠪᠣᠭ᠍ᠲᠤ᠎ᠶ᠋ᠢ ᠨᠢᠭᠡ ᠵᠢᠯ 6 ᠰᠠᠷ᠎ᠠ ᠬᠤᠭᠤᠴᠠᠭ᠎ᠠ ᠲᠠᠢ ᠬᠣᠷᠢᠵᠤ᠂ 5000 ᠲᠥᠭᠦᠷᠢᠭ ᠵᠣᠭᠤᠰ᠎ᠢᠶᠠᠷ ᠲᠣᠷᠭ᠋ᠠᠪᠠ᠃
ᠬᠡᠷᠡᠭ᠎ᠤᠨ ᠵᠢᠱ᠌ᠢᠶ᠎ᠡ ᠬᠣᠶᠠᠷ ᠪᠡᠭᠡᠵᠢᠩ ᠬᠤᠲᠠ᠎ᠶ᠋ᠢᠨ ᠡᠮ᠎ᠤᠨ ᠫᠠᠨᠽᠠᠴᠢᠨ ᠢᠦᠶ ᠣᠪᠣᠭ᠍ᠲᠤ ᠡᠷ᠎ᠡ ᠡᠮ᠎ᠡ ᠬᠤᠶᠠᠭᠤᠯᠠ᠎ᠶ᠋ᠢᠨ ᠡᠮᠴᠢᠯᠡᠭᠡᠨ᠎ᠤ ᠳᠠᠭᠠᠳᠭᠠᠯ᠎ᠤᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠬᠡᠷᠡᠭ
2024 ᠣᠨ᠎ᠳᠤ᠂ ᠪᠡᠭᠡᠵᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠬᠠᠮᠵᠢᠯᠴᠠᠨ ᠡᠮᠴᠢᠯᠡᠭᠡᠨ᠎ᠦ ᠳᠠᠭᠠᠳᠭᠠᠯ᠎ᠤᠨ 《 ᠪᠤᠴᠠᠯ ᠡᠮ 》᠎ᠢ ᠫᠠᠨᠽᠠᠯᠠᠬᠤ ᠶᠠᠯᠠᠲᠤ ᠡᠪᠰᠡᠯ ᠪᠦᠯᠦᠭ᠎ᠤᠨ ᠲᠤᠰᠭᠠᠶ ᠠᠵᠢᠯᠯᠠᠭ᠋ᠠᠨ᠎ᠳᠤ ᠴᠣᠬᠢᠯᠲᠠ ᠥᠭ᠌ᠬᠦ ᠳᠤᠮᠳᠠ᠂ ᠲᠣᠮᠣ ᠳ᠋ᠠᠢᠲ᠋ᠠ᠎ᠶ᠋ᠢᠨ ᠱᠢᠭ᠌ᠰᠢᠨ ᠪᠠᠢᠴᠠᠭᠠᠯᠲᠠ᠎ᠪᠠᠷ ᠳᠠᠮᠵᠢᠨ ᠬᠡᠪ᠎ᠤᠨ ᠪᠤᠰᠤ ᠳ᠋ᠠᠢᠲ᠋ᠠ᠎ᠶ᠋ᠢ ᠢᠯᠡᠷᠡᠭᠦᠯᠦᠭ᠌ᠰᠡᠨ ᠪᠥᠭᠡᠳ ᠬᠠᠷᠠᠯᠲᠠ᠎ᠪᠠᠨ ᠭᠠᠳᠠᠨ᠎ᠠ ᠣᠷᠣᠨ᠎ᠠᠴᠠ ᠪᠡᠭᠡᠵᠢᠩ᠎ᠳᠤ ᠢᠷᠡᠵᠦ᠍ ᠬᠥᠯᠥᠰᠥᠨ ᠠᠵᠢᠯ ᠬᠢᠭ᠌ᠰᠡᠳ ᠢᠦᠶ ᠣᠪᠣᠭ᠍ᠲᠤ᠂ ᠸᠠᠩ ᠣᠪᠣᠭ᠍ᠲᠤ ᠡᠷ᠎ᠡ ᠡᠮ᠎ᠡ ᠬᠤᠶᠠᠭᠤᠯᠠ ᠵᠦᠭ ᠬᠠᠨᠳᠤᠭᠤᠯᠵᠠᠢ᠃ 2024 ᠣᠨ᠎ᠤ 12 ᠳ᠋ᠤᠭ᠋ᠠᠷ ᠰᠠᠷ᠎ᠠ᠎ᠶ᠋ᠢᠨ 10 ᠤ ᠡᠳᠦᠷ᠂ ᠪᠡᠭᠡᠵᠢᠩ᠎ᠤᠨ ᠴᠤᠤᠶᠠᠩ᠎ᠤᠨ ᠴᠠᠭ᠍ᠳᠠᠭᠠᠨ᠎ᠤ ᠲᠠᠯ᠎ᠠ᠎ᠶ᠋ᠢᠨ᠎ᠬᠢᠨ ᠢᠦᠢ ᠣᠪᠣᠭ᠍ᠲᠤ᠂ ᠸᠠᠩ ᠣᠪᠣᠭ᠍ᠲᠤ ᠡᠷ᠎ᠡ ᠡᠮ᠎ᠡ ᠬᠤᠶᠠᠭᠤᠯᠠ᠎ᠶ᠋ᠢ ᠪᠠᠷᠢᠪᠴᠢᠯᠠᠬᠤ᠎ᠶ᠋ᠢᠨ ᠬᠠᠮᠲᠤ ᠲᠦᠷᠢᠶᠡᠰᠦᠯᠡᠭ᠌ᠰᠡᠨ ᠬᠥᠮᠥᠷᠭᠡ᠎ᠳᠤ ᠬᠡᠷᠡᠭ᠎ᠲᠤ ᠬᠤᠯᠪᠣᠭ᠍ᠳᠠᠭ᠍ᠰᠠᠨ 57 ᠲᠥᠷᠥᠯ᠎ᠤᠨ ᠡᠮ᠎ᠦᠨ ᠵᠦᠢ᠍ᠯ ᠨᠡᠢᠲᠡ 2932 ᠬᠠᠢᠷᠴᠠᠭ ᠣᠯᠵᠠᠶ᠃ ᠬᠤᠶᠠᠷ ᠬᠥᠮᠦᠨ ᠬᠡᠷᠡᠭ᠎ᠲᠤ ᠬᠦᠷᠦᠭ᠌ᠰᠡᠨ᠎ᠤ ᠳᠠᠷᠠᠭ᠎ᠠ᠂ ᠶᠠᠯ᠎ᠠ ᠬᠢᠭ᠌ᠰᠡᠨ ᠪᠣᠳᠠᠲᠤ ᠶᠠᠪᠤᠳᠠᠯ᠎ᠢᠶᠠᠨ ᠨᠢᠭᠤᠯ ᠦᠭᠡᠢ ᠮᠡᠳᠡᠷᠡᠵᠦ᠍᠂ ᠭᠡᠨᠡᠳᠲᠡ᠎ᠶ᠋ᠢᠨ ᠲᠣᠬᠢᠶᠠᠯ᠎ᠢᠶᠠᠷ ᠡᠮ ᠬᠤᠷᠢᠶᠠᠬᠤ ᠴᠣᠭᠯᠠᠷᠠᠯ᠎ᠳᠤ ᠣᠷᠣᠭᠰᠠᠨ᠎ᠤ ᠳᠠᠷᠠᠭ᠎ᠠ᠂ ᠶᠡᠭᠡ ᠬᠡᠮᠵᠢᠶᠡᠨ᠎ᠤ 《 ᠥᠨᠳᠥᠷ ᠦᠨ᠎ᠡ᠎ᠪᠠᠷ ᠡᠮ ᠬᠤᠷᠢᠶᠠᠬᠤ 》 ᠨᠡᠷ᠎ᠡ᠎ᠶ᠋ᠢᠨ ᠬᠠᠭᠤᠳᠠᠰᠤ᠎ᠶ᠋ᠢ ᠳᠠᠷᠤᠮᠠᠯᠯᠠᠵᠤ᠂ ᠰᠠᠭᠤᠭ᠎ᠠ ᠭᠠᠵᠠᠷ᠎ᠤᠨ ᠤᠢ᠍ᠢᠷ᠎ᠠ ᠬᠠᠪᠢ᠎ᠶ᠋ᠢᠨ ᠨᠣᠭᠤᠭ᠎ᠠ᠎ᠶ᠋ᠢᠨ ᠵᠠᠬ᠎ᠠ ᠳᠡᠯᠭᠡᠭᠦᠷ᠂ ᠰᠠᠭᠤᠭ᠋ᠠᠯᠢ ᠠᠷᠠᠳ᠎ᠤᠨ ᠲᠣᠭᠤᠷᠢᠭ᠎ᠤᠨ ᠡᠷᠬᠢᠨ ᠲᠣᠭᠤᠷᠢᠨ᠎ᠳᠤ ᠲᠠᠷᠬᠠᠭ᠋ᠠᠵᠤ᠂ ᠰᠠᠨᠠᠭᠠᠴᠢᠯᠠᠭ᠎ᠠ᠎ᠠᠴᠠ᠎ᠪᠠᠨ ᠵᠠᠮ ᠥᠩᠭᠡᠷᠡᠬᠦ᠌ ᠨᠠᠰᠤᠲᠠᠨ᠎ᠠᠴᠠ ᠢᠯᠡᠭᠦᠴᠡ ᠡᠮᠴᠢᠯᠡᠭᠡᠨ᠎ᠦ ᠳᠠᠭᠠᠳᠭᠠᠯ᠎ᠤᠨ ᠡᠮ ᠪᠠᠢᠬᠤ ᠡᠰᠡᠬᠦ᠌᠎ᠶ᠋ᠢ ᠯᠠᠪᠯᠠᠨ ᠠᠰᠠᠭᠤᠪᠠ᠃ 2024 ᠣᠨ᠎ᠳᠤ ᠢᠤᠢ ᠣᠪᠣᠭ᠍ᠲᠤ᠂ ᠸᠠᠩ ᠣᠪᠣᠭ᠍ᠲᠤ ᠵᠠᠬ᠎ᠠ ᠳᠡᠯᠭᠡᠭᠦᠷ᠎ᠤᠨ ᠦᠨ᠎ᠡ᠎ᠠᠴᠠ 0.5 - 5 ᠲᠥᠭᠦᠷᠢᠭ ᠳᠤᠤᠷ᠎ᠠ ᠦᠨ᠎ᠡ᠎ᠪᠠᠷ ᠨᠠᠰᠤᠲᠠᠨ᠎ᠤ ᠭᠠᠷ᠎ᠠᠴᠠ ᠡᠮ ᠬᠤᠳᠠᠯᠳᠤᠨ ᠠᠪᠴᠤ᠌᠂ ᠳᠠᠬᠢᠨ 1 - 2 ᠲᠥᠭᠦᠷᠢᠭ ᠨᠡᠮᠡᠵᠦ ᠳᠣᠣᠷ᠎ᠠ ᠭᠠᠷ᠎ᠲᠤ ᠱᠢᠯᠵᠢᠭᠦᠯᠦᠨ ᠬᠤᠳᠠᠯᠳᠤᠵᠤ ᠪᠠᠢ᠌ᠵᠠᠢ᠃ ᠬᠢᠨᠠᠨ ᠬᠠᠷᠭᠤᠭᠤᠯᠤᠭ᠍ᠰᠠᠨ᠎ᠢᠶᠠᠷ᠂ ᠬᠡᠷᠡᠭ᠎ᠲᠤ ᠬᠤᠯᠪᠣᠭ᠍ᠳᠠᠭ᠍ᠰᠠᠨ ᠡᠮ᠎ᠤᠨ ᠵᠦᠢᠯ᠎ᠤᠨ ᠵᠣᠭᠤᠰ᠎ᠤᠨ ᠲᠤᠭ᠎ᠠ 11 ᠲᠦᠮᠡ ᠭᠠᠷᠤᠶ ᠲᠥᠭᠦᠷᠢᠭ᠎ᠲᠤ ᠬᠦᠷᠴᠡᠶ᠃ 2025 ᠣᠨ᠎ᠤ 5 ᠳ᠋ᠤᠭ᠋ᠠᠷ ᠰᠠᠷ᠎ᠠ᠎ᠳᠤ᠂ ᠢᠦᠶ ᠣᠪᠣᠭ᠍ᠲᠤ᠂ ᠸᠠᠩ ᠣᠪᠣᠭ᠍ᠲᠤ ᠬᠤᠶᠠᠭᠤᠯᠠ᠎ᠶ᠋ᠢ ᠴᠥᠮ ᠪᠡᠭᠡᠵᠢᠩ᠎ᠤᠨ ᠴᠤᠤᠶᠠᠩ᠎ᠤᠨ ᠱᠢᠭᠦᠬᠦ᠌ ᠬᠤᠷᠢᠶ᠎ᠠ ᠡᠴᠡ ᠨᠢᠭᠤᠵᠤ ᠳᠠᠯᠳᠠᠯᠠᠬᠤ ᠶᠠᠯ᠎ᠠ᠎ᠪᠠᠷ 1 ᠵᠢᠯ 2 ᠰᠠᠷ᠎ᠠ ᠬᠤᠭᠤᠴᠠᠭ᠎ᠠ᠎ᠲᠠᠢ ᠬᠤᠷᠢᠬᠤ᠎ᠪᠠᠷ ᠰᠢᠢ᠍ᠳᠬᠡᠵᠦ᠂ 1 ᠵᠢᠯ 6 ᠰᠠᠷ᠎ᠠ ᠡᠷᠡᠭᠦᠦ ᠱᠢᠢᠳᠭᠡᠯ ᠬᠣᠢ᠌ᠰᠢᠯᠠᠭᠤᠯᠵᠤ᠂ 2 ᠲᠦᠮᠡᠨ ᠲᠥᠭᠦᠷᠢᠭ ᠵᠣᠭᠤᠰ᠎ᠢᠶᠠᠷ ᠲᠣᠷᠭᠠᠪᠡ᠃ ᠲᠠᠷᠠᠭᠠᠴᠢ᠎ᠶ᠋ᠢᠨ ᠠᠯᠬᠤᠮ᠎ᠳᠤ᠂ ᠪᠡᠭᠡᠵᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠡᠮ᠎ᠤᠨ ᠵᠦᠢᠯ᠎ᠢ ᠱᠢᠯᠵᠢᠭᠦᠯᠦᠨ ᠬᠤᠳᠠᠯᠳᠤᠭ᠍ᠰᠠᠨ ᠬᠡᠷᠡᠭ᠎ᠲᠤ ᠬᠤᠯᠪᠣᠭ᠍ᠳᠠᠭ᠍ᠰᠠᠨ ᠳᠠᠭᠠᠳᠭᠠᠯ᠎ᠳᠤ ᠣᠷᠣᠯᠴᠠᠭ᠍ᠰᠠᠳ᠎ᠢ ᠬᠠᠤᠯᠢ ᠶᠣᠰᠣᠭᠠᠷ ᠵᠠᠰᠠᠭ ᠵᠠᠬᠢᠷᠭᠠᠨ᠎ᠤ ᠰᠢᠢ᠍ᠳᠪᠦᠷᠢᠯᠡᠯᠲᠡ᠂ ᠵᠠᠰᠠᠭ ᠵᠠᠬᠢᠷᠭᠠᠨ᠎ᠤ ᠰᠢᠢ᠍ᠳᠬᠡᠯ ᠥᠭᠪᠡ᠃
ᠬᠡᠷᠡᠭ᠎ᠤᠨ ᠵᠢᠱ᠌ᠢᠶ᠎ᠡ ᠭᠤᠷᠪᠠ ᠬᠤᠪᠸᠢ ᠮᠤᠵᠢ᠎ᠶ᠋ᠢᠨ ᠱᠢᠶᠤᠤᠭᠠᠨ ᠬᠤᠲᠠ᠎ᠶ᠋ᠢᠨ ᠳᠠᠭᠠᠳᠭᠠᠯ᠎ᠳᠤ ᠣᠷᠣᠯᠴᠠᠭᠴᠢ ᠴᠢᠦ ᠣᠪᠣᠭ᠍ᠲᠤ᠂ ᠺᠧ ᠣᠪᠣᠭ᠍ᠲᠤ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ᠎ᠤ ᠬᠠᠷᠠᠭᠠᠯᠵᠠᠯ᠎ᠢ ᠠᠱᠢᠭ᠍ᠯᠠᠨ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠬᠡᠷᠡᠭ
2022 ᠣᠨ᠎ᠤ 10 ᠳ᠋ᠤᠭ᠋ᠠᠷ ᠰᠠᠷ᠎ᠠ᠎ᠶ᠋ᠢᠨ 18 ᠤ ᠡᠳᠦᠷ᠂ ᠬᠤᠪᠸᠢ ᠮᠤᠵᠢ᠎ᠶ᠋ᠢᠨ ᠱᠢᠶᠤᠤᠭᠠᠨ ᠬᠤᠲᠠ᠎ᠶ᠋ᠢᠨ ᠶᠦᠨᠮᠧᠩ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠡᠳᠦᠷ ᠲᠤᠲᠤᠮ᠎ᠤᠨ ᠪᠠᠢᠴᠠᠭᠠᠬᠤ ᠠᠵᠢᠯ᠎ᠤᠨ ᠳᠤᠮᠳᠠ᠂ ᠶᠦᠨᠮᠧᠩ ᠱᠢᠶᠠᠨ᠎ᠤ ᠬᠢᠲᠠᠳ ᠡᠮᠨᠡᠯᠭᠡ᠎ᠶ᠋ᠢᠨ ᠬᠤᠷᠢᠶᠠᠨ᠎ᠤ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠲᠡᠨ ᠴᠢᠦ ᠣᠪᠣᠭ᠍ᠲᠤ᠂ ᠺᠧ ᠣᠪᠣᠭ᠍ᠲᠤ᠎ᠶ᠋ᠢᠨ ᠡᠭᠦᠳᠡᠨ ᠡᠮᠨᠡᠯᠭᠡ᠎ᠶ᠋ᠢᠨ ᠡᠮ ᠬᠤᠳᠠᠯᠳᠤᠨ ᠠᠪᠴᠤ᠌ ᠲᠠᠩᠰᠠ ᠲᠠᠢᠯᠬᠤ ᠵᠣᠭᠤᠰ᠎ᠤᠨ ᠲᠤᠭ᠎ᠠ ᠬᠡᠪ᠎ᠤᠨ ᠪᠤᠰᠤ ᠥᠨᠳᠥᠷ ᠪᠠᠢᠬᠤ᠎ᠶ᠋ᠢ ᠣᠯᠵᠤ ᠮᠡᠳᠡᠵᠡᠢ᠃ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠣᠰ ᠬᠡᠪ᠎ᠤᠨ ᠪᠤᠰᠤ ᠪᠠᠢᠳᠠᠯ᠎ᠳᠤ ᠳᠠᠷᠤᠶ ᠲᠦᠷᠭᠡᠨ ᠭᠦᠨᠵᠡᠭᠡᠶ ᠵᠠᠳᠠᠯᠤᠯᠲᠠ ᠬᠢᠵᠦ᠍ ᠰᠤᠳᠤᠯᠤᠨ ᠮᠠᠭᠠᠳᠯᠠᠬᠤ᠎ᠶ᠋ᠢᠨ ᠬᠠᠮᠲᠤ ᠬᠠᠮᠢᠶ᠎ᠠ ᠪᠥᠬᠦᠶ ᠰᠦᠪᠡᠭ᠌ᠴᠢ᠎ᠶ᠋ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠳᠡᠩᠨᠡᠨ ᠰᠢᠢ᠍ᠳᠪᠦᠷᠢᠯᠡᠭᠦᠯᠪᠡ᠃ ᠪᠠᠢᠴᠠᠭᠠᠭ᠍ᠰᠠᠨ᠎ᠢᠶᠠᠷ᠂ ᠴᠢᠦ ᠣᠪᠣᠭ᠍ᠲᠤ᠂ ᠺᠧ ᠣᠪᠣᠭ᠍ᠲᠤ ᠬᠠᠤᠯᠢ ᠪᠤᠰᠤ᠎ᠪᠠᠷ ᠡᠵᠡᠮᠱᠢᠬᠦ᠌᠎ᠪᠠᠷ ᠵᠣᠷᠢᠯᠭ᠎ᠠ ᠪᠣᠯᠭᠠᠵᠤ᠂ ᠲᠣᠰ ᠪᠡᠶ᠎ᠡ᠎ᠶ᠋ᠢᠨ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ᠎ᠤ ᠡᠮᠴᠢᠯᠡᠭᠡᠨ᠎ᠦ ᠳᠠᠭᠠᠳᠭᠠᠯ᠎ᠤᠨ ᠬᠠᠷᠠᠭᠠᠯᠵᠠᠯ᠎ᠢ ᠠᠱᠢᠭ᠍ᠯᠠᠨ᠂ ᠬᠠᠭᠤᠷᠮᠠᠭ᠎ᠢᠶᠠᠷ ᠡᠷᠬᠡᠲᠡᠨ ᠰᠢᠯᠵᠢᠭᠦᠯᠦᠨ ᠤᠷᠭᠤᠭᠤᠯᠬᠤ ᠭᠠᠳᠠᠭ᠍ᠰᠢᠯᠠᠭᠤᠯᠤᠯᠲᠠ᠎ᠶ᠋ᠢ ᠡᠰᠡᠷᠭᠦᠴᠡᠬᠦ᠌ ᠡᠮ᠎ᠤᠨ ᠵᠦᠢ᠍ᠯ᠎ᠢ ᠬᠤᠳᠠᠯᠳᠤᠬᠤ᠎ᠶ᠋ᠢᠨ ᠬᠠᠮᠲᠤ ᠡᠲᠡᠭᠡᠷ ᠡᠮ᠎ᠤᠨ ᠵᠦᠢ᠍ᠯ᠎ᠢ ᠫᠠᠨᠽᠠᠯᠠᠭᠰᠠᠨ᠎ᠠᠴᠠ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠬᠦᠨᠳᠦ ᠨᠣᠴᠢᠲᠠᠶ ᠬᠤᠬᠢᠷᠠᠯ᠎ᠳᠤ ᠤᠴᠠᠷᠠᠭᠤᠯᠪᠠ᠃ ᠡᠭᠦᠨ᠎ᠳᠤ᠂ ᠴᠢᠦ ᠣᠪᠣᠭ᠍ᠲᠤ᠎ᠶ᠋ᠢᠨ ᠬᠡᠷᠡᠭ᠎ᠲᠤ ᠬᠤᠯᠪᠣᠭ᠍ᠳᠠᠭ᠍ᠰᠠᠨ ᠵᠣᠭᠤᠰ᠎ᠤᠨ ᠲᠤᠭ᠎ᠠ᠎ᠨᠢ 181823.75 ᠲᠥᠭᠦᠷᠢᠭ᠎ᠲᠤ ᠬᠦᠷᠴᠦ᠍᠂ ᠺᠧ ᠣᠪᠣᠭ᠍ᠲᠤ᠎ᠶ᠋ᠢᠨ ᠬᠡᠷᠡᠭ᠎ᠲᠤ ᠬᠤᠯᠪᠣᠭ᠍ᠳᠠᠭ᠍ᠰᠠᠨ ᠵᠣᠭᠤᠰ᠎ᠤᠨ ᠲᠤᠭ᠎ᠠ᠎ᠨᠢ 77851.73 ᠲᠥᠭᠦᠷᠢᠭ ᠪᠠᠢ᠌ᠵᠤ᠂ ᠬᠤᠶᠠᠷ ᠬᠥᠮᠦᠨ᠎ᠤ ᠬᠠᠮᠲᠤ᠎ᠶ᠋ᠢᠨ ᠶᠠᠯ᠎ᠠ ᠬᠢᠭ᠌ᠰᠡᠨ ᠵᠣᠭᠤᠰ᠎ᠤᠨ ᠲᠤᠭ᠎ᠠ᠎ᠨᠢ 40825.78 ᠲᠥᠭᠦᠷᠢᠭ ᠪᠣᠯᠤᠨ᠎ᠠ᠃ 2025 ᠣᠨ᠎ᠤ 6 ᠳ᠋ᠤᠭ᠋ᠠᠷ ᠰᠠᠷ᠎ᠠ᠎ᠶ᠋ᠢᠨ 23 ᠤ ᠡᠳᠦᠷ᠂ ᠱᠢᠭᠦᠬᠦ᠌ ᠬᠤᠷᠢᠶ᠎ᠠ ᠡᠴᠡ ᠺᠧ ᠣᠪᠣᠭ᠍ᠲᠤ᠎ᠶᠢ 2 ᠵᠢᠯ ᠬᠤᠭᠤᠴᠠᠭ᠎ᠠ᠎ᠲᠠᠢ ᠬᠤᠷᠢᠬᠤ᠎ᠶ᠋ᠢᠨ ᠬᠠᠮᠲᠤ 5000 ᠲᠥᠭᠦᠷᠢᠭ ᠵᠣᠭᠤᠰ᠎ᠢᠶᠠᠷ ᠲᠣᠷᠭ᠋ᠠᠨ᠎ᠠ; ᠴᠢᠦ ᠣᠪᠣᠭ᠍ᠲᠤ᠎ᠶ᠋ᠢ 3 ᠵᠢᠯ 9 ᠰᠠᠷ᠎ᠠ ᠬᠤᠭᠤᠴᠠᠭ᠎ᠠ᠎ᠲᠠᠢ ᠬᠤᠷᠢᠬᠤ᠎ᠶ᠋ᠢᠨ ᠬᠠᠮᠲᠤ 20000 ᠲᠥᠭᠦᠷᠢᠭ ᠵᠣᠭᠤᠰ᠎ᠢᠶᠠᠷ ᠲᠣᠷᠭ᠋ᠠᠵᠤ᠂ ᠡᠭᠦᠨ᠎ᠦ ᠬᠠᠮᠲᠤ ᠬᠤᠶᠠᠷ ᠬᠥᠮᠦᠨ᠎ᠤ ᠬᠠᠤᠯᠢ ᠵᠥᠷᠢᠴᠡᠭ᠌ᠰᠡᠨ ᠪᠥᠬᠦ᠌ ᠠᠰᠢᠭ᠎ᠢ ᠬᠠᠤᠯᠢ ᠶᠣᠰᠣᠭᠠᠷ ᠨᠡᠬᠡᠮᠵᠢᠯᠡᠨ ᠲᠤᠱᠢᠶᠠᠯᠭᠠᠪᠠ᠃
ᠬᠡᠷᠡᠭ᠎ᠤᠨ ᠵᠢᠱ᠌ᠢᠶ᠎ᠡ ᠳᠥᠷᠪᠡ ᠱᠠᠩᠬᠠᠶ ᠬᠤᠲᠠ᠎ᠶ᠋ᠢᠨ ᠳᠠᠭᠠᠳᠭᠠᠯ᠎ᠳᠤ ᠣᠷᠣᠯᠴᠠᠭ᠍ᠴᠢ ᠬᠤ᠌ ᠣᠪᠣᠭ᠍ᠲᠤ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠰᠡᠵᠢᠭᠯᠡᠭᠳᠡᠭᠰᠡᠨ ᠬᠡᠷᠡᠭ
2025 ᠣᠨ᠎ᠤ᠋ 2 ᠳ᠋ᠤᠭ᠋ᠠᠷ ᠰᠠᠷ᠎ᠠ᠎ᠳ᠋ᠤ ᠂ ᠡᠮᠴᠢᠯᠡᠭᠡᠨ᠎ᠦ ᠳᠠᠭᠠᠳᠭᠠᠯ᠎ᠤ᠋ᠨ ᠰᠠᠯᠠᠭ᠎ᠠ ᠮᠥᠴᠢᠷ ᠲᠣᠮᠣ ᠳ᠋ᠠᠢ᠌ᠲ᠋ᠠ᠎ᠶᠢᠨ ᠵᠠᠳᠠᠯᠤᠯᠲᠠ᠎ᠪᠠᠷ ᠳᠠᠮᠵᠢᠨ᠂ 74 ᠨᠠᠰᠤᠲᠠᠢ ᠱᠠᠩᠬᠠᠢ ᠬᠣᠲᠠ᠎ᠶᠢᠨ ᠠᠵᠢᠯᠲᠠᠨ ᠠᠵᠢᠯᠴᠢᠨ᠎ᠤ᠋ ᠡᠮᠴᠢᠯᠡᠭᠡᠨ᠎ᠦ ᠳᠠᠭᠠᠳᠭᠠᠯ᠎ᠤ᠋ᠨ ᠠᠵᠢᠯ᠎ᠠ᠋ᠴᠠ᠎ᠪᠠᠨ ᠪᠠᠭᠤᠵᠤ ᠠᠮᠠᠷᠠᠭ᠍ᠰᠠᠨ ᠬᠥᠮᠦᠨ ᠬᠤ᠌ ᠣᠪᠣᠭ᠍ᠲᠤ 2024 ᠣᠨ᠎ᠤ᠋ 11 ᠳ᠋ᠤᠭᠡᠷ ᠰᠠᠷ᠎ᠠ᠎ᠶᠢᠨ 12 ᠦ᠋ᠨ ᠡᠳᠦᠷ ᠱᠠᠩᠬᠠᠢ᠎ᠶᠢᠨ ᠨᠢᠭᠡᠨ ᠡᠭᠦᠳᠡᠨ ᠡᠮᠨᠡᠯᠭᠡ᠎ᠶᠢᠨ ᠭᠠᠵᠠᠷᠠ᠋ᠴᠠ ᠬᠤᠳᠠᠯᠳᠤᠨ ᠠᠪᠤᠭ᠍ᠰᠠᠨ ᠡᠮ᠎ᠦ᠋ᠨ ᠵᠦᠢᠯᠡᠰ ᠨᠢ᠂ 2025 ᠣᠨ᠎ᠤ᠋ 1 ᠳ᠋ᠤᠭ᠋ᠠᠷ ᠰᠠᠷ᠎ᠠ᠎ᠶᠢᠨ 18 ᠤ᠋ ᠡᠳᠦᠷ ᠭᠠᠳᠠᠷ ᠮᠣᠵᠢ ᠬᠣᠲᠠ᠎ᠶᠢᠨ ᠨᠢᠭᠡᠨ ᠡᠮ᠎ᠦ᠋ᠨ ᠳᠡᠯᠭᠡᠭᠦᠷ᠎ᠲᠦ᠍ ᠳᠠᠬᠢᠨᠲᠠ ᠪᠣᠷᠣᠯᠠᠭᠤᠯᠤᠭᠳᠠᠵᠤ᠂ 《 ᠪᠤᠴᠠᠯ ᠡᠮ 》᠎ᠢ᠋ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠰᠡᠵᠢᠭ᠌ᠯᠡᠯᠲᠡᠢ ᠪᠠᠢ᠌ᠬᠤ᠎ᠶᠢ ᠣᠯᠵᠤ ᠮᠡᠳᠡᠵᠡᠢ᠃ ᠱᠠᠩᠬᠠᠢ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠠᠷᠤᠶ ᠲᠦᠷᠭᠡᠨ ᠲᠤᠰᠭᠠᠶ ᠬᠢᠨᠠᠨ ᠪᠠᠢᠴᠠᠭᠠᠯᠲᠠ᠎ᠶ᠋ᠢ ᠡᠬᠢᠯᠡᠭᠦᠯᠵᠦ᠍᠂ ᠬᠢᠨᠠᠨ ᠬᠠᠷᠭᠤᠭᠤᠯᠵᠤ ᠯᠠᠪᠯᠠᠨ ᠠᠰᠠᠭᠤᠭᠰᠠᠨ᠎ᠢᠶᠠᠷ᠂ ᠬᠤ᠌ ᠣᠪᠣᠭ᠍ᠲᠤ ᠰᠠᠨᠠᠭ᠎ᠠ ᠵᠢᠷᠦᠬᠡ ᠲᠣᠭ᠍ᠲᠠᠭᠤᠨ ᠪᠣᠯᠭ᠋ᠠᠬᠤ ᠮᠥᠬᠦᠯᠢᠭ ᠡᠮ᠂ ᠬᠤᠳᠣᠭᠤᠳᠣᠨᠤ ᠹᠦ᠋ ᠴᠦᠨ ᠬᠤᠮᠵᠢᠶ᠎ᠠ ᠡᠮ ᠵᠡᠷᠭᠡ ᠡᠮ᠎ᠤᠨ ᠵᠦᠢᠯᠡᠰ᠎ᠢ ᠫᠠᠨᠽᠠᠯᠠᠭᠰᠠᠨ ᠪᠣᠳᠠᠲᠤ ᠶᠠᠪᠤᠳᠠᠯ᠎ᠢᠶᠡᠨ ᠮᠡᠳᠡᠷᠡᠬᠦ᠌᠎ᠶ᠋ᠢᠨ ᠬᠠᠮᠲᠤ ᠪᠤᠰᠤᠳ ᠬᠥᠮᠦᠨ᠎ᠳᠤ ᠱᠢᠬᠢᠷ ᠱᠢᠵᠢᠩ ᠡᠪᠡᠳᠴᠢᠨ᠂ ᠫᠠᠷᠭᠢᠨᠰᠤᠨ ᠡᠪᠡᠳᠴᠢᠨ ᠵᠡᠷᠭᠡ ᠬᠤᠯᠪᠣᠭ᠍ᠳᠠᠯ ᠪᠥᠬᠦᠶ ᠬᠡᠷᠡᠭᠯᠡᠬᠦ ᠡᠮ ᠬᠤᠳᠠᠯᠳᠤᠵᠠᠢ᠃ ᠱᠠᠩᠬᠠᠢ ᠬᠤᠳᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠠᠭᠠᠳᠭᠠᠯ᠎ᠳᠤ ᠣᠷᠣᠯᠴᠠᠭᠴᠢ ᠬᠤ᠌ ᠣᠪᠣᠭ᠍ᠲᠤ᠎ᠶᠢ ᠬᠠᠤᠯᠢ ᠲᠣᠭ᠍ᠲᠠᠭᠠᠯ ᠶᠣᠰᠣᠭᠠᠷ ᠱᠢᠢᠳᠪᠦᠷᠢᠯᠡᠵᠦ᠍᠂ ᠬᠤᠬᠢᠷᠠᠯ᠎ᠤᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 5223.31 ᠲᠥᠭᠦᠷᠢᠭ᠎ᠢ ᠨᠡᠬᠡᠮᠵᠢᠯᠡᠨ ᠠᠪᠤᠭ᠍ᠰᠠᠨ ᠪᠥᠭᠡᠳ 13320.00 ᠲᠥᠭᠦᠷᠢᠭ ᠵᠣᠭᠤᠰ᠎ᠢᠶᠠᠷ ᠲᠣᠷᠭᠠᠪᠡ᠃ ᠣᠳᠣᠬᠠᠨ᠎ᠳᠤ᠂ ᠬᠡᠷᠡᠭ᠎ᠢ ᠨᠢᠭᠡᠨᠲᠡ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠤᠯᠠᠮ ᠨᠢᠭᠡ ᠠᠯᠬᠤᠮ ᠳᠡᠩᠨᠡᠨ ᠱᠢᠢᠳᠪᠦᠷᠢᠯᠡᠭᠦᠯᠪᠡ᠃
ᠬᠡᠷᠡᠭ᠎ᠦ᠋ᠨ ᠵᠢᠱ᠌ᠢᠶ᠎ᠡ ᠲᠠᠪᠤ ᠰᠢᠨᠵᠢᠶᠠᠩ᠎ᠤ᠋ᠨ ᠣᠢ᠌ᠭᠤᠷ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ᠋ ᠺᠠᠷᠠᠮᠠᠢ ᠬᠣᠲᠠ᠎ᠶᠢᠨ ᠳᠠᠭᠠᠳᠭᠠᠯ᠎ᠳ᠋ᠤ ᠣᠷᠣᠯᠴᠠᠭ᠍ᠴᠢ ᠲᠠᠨ ᠣᠪᠣᠭᠲᠤ ᠬᠤᠳᠠᠯ ᠬᠠᠭᠤᠷᠮᠠᠭ ᠫᠢᠶᠣᠣ ᠪᠠᠷᠢᠮᠲᠠ ᠭᠠᠷᠭᠠᠵᠤ ᠳᠠᠭᠠᠳᠭᠠᠯ ᠮᠡᠬᠡᠯᠡᠭᠰᠡᠨ ᠬᠡᠷᠡᠭ
ᠱᠢᠨᠵᠢᠶᠠᠩ᠎ᠤᠨ ᠣᠢᠭᠣᠷ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠺᠷᠠᠮᠠᠢ ᠬᠣᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ᠂ ᠣᠨᠳᠣᠣ ᠭᠠᠵᠠᠷ᠎ᠲᠤ ᠳᠠᠩᠰᠠ ᠲᠠᠢ᠌ᠯᠤᠭᠰᠠᠨ ᠪᠠᠷᠢᠮᠲᠠ᠎ᠶ᠋ᠢ ᠬᠢᠨᠠᠬᠤ᠎ᠳᠤ᠎ᠪᠠᠨ ᠠᠨᠾᠦᠶ᠋ᠢ᠎ᠳᠤ ᠤᠳᠠᠭ᠋ᠠᠨ ᠠᠮᠢᠳᠤᠷᠠᠭᠰᠠᠨ ᠠᠵᠢᠯ᠎ᠠᠴᠠ᠎ᠪᠠᠨ ᠠᠮᠠᠷᠠᠭ᠍ᠰᠠᠨ ᠲᠠᠨ ᠣᠪᠣᠭᠲᠤ᠎ᠶᠢᠨ ᠲᠤᠱᠢᠶᠠᠭ᠍ᠰᠠᠨ ᠫᠢᠶᠤᠤ ᠪᠠᠷᠢᠮᠲᠠ᠎ᠳᠤ ᠣᠷᠣᠱᠢᠵᠤ ᠪᠠᠢᠭ᠎ᠠ ᠵᠣᠭᠣᠰ᠎ᠤᠨ ᠲᠣᠭ᠎ᠠ ᠨᠢ ᠬᠠᠭᠤᠷᠮᠠᠭ ᠥᠨᠳᠥᠷ᠂ ᠲᠥᠷᠥᠯ ᠵᠦᠢᠯ ᠨᠢ ᠨᠡᠢᠴᠡᠬᠦ᠌ ᠦᠭᠡᠶ ᠵᠡᠷᠭᠡ ᠰᠡᠵᠢᠭᠯᠡᠯ ᠲᠠᠢ ᠵᠦᠢᠯ᠎ᠢ ᠣᠯᠵᠤ ᠮᠡᠳᠡᠵᠡᠶ᠃ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠣᠲᠣᠭᠠᠳᠤ᠎ᠶ᠋ᠢ ᠬᠠᠮᠠᠭᠠᠯᠠᠬᠤ᠂ ᠬᠠᠤᠯᠢ ᠴᠠᠭᠠᠵᠠ ᠵᠡᠷᠭᠡ ᠣᠯᠠᠨ ᠰᠠᠯᠠᠭ᠎ᠠ ᠮᠥᠴᠢᠷ᠎ᠲᠠᠢ ᠦᠳᠲᠡᠷ ᠲᠦᠷᠭᠡᠨ ᠬᠠᠮᠲᠤᠷᠠᠨ ᠬᠠᠮᠲᠤᠷᠠᠭ᠍ᠰᠠᠨ ᠬᠤᠷᠠᠯ ᠬᠤᠷᠠᠯᠳᠤᠭᠤᠯᠵᠤ᠂ ᠲᠤᠰᠭᠠᠶ ᠠᠵᠢᠯ᠎ᠤᠨ ᠳᠤᠭᠤᠢᠯᠠᠩ᠎ᠢ ᠵᠣᠬᠢᠶᠠᠨ ᠪᠠᠢᠭᠤᠯᠵᠤ ᠮᠤᠵᠢ ᠠᠯᠤᠰᠯᠠᠨ ᠪᠠᠢᠴᠠᠭᠠᠨ ᠬᠠᠷᠭᠤᠭᠤᠯᠬᠤ ᠠᠵᠢᠯ᠎ᠢ ᠥᠷᠨᠢᠭᠦᠯᠪᠡ᠃ ᠪᠠᠢᠴᠠᠭᠠᠭ᠍ᠰᠠᠨ᠎ᠢᠶᠠᠷ᠂ 2011 ᠣᠨ᠎ᠤ 12 ᠳ᠋ᠤᠭ᠋ᠠᠷ ᠰᠠᠷ᠎ᠠ᠎ᠠᠴᠠ 2022 ᠣᠨ᠎ᠤ 1 ᠳ᠋ᠤᠭᠡᠷ ᠰᠠᠷ᠎ᠠ ᠪᠣᠯᠲᠠᠯ᠎ᠠ᠂ ᠲᠠᠨ ᠣᠪᠣᠭᠲᠤ ᠠᠨᠾᠦ᠋ᠢ᠎ᠳᠤ ᠥᠪᠡᠷ᠎ᠤᠨ ᠵᠠᠷᠤᠳᠠᠯ᠎ᠢᠶᠠᠨ ᠳ᠋ᠦᠩᠨᠡᠨ ᠪᠤᠳᠤᠭ᠍ᠰᠠᠨᠤ ᠳᠠᠷᠠᠭ᠎ᠠ᠂ ᠬᠠᠭᠤᠷᠮᠠᠭ᠍ᠯᠠᠨ ᠵᠣᠬᠢᠶᠠᠭ᠍ᠰᠠᠨ᠂ ᠬᠤᠪᠢᠷᠠᠭᠤᠯᠤᠨ ᠵᠣᠬᠢᠶᠠᠭ᠍ᠰᠠᠨ ᠡᠮᠴᠢᠯᠡᠭᠡᠨ᠎ᠤ ᠪᠠᠷᠢᠮᠲᠠ ᠪᠠ ᠵᠠᠷᠤᠳᠠᠯ᠎ᠤᠨ ᠨᠠᠷᠢᠨ ᠳᠠᠩᠰᠠ᠎ᠶ᠋ᠢ ᠬᠤᠳᠠᠯᠳᠤᠨ ᠠᠪᠬᠤ᠎ᠪᠠᠷ ᠳᠠᠮᠵᠢᠭᠤᠯᠤᠨ᠂ ᠤᠷᠢᠳ ᠬᠤᠵᠢᠳ 27 ᠤᠳᠠᠭ᠎ᠠ ᠡᠮᠴᠢᠯᠡᠭᠡᠨ᠎ᠤ ᠳᠠᠭᠠᠳᠭᠠᠯ᠎ᠤᠨ ᠲᠠᠩᠰᠠ ᠲᠠᠢᠯᠬᠤ ᠠᠵᠢᠯ᠎ᠢ ᠮᠡᠬᠡᠯᠡᠨ ᠠᠪᠴᠤ᠌᠂ ᠬᠡᠷᠡᠭ᠎ᠲᠤ ᠬᠤᠯᠪᠣᠭ᠍ᠳᠠᠭ᠍ᠰᠠᠨ ᠵᠣᠭᠤᠰ᠎ᠤᠨ ᠲᠤᠭ᠎ᠠ᠎ᠨᠢ 426218.45 ᠲᠥᠭᠦᠷᠢᠭ᠎ᠲᠤ ᠬᠦᠷᠴᠡᠶ᠃ 2024 ᠣᠨ᠎ᠳᠤ᠂ ᠺᠷᠠᠮᠠᠢ ᠬᠤᠲᠠ᠎ᠶ᠋ᠢᠨ ᠪᠠᠢ ᠵᠢᠶᠠᠨ ᠲᠠᠨ ᠲᠣᠭᠤᠷᠢᠭ᠎ᠤᠨ ᠱᠢᠭᠦᠬᠦ᠌ ᠬᠤᠷᠢᠶ᠎ᠠ ᠲᠠᠨ ᠣᠪᠣᠭᠲᠤ᠎ᠶᠢᠨ ᠮᠡᠬᠡᠯᠡᠯ᠎ᠤᠨ ᠶᠠᠯ᠎ᠠ ᠬᠢᠭᠰᠡᠨ᠎ᠢ ᠬᠠᠤᠯᠢ ᠶᠣᠰᠣᠭᠠᠷ ᠱᠢᠭᠦᠨ ᠲᠠᠰᠤᠯᠵᠤ᠂ ᠭᠤᠷᠪᠠᠨ ᠵᠢᠯ ᠬᠤᠭᠤᠴᠠᠭ᠎ᠠ᠎ᠲᠠᠢ ᠬᠣᠷᠢᠵᠣ᠂ ᠳᠥᠷᠪᠡᠨ ᠵᠢᠯ ᠡᠷᠡᠭᠦᠦ ᠰᠢᠢ᠍ᠳᠬᠡᠯ ᠬᠣᠢ᠌ᠰᠢᠯᠠᠭᠤᠯᠵᠤ᠂ 5 ᠲᠦᠮᠡᠨ ᠲᠥᠭᠦᠷᠢᠭ ᠵᠣᠭᠤᠰ᠎ᠢᠶᠠᠷ ᠲᠣᠷᠭᠠᠬᠤ᠎ᠶ᠋ᠢᠨ ᠬᠠᠮᠲᠤ ᠳᠠᠭᠠᠳᠭᠠᠯ᠎ᠤᠨ ᠪᠡᠯᠡ ᠮᠥᠩᠭᠦ᠎ᠶ᠋ᠢ ᠪᠦᠬᠦ᠌ ᠲᠤᠭ᠎ᠠ᠎ᠪᠠᠷ ᠪᠤᠴᠠᠭ᠋ᠠᠯᠭ᠋ᠠᠬᠤ᠎ᠪᠠᠷ ᠵᠠᠷᠯᠢᠭ᠍ᠳᠠᠪᠠ᠃
ᠬᠡᠷᠡᠭ᠎ᠤᠨ ᠵᠢᠱ᠌ᠢᠶ᠎ᠡ ᠵᠢᠷᠭᠤᠭ᠎ᠠ ᠭᠢᠷᠢᠨ ᠮᠤᠵᠢ᠎ᠶ᠋ᠢᠨ ᠴᠠᠭ᠋ᠠᠨ ᠬᠤᠲᠠ᠎ᠶ᠋ᠢᠨ ᠳᠠᠭᠠᠳᠭᠠᠯ᠎ᠳᠤ ᠣᠷᠣᠯᠴᠠᠭ᠍ᠴᠢ ᠭᠤᠤ ᠣᠪᠣᠭ᠍ᠲᠤ ᠭᠤᠷᠪᠠᠳᠠᠬᠢ ᠬᠥᠮᠦᠨ᠎ᠤ ᠨᠢᠭᠡᠨᠲᠡ ᠥᠭᠭᠦᠭᠰᠡᠨ ᠡᠮᠴᠢᠯᠡᠭᠡᠨ᠎ᠤ ᠵᠠᠷᠤᠳᠠᠯ᠎ᠢ ᠡᠮᠴᠢᠯᠡᠭᠡᠨ᠎ᠦ ᠳᠠᠭᠠᠳᠭᠠᠯ᠎ᠤᠨ ᠳᠠᠬᠢᠨ ᠳᠠᠪᠲᠠᠨ ᠲᠠᠩᠰᠠ ᠲᠠᠢᠯᠬᠤ᠎ᠳᠤ ᠣᠷᠤᠭᠤᠯᠵᠤ ᠳᠠᠭ᠋ᠠᠳᠬᠠᠯ ᠮᠡᠬᠡᠯᠡᠭᠰᠡᠨ ᠬᠡᠷᠡᠭ
2025 ᠣᠨ᠎ᠤ᠋ 4 ᠳ᠋ᠤᠭᠡᠷ ᠰᠠᠷ᠎ᠠ᠎ᠳ᠋ᠤ᠂ ᠬᠢᠷᠢᠨ ᠮᠣᠵᠢ᠎ᠶᠢᠨ ᠴᠠᠭ᠋ᠠᠨ ᠬᠣᠲᠠ᠎ᠶᠢᠨ ᠵᠸᠨ ᠯᠠᠢ ᠰᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠲᠣᠮᠣ ᠳ᠋ᠠᠢ᠌ᠲ᠋ᠠᠳ᠋ᠤ ᠲᠦᠰᠢᠭᠯᠡᠨ ᠬᠣᠲᠠ ᠬᠥᠳᠡᠭᠡ᠎ᠶᠢᠨ ᠰᠠᠭᠤᠭᠠᠯᠢ ᠠᠷᠠᠳ᠎ᠤ᠋ᠨ ᠡᠮᠴᠢᠯᠡᠭᠡᠨ᠎ᠦ ᠳᠠᠭᠠᠳᠭᠠᠯ᠎ᠳ᠋ᠤ ᠣᠷᠣᠯᠴᠠᠭ᠍ᠰᠠᠳ᠎ᠤ᠋ᠨ ᠳᠠᠭᠠᠳᠭᠠᠯ ᠮᠡᠬᠡᠯᠡᠭ᠌ᠰᠡᠨ ᠬᠡᠷᠡᠭ᠂ ᠬᠡᠷᠡᠭ᠎ᠲᠦ᠍ ᠬᠣᠯᠪᠣᠭ᠍ᠳᠠᠭ᠍ᠰᠠᠨ ᠭᠣᠣ ᠣᠪᠣᠭ᠍ᠲᠤ ᠭᠤᠷᠪᠠᠳᠤᠭᠠᠷ ᠬᠥᠮᠦᠨ᠎ᠦ᠌ ᠨᠢᠭᠡᠨᠲᠡ ᠥᠭᠭᠦᠭᠰᠡᠨ ᠡᠮᠴᠢᠯᠡᠭᠡᠨ᠎ᠦ ᠵᠠᠷᠤᠳᠠᠯ᠎ᠢ᠋ ᠡᠮᠴᠢᠯᠡᠭᠡᠨ᠎ᠦ ᠳᠠᠭᠠᠳᠭᠠᠯ᠎ᠤ᠋ᠨ ᠳᠠᠬᠢᠨ ᠳᠠᠩᠰᠠ ᠲᠠᠢᠯᠬᠤ ᠠᠵᠢᠯᠯᠠᠭ᠎ᠠ᠎ᠳ᠋ᠤ ᠣᠷᠣᠭᠤᠯᠵᠤ᠂ ᠡᠮᠴᠢᠯᠡᠭᠡᠨ᠎ᠦ ᠳᠠᠭᠠᠳᠭᠠᠯ᠎ᠤ᠋ᠨ ᠰᠠᠭᠤᠷᠢ ᠮᠥᠩᠭᠥ᠎ᠶᠢ ᠮᠡᠬᠡᠯᠡᠨ ᠠᠪᠤᠭ᠍ᠰᠠᠨ ᠰᠡᠵᠢᠭ᠌ᠯᠡᠯᠲᠡᠢ ᠪᠠᠢ᠌ᠬᠤ᠎ᠶᠢ ᠣᠯᠵᠤ ᠮᠡᠳᠡᠵᠡᠢ᠃ ᠵᠧᠨ ᠯᠠᠢ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠲᠡᠷᠡ ᠳᠠᠷᠤᠢ᠎ᠳᠤ ᠨᠢ ᠲᠤᠰᠭᠠᠢ ᠬᠢᠨᠠᠨ ᠪᠠᠢᠴᠠᠭᠠᠵᠤ ᠬᠢᠨᠠᠨ ᠬᠠᠷᠭᠤᠭᠤᠯᠬᠤ᠎ᠪᠠᠷ ᠳᠠᠮᠵᠢᠨ᠂ ᠭᠤᠤ ᠣᠪᠣᠭ᠍ᠲᠤ 2022 ᠣᠨ᠎ᠤ 7 ᠳ᠋ᠤᠭ᠋ᠠᠷ ᠰᠠᠷ᠎ᠠ᠎ᠶ᠋ᠢᠨ 2 ᠤᠨ ᠡᠳᠦᠷ ᠵᠠᠮ ᠬᠠᠷᠢᠯᠴᠠᠭᠠᠨ᠎ᠤ ᠠᠳᠡᠯ᠎ᠠᠴᠠ ᠪᠣᠯᠵᠤ ᠡᠮᠨᠡᠯᠭᠡ᠎ᠳᠤ ᠰᠠᠭᠤᠵᠤ᠂ ᠡᠮᠴᠢᠯᠡᠭᠡᠨ᠎ᠦ ᠵᠠᠷᠤᠳᠠᠯ᠎ᠢ ᠨᠢᠭᠡᠨᠲᠡ ᠬᠡᠷᠡᠭ ᠭᠠᠷᠭᠠᠭ᠍ᠰᠠᠨ ᠲᠠᠯ᠎ᠠ᠎ᠠᠴᠠ ᠥᠭᠴᠦ᠂ ᠡᠮᠴᠢᠯᠡᠭᠡᠨ᠎ᠦ ᠳᠠᠭᠠᠳᠭᠠᠯ᠎ᠤᠨ ᠲᠠᠩᠰᠠ ᠲᠠᠢᠯᠬᠤ ᠨᠥᠬᠦᠴᠡᠯ᠎ᠳᠤ ᠨᠡᠢᠴᠡᠬᠦ᠌ ᠦᠭᠡᠢ᠃ ᠭᠡᠪᠡᠴᠦ᠍ ᠭᠤᠤ ᠣᠪᠣᠭ᠍ᠲᠤ ᠭᠤᠷᠪᠠᠳᠠᠬᠢ ᠡᠲᠡᠭᠡᠳ᠎ᠤᠨ ᠲᠥᠯᠥᠪᠦᠷᠢ ᠥᠭ᠌ᠭᠦᠭ᠌ᠰᠡᠨ ᠪᠣᠳᠠᠲᠤ ᠬᠡᠷᠡᠭ᠎ᠢ ᠨᠢᠭᠤᠨ ᠳᠠᠯᠳᠠᠯᠠᠵᠤ᠂ ᠵᠧᠨ ᠯᠠᠢ ᠱᠢᠶᠠᠨ᠎ᠤ ᠡᠮᠴᠢᠯᠡᠭᠡᠨ᠎ᠦ ᠳᠠᠭᠠᠳᠭᠠᠯ᠎ᠤᠨ ᠭᠠᠷᠲᠠᠨ ᠭᠦᠶ᠋ᠴᠡᠳᠭᠡᠬᠦ᠌ ᠲᠥᠪ᠎ᠲᠤ ᠬᠦᠷᠴᠦ᠍ ᠲᠠᠩᠰᠠ ᠲᠠᠢᠯᠬᠤ ᠭᠤᠶᠤᠴᠢᠯᠠᠯ ᠭᠠᠷᠭᠠᠵᠤ᠂ ᠲᠣᠭ᠍ᠲᠠᠭᠠᠯ᠎ᠠᠴᠠ ᠵᠥᠷᠢᠴᠡᠨ 27394.69 ᠲᠥᠭᠦᠷᠢᠭ᠎ᠤᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠵᠡᠢ᠃ ᠵᠧᠨ ᠯᠠᠢ ᠱᠢᠶᠠᠨ᠎ᠤ ᠡᠮᠴᠢᠯᠡᠭᠡᠨ᠎ᠦ ᠳᠠᠭᠠᠳᠭᠠᠯ᠎ᠤᠨ ᠲᠣᠪᠴᠢᠶ᠎ᠠ 《 ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠨᠡᠢᠭᠡᠮ᠎ᠤᠨ ᠳᠠᠭᠠᠳᠭᠠᠯ᠎ᠤᠨ ᠬᠠᠤᠯᠢ 》᠎ᠶ᠋ᠢᠨ ᠭᠤᠴᠢᠳᠤᠭᠠᠷ ᠵᠤᠷᠪᠤᠰ᠎ᠤᠨ ᠬᠤᠶᠠᠳᠤᠭᠠᠷ ᠵᠦᠢᠯ᠎ᠤᠨ ᠲᠣᠭ᠍ᠲᠠᠭᠠᠯ᠎ᠢ ᠦᠨᠳᠦᠰᠦᠯᠡᠨ᠂ ᠭᠤᠤ ᠣᠪᠣᠭ᠍ᠲᠤ᠎ᠶ᠋ᠢ ᠵᠠᠷᠯᠢᠭ᠍ᠳᠠᠨ ᠮᠡᠬᠡᠯᠡᠭᠰᠡᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 27394.69 ᠲᠥᠭᠦᠷᠢᠭ᠎ᠢ ᠪᠤᠴᠠᠭᠠᠯᠭᠠᠪᠠ᠃ ᠣᠳᠣᠬᠠᠨ᠎ᠳᠤ᠂ ᠬᠡᠷᠡᠭ᠎ᠢ ᠨᠢᠭᠡᠨᠲᠡ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠤᠯᠠᠮ ᠨᠢᠭᠡ ᠠᠯᠬᠤᠮ ᠳᠡᠩᠨᠡᠨ ᠱᠢᠢᠳᠪᠦᠷᠢᠯᠡᠭᠦᠯᠪᠡ᠃
ᠬᠡᠷᠡᠭ᠎ᠦ᠋ᠨ ᠵᠢᠱ᠌ᠢᠶ᠎ᠡ᠎ᠶᠢ ᠳᠣᠯᠣᠭ᠎ᠠ ᠲᠢᠶᠠᠨᠵᠢᠨ ᠬᠣᠲᠠ᠎ᠶᠢᠨ ᠳᠠᠭᠠᠳᠭᠠᠯ᠎ᠳ᠋ᠤ ᠣᠷᠣᠯᠴᠠᠭ᠍ᠴᠢ ᠵᠠᠩ ᠣᠪᠣᠭ᠍ᠲᠤ ᠪᠤᠰᠤᠳ᠎ᠤ᠋ᠨ ᠨᠡᠷ᠎ᠡ᠎ᠪᠡᠷ ᠡᠪᠡᠳᠴᠢᠨ ᠦᠵᠡᠭᠦᠯᠵᠦ᠍ ᠳᠠᠭᠠᠳᠭᠠᠯ ᠮᠡᠬᠡᠯᠡᠭ᠌ᠰᠡᠨ ᠬᠡᠷᠡᠭ
2025 ᠣᠨ᠎ᠤ᠋ 2 ᠳ᠋ᠤᠭ᠋ᠠᠷ ᠰᠠᠷ᠎ᠠ᠎ᠳ᠋ᠤ᠂ ᠲᠢᠶᠠᠨᠵᠢᠨ ᠬᠣᠲᠠ᠎ᠶᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠣᠲᠣᠭᠠᠳᠤ᠎ᠶᠢ ᠬᠠᠮᠠᠭᠠᠯᠠᠬᠤ ᠪᠠᠢᠭᠤᠯᠭᠠᠯᠤᠭᠠ ᠡᠷᠡᠭᠦᠦ ᠰᠢᠢ᠍ᠳᠬᠡᠯᠢ᠋ ᠵᠣᠯᠭᠠᠭᠤᠯᠬᠤ᠎ᠶᠢ ᠭᠦᠨᠵᠡᠭᠡᠢᠷᠡᠭᠦᠯᠬᠦ᠌᠂ ᠬᠠᠮᠲᠤ ᠪᠠᠷ ᠰᠦᠪᠡᠭ᠌ᠴᠢ᠎ᠶᠢ ᠰᠤᠳᠤᠯᠤᠨ ᠮᠠᠭᠠᠳᠯᠠᠬᠤᠳ᠋ᠤ᠂ ᠳᠠᠭᠠᠳᠭᠠᠯ᠎ᠳ᠋ᠤ ᠣᠷᠣᠯᠴᠠᠭ᠍ᠴᠢ ᠵᠠᠩ ᠣᠪᠣᠭ᠍ᠲᠤ ᠪᠤᠰᠤᠳ᠎ᠤ᠋ᠨ ᠡᠮᠴᠢᠯᠡᠭᠡᠨ᠎ᠦ ᠳᠠᠭᠠᠳᠭᠠᠯ᠎ᠤ᠋ᠨ ᠺᠠᠷᠲ᠎ᠢ᠋ ᠬᠡᠷᠡᠭ᠌ᠯᠡᠵᠦ᠍ᠪᠤᠰᠤᠳᠤᠨ ᠨᠡᠷ᠎ᠡ᠎ᠪᠡᠷ ᠡᠪᠡᠳᠴᠢᠨ ᠦᠵᠡᠭᠦᠯᠬᠦ᠌ ᠬᠠᠤᠯᠢᠠ᠋ᠴᠠ ᠵᠥᠷᠢᠴᠡᠭ᠌ᠰᠡᠨ ᠠᠵᠢᠯᠯᠠᠭ᠎ᠠ ᠣᠷᠣᠰᠢᠵᠤ ᠪᠠᠢ᠌ᠬᠤ᠎ᠶᠢ ᠣᠯᠵᠤ ᠮᠡᠳᠡᠵᠡᠢ᠃ ᠪᠠᠢᠴᠠᠭᠠᠭ᠍ᠰᠠᠨ᠎ᠢᠶᠠᠷ᠂ ᠵᠠᠩ ᠣᠪᠣᠭ᠍ᠲᠤ ᠣᠢ᠌ᠷ᠎ᠠ᠎ᠶᠢᠨ ᠨᠢᠭᠡ ᠵᠢᠯ᠎ᠤᠨ ᠳᠣᠲᠣᠷ᠎ᠠ ᠦᠷᠭᠦᠯᠵᠢ ᠪᠡᠶ᠎ᠡ ᠡᠪ ᠦᠭᠡᠢ ᠰᠠᠨᠠᠭ᠍ᠳᠠᠵᠤ᠂ ᠬᠤᠳᠠᠯᠳᠤᠭᠠᠨ᠎ᠤ ᠳᠠᠭᠠᠳᠭᠠᠯ᠎ᠤᠨ ᠬᠦᠯᠢᠶᠡᠬᠦ᠌ ᠬᠤᠭᠤᠴᠠᠭ᠎ᠠ᠎ᠠᠴᠠ ᠵᠠᠢᠯᠠᠬᠤ᠎ᠶ᠋ᠢᠨ ᠲᠥᠯᠥᠭᠡ ᠠᠵᠠ ᠵᠠᠪᠱᠢᠶᠠᠨ᠎ᠢᠶᠠᠷ ᠭᠤᠷᠢᠳᠠᠬᠤ ᠪᠤᠳᠤᠯ᠎ᠲᠠᠢ ᠪᠣᠯᠵᠤ᠂ ᠲᠡᠷᠡ ᠨᠠᠢᠵᠠ᠎ᠶ᠋ᠢᠨ᠎ᠢᠶᠠᠨ ᠡᠮᠴᠢᠯᠡᠭᠡᠨ᠎ᠦ ᠳᠠᠭᠠᠳᠭᠠᠯ᠎ᠤᠨ ᠺᠠᠷᠲ᠎ᠢ ᠠᠱᠢᠭ᠍ᠯᠠᠨ ᠡᠭᠦᠳᠡᠨ ᠡᠮᠨᠡᠯᠭᠡ᠎ᠶ᠋ᠢᠨ ᠪᠠᠢᠴᠠᠭᠠᠯᠲᠠ᠂ ᠡᠮᠨᠡᠯᠭᠡ᠎ᠳᠤ ᠰᠠᠭᠤᠬᠤ᠂ ᠮᠡᠰᠡ ᠵᠠᠰᠠᠯ ᠬᠢᠬᠦ᠌ ᠵᠡᠷᠭᠡ ᠡᠪᠡᠳᠴᠢᠨ ᠦᠵᠡᠭᠦᠯᠵᠦ᠍ ᠡᠮᠨᠡᠭᠦᠯᠬᠦ᠌ ᠠᠵᠢᠯᠯᠠᠭ᠎ᠠ ᠥᠷᠨᠢᠭᠦᠯᠵᠡᠢ᠃ ᠵᠠᠩ ᠣᠪᠣᠭ᠍ᠲᠤ ᠬᠢᠭᠡᠳ ᠨᠠᠢᠵᠠ ᠲᠠᠢ᠎ᠪᠠᠨ ᠨᠠᠰᠤ ᠵᠢᠯ ᠣᠢ᠌ᠷᠠᠯᠴᠠᠭ᠎ᠠ᠂ ᠵᠢᠰᠦ ᠴᠢᠷᠠᠢ ᠠᠳᠠᠯᠢᠪᠲᠤᠷ ᠪᠠᠢᠵᠤ᠂ ᠡᠪᠡᠳᠴᠢᠨ ᠦᠵᠡᠭᠦᠯᠬᠦ᠌ ᠡᠮᠴᠢᠯᠡᠭᠡᠨ᠎ᠤ ᠪᠠᠢᠭᠤᠯᠤᠮᠵᠢ᠎ᠶ᠋ᠢᠨ ᠡᠮᠴᠢ ᠰᠤᠪᠢᠯᠠᠭ᠍ᠴᠢᠳ ᠪᠠᠢᠳᠠᠯ᠎ᠢ ᠣᠯᠵᠤ ᠮᠡᠳᠡᠭ᠌ᠰᠡᠨ ᠦᠭᠡᠢ᠂ ᠡᠭᠦᠨ᠎ᠤ ᠤᠯᠠᠮ᠎ᠠᠴᠠ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭᠠᠳ ᠡᠮᠴᠢᠯᠡᠭᠡᠨ᠎ᠤ ᠵᠠᠷᠤᠳᠠᠯ᠎ᠢ 11284.99 ᠲᠥᠭᠦᠷᠢᠭ ᠥᠭᠪᠡ᠃ ᠲᠢᠶᠠᠨᠵᠢᠨ ᠬᠣᠲᠠ᠎ᠶᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ 《 ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠥ᠎ᠶᠢᠨ ᠬᠡᠷᠡᠭ᠌ᠯᠡᠯᠲᠡ᠎ᠶᠢᠨ ᠬᠢᠨᠠᠯᠲᠠ ᠬᠠᠮᠢᠶᠠᠷᠤᠯᠲᠠ᠎ᠶᠢᠨ ᠳᠦᠷᠢᠮ 》᠎ᠢ᠋ ᠦᠨᠳᠦᠰᠦᠯᠡᠨ᠂ ᠵᠠᠩ ᠣᠪᠣᠭ᠍ᠲᠤ᠎ᠶ᠋ᠢ ᠵᠠᠷᠯᠢᠭ᠍ᠳᠠᠵᠤ ᠪᠠᠢᠭᠠᠳ ᠲᠣᠭ᠍ᠲᠠᠭᠠᠯ᠎ᠠ᠋ᠴᠠ ᠵᠥᠷᠢᠴᠡᠨ ᠡᠮᠴᠢᠯᠡᠭᠡᠨ᠎ᠤ ᠳᠠᠭᠠᠳᠭᠠᠯ᠎ᠤ᠋ᠨ ᠰᠠᠭᠤᠷᠢ ᠮᠥᠩᠭᠥ 11284.99 ᠲᠥᠭᠥᠷᠢᠭ᠎ᠢ ᠪᠤᠴᠠᠭ᠋ᠠᠯᠭ᠋ᠠᠵᠤ᠂ 22569.98 ᠲᠥᠭᠥᠷᠢᠭ ᠲᠣᠷᠭᠠᠬᠤ᠎ᠶᠢᠨ ᠬᠠᠮᠲᠤ ᠲᠡᠭᠦᠨ᠎ᠦ᠌ ᠡᠮᠴᠢᠯᠡᠭᠡᠨ᠎ᠤ ᠵᠠᠷᠤᠳᠠᠯ᠎ᠢ᠋ ᠰᠦᠯᠵᠢᠶ᠎ᠡ᠎ᠪᠡᠷ ᠳ᠋ᠦᠩᠨᠡᠨ ᠪᠣᠳᠣᠬᠤ᠎ᠶᠢ 2 ᠰᠠᠷ᠎ᠠ ᠲᠦᠷ ᠵᠣᠭᠰᠣᠭ᠋ᠠᠪᠠ᠃ ᠣᠳᠣᠬᠠᠨ᠎ᠳᠤ᠂ ᠲᠤᠰ ᠬᠡᠷᠡᠭ᠎ᠢ ᠶᠠᠭ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠤᠯᠠᠮ ᠨᠢᠭᠡ ᠠᠯᠬᠤᠮ ᠵᠣᠯᠭᠠᠭᠤᠯᠵᠤ ᠪᠠᠢᠨ᠎ᠠ᠃
ᠡᠮᠴᠢᠯᠡᠭᠡᠨ᠎ᠤ ᠳᠠᠭᠠᠳᠭᠠᠯ᠎ᠤ᠋ᠨ ᠰᠠᠭᠤᠷᠢ ᠮᠥᠩᠭᠥ᠎ᠶᠢᠨ ᠠᠮᠤᠷ ᠲᠦᠪᠰᠢᠨ ᠨᠢ ᠳᠠᠭᠠᠳᠭᠠᠯ᠎ᠳ᠋ᠤ ᠣᠷᠣᠯᠴᠠᠭ᠍ᠴᠢ ᠨᠢᠭᠡᠪᠦᠷᠢ᠎ᠶᠢᠨ ᠲᠤᠰ ᠪᠡᠶ᠎ᠡ᠎ᠶᠢᠨ ᠠᠰᠢᠭ ᠲᠤᠰᠠᠲᠠᠢ ᠬᠣᠯᠪᠣᠭ᠍ᠳᠠᠵᠤ᠂ ᠳᠠᠭᠠᠳᠭᠠᠯ ᠮᠡᠬᠡᠯᠡᠭ᠌ᠰᠡᠨ ᠠᠵᠢᠯᠯᠠᠭ᠎ᠠ ᠨᠢ ᠡᠮᠴᠢᠯᠡᠭᠡᠨ᠎ᠤ ᠪᠠᠲᠤᠯᠠᠭ᠎ᠠ᠎ᠶᠢᠨ ᠳᠦᠷᠢᠮ᠎ᠦ᠋ᠨ ᠲᠥᠪ ᠭᠣᠣᠯᠴᠢ᠎ᠶᠢ ᠡᠪᠳᠡᠭᠰᠡᠨ᠎ᠢᠶᠠᠷ ᠪᠠᠷᠠᠬᠤ ᠦᠭᠡᠢ ᠨᠡᠩ ᠴᠤ᠌ ᠵᠢᠩᠬᠢᠨᠢ ᠬᠠᠪᠰᠤᠷᠬᠤ ᠴᠢᠬᠤᠯᠠᠲᠠᠢ ᠬᠥᠮᠦᠨ᠎ᠤ 《 ᠠᠮᠢ ᠠᠪᠤᠷᠠᠬᠤ ᠵᠣᠭᠣᠰ 》᠎ᠢ ᠬᠣᠬᠢᠷᠠᠭᠤᠯᠬᠤ ᠪᠣᠯᠤᠨ᠎ᠠ᠃ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠠᠳᠡ ᠲᠥᠪ ᠴᠢᠩᠭ᠎ᠠ᠎ᠪᠠᠷ ᠰᠠᠨᠠᠭᠤᠯᠬᠤ᠎ᠨᠢ᠄ ᠥᠷᠭᠡᠨ ᠤᠯᠠᠨ ᠳᠠᠭᠠᠳᠭᠠᠯ᠎ᠳᠤ ᠣᠷᠣᠯᠴᠠᠭ᠍ᠰᠠᠳ ᠡᠷᠬᠡᠪᠰᠢ ᠡᠮᠴᠢᠯᠡᠭᠡᠨ᠎ᠦ ᠳᠠᠭᠠᠳᠭᠠᠯ᠎ᠤᠨ ᠬᠠᠤᠯᠢ ᠴᠠᠭᠠᠵᠠ ᠬᠠᠤᠯᠢ ᠲᠣᠭ᠍ᠲᠠᠭᠠᠯ᠎ᠢ ᠵᠢᠷᠤᠮᠯᠠᠵᠤ᠂ ᠲᠦᠷ ᠴᠠᠭ ᠬᠠᠤᠯᠢ ᠴᠠᠭᠠᠵᠠ᠎ᠶ᠋ᠢᠨ ᠤᠯᠠᠭᠠᠨ ᠱᠤᠭᠤᠮ᠎ᠳᠤ ᠱᠢᠨᠤᠵᠤ ᠶᠠᠭᠠᠬᠢᠭ᠍ᠰᠠᠨ ᠴᠤ᠌ ᠪᠣᠯᠬᠤ ᠦᠭᠡᠢ᠃ ᠡᠯ᠎ᠡ ᠱᠠᠲᠤᠨ᠎ᠤ ᠡᠮᠴᠢᠯᠡᠭᠡᠨ᠎ᠤ ᠪᠠᠲᠤᠯᠠᠭ᠎ᠠ᠎ᠶᠢᠨ ᠰᠠᠯᠠᠭ᠎ᠠ ᠮᠥᠴᠢᠷ᠎ᠤᠳ ᠬᠢᠨᠠᠨ ᠬᠠᠮᠢᠶᠠᠷᠬᠤ ᠡᠷᠴᠢᠮ᠎ᠢᠶᠠᠨ ᠦᠷᠭᠦᠯᠵᠢᠯᠡᠨ ᠴᠢᠩᠭᠠᠷᠠᠭᠤᠯᠵᠤ᠂ ᠡᠮ᠎ᠤᠨ ᠵᠦᠢᠯ᠎ᠤᠨ ᠮᠥᠷᠳᠡᠨ ᠨᠡᠬᠡᠮᠵᠢᠯᠡᠬᠦ᠌ ᠺᠣᠳ᠋ ᠵᠡᠷᠭᠡ ᠮᠡᠷᠭᠡᠵᠢᠯ᠎ᠤᠨ ᠠᠷᠭ᠎ᠠ ᠪᠠᠷᠢᠯ᠎ᠳᠤ ᠲᠦᠱᠢᠭ᠌ᠯᠡᠨ᠂ ᠣᠯᠠᠨ ᠰᠠᠯᠠᠭ᠎ᠠ ᠮᠥᠴᠢᠷ᠎ᠤᠨ ᠬᠠᠮᠵᠢᠯᠴᠠᠭ᠎ᠠ᠎ᠶ᠋ᠢ ᠭᠦᠨᠵᠡᠭᠡᠢᠷᠡᠭᠦᠯᠵᠦ᠍᠂ ᠳᠠᠭᠠᠳᠭᠠᠯ᠎ᠢ ᠮᠡᠬᠡᠯᠡᠬᠦ᠌ ᠠᠵᠢᠯᠯᠠᠭ᠎ᠠ᠎ᠶ᠋ᠢ 《 ᠣᠭᠲᠣ ᠠᠭᠤᠴᠢᠯᠠᠬᠤ ᠦᠭᠡᠢ 》᠃ ᠬᠡᠷᠪᠡ ᠳᠠᠭᠠᠳᠭᠠᠯ᠎ᠢ ᠮᠡᠬᠡᠯᠡᠭ᠌ᠰᠡᠨ ᠰᠦᠪᠡᠭ᠌ᠴᠢ᠎ᠶ᠋ᠢ ᠣᠯᠵᠤ ᠮᠡᠳᠡᠪᠡᠯ᠂ ᠢᠯᠡᠴᠢᠯᠡᠨ ᠮᠡᠳᠡᠭᠦᠯᠬᠦ᠌ ᠤᠲᠠᠰᠤ 010 - 89061396᠂ 010 - 89061397 ᠳᠤ ᠤᠲᠠᠰᠤᠳᠠᠭ᠋ᠠᠷᠠᠢ᠂ ᠪᠢᠳᠡᠨ᠎ᠤ 《 ᠠᠮᠢ ᠠᠪᠤᠷᠠᠬᠤ ᠵᠣᠭᠤᠰ 》᠎ᠢ ᠬᠠᠮᠲᠤ᠎ᠪᠠᠷ ᠰᠠᠬᠢᠨ ᠬᠠᠮᠠᠭ᠋ᠠᠯᠠᠶ᠎ᠠ !