《ᠥᠩᠭᠡᠷᠡᠭ᠌ᠰᠡᠨ᠎ᠳᠦ ᠮᠤᠵᠢ ᠬᠣᠲᠠ᠎ᠳᠦ ᠣᠴᠢᠵᠤ ᠡᠪᠡᠳᠴᠢᠨ ᠦᠵᠡᠭᠦᠯᠬᠦ᠌᠎ᠳᠦ᠂ ᠵᠥᠪᠬᠡᠨ CT ᠬᠠᠪᠲᠠᠰᠤ ᠶ᠋ᠢ ᠨᠢᠭᠡ ᠪᠦᠬᠦᠯᠢ ᠣᠭᠣᠲᠠᠨᠳᠤ ᠣᠭᠣᠳᠠᠯᠠᠵᠤ ᠪᠠᠢᠵᠠᠢ ᠂ ᠣᠳᠣ ᠭᠠᠷ ᠤᠲᠠᠰᠤᠨ ᠳᠡᠭᠡᠷ᠎ᠡ ᠱᠢᠯᠵᠢᠭᠦᠯᠦᠨ ᠭᠠᠷᠭᠠᠵᠦ᠍ ᠲᠡᠢᠯᠬᠦ᠌ ᠪᠣᠯᠪᠠ᠂ ᠲᠤᠢ᠍ᠢᠯᠤᠨ ᠳᠥᠭᠥᠮ ᠪᠣᠯᠵᠠᠢ !》 ᠭᠡᠬᠦ᠌ ᠫᠦ ᠡᠯ ᠬᠣᠲᠠ᠎ᠶ᠋ᠢᠨ ᠵᠧᠦ ᠠᠪᠤᠭᠠᠢ ᠶ᠋ᠢᠨ ᠲᠦᠷᠦᠭ᠌ᠳᠡᠯ ᠪᠣᠯᠣᠨ᠎ᠠ᠃ ᠣᠢᠷ᠎ᠠ᠎ᠳ᠋ᠤ ᠂ ᠶᠦᠨᠨᠠᠨᠤ᠋ ᠡᠮᠴᠢᠯᠡᠭᠡᠨ᠎ᠦ ᠪᠠᠲᠤᠯᠠᠭ᠎ᠠ᠎ᠶ᠋ᠢᠨ ᠵᠢᠷᠤᠮᠠᠭ᠎ᠤᠨ ᠡᠭᠦᠯᠡᠨ ᠬᠡᠯᠬᠢᠶᠡᠰᠦ ᠶ᠋ᠢᠨ ᠬᠠᠮᠲᠤ᠎ᠪᠠᠷ ᠡᠳ᠋ᠯᠡᠬᠦ᠌ ᠵᠠᠭ᠍ᠪᠤᠷ᠎ᠢ᠋ ᠵᠢᠩᠬᠢᠨᠢ᠎ᠪᠡᠷ ᠠᠱᠢᠭ᠍ᠯᠠᠯᠲᠠᠳ᠋ᠤ ᠣᠷᠣᠭᠤᠯᠵᠤ ᠂ ᠠᠩᠬᠠᠳᠠᠭ᠍ᠴᠢ ᠪᠦᠯᠦᠭ ᠨᠢ ᠨᠢᠭᠡᠨᠲᠡ ᠠᠮᠵᠢᠯᠲᠠ ᠲᠠᠢ ᠪᠠᠷ ᠫᠦ᠋ ᠡᠯ ᠂ ᠳᠢ ᠴᠢᠩ ᠬᠣᠶᠠᠷ ᠲᠤᠷᠱᠢᠯᠲᠠ᠎ᠶᠢᠨ ᠵᠧᠦ ( ᠬᠣᠲᠠ )᠎ᠶᠢᠨ ᠵᠢᠷᠤᠮᠠᠭ᠎ᠤᠨ ᠡᠭᠦᠯᠡᠨ ᠲᠥᠪ᠎ᠦ᠋ᠨ ᠳ᠋ᠠᠢᠲ᠋ᠠ ᠲᠠᠢ ᠵᠤᠯᠭᠠᠭᠤᠯᠬᠤ ᠶ᠋ᠢ ᠪᠡᠶᠡᠯᠡᠭᠦᠯᠵᠦ᠍ ᠂ ᠴᠡᠭ ᠲᠣᠭ᠍ᠲᠠᠭᠠᠭ᠍ᠰᠠᠨ 62 ᠡᠮᠴᠢᠯᠡᠭᠡᠨ᠎ᠦ᠌ ᠪᠠᠢᠭᠤᠯᠤᠮᠵᠢ᠎ᠶᠢᠨ 12.11 ᠲᠦᠮᠡᠨ ᠵᠤᠷᠪᠤᠰ ᠵᠢᠷᠤᠮᠠᠭ᠎ᠤᠨ ᠳ᠋ᠠᠢᠲ᠋ᠠ᠎ᠶᠢ ᠵᠡᠷᠭᠡ ᠪᠡᠷ ᠤᠯᠤᠰ᠎ᠤ᠋ᠨ ᠡᠮᠴᠢᠯᠡᠭᠡᠨ᠎ᠦ ᠪᠠᠲᠤᠯᠠᠭ᠎ᠠ᠎ᠶ᠋ᠢᠨ ᠮᠡᠳᠡᠭᠡ ᠵᠠᠩᠭᠢ᠎ᠶᠢᠨ ᠲᠠᠪᠴᠠᠩᠳ᠋ᠤ ᠳᠠᠮᠵᠢᠭᠤᠯᠪᠠ᠃ ᠡᠲᠦᠭᠡ᠂ ᠶᠦᠨᠨᠠᠨ᠎ᠳᠤ᠂ ᠵᠢᠷᠤᠮᠠᠭ᠎ᠤᠨ ᠳ᠋ᠠᠢᠲ᠋ᠠ᠎ᠨᠢ 《 ᠮᠤᠵᠢ᠎ᠶ᠋ᠢᠨ ᠲᠤᠳᠤᠷ᠎ᠠ ᠪᠠᠢᠴᠠᠭᠠᠨ ᠦᠵᠡᠵᠤ ᠪᠤᠯᠬᠤ᠂ ᠮᠤᠵᠢ ᠠᠯᠤᠰᠯᠠᠨ ᠱᠢᠯᠵᠢᠭᠦᠯᠦᠨ ᠦᠵᠡᠵᠦ᠍ ᠪᠣᠯᠬᠤ᠂ ᠡᠪᠡᠳᠴᠢᠳᠡᠨ ᠠᠪᠴᠦ᠍ ᠶᠠᠪᠤᠬᠤ᠎ᠳᠤ ᠳᠦᠭᠦᠮ 》᠎ᠢ᠋ ᠪᠦᠷᠢᠨ ᠨᠡᠪᠳᠡᠷᠡᠬᠦᠯᠵᠤ᠂ ᠦᠩᠬᠡᠷᠡᠭ᠌ᠰᠡᠨ᠎ᠳᠤ ᠡᠪᠡᠳᠴᠢᠳᠡᠨᠦ 《ᠲᠠᠬᠢᠨ ᠲᠠᠪᠳᠠᠨ ᠪᠠᠢᠴᠠᠭᠠᠬᠤ᠂ ᠹᠢᠯᠢᠮ ᠪᠡᠶ᠎ᠡ ᠶ᠋ᠢ ᠣᠷᠢᠶᠠᠬᠣ》 ᠬᠦᠴᠢᠷ ᠠᠰᠠᠭᠤᠳᠠᠯ᠎ᠢ ᠱᠢᠢᠳᠪᠤᠷᠢᠯᠡᠵᠤ᠂ ᠳ᠋ᠠᠢᠲ᠋ᠠ᠎ᠶ᠋ᠢᠨ ᠥᠨᠳᠥᠷ ᠦᠷ᠎ᠡ ᠠᠱᠢᠭᠲᠠᠢ ᠨᠡᠪᠲᠡᠷᠡᠬᠦ᠌ ᠶ᠋ᠢ ᠳᠠᠭᠠᠯᠳᠤᠨ ᠠᠭᠠᠵᠢᠮ᠎ᠢᠶᠠᠷ ᠠᠷᠢᠯᠪᠠ᠃
ᠮᠤᠵᠢ᠎ᠶ᠋ᠢᠨ ᠳᠣᠲᠤᠷ᠎ᠠ ᠬᠤᠷᠢᠶ᠎ᠠ ᠠᠯᠤᠰᠯᠠᠨ 《ᠲᠠᠬᠢᠨ ᠪᠠᠢᠴᠠᠭᠠᠬᠤ᠎ᠡᠴᠡ ᠬᠡᠯᠲᠦᠷᠢᠭᠦᠯᠭᠦ᠌》 ᠶ᠋ᠢ ᠪᠡᠶᠡᠯᠡᠭᠦᠯᠵᠦ᠍᠂ ᠣᠨᠣᠱᠢᠯᠠᠨ ᠡᠮᠨᠡᠬᠦ᠌ ᠦᠷ᠎ᠡ ᠪᠦᠲᠦᠮᠵᠢ ᠶᠡᠬᠡ ᠪᠡᠷ ᠳᠡᠭᠡᠭ᠌ᠰᠢᠯᠡᠪᠡ
《ᠥᠩᠭᠡᠷᠡᠭ᠌ᠰᠡᠨ᠎ᠳᠤ ᠡᠪᠡᠳᠴᠢᠲᠡᠨ ᠡᠮᠨᠡᠯᠭᠡ ᠱᠢᠯᠵᠢᠵᠦ᠍᠂ ᠱᠢᠨ᠎ᠡ᠎ᠪᠠᠷ ᠬᠦᠯᠢᠶᠡᠨ ᠠᠪᠤᠭ᠍ᠰᠠᠨ ᠡᠮᠴᠢ ᠦᠩᠭᠡᠷᠩᠰᠡᠨᠦ ᠵᠢᠷᠤᠮᠠᠭ᠎ᠤᠨ ᠮᠡᠳᠡᠭᠦᠯᠦᠯᠲᠡ᠎ᠶ᠋ᠢ ᠣᠯᠵᠤ ᠦᠵᠡᠬᠦ᠌ ᠦᠭᠡᠢ᠂ ᠦᠷᠭᠦᠯᠵᠢ ᠱᠢᠨ᠎ᠡ ᠪᠠᠢᠴᠠᠭᠠᠬᠤ ᠬᠠᠭᠤᠳᠠᠰᠤ ᠭᠠᠷᠭᠠᠵᠤ᠂ ᠵᠣᠭᠤᠰ ᠵᠠᠷᠤᠴᠠᠭᠤᠯᠬᠤ ᠮᠥᠷᠲᠡᠭᠡᠨ ᠴᠠᠭ᠎ᠢ ᠴᠤ᠌ ᠰᠠᠭᠠᠲᠠᠭᠠᠨᠠ》 ᠭᠡᠵᠦ᠍ ᠺᠦᠨᠮᠢᠩᠦ᠋ᠨ ᠨᠢᠭᠡᠨ ᠡᠮᠨᠡᠯᠭᠡ᠎ᠶᠢᠨ ᠬᠣᠷᠢᠶᠠᠨ᠎ᠤ᠋ ᠡᠮᠴᠢ ᠱᠢᠭᠤᠳ ᠬᠡᠯᠡᠪᠡ᠂ ᠡᠨᠡ ᠨᠢ ᠥᠩᠭᠡᠷᠡᠭ᠌ᠰᠡᠨ᠎ᠳᠦ ᠦᠨᠳᠦᠰᠦᠨ ᠱᠠᠲᠤᠨ᠎ᠤ᠋ ᠣᠨᠤᠱᠢᠯᠠᠯᠲᠠ ᠦᠷᠭᠦᠯᠵᠢ ᠲᠣᠬᠢᠶᠠᠯᠳᠤᠬᠤ ᠡᠮᠵᠡᠭ ᠭᠠᠵᠠᠷ ᠮᠥᠨ᠃ ᠡᠲᠦᠭᠡ ᠂ ᠶᠦᠨᠨᠠᠨ ᠤᠯᠤᠰ᠎ᠤ᠋ᠨ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶᠠᠨ᠎ᠤ᠋ ᠮᠡᠷᠭᠡᠵᠢᠯ᠎ᠦ᠋ᠨ ᠳᠦᠷᠢᠮᠵᠢᠯᠲᠡᠢ ᠴᠢᠩᠭ᠎ᠠ ᠪᠠᠷᠢᠮᠵᠢᠶᠠᠯᠠᠨ ᠬᠠᠷᠭᠤᠭᠤᠯᠵᠤ᠂ ᠮᠣᠵᠢ᠎ᠶᠢᠨ ᠳᠣᠲᠣᠷᠠᠬᠢ ᠤᠤᠯ᠎ᠤ᠋ᠨ ᠵᠢᠷᠤᠮᠠᠭᠤᠨᠡᠭᠦᠯᠡᠨ ᠡᠬᠢ ᠪᠠᠶᠠᠯᠢᠭ᠎ᠢ᠋ ᠨᠢᠭᠡᠳᠦᠭᠦᠯᠵᠦ᠍᠂ 《 ᠲᠣᠭ᠍ᠲᠠᠭ᠍ᠰᠠᠨ ᠡᠮᠴᠢᠯᠡᠭᠡᠨ᠎ᠦ ᠪᠠᠢᠭᠤᠯᠤᠮᠵᠢ — ᠵᠧᠦ ᠬᠣᠲᠠ᠎ᠶᠢᠨ ᠵᠢᠷᠤᠮᠠᠭ᠎ᠤᠨ ᠡᠭᠦᠯᠡᠨ ᠲᠥᠪ — ᠮᠣᠵᠢ᠎ᠶᠢᠨ ᠳᠡᠰ᠎ᠦ᠋ᠨ ᠡᠮᠴᠢᠯᠡᠭᠡᠨ᠎ᠦ ᠪᠠᠲᠤᠯᠠᠭ᠎ᠠ᠎ᠶ᠋ᠢᠨ ᠮᠡᠳᠡᠭᠡ ᠵᠠᠩᠭᠢ᠎ᠶᠢᠨ ᠲᠠᠪᠴᠠᠩ — ᠤᠯᠤᠰ᠎ᠤ᠋ᠨ ᠡᠮᠴᠢᠯᠡᠭᠡᠨ᠎ᠦ ᠪᠠᠲᠤᠯᠠᠭ᠎ᠠ᠎ᠶ᠋ᠢᠨ ᠮᠡᠳᠡᠭᠡ ᠵᠠᠩᠭᠢ᠎ᠶᠢᠨ ᠲᠠᠪᠴᠠᠩ 》᠎ᠤ᠋ᠨ ᠳᠥᠷᠪᠡᠨ ᠳᠡᠰ᠎ᠦ᠋ᠨ ᠳ᠋ᠠᠢᠲ᠋ᠠ᠎ᠶᠢᠨ ᠬᠡᠯᠬᠢᠶᠡᠲᠦ ᠵᠠᠮ᠎ᠢ᠋ ᠪᠠᠢᠭᠤᠯᠵᠠᠢ ᠃
ᠳᠠᠭᠠᠳᠭᠠᠯ᠎ᠳᠤ ᠣᠷᠣᠯᠴᠠᠭ᠍ᠰᠠᠨ ᠡᠪᠡᠳᠴᠢᠲᠡᠨ ᠮᠤᠵᠢ᠎ᠶ᠋ᠢᠨ ᠳᠣᠲᠣᠷᠠᠬᠢ ᠠᠳᠠᠯᠢ ᠪᠤᠰᠤ ᠡᠮᠴᠢᠯᠡᠭᠡᠨ᠎ᠤ ᠪᠠᠢᠭᠤᠯᠤᠮᠵᠢ᠎ᠳᠤ ᠡᠮᠨᠡᠭᠦᠯᠬᠦ᠌᠎ᠳᠤ᠂ ᠡᠮᠴᠢ ᠱᠢᠰᠲ᠋ᠧᠮ᠎ᠢᠶᠠᠷ ᠳᠠᠮᠵᠢᠨ ᠥᠩᠭᠡᠷᠡᠭ᠌ᠰᠡᠨ᠎ᠤ X ᠰᠠᠴᠤᠷᠠᠭ᠂ CT᠂ MRI ᠵᠡᠷᠭᠡ ᠵᠢᠷᠤᠮᠠᠭ᠎ᠤᠨ ᠪᠠᠢᠴᠠᠭᠠᠯᠲᠠ᠎ᠶ᠋ᠢᠨ ᠦᠷ᠎ᠡ ᠳ᠋ᠦᠩ᠎ᠢ ᠱᠢᠭᠤᠳ ᠱᠢᠯᠵᠢᠭᠦᠯᠦᠨ ᠦᠵᠡᠵᠦ᠍᠂ ᠳᠠᠬᠢᠨ ᠪᠠᠢᠴᠠᠭᠠᠬᠤ ᠴᠢᠬᠤᠯᠠ ᠦᠭᠡᠢ᠃ ᠡᠭᠦᠨ᠎ᠢᠶᠠᠷ ᠪᠠᠷᠠᠬᠤ ᠥᠬᠡᠶ᠂ ᠦᠨᠳᠦᠰᠦᠨ ᠱᠠᠲᠤᠨ᠎ᠤ ᠡᠮᠴᠢᠯᠡᠭᠡᠨ᠎ᠤ ᠪᠠᠢᠭᠤᠯᠤᠮᠵᠢ ᠡᠨᠡ ᠬᠦ᠌ ᠱᠢᠰᠲ᠋ᠧᠮ᠎ᠢ ᠠᠱᠢᠭ᠍ᠯᠠᠨ᠂ ᠳᠡᠭᠡᠳᠦ ᠱᠠᠲᠤᠨ᠎ᠤ ᠡᠮᠨᠡᠯᠭᠡ᠎ᠶ᠋ᠢᠨ ᠬᠤᠷᠢᠶᠠᠨ᠎ᠤ ᠵᠢᠷᠤᠮᠠᠭ᠎ᠢᠶᠠᠷ ᠣᠨᠣᠱᠢᠯᠠᠬᠤ ᠳᠡᠮᠵᠢᠯᠭᠡ᠎ᠶ᠋ᠢ ᠠᠮᠠᠷᠬᠠᠨ ᠣᠯᠵᠤ᠂ ᠴᠢᠨᠠᠷ ᠰᠠᠢᠲᠠᠶ ᠡᠮᠴᠢᠯᠡᠭᠡᠨ᠎ᠤ ᠡᠬᠢ ᠪᠠᠶᠠᠯᠢᠭ᠎ᠢ ᠦᠨᠡᠨ ᠬᠦ᠌ ᠦᠨᠳᠦᠰᠦᠨ ᠱᠠᠲᠤᠨ᠎ᠳᠤ 《 ᠪᠠᠭᠤᠯᠭᠠᠵᠤ》᠂ ᠱᠠᠲᠤ ᠬᠤᠪᠢᠶᠠᠨ ᠣᠨᠣᠱᠢᠯᠠᠨ ᠡᠮᠨᠡᠬᠦ᠌ ᠲᠦᠷᠢᠮ᠎ᠢ ᠨᠠᠢᠳᠠᠪᠤᠷᠢᠵᠢᠭᠤᠯᠬᠤ᠎ᠳᠤ ᠳ᠋ᠠᠢᠲ᠋ᠠ᠎ᠶ᠋ᠢᠨ ᠰᠠᠭᠤᠷᠢ᠎ᠶ᠋ᠢ ᠪᠠᠲᠤ ᠪᠣᠯᠭᠠᠪᠠ᠃
ᠮᠣᠵᠢ ᠠᠯᠤᠰᠯᠠᠨ ᠡᠪᠡᠳᠴᠢᠨ ᠦᠵᠡᠭᠦᠯᠬᠦ᠌᠎ᠳᠤ 《ᠲᠡᠷᠡ ᠳᠠᠷᠣᠢ᠎ᠳᠤ ᠨᠢ ᠱᠢᠯᠵᠢᠭᠦᠯᠦᠨ ᠦᠵᠡᠵᠦ᠍》᠂ ᠭᠠᠵᠠᠷ ᠣᠷᠣᠨ᠎ᠤ ᠪᠠᠬᠢᠯᠡᠯᠲᠡ ᠡᠪᠳᠡᠭ᠌ᠳᠡᠪᠡ
《 ᠬᠤᠪᠧᠶ᠎ᠳᠤ ᠡᠪᠡᠳᠴᠢᠨ ᠦᠵᠡᠭᠦᠯᠬᠦ᠌᠎ᠳᠦ᠂ ᠡᠮᠴᠢ ᠮᠢᠨᠦ᠍ ᠶᠦᠨᠨᠠᠨ᠎ᠳᠤ ᠬᠢᠭ᠌ᠰᠡᠨ CT᠎ᠶ᠋ᠢᠨ ᠵᠢᠷᠤᠮᠠᠭᠢ ᠱᠢᠭᠤᠳ ᠦᠵᠡᠵᠦ᠍ ᠳᠡᠢᠯᠬᠦ᠌᠎ᠶ᠋ᠢ ᠪᠣᠳᠣᠵᠣ ᠣᠯᠣᠭ᠍ᠰᠠᠨ ᠦᠭᠡᠢ᠂ ᠣᠯᠠᠨ ᠤᠴᠢᠷ᠎ᠢ ᠳᠥᠭᠥᠮᠴᠢᠯᠡᠭ᠌ᠰᠡᠨ ᠱᠢᠦ !》 ᠭᠡᠵᠦ᠍ ᠲᠦᠷᠦᠭᠦᠬᠡᠨ ᠬᠤᠪᠧᠶ᠎ᠳᠤ ᠡᠮᠴᠢᠯᠡᠭᠦᠯᠦᠭ᠌ᠰᠡᠨ ᠶᠦᠨᠨᠠᠨ᠎ᠤ ᠳᠠᠭᠠᠳᠭᠠᠯ᠎ᠳᠤ ᠣᠷᠣᠯᠴᠠᠭ᠍ᠰᠠᠨ ᠵᠠᠩ ᠠᠪᠤᠭᠠᠢ᠂ ᠮᠤᠵᠢ ᠠᠯᠤᠰᠯᠠᠭ᠍ᠰᠠᠨ ᠵᠢᠷᠤᠮᠠᠭᠢ ᠬᠠᠮᠲᠤ᠎ᠪᠠᠷ ᠡᠳ᠋ᠯᠡᠬᠦ᠌ ᠳᠥᠭᠦᠮ ᠨᠥᠬᠦᠴᠡᠯ᠎ᠢ ᠦᠨᠡᠨ ᠬᠦ᠌ ᠮᠡᠳᠡᠷᠡᠵᠡᠢ᠃ ᠪᠦᠬᠦ᠌ ᠤᠯᠤᠰ᠎ᠤᠨ ᠨᠢᠭᠡᠳᠦᠯᠲᠡᠶ ᠡᠮᠴᠢᠯᠡᠭᠡᠨ᠎ᠦ ᠪᠠᠲᠤᠯᠠᠭ᠎ᠠ᠎ᠶ᠋ᠢᠨ ᠵᠢᠷᠤᠮᠠᠭ᠎ᠤᠨ ᠡᠭᠦᠯᠡᠨ ᠬᠡᠯᠬᠢᠶᠡᠰᠦ ᠶ᠋ᠢᠨ ID᠎ᠢ ᠲᠡᠳᠡᠨ ᠠᠪᠴᠢᠷᠠᠬᠤ᠎ᠳᠤ ᠲᠦᠱᠢᠭ᠌ᠯᠡᠨ᠂ ᠶᠦᠨᠨᠠᠨ᠎ᠳᠤ ᠨᠢᠭᠡᠨᠲᠡ ᠬᠤᠪᠸᠢ ᠵᠡᠷᠭᠡ ᠲᠤᠷᠱᠢᠯᠲᠠ᠎ᠶ᠋ᠢᠨ ᠮᠤᠵᠢ ᠯᠤᠭ᠎ᠠ᠎ᠶ᠋ᠢᠨ ᠵᠢᠷᠤᠮᠠᠭ᠎ᠤᠨ ᠳ᠋ᠠᠢᠲ᠋ᠠ ᠲᠤᠬᠠᠶ ᠶ᠋ᠢᠨ ᠴᠠᠭ ᠲᠤ ᠨᠢ ᠬᠠᠷᠢᠯᠴᠠᠨ ᠨᠡᠪᠲᠡᠷᠡᠯᠴᠡᠬᠦ᠌᠎ᠶ᠋ᠢ ᠪᠡᠶᠡᠯᠡᠭᠦᠯᠵᠦ᠍᠂ ᠳᠠᠭᠠᠳᠭᠠᠯ᠎ᠳᠤ ᠣᠷᠣᠯᠴᠠᠭ᠍ᠰᠠᠨ ᠡᠪᠡᠳᠴᠢᠲᠡᠨ ᠮᠤᠵᠢ᠎ᠶ᠋ᠢᠨ ᠭᠠᠳᠠᠨ᠎ᠠ ᠡᠪᠡᠳᠴᠢᠨ ᠦᠵᠡᠭᠦᠯᠬᠦ᠌ ᠦᠶᠡᠰ᠂ ᠬᠦᠯᠢᠶᠡᠨ ᠠᠪᠴᠤ᠌ ᠡᠮᠨᠡᠬᠦ᠌ ᠡᠮᠴᠢ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠮᠡᠳᠡᠭᠡ ᠵᠠᠩᠭᠢ᠎ᠶ᠋ᠢᠨ ᠲᠠᠪᠴᠠᠩ᠎ᠢᠶᠠᠷ ᠳᠠᠮᠵᠢᠨ ᠶᠦᠨᠨᠠᠨ᠎ᠳᠤ ᠪᠠᠢᠭ᠎ᠠ ᠵᠢᠷᠤᠮᠠᠭ᠎ᠤᠨ ᠮᠠᠲ᠋ᠧᠷᠢᠶᠠᠯ᠎ᠢ 《 ᠲᠡᠷᠡ ᠳᠠᠷᠤᠢ᠎ᠳᠤ ᠨᠢ ᠱᠢᠯᠵᠢᠭᠦᠯᠦᠨ ᠦᠵᠡᠵᠦ᠍》 ᠣᠨᠣᠪᠴᠢᠲᠠᠢ᠎ᠪᠠᠷ ᠡᠮᠨᠡᠬᠦ᠌᠎ᠳᠦ ᠦᠨᠳᠦᠰᠦᠯᠡᠯ ᠬᠠᠩᠭᠠᠵᠠᠢ᠃
ᠳ᠋ᠠᠢᠲ᠋ᠠ᠎ᠶ᠋ᠢ ᠱᠢᠭᠤᠳ 《ᠪᠥᠬᠦ᠌ ᠤᠯᠤᠰ᠎ᠤᠨ ᠰᠦᠯᠵᠢᠶ᠎ᠡ》᠎ᠲᠠᠢ ᠬᠤᠯᠪᠣᠵᠤ᠂ ᠬᠠᠮᠲᠤ᠎ᠪᠠᠷ ᠡᠳ᠋ᠯᠡᠬᠦ᠌ ᠰᠠᠭᠤᠷᠢ ᠨᠠᠩ ᠯᠠᠪᠳᠠᠭᠤᠨ ᠪᠠᠲᠤᠲᠠᠶ ᠪᠣᠯᠪᠠ
《 ᠪᠠᠢᠭ᠎ᠠ ᠡᠬᠢ ᠪᠠᠶᠠᠯᠢᠭ᠎ᠢ ᠪᠦᠷᠢᠯᠭᠡᠬᠦ᠌ ᠦᠭᠡᠢ ᠂ ᠳ᠋ᠠᠢᠲ᠋ᠠ᠎ᠶ᠋ᠢ ᠪᠦᠬᠦ᠌ ᠤᠯᠤᠰ᠎ᠤᠨ ᠬᠠᠮᠲᠤ᠎ᠪᠠᠷ ᠡᠳ᠋ᠯᠡᠬᠦ᠌ ᠱᠢᠰᠲ᠋ᠧᠮ᠎ᠳᠤ ᠨᠡᠩ ᠲᠦᠷᠭᠡᠨ ᠠᠭᠤᠰᠭᠠᠨ ᠣᠷᠣᠭᠣᠯᠬᠣ 》 ᠪᠣᠯ ᠶᠦᠨᠨᠠᠨ᠎ᠤ ᠡᠮᠴᠢᠯᠡᠭᠡᠨ᠎ᠦ ᠪᠠᠲᠤᠯᠠᠭ᠎ᠠ᠎ᠶ᠋ᠢᠨ ᠵᠢᠷᠤᠮᠠᠭ᠎ᠤᠨ ᠡᠭᠦᠯᠡᠨ᠎ᠦ ᠪᠠᠢᠭᠤᠯᠤᠯᠲᠠ᠎ᠶ᠋ᠢ ᠠᠬᠢᠭᠤᠯᠬᠤ ᠴᠢᠬᠤᠯᠠ ᠵᠠᠷᠴᠢᠮ ᠪᠣᠯᠣᠨ᠎ᠠ᠃ ᠪᠦᠲᠦᠭᠡᠨ ᠪᠠᠢᠭᠤᠯᠬᠤ ᠶᠠᠪᠤᠴᠠ᠎ᠳᠤ᠂ ᠶᠦᠨᠨᠠᠨ ᠱᠢᠭᠤᠳ ᠣᠷᠣᠨ ᠨᠤᠲᠤᠭ᠎ᠤᠨ ᠵᠢᠷᠤᠮᠠᠭ᠎ᠤᠨ ᠲᠥᠪ᠎ᠦᠨ ᠰᠠᠭᠤᠷᠢ ᠳ᠋ᠠᠢᠲ᠋ᠠ᠎ᠶ᠋ᠢᠨ ᠬᠡᠯᠬᠢᠶᠡᠲᠦ ᠵᠠᠮ ᠪᠠ ᠬᠠᠳᠠᠭᠠᠯᠠᠮᠵᠢ᠎ᠶ᠋ᠢᠨ ᠡᠬᠢ ᠪᠠᠶᠠᠯᠢᠭ᠎ᠢ ᠳᠠᠬᠢᠨ ᠠᠱᠢᠭ᠍ᠯᠠᠵᠤ᠂ ᠡᠭᠦᠨ᠎ᠦ ᠬᠠᠮᠲᠤ ᠬᠠᠮᠢᠶ᠎ᠠ ᠪᠦᠬᠦᠢ ᠲᠠᠰᠤᠯᠪᠤᠷᠢ ᠶ᠋ᠢᠨ ᠪᠠᠷᠢᠮᠵᠢᠶᠠᠵᠢᠭᠤᠯᠤᠭ᠍ᠰᠠᠨ ᠲᠤᠰᠭᠠᠯᠲᠠᠶ᠋ᠢᠨ ᠥᠭᠡᠷᠡᠴᠢᠯᠡᠯᠲᠡᠡ᠎ᠶ᠋ᠢ ᠠᠬᠢᠭᠤᠯᠵᠤ ᠂ ᠱᠢᠨ᠎ᠡ ᠨᠡᠮᠡᠭ᠌ᠳᠡᠭ᠌ᠰᠡᠨ ᠵᠢᠷᠤᠮᠠᠭ ᠨᠢ ᠤᠯᠤᠰ᠎ᠤᠨ ᠪᠠᠷᠢᠮᠵᠢᠶ᠎ᠠ ᠬᠡᠯᠬᠢᠶᠡᠰᠦ ID ᠶ᠋ᠢ ᠠᠶᠠᠨ᠎ᠳᠠᠭᠠᠨ ᠪᠣᠢ ᠪᠣᠯᠭᠠᠬᠤ ᠶ᠋ᠢ ᠦᠨᠡᠨ ᠬᠦ᠌ ᠪᠠᠲᠤᠯᠠᠵᠤ᠂ ᠡᠬᠢ ᠡᠭᠦᠰᠦᠯ᠎ᠡᠴᠡ ᠨᠢ ᠳ᠋ᠠᠢᠲ᠋ᠠ ᠶ᠋ᠢᠨ ᠬᠡᠪ ᠵᠠᠭ᠍ᠪᠤᠷ ᠪᠠ ᠺᠣᠳ᠋᠎ᠦᠨ ᠳᠦᠷᠢᠮ᠎ᠢ ᠪᠦᠬᠦ᠌ ᠤᠯᠤᠰ᠎ᠤᠨ ᠨᠢᠭᠡᠳ᠋ᠦᠯᠲᠡᠢ ᠱᠠᠭᠠᠷᠳᠠᠯᠭ᠎ᠠ᠎ᠳᠤ ᠨᠡᠢᠴᠡᠬᠦ᠌᠎ᠶ᠋ᠢ ᠪᠠᠲᠤᠯᠠᠪᠠ᠃ ᠰᠦᠯᠵᠢᠶᠡᠨ᠎ᠳᠤ ᠨᠡᠢᠲᠡᠯᠡᠭ᠌ᠰᠡᠨ ᠠᠩᠬᠠᠨ᠎ᠤ ᠭᠠᠷᠠᠭ᠎ᠲᠤ ᠤᠯᠤᠰ᠎ᠤᠨ ᠡᠮᠴᠢᠯᠡᠭᠡᠨ᠎ᠦ ᠪᠠᠲᠤᠯᠠᠭ᠎ᠠ ᠮᠡᠳᠡᠭᠡ ᠵᠠᠩᠭᠢ᠎ᠶ᠋ᠢᠨ ᠲᠠᠪᠴᠠᠩ᠎ᠳᠤ 8.3 ᠲᠦᠮᠡᠨ ᠵᠤᠷᠪᠤᠰ ᠵᠢᠷᠤᠮᠠᠭ᠎ᠤᠨ ᠬᠡᠯᠬᠢᠶᠡᠰᠦ᠎ᠶ᠋ᠢᠨ ᠳ᠋ᠠᠢᠲ᠋ᠠ᠎ᠶ᠋ᠢ ᠳᠠᠮᠵᠢᠭᠤᠯᠵᠤ᠂ ᠡᠭᠦᠨ᠎ᠳᠤ DR ᠳᠦᠷᠰᠦ ᠪᠦᠲᠦᠭᠡᠯᠲᠡ ᠶ᠋ᠢ 1.66 ᠲᠦᠮᠡᠨ ᠵᠤᠷᠪᠤᠰ᠂ CT ᠳᠦᠷᠰᠦ ᠪᠦᠲᠦᠭᠡᠯᠲᠡ᠎ᠶ᠋ᠢ 4. 35 ᠲᠦᠮᠡᠨ ᠵᠤᠷᠪᠤᠰ᠂ MRI ᠳᠦᠷᠰᠦ ᠪᠦᠲᠦᠭᠡᠯᠲᠡ᠎ᠶ᠋ᠢ 6754 ᠵᠤᠷᠪᠤᠰ᠂ US ᠳᠦᠷᠰᠦ ᠳᠦᠷᠰᠦ ᠪᠦᠲᠦᠭᠡᠯᠲᠡ ᠶ᠋ᠢ 1.63 ᠲᠦᠮᠡᠨ ᠵᠤᠷᠪᠤᠰ ᠪᠠᠢᠵᠤ᠂ ᠳ᠋ᠠᠢᠲ᠋ᠠ᠎ᠶ᠋ᠢᠨ ᠵᠠᠭ᠍ᠪᠤᠷ ᠪᠠ ᠺᠣᠳ᠋᠎ᠤᠨ ᠲᠦᠷᠢᠮ᠎ᠨᠢ ᠤᠯᠤᠰ᠎ᠤᠨ ᠨᠢᠭᠡᠳᠦᠯᠲᠡᠶ ᠱᠠᠭᠠᠷᠳᠠᠯᠭ᠎ᠠ᠎ᠳᠤ ᠪᠦᠷᠢᠮᠦᠰᠦᠨ ᠨᠡᠢᠴᠡᠵᠦ᠍᠂ ᠡᠮᠴᠢᠯᠡᠭᠡᠨ᠎ᠦ ᠪᠠᠲᠤᠯᠠᠭ᠎ᠠ᠎ᠶ᠋ᠢᠨ ᠵᠢᠷᠤᠮᠠᠭ᠎ᠤᠨ ᠡᠭᠦᠯᠡ 《 ᠪᠥᠬᠦ᠌ ᠤᠯᠤᠰ᠎ᠤᠨ ᠰᠦᠯᠵᠢᠶ᠎ᠡ 》᠎ᠳᠤ ᠠᠮᠵᠢᠯᠲᠠ᠎ᠲᠠᠢ ᠠᠭᠤᠰᠤᠯᠴᠠᠪᠠ᠃
ᠡᠪᠡᠳᠴᠢᠲᠡᠨ 《 ᠭᠠᠷ ᠣᠲᠠᠰᠤ᠎ᠪᠠᠷ ᠮᠡᠳᠡᠭᠦᠯᠦᠯᠲᠡ᠎ᠶ᠋ᠢ ᠦᠵᠡᠵᠦ᠍》᠂ ᠣᠶᠣᠨᠴᠢ ᠡᠮᠴᠢᠯᠡᠭᠡᠨ᠎ᠦ ᠪᠠᠲᠤᠯᠠᠭ᠎ᠠ ᠨᠢ ᠬᠠᠯᠠᠭᠤᠨ ᠳᠤᠯᠠᠭᠠᠨ᠎ᠢ ᠨᠡᠮᠡᠭ᠌ᠳᠡᠭᠦᠯᠦᠨ᠎ᠡ
ᠡᠮᠴᠢ᠎ᠶ᠋ᠢᠨ ᠦᠵᠦᠭᠦᠷ᠎ᠤᠨ ᠥᠨᠳᠥᠷ ᠪᠦᠲᠦᠮᠵᠢᠲᠡᠶ᠎ᠪᠠᠷ ᠱᠢᠯᠵᠢᠭᠦᠯᠦᠨ ᠦᠵᠡᠬᠦ᠌᠎ᠠᠴᠠ ᠭᠠᠳᠠᠨ᠎ᠠ᠂ ᠡᠪᠡᠳᠴᠢᠲᠡᠨ᠎ᠤ ᠦᠵᠦᠭᠦᠷ᠎ᠦᠨ ᠪᠡᠶ᠎ᠡ᠎ᠪᠡᠷ᠎ᠢᠶᠡᠨ ᠣᠢᠯᠠᠭᠠᠬᠤ ᠨᠢ ᠴᠦ᠍ ᠪᠦᠬᠦ᠌ ᠲᠠᠯ᠎ᠠ᠎ᠪᠠᠷ ᠳᠡᠰ ᠳᠡᠪᠱᠢᠪᠡ᠃ ᠡᠲᠦᠭᠡ᠂ ᠶᠦᠨᠨᠠᠨ᠎ᠤ ᠳᠠᠭᠠᠳᠭᠠᠯ᠎ᠳᠤ ᠣᠷᠣᠯᠴᠠᠭ᠍ᠰᠠᠨ ᠡᠪᠡᠳᠴᠢᠲᠡᠨ ᠵᠥᠪᠬᠡᠨ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠦᠢᠯᠡᠴᠢᠯᠡᠭᠡᠨ᠎ᠤ ᠲᠠᠪᠴᠠᠩ᠎ᠤᠨ APP᠎ᠪᠠᠷ ᠳᠠᠮᠵᠢᠨ ᠲᠤᠰᠭᠠᠢ ᠡᠮᠴᠢᠯᠡᠭᠡᠨ᠎ᠤ ᠪᠠᠲᠤᠯᠠᠭ᠎ᠠ᠎ᠶ᠋ᠢᠨ ᠺᠠᠷᠲ᠎ᠢ ᠢᠯᠭᠠᠨ ᠲᠠᠨᠢᠭᠤᠯᠪᠠᠯ ᠡᠮᠴᠢᠯᠡᠬᠦ᠌ ᠡᠮᠴᠢ᠎ᠳᠤ ᠡᠷᠬᠡ ᠣᠯᠭᠤᠵᠤ ᠥᠪᠡᠷ᠎ᠤᠨ ᠵᠢᠷᠤᠮᠠᠭ᠎ᠤᠨ ᠮᠠᠲ᠋ᠧᠷᠢᠶᠠᠯ᠎ᠢᠶᠠᠨ ᠱᠢᠯᠵᠢᠭᠦᠯᠦᠨ ᠦᠵᠡᠭᠦᠯᠵᠦ᠍ ᠪᠣᠯᠤᠨ᠎ᠠ᠂ ᠮᠤᠵᠢ᠎ᠶ᠋ᠢᠨ ᠳᠣᠲᠣᠷ᠎ᠠ ᠡᠮᠨᠡᠯᠭᠡ᠎ᠶ᠋ᠢᠨ ᠬᠤᠷᠢᠶ᠎ᠠ ᠠᠯᠤᠰᠯᠠᠨ ᠡᠮᠨᠡᠭᠦᠯᠦᠭ᠌ᠰᠡᠨ ᠴᠤ᠌ ᠪᠣᠯᠣᠭ᠂ ᠡᠰᠡᠬᠦᠯ᠎ᠡ ᠮᠤᠵᠢ ᠠᠯᠤᠰᠯᠠᠨ ᠣᠨᠳᠣᠣ ᠭᠠᠵᠠᠷ᠎ᠲᠤ ᠡᠮᠨᠡᠭᠦᠯᠦᠭ᠌ᠰᠡᠨ ᠴᠤ᠌ ᠪᠣᠯᠣᠭ᠂ ᠴᠥᠮ ᠵᠤᠵᠠᠭᠠᠨ ᠹᠢᠯᠢᠮ᠎ᠤᠨ ᠤᠭᠤᠲᠠ᠎ᠶ᠋ᠢ ᠡᠭᠦᠷᠬᠦ᠌ ᠴᠢᠬᠤᠯᠠ ᠦᠭᠡᠢ᠃ ᠳᠠᠭᠠᠳᠭᠠᠯ᠎ᠳᠤ ᠣᠷᠣᠯᠴᠠᠭ᠍ᠴᠢ ᠪᠠᠰᠠ ᠶᠦᠨᠨᠠᠨ ᠮᠤᠵᠢ᠎ᠶ᠋ᠢᠨ ᠡᠮᠴᠢᠯᠡᠭᠡᠨ᠎ᠦ ᠪᠠᠲᠤᠯᠠᠭ᠎ᠠ᠎ᠶ᠋ᠢᠨ ᠵᠢᠵᠢᠭ ᠫᠷᠣᠭ᠌ᠷᠠᠮ᠎ᠢᠶᠠᠷ ᠳᠠᠮᠵᠢᠭᠤᠯᠤᠨ᠂ ᠭᠠᠷ ᠤᠲᠠᠰᠤᠨ ᠳᠡᠭᠡᠷ᠎ᠡ ᠥᠪᠡᠷ᠎ᠤᠨ ᠮᠤᠵᠢ᠎ᠶ᠋ᠢᠨ ᠳᠣᠲᠣᠷᠠᠬᠢ ᠵᠢᠷᠤᠮᠠᠭ᠎ᠤᠨ ᠮᠡᠳᠡᠭᠡ ᠵᠠᠩᠭᠢ ᠵᠢᠴᠢ ᠮᠡᠳᠡᠭᠦᠯᠦᠯᠲᠡ᠎ᠪᠠᠨ ᠴᠠᠭ ᠲᠤᠬᠠᠶ᠎ᠳᠤ ᠨᠢ ᠪᠠᠢᠴᠠᠭᠠᠨ ᠦᠵᠡᠵᠦ᠍᠂ ᠵᠢᠷᠤᠮᠠᠭ᠎ᠤᠨ ᠮᠠᠲ᠋ᠧᠷᠢᠶᠠᠯ᠎ᠢ 《 ᠪᠡᠶ᠎ᠡ᠎ᠳᠦ᠎ᠪᠡᠨ ᠠᠪᠴᠦ᠍ ᠶᠠᠪᠤᠬᠤ 》᠎ᠶ᠋ᠢ ᠪᠡᠶᠡᠯᠡᠭᠦᠯᠪᠡ᠃