ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠨᠡᠯᠭᠡ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠰᠦᠯᠵᠢᠶᠡᠨ᠎ᠳᠤ ᠭᠠᠷᠭ᠋ᠠᠬᠤ ᠠᠵᠢᠯ᠎ᠢ ᠥᠷᠨᠢᠭᠦᠯᠬᠦ ᠲᠤᠬᠠᠶ ᠮᠡᠳᠡᠭᠳᠡᠯ
ᠨᠡᠶ᠋ᠢᠲᠡᠯᠡᠭᠰᠡᠨ ᠴᠠᠭ᠄ 2021-05-17

            ᠥᠪᠥᠷ ᠡᠮ ᠬᠤᠳᠠᠯᠳᠤᠨ ᠠᠪᠬᠤ ᠲᠥᠪ ᠦᠰᠦᠭ  [2021] 90 ᠳ᠋ᠤᠭᠡᠷ ᠲᠣᠭ᠋ᠠᠲᠤ
ᠡᠯ᠎ᠡ ᠬᠠᠮᠢᠶ᠎ᠠ ᠪᠥᠬᠥᠶ ᠨᠢᠭᠡᠴᠢ᠄
      ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠵᠢᠨ 《2021 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠰᠦᠯᠵᠢᠶᠡᠨ᠎ᠳᠤ   ᠭᠠᠷᠭ᠋ᠠᠬᠤ ᠠᠵᠢᠯ᠎ᠢ ᠰᠠᠶ᠋ᠢᠲᠤᠷ ᠬᠢᠬᠦ ᠲᠤᠬᠠᠶ ᠮᠡᠳᠡᠭᠳᠡᠯ》 (ᠥᠪᠥᠷ ᠡᠮᠴᠢᠯᠡᠭᠡ ᠳᠠᠭ᠋ᠠᠳᠬᠠᠯ ᠠᠯᠪᠠᠨ ᠲᠠᠷᠬᠠᠭ᠋ᠠᠭᠰᠠᠨ
[2021] 7 ᠳ᠋ᠤᠭ᠋ᠠᠷ ᠲᠣᠭ᠋ᠠᠲᠤ)᠎ᠤᠨ ᠱᠠᠭ᠋ᠠᠷᠳᠠᠯᠭ᠎ᠠ ᠵᠢ ᠦᠨᠳᠦᠰᠦᠯᠡᠨ᠂ ᠬᠠᠮᠢᠶ᠎ᠠ ᠪᠥᠬᠥᠶ ᠠᠵᠢᠯ᠎ᠤᠨ ᠤᠷᠤᠭᠰᠢᠲᠠᠶ ᠶᠠᠪᠤᠭᠳᠠᠬᠤ ᠵᠢ ᠦᠨᠡᠨᠬᠦ ᠪᠠᠲᠤᠯᠠᠬᠤ ᠵᠢᠨ ᠲᠤᠰᠠᠳᠠ᠂ ᠰᠤᠳᠤᠯᠬᠤ᠎ᠪᠠᠷ ᠳᠡᠮᠵᠢᠨ᠂ ᠡᠳᠦᠭᠡ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠰᠦᠯᠵᠢᠶᠡᠨ᠎ᠳᠤ ᠭᠠᠷᠭ᠋ᠠᠬᠤ ᠠᠵᠢᠯ᠎ᠢ ᠥᠷᠨᠢᠭᠦᠯᠬᠦ ᠲᠤᠬᠠᠶ ᠳᠣᠤᠷᠠᠬᠢ ᠮᠡᠲᠦ ᠮᠡᠳᠡᠭᠳᠡᠪᠡ᠃
      ᠨᠢᠭᠡ᠂ ᠮᠡᠳᠡᠭᠦᠯᠬᠦ ᠭᠣᠤᠯ ᠴᠣᠭᠴᠠ
      ᠮᠡᠳᠡᠭᠦᠯᠬᠦ ᠭᠣᠤᠯ ᠴᠣᠭᠴᠠ᠎ᠨᠢ ᠦᠢ᠍ᠯᠡᠳᠪᠦᠷᠢᠯᠡᠯ᠎ᠤᠨ ᠠᠵᠤ ᠠᠬᠤᠶ᠋ᠢᠯᠠᠯ ᠪᠠᠶ᠋ᠢᠵᠤ᠂ ᠡᠷᠬᠡᠪᠰᠢ ᠬᠠᠤᠯᠢ ᠶᠣᠰᠣᠨ᠎ᠤ ᠬᠢᠷᠢ ᠬᠡᠮ ᠣᠯᠤᠭᠰᠠᠨ ᠡᠮᠴᠢᠯᠡᠭᠡᠨ᠎ᠤ ᠪᠠᠭ᠋ᠠᠵᠢ ᠬᠡᠷᠡᠭᠰᠡᠯ᠎ᠤᠨ ᠳᠠᠩᠰᠠᠯᠠᠭᠤᠯᠤᠭᠴᠢ ᠪᠠᠶ᠋ᠢᠬᠤ ᠬᠡᠷᠡᠭᠲᠡᠶ; ᠭᠠᠳᠠᠭ᠋ᠠᠳᠤ᠎ᠠᠴᠠ ᠣᠷᠣᠭᠤᠯᠬᠤ ᠡᠮᠴᠢᠯᠡᠭᠡᠨ᠎ᠤ ᠪᠠᠭ᠋ᠠᠵᠢ ᠬᠡᠷᠡᠭᠰᠡᠯ᠎ᠤᠨ ᠬᠢᠯᠢ ᠵᠢᠨ ᠭᠠᠳᠠᠨ᠎ᠠ ᠳᠠᠩᠰᠠᠯᠠᠭᠤᠯᠤᠭᠴᠢ ᠵᠢᠨ ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠢᠯᠢ ᠵᠢᠨ ᠳᠣᠲᠣᠷ᠎ᠠ ᠪᠠᠶ᠋ᠢᠭᠤᠯᠤᠭᠰᠠᠨ ᠲᠥᠯᠥᠭᠡᠯᠡᠬᠦ ᠪᠠᠶ᠋ᠢᠭᠤᠯᠤᠮᠵᠢ ᠪᠤᠶᠤ ᠵᠢᠭ᠋ᠠᠨ ᠲᠣᠭᠲᠠᠭ᠋ᠠᠭᠰᠠᠨ ᠠᠵᠤ ᠠᠬᠤᠶ᠋ᠢᠯᠠᠯ ᠬᠠᠤᠯᠢ ᠵᠢᠨ ᠡᠷᠬᠡᠳᠡᠨ᠎ᠢ ᠳᠠᠩᠰᠠᠯᠠᠭᠤᠯᠤᠭᠴᠢ᠎ᠪᠠᠷ ᠦᠵᠡᠨ᠎ᠡ᠃ ᠠᠳᠠᠯᠢ ᠨᠢᠭᠡᠨ ᠡᠮᠴᠢᠯᠡᠭᠡᠨ᠎ᠤ ᠪᠠᠭ᠋ᠠᠵᠢ ᠬᠡᠷᠡᠭᠰᠡᠯ᠎ᠤᠨ ᠳᠠᠩᠰᠠᠯᠠᠭᠤᠯᠤᠭᠰᠠᠨ ᠦᠨᠡᠮᠯᠡᠯ᠎ᠤᠨ ᠦᠢ᠍ᠯᠡᠳᠭᠦᠨ᠎ᠢ ᠠᠳᠠᠯᠢ ᠪᠤᠰᠤ ᠠᠵᠤ ᠠᠬᠤᠶ᠋ᠢᠯᠠᠯ᠎ᠳᠤ ᠨᠠᠶ᠋ᠢᠳᠠᠵᠤ ᠭᠤᠶᠤᠴᠢᠯᠠᠨ ᠮᠡᠳᠡᠭᠦᠯᠵᠦ ᠪᠣᠯᠬᠤ ᠥᠬᠡᠶ᠃
      ᠬᠣᠶᠠᠷ᠂ ᠮᠡᠳᠡᠭᠦᠯᠬᠦ ᠬᠡᠪᠴᠢᠶ᠎ᠡ ᠵᠢᠴᠢ ᠱᠠᠭ᠋ᠠᠷᠳᠠᠯᠭ᠎ᠠ
     《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠡᠮᠴᠢᠯᠡᠭᠡᠨ᠎ᠤ ᠪᠠᠭ᠋ᠠᠵᠢ ᠬᠡᠷᠡᠭᠰᠡᠯ᠎ᠤᠨ ᠳᠠᠩᠰᠠᠯᠠᠭᠤᠯᠤᠭᠰᠠᠨ ᠦᠨᠡᠮᠯᠡᠯ》 ᠪᠠ ᠤᠯᠤᠰ᠎ᠤᠨ ᠡᠮᠴᠢᠯᠡᠭᠡᠨ᠎ᠤ ᠳᠠᠭ᠋ᠠᠳᠬᠠᠯ᠎ᠤᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠲᠥᠷᠥᠯ ᠠᠩᠭᠢᠯᠠᠯ ᠪᠠ ᠣᠷᠣᠯᠠᠬᠤ ᠨᠣᠮᠧᠷ᠎ᠤᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠣᠯᠤᠭᠰᠠᠨ ᠪᠠᠶ᠋ᠢᠪᠠᠯ᠂ ᠡᠭᠦᠨ᠎ᠳᠤ ᠰᠢᠨ᠎ᠡ᠎ᠪᠠᠷ ᠨᠡᠮᠡᠭᠳᠡᠭᠰᠡᠨ ᠠᠵᠤ ᠠᠬᠤᠶ᠋ᠢᠯᠠᠯ᠎ᠨᠢ ᠡᠷᠬᠡᠪᠰᠢ 《ᠡᠮ ᠡᠮᠨᠡᠯᠭᠡ ᠵᠢᠨ ᠠᠵᠤ ᠠᠬᠤᠶ᠋ᠢᠯᠠᠯ᠎ᠤᠨ ᠦᠨ᠎ᠡ ᠬᠠᠩᠰᠢ ᠪᠠ ᠡᠵᠡᠩᠨᠡᠨ ᠪᠣᠷᠣᠯᠠᠭᠤᠯᠬᠤ ᠦᠢ᠍ᠯᠡ ᠠᠵᠢᠯᠯᠠᠭ᠎ᠠ ᠵᠢᠨ ᠢᠲᠡᠭᠡᠮᠵᠢ ᠵᠢᠨ ᠠᠮᠠᠯᠠᠯᠲᠠ ᠵᠢᠨ ᠪᠢᠴᠢᠭ》᠎ᠢ ᠬᠠᠮᠲᠤ᠎ᠳᠤᠨᠢ ᠲᠤᠰᠢᠶᠠᠬᠤ ᠬᠡᠷᠡᠭᠲᠡᠶ; ᠮᠠᠨ᠎ᠤ ᠣᠷᠣᠨ᠎ᠤ ᠨᠢᠭᠡᠨᠲᠡ ᠰᠦᠯᠵᠢᠶᠡᠨ᠎ᠳᠤ ᠭᠠᠷᠤᠭᠰᠠᠨ ᠦᠢ᠍ᠯᠡᠳᠭᠦᠨ᠎ᠤ ᠠᠵᠤ ᠠᠬᠤᠶ᠋ᠢᠯᠠᠯ 2021 ᠣᠨ᠎ᠤ 4   ᠳ᠋ᠤᠭᠡᠷ ᠰᠠᠷ᠎ᠠ ᠵᠢᠨ 1᠎ᠤ ᠡᠳᠦᠷ᠎ᠠᠴᠠ ᠡᠮᠦᠨ᠎ᠡ ᠨᠢᠭᠡᠨᠲᠡ 《ᠡᠮ ᠡᠮᠨᠡᠯᠭᠡ ᠵᠢᠨ ᠠᠵᠤ ᠠᠬᠤᠶ᠋ᠢᠯᠠᠯ᠎ᠤᠨ ᠦᠨ᠎ᠡ ᠬᠠᠩᠰᠢ ᠪᠠ ᠡᠵᠡᠩᠨᠡᠨ ᠪᠣᠷᠣᠯᠠᠭᠤᠯᠬᠤ ᠠᠵᠢᠯᠯᠠᠭ᠎ᠠ ᠵᠢᠨ ᠢᠲᠡᠭᠡᠮᠵᠢ ᠵᠢᠨ ᠠᠮᠠᠯᠠᠯᠲᠠ ᠵᠢᠨ ᠪᠢᠴᠢᠭ》᠎ᠢ ᠲᠤᠰᠢᠶᠠᠭᠰᠠᠨ ᠪᠠᠢ᠌ᠬᠤ ᠬᠡᠷᠡᠭᠳᠡᠢ᠃
      ᠭᠤᠷᠪᠠ᠂ ᠮᠡᠳᠡᠭᠦᠯᠬᠦ ᠴᠤᠪᠤᠷᠠᠯ
     (ᠨᠢᠭᠡ) ᠬᠡᠷᠡᠭᠯᠡᠭᠴᠢ ᠵᠢᠨ ᠨᠡᠷ᠎ᠡ ᠪᠣᠯᠤᠨ ᠨᠢᠭᠤᠴᠠ ᠨᠣᠮᠧᠷ᠎ᠢ ᠭᠤᠶᠤᠴᠢᠯᠠᠨ ᠠᠪᠬᠤ᠃
      ᠮᠠᠨ᠎ᠤ ᠣᠷᠣᠨ᠎ᠤ ᠨᠢᠭᠡᠨᠲᠡ ᠰᠦᠯᠵᠢᠶᠡᠨ᠎ᠳᠤ ᠭᠠᠷᠭ᠋ᠠᠭᠰᠠᠨ ᠦᠢ᠍ᠯᠡᠳᠭᠦᠨ᠎ᠤ ᠦᠢ᠍ᠯᠡᠳᠪᠦᠷᠢᠯᠡᠯ᠎ᠤᠨ ᠠᠵᠤ ᠠᠬᠤᠶ᠋ᠢᠯᠠᠯ᠎ᠨᠢ᠂ ᠤᠤᠯ᠎ᠤᠨ ᠬᠡᠷᠡᠭᠯᠡᠭᠴᠢ ᠵᠢᠨ ᠨᠡᠷ᠎ᠡ ᠵᠢᠨ ᠨᠢᠭᠤᠴᠠ ᠨᠣᠮᠧᠷ ᠵᠶ᠋ᠠᠷ ᠲᠡᠮᠳᠡᠭᠯᠡᠬᠦ ᠰᠢᠰᠲ᠋ᠧᠮ ᠵᠶ᠋ᠠᠷ ᠨᠡᠷ᠎ᠡ ᠮᠡᠳᠡᠭᠦᠯᠬᠦ᠎ᠳᠤ᠂ ᠳᠠᠪᠬᠤᠷᠳᠠᠭᠤᠯᠤᠨ ᠭᠤᠶᠤᠴᠢᠯᠠᠬᠤ ᠴᠢᠬᠤᠯᠠ ᠥᠬᠡᠶ; ᠰᠢᠨ᠎ᠡ ᠠᠵᠤ ᠠᠬᠤᠶ᠋ᠢᠯᠠᠯ᠎ᠨᠢ ᠰᠢᠰᠲ᠋ᠧᠮ᠎ᠤᠨ ᠳᠠᠩᠰᠠᠯᠠᠭᠤᠯᠤᠯᠲᠠ᠎ᠪᠠᠷ ᠳᠠᠮᠵᠢᠭᠤᠯᠤᠨ ᠬᠡᠷᠡᠭᠯᠡᠭᠴᠢ ᠵᠢᠨ ᠨᠡᠷ᠎ᠡ ᠪᠠ ᠨᠢᠭᠤᠴᠠ ᠨᠣᠮᠧᠷ ᠵᠶ᠋ᠠᠨ ᠠᠪᠬᠤ ᠴᠢᠬᠤᠯᠠᠲᠠᠶ᠂ ᠠᠵᠤ ᠠᠬᠤᠶ᠋ᠢᠯᠠᠯ᠎ᠤᠨ ᠬᠡᠪᠴᠢᠶ᠎ᠡ᠎ᠨᠢ
《ᠤᠯᠤᠰ᠎ᠤᠨ ᠡᠮ ᠡᠮᠨᠡᠯᠭᠡ ᠵᠢᠨ ᠳᠠᠭ᠋ᠠᠳᠬᠠᠯ᠎ᠤᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠲᠥᠷᠥᠯ ᠠᠩᠭᠢᠯᠠᠯ ᠪᠠ ᠣᠷᠣᠯᠠᠬᠤ ᠨᠣᠮᠧᠷ》᠎ᠢ ᠨᠢᠭᠡᠨᠲᠡ ᠣᠯᠤᠭᠰᠠᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠠᠵᠤ ᠠᠬᠤᠶ᠋ᠢᠯᠠᠯ ᠪᠣᠯᠤᠨ᠎ᠠ᠃
     (ᠬᠣᠶᠠᠷ) ᠪᠦᠲᠦᠭᠡᠭᠳᠡᠬᠦᠨ ᠵᠶ᠋ᠠᠨ ᠮᠡᠳᠡᠭᠦᠯᠬᠦ᠃
      ᠰᠢᠨ᠎ᠡ᠎ᠪᠠᠷ ᠨᠡᠮᠡᠭᠳᠡᠭᠰᠡᠨ ᠦᠢ᠍ᠯᠡᠳᠭᠦᠨ᠂ ᠬᠡᠪ ᠪᠠᠷᠢᠮᠵᠢᠶ᠎ᠠ ᠵᠢ ᠭᠤᠶᠤᠴᠢᠯᠠᠨ ᠮᠡᠳᠡᠭᠦᠯᠬᠦ᠎ᠳᠤ᠂ ᠠᠵᠤ ᠠᠬᠤᠶ᠋ᠢᠯᠠᠯ᠎ᠠᠴᠠ ᠰᠢᠰᠲ᠋ᠧᠮ᠎ᠤᠨ ᠳᠣᠲᠣᠷ᠎ᠠ᠎ᠪᠠᠨ ᠲᠣᠭᠲᠠᠭ᠋ᠠᠭᠰᠠᠨ 《ᠤᠯᠤᠰ᠎ᠤᠨ ᠡᠮᠴᠢᠯᠡᠭᠡᠨ᠎ᠤ ᠳᠠᠭ᠋ᠠᠳᠬᠠᠯ᠎ᠤᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠲᠥᠷᠥᠯ ᠠᠩᠭᠢᠯᠠᠯ ᠬᠢᠭᠡᠳ ᠣᠷᠣᠯᠠᠬᠤ ᠨᠣᠮᠧᠷ》᠎ᠢ ᠣᠯᠤᠭᠰᠠᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠦᠨᠳᠦᠰᠦᠯᠡᠨ ᠭᠣᠬᠠᠳᠠᠨ ᠰᠣᠩᠭᠣᠵᠤ ᠲᠠᠭᠯᠠᠨ ᠮᠡᠳᠡᠭᠦᠯᠦᠨ᠎ᠡ᠃
      ᠨᠢᠭᠡᠨᠲᠡ ᠰᠦᠯᠵᠢᠶᠡᠨ᠎ᠳᠤ ᠭᠠᠷᠭ᠋ᠠᠭᠰᠠᠨ ᠦᠢ᠍ᠯᠡᠳᠭᠦᠨ᠎ᠨᠢ ᠤᠯᠤᠰ᠎ᠤᠨ ᠡᠮᠴᠢᠯᠡᠭᠡᠨ᠎ᠤ ᠳᠠᠭ᠋ᠠᠳᠬᠠᠯ᠎ᠤᠨ ᠳ᠋ᠤᠭ᠋ᠠᠷᠯᠠᠯ᠎ᠤᠨ ᠬᠠᠷᠢᠴᠠᠯ᠎ᠢ ᠪᠡᠶᠡᠯᠡᠭᠦᠯᠦᠭᠰᠡᠨ ᠥᠬᠡᠶ ᠪᠠᠶ᠋ᠢᠪᠠᠯ ᠳᠠᠪᠬᠤᠷᠳᠠᠭᠤᠯᠤᠨ ᠮᠡᠳᠡᠭᠦᠯᠵᠦ ᠪᠣᠯᠬᠤ ᠥᠬᠡᠶ᠃
     (ᠭᠤᠷᠪᠠ) ᠬᠢᠷᠢ ᠴᠢᠳᠠᠮᠵᠢ ᠵᠢᠨ ᠮᠡᠳᠡᠭᠡ ᠵᠠᠩᠭᠢ ᠵᠢ ᠲᠠᠭᠯᠠᠨ ᠮᠡᠳᠡᠭᠦᠯᠬᠦ᠃
      ᠱᠠᠭ᠋ᠠᠷᠳᠠᠯᠭ᠎ᠠ ᠶᠣᠰᠣᠭ᠋ᠠᠷ ᠠᠵᠤ ᠠᠬᠤᠶ᠋ᠢᠯᠠᠯ᠎ᠤᠨ ᠮᠡᠳᠡᠭᠡ ᠵᠠᠩᠭᠢ᠂ ᠬᠣᠷᠣᠭᠳᠠᠯ ᠮᠠᠲ᠋ᠧᠷᠢᠶᠠᠯ᠎ᠤᠨ ᠮᠡᠳᠡᠭᠡ ᠵᠠᠩᠭᠢ ᠵᠢ ᠲᠠᠭᠯᠠᠵᠤ᠂ ★ ᠲᠡᠮᠳᠡᠭ᠎ᠲᠠᠢ ᠵᠢ᠎ᠨᠢ ᠡᠷᠬᠡᠪᠰᠢ ᠲᠠᠭᠯᠠᠵᠤ᠂ ᠬᠠᠮᠢᠶ᠎ᠠ ᠪᠥᠬᠥᠶ ᠰᠠᠯᠠᠭ᠎ᠠ ᠮᠥᠴᠢᠷ᠎ᠤᠨ ᠬᠢᠨᠠᠨ ᠵᠥᠪᠰᠢᠶᠡᠷᠡᠭᠰᠡᠨ ᠦᠨᠡᠮᠯᠡᠯ᠎ᠤᠨ ᠵᠢᠷᠤᠮᠵᠢᠯ ᠶᠣᠰᠣᠭ᠋ᠠᠷ ᠲᠠᠭᠯᠠᠵᠤ᠂ ᠮᠡᠳᠡᠭᠡ ᠵᠠᠩᠭᠢ ᠵᠢ ᠵᠥᠪ ᠣᠨᠣᠪᠴᠢᠲᠠᠶ ᠲᠠᠭᠯᠠᠭᠰᠠᠨ᠎ᠤ ᠳᠠᠷᠠᠭ᠎ᠠ ᠲᠤᠰᠢᠶᠠᠬᠤ ᠵᠢ ᠦᠨᠡᠨᠬᠦ ᠪᠠᠲᠤᠯᠠᠨ᠎ᠠ᠃
     (ᠲᠦᠷᠪᠡ) ᠬᠤᠳᠠᠯᠳᠤᠨ ᠠᠪᠬᠤ ᠦᠨ᠎ᠡ ᠵᠢ ᠮᠡᠳᠡᠭᠦᠯᠬᠦ᠃
      ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠦᠨ᠎ᠡ ᠬᠠᠩᠰᠢ ᠵᠢ ᠮᠡᠳᠡᠭᠦᠯᠬᠦ᠎ᠳᠡᠭᠡᠨ ᠬᠡᠪ ᠪᠠᠷᠢᠮᠵᠢᠶ᠎ᠠ᠂ ᠬᠡᠯᠪᠡᠷᠢ ᠮᠠᠶᠢᠭ᠎ᠤᠨ ᠬᠠᠮᠤᠭ᠎ᠤᠨ ᠪᠠᠭ᠎ᠠ ᠪᠣᠷᠣᠯᠠᠭᠤᠯᠤᠨ ᠪᠣᠭᠣᠳᠠᠯᠯᠠᠬᠤ ᠨᠢᠭᠡᠴᠢ᠎ᠪᠠᠷ ᠲᠠᠭᠯᠠᠨ ᠮᠡᠳᠡᠭᠦᠯᠦᠨ᠎ᠡ᠂ ᠦᠨ᠎ᠡ ᠬᠠᠩᠰᠢ᠎ᠨᠢ ᠲᠣᠰ   ᠦᠢ᠍ᠯᠡᠳᠭᠦᠨ᠎ᠤ ᠪᠥᠬᠥ ᠤᠯᠤᠰ᠎ᠤᠨ ᠮᠤᠵᠢ ᠵᠢᠨ ᠱᠠᠲᠤᠨ᠎ᠤ ᠰᠦᠯᠵᠢᠶᠡᠨ᠎ᠳᠤ ᠭᠠᠷᠭ᠋ᠠᠭᠰᠠᠨ ᠬᠠᠮᠤᠭ᠎ᠤᠨ ᠳᠣᠤᠷ᠎ᠠ ᠦᠨ᠎ᠡ᠎ᠠᠴᠠ ᠥᠨᠳᠥᠷ ᠪᠠᠶ᠋ᠢᠵᠤ ᠪᠣᠯᠬᠤ ᠥᠬᠡᠶ (ᠲᠥᠪᠯᠡᠷᠡᠩᠭᠦᠶ ᠬᠡᠮᠵᠢᠶ᠎ᠡ᠎ᠲᠠᠢ᠎ᠪᠠᠷ ᠬᠤᠳᠠᠯᠳᠤᠨ ᠠᠪᠤᠭᠰᠠᠨ ᠦᠢ᠍ᠯᠡᠳᠭᠦᠨ᠎ᠤ ᠳᠣᠲᠣᠷ᠎ᠠ᠎ᠠᠴᠠ ᠰᠣᠩᠭᠣᠭᠰᠠᠨ ᠦᠨ᠎ᠡ ᠡᠭᠦᠨ᠎ᠳᠤ ᠪᠠᠭᠲᠠᠬᠤ ᠥᠬᠡᠶ)᠃
     (ᠲᠠᠪᠤ) ᠢᠯᠡ᠎ᠪᠠᠷ ᠨᠡᠢ᠌ᠲᠡᠯᠡᠬᠦ᠃
      ᠮᠡᠳᠡᠭᠦᠯᠦᠭᠰᠡᠨ ᠦᠷ᠎ᠡ ᠳ᠋ᠦᠩ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠮᠡᠳᠡᠭᠦᠯᠬᠦ ᠰᠢᠰᠲ᠋ᠧᠮ ᠵᠶ᠋ᠠᠷ ᠳᠠᠮᠵᠢᠭᠤᠯᠤᠨ ᠵᠠᠷᠯᠠᠨ ᠨᠡᠶ᠋ᠢᠲᠡᠯᠡᠵᠦ᠂ ᠵᠠᠷᠯᠠᠨ ᠨᠡᠶ᠋ᠢᠲᠡᠯᠡᠬᠦ ᠬᠤᠭᠤᠴᠠᠭ᠋ᠠᠨ᠎ᠳᠤ ᠭᠤᠶᠤᠴᠢᠯᠠᠯ (ᠪᠠᠯᠠ ᠣᠷᠣᠭᠤᠯᠤᠯᠲᠠ) ᠵᠠᠭ᠋ᠠᠯᠳᠤᠯᠭ᠎ᠠ ᠵᠢ ᠭᠥᠯᠢᠶᠡᠨ ᠠᠪᠤᠨ᠎ᠠ᠃ ᠦᠢ᠍ᠯᠡᠳᠪᠦᠷᠢᠯᠡᠯ᠎ᠤᠨ ᠠᠵᠤ ᠠᠬᠤᠶ᠋ᠢᠯᠠᠯ ᠵᠠᠭ᠋ᠠᠯᠳᠤᠯᠭ᠎ᠠ ᠭᠠᠷᠭ᠋ᠠᠬᠤ᠎ᠳᠠᠭᠠᠨ ᠬᠠᠤᠯᠢ ᠲᠣᠭᠲᠠᠭ᠋ᠠᠯ ᠶᠣᠰᠣᠭ᠋ᠠᠷ ᠬᠠᠤᠯᠢ ᠶᠣᠰᠣᠨ᠎ᠤ ᠬᠦᠴᠦᠨ ᠪᠦᠬᠦᠢ ᠭᠡᠷᠡᠴᠢᠯᠡᠬᠦ ᠮᠠᠲ᠋ᠧᠷᠢᠶᠠᠯ᠎ᠢ ᠬᠠᠩᠭ᠋ᠠᠬᠤ ᠬᠡᠷᠡᠭᠲᠡᠶ᠃ ᠢᠯᠡ ᠨᠡᠶ᠋ᠢᠲᠡᠯᠡᠬᠦ᠎ᠪᠠᠷ ᠳᠡᠮᠵᠢᠨ᠂ ᠣᠨᠳᠣᠤ ᠰᠠᠨᠠᠯ ᠥᠬᠡᠶ ᠵᠢ᠎ᠨᠢ ᠵᠢᠩᠬᠢᠨᠢ᠎ᠪᠠᠷ ᠨᠡᠶ᠋ᠢᠲᠡᠯᠡᠬᠦ ᠵᠢᠨ ᠬᠠᠮᠲᠤ ᠪᠥᠬᠥ ᠣᠷᠣᠨ᠎ᠤ ᠬᠤᠳᠠᠯᠳᠤᠨ ᠠᠪᠬᠤ ᠬᠦᠷᠢᠶ᠎ᠡ ᠬᠡᠪᠴᠢᠶ᠎ᠡ᠎ᠳᠤ ᠣᠷᠣᠭᠤᠯᠬᠤ ᠬᠡᠷᠡᠭᠲᠡᠶ᠃
     (ᠵᠢᠷᠭᠤᠭ᠎ᠠ) ᠴᠠᠭ᠎ᠤᠨ ᠲᠣᠬᠢᠷᠠᠭᠤᠯᠤᠯᠲᠠ᠃
      ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠰᠦᠯᠵᠢᠶᠡᠨ᠎ᠳᠤ ᠭᠠᠷᠭ᠋ᠠᠬᠤ ᠠᠵᠢᠯ᠎ᠢ ᠪᠠᠶ᠋ᠢᠩᠭᠤᠵᠢᠭᠤᠯᠤᠨ ᠥᠷᠨᠢᠭᠦᠯᠵᠦ᠂ ᠰᠠᠷ᠎ᠠ ᠪᠦᠷᠢ ᠵᠢᠨ 15᠎ᠤ ᠡᠳᠦᠷ (15᠎ᠤ ᠡᠳᠦᠷ᠎ᠢ ᠪᠠᠭᠲᠠᠭ᠋ᠠᠨ᠎ᠠ)᠎ᠠᠴᠠ ᠡᠮᠦᠨ᠎ᠡ ᠮᠡᠳᠡᠭᠦᠯᠦᠭᠰᠡᠨ ᠲᠣᠭ᠎ᠠ ᠪᠠᠷᠢᠮᠲᠠ ᠵᠢ ᠰᠠᠷ᠎ᠠ ᠪᠦᠷᠢ ᠵᠢᠨ 20᠎ᠤ ᠡᠳᠦᠷ᠎ᠠᠴᠠ 27᠎ᠤ ᠡᠳᠦᠷ ᠪᠣᠯᠲᠠᠯ᠎ᠠ ᠵᠠᠷᠯᠠᠨ ᠨᠡᠶ᠋ᠢᠲᠡᠯᠡᠨ᠎ᠡ (ᠪᠠᠶᠠᠷ ᠳᠤᠷᠠᠰᠬᠠᠯ᠎ᠤᠨ ᠡᠳᠦᠷ ᠪᠠ ᠠᠮᠠᠷᠠᠯᠲᠠ ᠵᠢᠨ ᠡᠳᠦᠷ᠎ᠢ ᠤᠷᠲᠤᠳᠬᠠᠨ᠎ᠠ)᠂ ᠵᠠᠷᠯᠠᠨ ᠨᠡᠶ᠋ᠢᠲᠡᠯᠡᠬᠦ᠎ᠳᠤ ᠣᠨᠳᠣᠤ ᠰᠠᠨᠠᠯ ᠥᠬᠡᠶ ᠪᠣᠯ ᠲᠣᠰ ᠰᠠᠷ᠎ᠠ ᠵᠢᠨ ᠰᠡᠭᠦᠯᠴᠢ ᠵᠢᠨ ᠨᠢᠭᠡ ᠠᠵᠢᠯ᠎ᠤᠨ ᠡᠳᠦᠷ᠎ᠢ ᠠᠷᠠᠯᠵᠢᠶᠠᠨ᠎ᠤ ᠰᠢᠰᠲ᠋ᠧᠮ᠎ᠳᠤ ᠣᠷᠣᠭᠤᠯᠤᠨ᠎ᠠ (ᠪᠠᠶᠠᠷ ᠳᠤᠷᠠᠰᠬᠠᠯ᠎ᠤᠨ ᠡᠳᠦᠷ ᠪᠠ ᠠᠮᠠᠷᠠᠯᠲᠠ ᠵᠢᠨ ᠡᠳᠦᠷ᠎ᠢ ᠬᠣᠢ᠌ᠰᠢᠯᠠᠭᠤᠯᠤᠨ᠎ᠠ)᠃
      ᠠᠩᠬ᠎ᠠ ᠤᠳᠠᠭ᠎ᠠ ᠮᠡᠳᠡᠭᠦᠯᠬᠦ ᠴᠠᠭ᠎ᠤᠨ ᠲᠣᠬᠢᠷᠠᠭᠤᠯᠤᠯᠲᠠ᠄ 2021 ᠣᠨ᠎ᠤ 6 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ 6 ᠳ᠋ᠤᠭ᠋ᠠᠷ ᠰᠠᠷ᠎ᠠ ᠵᠢᠨ 5᠎ᠤ ᠡᠳᠦᠷ ᠪᠣᠯᠲᠠᠯ᠎ᠠ ᠬᠡᠷᠡᠭᠯᠡᠭᠴᠢ ᠵᠢᠨ ᠨᠡᠷ᠎ᠡ ᠪᠠ ᠨᠢᠭᠤᠴᠠ ᠨᠣᠮᠧᠷ᠎ᠢ ᠭᠤᠶᠤᠴᠢᠯᠠᠨ᠎ᠠ; 2021 ᠣᠨ᠎ᠤ 6 ᠳ᠋ᠤᠭ᠋ᠠᠷ ᠰᠠᠷ᠎ᠠ ᠵᠢᠨ 10᠎ᠤ ᠡᠳᠦᠷ ᠠᠵᠤ ᠠᠬᠤᠶ᠋ᠢᠯᠠᠯ ᠵᠢᠴᠢ ᠦᠢ᠍ᠯᠡᠳᠭᠦᠨ᠎ᠤ ᠮᠡᠳᠡᠭᠡ ᠵᠠᠩᠭᠢ ᠵᠢ ᠲᠠᠭᠯᠠᠨ ᠮᠡᠳᠡᠭᠦᠯᠦᠨ᠎ᠡ᠃
      ᠳᠥᠷᠪᠡ᠂ ᠪᠤᠰᠤᠳ ᠵᠦᠢ᠍ᠯ
     (ᠨᠢᠭᠡ) ᠮᠡᠳᠡᠭᠦᠯᠬᠦ ᠰᠢᠰᠲ᠋ᠧᠮ᠎ᠢ ᠰᠦᠯᠵᠢᠶᠡᠨ᠎ᠳᠤ ᠣᠷᠣᠭᠤᠯᠬᠤ᠎ᠠᠴᠠ ᠡᠮᠦᠨ᠎ᠡ᠂ ᠡᠮᠴᠢᠯᠡᠭᠡᠨ᠎ᠳᠤ ᠪᠠᠴᠢᠮ ᠬᠡᠷᠡᠭᠰᠡᠬᠦ   ᠡᠮ ᠡᠮᠨᠡᠯᠭᠡ ᠵᠢᠨ ᠬᠣᠷᠣᠭᠳᠠᠯ ᠮᠠᠲ᠋ᠧᠷᠢᠶᠠᠯ᠎ᠢ ᠦᠢ᠍ᠯᠡᠳᠪᠦᠷᠢᠯᠡᠬᠦ ᠠᠵᠤ ᠠᠬᠤᠶ᠋ᠢᠯᠠᠯ᠎ᠨᠢ ᠥᠪᠡᠷᠲᠡᠭᠡᠨ ᠵᠠᠰᠠᠬᠤ ᠣᠷᠣᠨ᠎ᠤ ᠡᠮ ᠬᠤᠳᠠᠯᠳᠤᠨ ᠠᠪᠬᠤ ᠲᠥᠪ᠎ᠠᠴᠠ ᠬᠡᠷᠡᠭᠯᠡᠭᠴᠢ ᠵᠢᠨ ᠨᠡᠷ᠎ᠡ ᠪᠠ ᠮᠡᠳᠡᠭᠦᠯᠬᠦ ᠦᠢ᠍ᠯᠡᠳᠭᠦᠨ᠎ᠢ ᠭᠤᠶᠤᠴᠢᠯᠠᠨ ᠠᠪᠴᠤ᠂ ᠮᠡᠳᠡᠭᠦᠯᠬᠦ ᠮᠠᠲ᠋ᠧᠷᠢᠶᠠᠯ᠎ᠢ ᠲᠤᠬᠠᠶ ᠵᠢᠨ ᠲᠠᠯᠠᠪᠤᠷ᠎ᠲᠤᠨᠢ ᠲᠤᠰᠢᠶᠠᠵᠤ ᠪᠣᠯᠤᠨ᠎ᠠ (ᠳᠠᠭ᠋ᠠᠯᠳᠤᠭᠤᠯᠤᠯ᠎ᠳᠤ ᠦᠵᠡ)᠃ ᠮᠡᠳᠡᠭᠦᠯᠬᠦ ᠰᠢᠰᠲ᠋ᠧᠮ᠎ᠢ ᠰᠦᠯᠵᠢᠶᠡᠨ᠎ᠳᠤ ᠣᠷᠣᠭᠤᠯᠤᠭᠰᠠᠨ᠎ᠤ ᠳᠠᠷᠠᠭ᠎ᠠ᠂ ᠲᠣᠰ ᠪᠢᠴᠢᠭ ᠮᠠᠲ᠋ᠧᠷᠢᠶᠠᠯ᠎ᠤᠨ ᠱᠠᠭ᠋ᠠᠷᠳᠠᠯᠭ᠎ᠠ ᠶᠣᠰᠣᠭ᠋ᠠᠷ ᠰᠦᠯᠵᠢᠶᠡᠨ ᠳᠡᠭᠡᠷ᠎ᠡ ᠮᠡᠳᠡᠭᠦᠯᠦᠨ᠎ᠡ᠃
     (ᠬᠣᠶᠠᠷ) 《ᠡᠮᠴᠢᠯᠡᠭᠡᠨ᠎ᠤ ᠪᠠᠶ᠋ᠢᠭᠤᠯᠤᠮᠵᠢ ᠵᠢᠨ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠪᠦᠷᠢᠳᠬᠡᠨ ᠳᠡᠩᠰᠡᠯᠡᠵᠦ ᠬᠤᠳᠠᠯᠳᠤᠨ ᠠᠪᠬᠤ》 ᠰᠢᠰᠲ᠋ᠧᠮ᠎ᠢ ᠨᠢᠭᠡᠨᠲᠡ ᠬᠠᠭ᠋ᠠᠭᠰᠠᠨ ᠪᠣᠯᠬᠣᠷ ᠮᠡᠳᠡᠭᠦᠯᠦᠯᠲᠡ ᠵᠢ ᠳᠠᠭᠢᠵᠤ ᠬᠦᠯᠢᠶᠡᠬᠦ ᠥᠬᠡᠶ᠃ ᠳᠠᠩᠰᠠᠯᠠᠭᠤᠯᠵᠤ ᠬᠤᠳᠠᠯᠳᠤᠨ ᠠᠪᠬᠤ ᠵᠢ ᠬᠢᠨᠠᠨ ᠬᠠᠷᠭᠤᠭᠤᠯᠵᠤ ᠪᠠᠲᠤᠯᠠᠭᠰᠠᠨ ᠦᠢ᠍ᠯᠡᠳᠭᠦᠨ᠎ᠢ ᠠᠷᠠᠯᠵᠢᠶᠠᠨ᠎ᠤ ᠰᠢᠰᠲ᠋ᠧᠮ᠎ᠳᠤ ᠨᠢᠭᠡᠳᠦᠯᠲᠡᠶ ᠣᠷᠣᠭᠤᠯᠤᠨ᠎ᠠ; ᠬᠢᠨᠠᠨ ᠬᠠᠷᠭᠤᠭᠤᠯᠵᠤ ᠥᠩᠭᠡᠷᠡᠭᠰᠡᠨ ᠥᠬᠡᠶ ᠦᠢ᠍ᠯᠡᠳᠭᠦᠨ᠎ᠢ ᠲᠣᠰ ᠤᠳᠠᠭ᠋ᠠᠨ᠎ᠤ ᠰᠦᠯᠵᠢᠶᠡᠨ᠎ᠳᠤ ᠭᠠᠷᠭ᠋ᠠᠬᠤ ᠠᠵᠢᠯ᠎ᠤᠨ ᠱᠠᠭ᠋ᠠᠷᠳᠠᠯᠭ᠎ᠠ ᠶᠣᠰᠣᠭ᠋ᠠᠷ ᠭᠤᠶᠤᠴᠢᠯᠠᠨ ᠮᠡᠳᠡᠭᠦᠯᠵᠦ ᠪᠣᠯᠤᠨ᠎ᠠ᠃
     (ᠭᠤᠷᠪᠠ) ᠰᠢᠢ᠍ᠳᠪᠦᠷᠢᠯᠡᠵᠦ ᠳᠠᠭᠤᠰᠤᠭ᠋ᠠᠳᠤᠶ ᠵᠦᠢ᠍ᠯᠡᠰ᠎ᠲᠤ ᠠᠰᠠᠭᠤᠯᠲᠠ ᠬᠠᠷᠢᠭᠤᠯᠲᠠ ᠵᠢᠨ ᠠᠷᠭ᠎ᠠ ᠮᠠᠶᠢᠭ ᠵᠶ᠋ᠠᠷ ᠬᠠᠷᠢᠭᠤᠯᠲᠠ ᠥᠭᠭᠦᠨ᠎ᠡ᠃
      ᠲᠠᠪᠤ᠂ ᠬᠠᠷᠢᠯᠴᠠᠬᠤ ᠠᠷᠭ᠎ᠠ ᠬᠡᠯᠪᠡᠷᠢ
     0471 — 4930595 (ᠲᠤᠬᠠᠶ᠋ᠢᠯᠠᠭᠰᠠᠨ ᠠᠵᠢᠯ᠎ᠤᠨ ᠯᠠᠪᠯᠠᠯᠭ᠎ᠠ) 0471 — 4908367 (ᠮᠡᠷᠭᠡᠵᠢᠯ᠎ᠤᠨ ᠳᠡᠮᠵᠢᠯᠭᠡ)
      ᠳᠠᠭ᠋ᠠᠯᠳᠤᠭᠤᠯᠤᠯ᠄
1᠂ ᠠᠵᠤ ᠠᠬᠤᠶ᠋ᠢᠯᠠᠯ᠎ᠤᠨ ᠲᠤᠰᠢᠶᠠᠬᠤ ᠬᠢᠷᠢ ᠬᠡᠮ᠎ᠤᠨ ᠮᠠᠲ᠋ᠧᠷᠢᠶᠠᠯ᠎ᠤᠨ ᠱᠠᠭ᠋ᠠᠷᠳᠠᠯᠭ᠎ᠠ ᠵᠢᠴᠢ ᠬᠡᠪ ᠵᠠᠭᠪᠤᠷ
2᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠰᠦᠯᠵᠢᠶᠡᠨ᠎ᠳᠤ ᠬᠣᠯᠪᠣᠬᠤ ᠬᠠᠤᠯᠢ᠎ᠪᠠᠷ ᠲᠣᠭᠲᠠᠭ᠋ᠠᠭᠰᠠᠨ ᠲᠥᠯᠥᠭᠡᠯᠡᠭᠴᠢ ᠵᠢᠨ ᠡᠷᠬᠡ ᠣᠯᠭᠣᠬᠤ ᠪᠢᠴᠢᠭ
3᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠤᠨ ᠰᠦᠯᠵᠢᠶᠡᠨ᠎ᠳᠤ ᠬᠤᠯᠪᠤᠬᠤ ᠦᠢ᠍ᠯᠡᠳᠭᠦᠨ᠎ᠤ ᠮᠡᠳᠡᠭᠦᠯᠬᠦ ᠬᠦᠰᠦᠨᠦᠭᠲᠦ
   
                    ᠥᠪᠡᠷᠲᠡᠭᠡᠨ ᠵᠠᠰᠠᠬᠤ ᠣᠷᠣᠨ᠎ᠤ ᠡᠮ ᠡᠮᠨᠡᠯᠭᠡ ᠬᠤᠳᠠᠯᠳᠤᠨ ᠠᠪᠬᠤ ᠲᠥᠪ
                          2021 ᠣᠨ᠎ᠤ 5 ᠳ᠋ᠤᠭ᠋ᠠᠷ ᠰᠠᠷ᠎ᠠ ᠵᠢᠨ 11᠎ᠤ ᠡᠳᠦᠷ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠪᠠᠲᠣᠯᠠᠭ᠎ᠠ ᠵᠢᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠬᠡᠰᠡᠭ ᠡᠮ᠎ᠤᠨ ᠵᠦᠢ᠍ᠯ᠎ᠢ ᠬᠤᠳᠠᠯᠳᠤᠨ ᠠᠪᠬᠤ ᠬᠢᠵᠠᠭ᠋ᠠᠷᠲᠤ ᠦᠨ᠎ᠡ ᠵᠢ ᠪᠠᠭᠤᠷᠠᠭᠤᠯᠬᠤ ᠲᠤᠬᠠᠶ ᠮᠡᠳᠡᠭᠳᠡᠯ (2021 — 4)
ᠪᠠᠶᠠᠨᠨᠠᠭᠤᠷ ᠬᠣᠲᠠ ᠵᠢᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠭᠠᠷᠲᠠᠨ ᠭᠦᠢ᠍ᠴᠡᠳᠭᠡᠬᠦ ᠦᠢ᠍ᠯᠡᠴᠢᠯᠡᠭᠡ ᠵᠢ ᠨᠠᠷᠢᠯᠢᠬ᠍ᠵᠢᠭᠤᠯᠬᠤ᠎ᠪᠠᠷ ᠭᠣᠤᠯᠳᠠᠭᠤᠯᠵᠤ 《ᠪᠢ ᠣᠯᠠᠨ ᠲᠦᠮᠡᠨ᠎ᠳᠤ ᠪᠣᠳᠠᠲᠠᠶ ᠠᠵᠢᠯ ᠬᠢᠬᠦ》 ᠦᠢ᠍ᠯᠡᠳᠦᠯᠭᠡ ᠵᠢᠨ ᠠᠵᠢᠯᠯᠠᠭ᠎ᠠ ᠵᠢ ᠭᠦᠨᠵᠡᠭᠡᠶ᠋ᠢᠷᠡᠭᠦᠯᠦᠨ ᠪᠣᠳᠠᠲᠠᠶ᠋ᠢᠵᠢᠭᠤᠯᠪᠠ
ᠤᠯᠠᠭ᠋ᠠᠨᠴᠠᠪ ᠬᠣᠲᠠ ᠵᠢᠨ ᠵᠢᠨᠢᠩ ᠲᠣᠭᠣᠷᠢᠭ᠎ᠤᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠮᠡᠬᠡᠯᠡᠨ ᠬᠢᠬᠠᠬᠤ ᠪᠠ ᠳᠠᠭ᠋ᠠᠳᠬᠠᠯ᠎ᠢ ᠮᠡᠬᠡᠯᠡᠨ ᠠᠪᠬᠤ᠎ᠳᠤ ᠴᠣᠬᠢᠯᠲᠠ ᠥᠭᠬᠦ ᠲᠤᠰᠬᠠᠶ ᠴᠡᠭᠴᠡᠯᠡᠨ ᠵᠠᠰᠠᠬᠤ ᠰᠡᠷᠡᠮᠵᠢᠯᠡᠭᠦᠯᠬᠦ ᠬᠥᠮᠦᠵᠢᠯ᠎ᠤᠨ ᠶᠡᠬᠡ ᠬᠤᠷᠠᠯ ᠬᠤᠷᠠᠯᠳᠤᠭᠤᠯᠪᠠ
ᠲᠦᠩᠯᠢᠶᠣᠤ ᠬᠤᠲᠠ ᠵᠢᠨ ᠡᠮᠴᠢᠯᠡᠭᠡᠨ᠎ᠤ ᠪᠠᠳᠤᠯᠠᠭ᠎ᠠ ᠵᠢᠨ ᠲᠤᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ 《ᠪᠢ ᠦᠨᠳᠦᠰᠦᠨ ᠱᠠᠲᠤᠨ᠎ᠤ ᠤᠯᠠᠨ ᠲᠦᠮᠡᠨ᠎ᠳᠤ ᠪᠣᠳᠠᠲᠤ ᠶᠠᠪᠤᠳᠠᠯ ᠬᠢᠵᠣ ᠥᠭᠭᠦᠨ᠎ᠡ》 ᠲᠤᠰᠬᠠᠢ ᠰᠡᠳᠦᠪᠲᠦ ᠪᠠᠶ᠋ᠢᠴᠠᠭ᠋ᠠᠨ ᠰᠤᠳᠤᠯᠤᠯᠲᠠ ᠥᠷᠨᠢᠭᠦᠯᠵᠡᠢ
ᠰᠢᠨ᠎ᠡ ᠬᠣᠲᠠ ᠲᠣᠭᠣᠷᠢᠭ᠎ᠤᠨ ᠡᠮᠴᠢᠯᠡᠭᠡ ᠵᠢᠨ ᠪᠠᠳᠤᠯᠠᠭ᠎ᠠ ᠵᠢᠨ ᠲᠥᠪ ᠠᠷᠠᠳ᠎ᠤᠨ ᠬᠦᠴᠢᠷ ᠵᠣᠪᠠᠭᠤᠷᠢ ᠵᠢ ᠠᠷᠢᠯᠭ᠋ᠠᠵᠤ ᠪᠣᠳᠠᠲᠤ ᠶᠠᠪᠤᠳᠠᠯ ᠪᠦᠲᠦᠭᠡᠭᠡᠳ ᠬᠡᠮᠡᠷᠯᠢᠭ ᠲᠤᠭ ᠲᠤᠰᠪᠠ
 
            