ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
2025 ᠣᠨ ( ᠳᠣᠤᠷ᠎ᠠ ᠬᠠᠭᠠᠰ ᠵᠢᠯ) ᠎ᠤ ᠡᠮᠴᠢᠯᠡᠭᠡᠨ᠎ᠳᠦ ᠬᠡᠷᠡᠭᠯᠡᠬᠦ ᠬᠣᠷᠣᠭᠳᠠᠯ ᠮᠠᠲᠧᠷᠢᠶᠠᠯ᠎ᠢ ᠲᠥᠪᠯᠡᠷᠡᠭᠦᠯᠦᠨ ᠬᠤᠳᠠᠯᠳᠤᠨ ᠠᠪᠴᠤ ᠲᠣᠬᠢᠷᠠᠭᠤᠯᠤᠨ ᠬᠦᠷᠭᠡᠬᠦ ᠠᠵᠤ ᠠᠬᠤᠢᠯᠠᠯ᠎ᠤᠨ ᠨᠡᠷ᠎ᠡ ᠮᠡᠳᠡᠭᠦᠯᠬᠦ ᠠᠵᠢᠯ᠎ᠢ ᠥᠷᠨᠢᠭᠦᠯᠬᠦ ᠲᠤᠬᠠᠢ ᠮᠡᠳᠡᠭᠳᠡᠯ
ᠨᠡᠶ᠋ᠢᠲᠡᠯᠡᠭᠰᠡᠨ ᠴᠠᠭ᠄ 2025-10-15

ᠡᠯ᠎ᠡ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ᠎ᠤᠨ ᠦᠢᠯᠡᠳᠪᠦᠷᠢᠯᠡᠯ ᠡᠵᠡᠩᠨᠡᠯᠲᠡ᠎ᠶ᠋ᠢᠨ ᠠᠵᠤ ᠠᠬᠤᠢᠯᠠᠯ᠎ᠳᠤ᠄  

  ᠬᠢᠩᠭᠠᠨ ᠠᠢᠮᠠᠭ᠎ᠤᠨ ᠡᠮᠴᠢᠯᠡᠭᠡᠨ᠎ᠤ ᠪᠠᠢᠭᠤᠯᠤᠮᠵᠢ᠎ᠶ᠋ᠢᠨ ᠬᠡᠷᠡᠭ᠌ᠴᠡᠭᠡ ᠱᠠᠭᠠᠷᠳᠠᠯᠭ᠎ᠠ᠎ᠶ᠋ᠢ ᠬᠠᠩᠭᠠᠵᠤ᠂ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠪᠠ ᠪᠡᠶ᠎ᠡ᠎ᠶ᠋ᠢᠨ ᠭᠠᠳᠠᠨᠠᠬᠢ ᠣᠨᠣᠱᠢᠯᠠᠯᠲᠠ᠎ᠶ᠋ᠢᠨ ᠤᠷᠪᠠᠯᠵᠢ᠎ᠶ᠋ᠢ ᠴᠠᠭ ᠲᠤᠬᠠᠶ᠎ᠳᠤ᠎ᠨᠢ ᠬᠠᠩᠭᠠᠬᠤ᠎ᠶ᠋ᠢ ᠪᠠᠲᠤᠯᠠᠬᠤ᠎ᠶ᠋ᠢᠨ ᠲᠤᠰᠠᠳᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠪᠠᠲᠤᠯᠠᠭ᠎ᠠ᠎ᠶ᠋ᠢᠨ ᠲᠣᠪᠴᠢᠶ᠎ᠠ᠎ᠶᠢᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠮ᠎ᠤᠨ ᠵᠦᠢᠯ ᠪᠠ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠬᠤᠳᠠᠯᠳᠤᠨ ᠠᠪᠬᠤ ᠬᠠᠮᠢᠶᠠᠷᠤᠯᠲᠠ᠎ᠶ᠋ᠢᠨ ᠠᠵᠢᠯ᠎ᠢ ᠰᠠᠢᠲᠤᠷ ᠬᠢᠬᠦ᠌ ᠲᠤᠬᠠᠶ ᠮᠡᠳᠡᠭ᠌ᠳᠡᠯ》 (ᠥᠪᠥᠷ ᠡᠮᠴᠢᠯᠡᠭᠡᠨ ᠪᠠᠳᠤᠯᠠᠭ᠎ᠠ ᠠᠯᠪᠠᠨ ᠲᠠᠷᠬᠠᠭᠠᠭ᠍ᠰᠠᠨ [ 2019] 41 ᠳ᠋ᠦ᠍ᠭᠡᠷ ᠲᠣᠭᠠᠲᠤ) ᠎ᠤᠨ ᠱᠠᠭᠠᠷᠳᠠᠯᠭ᠎ᠠ ᠶᠣᠰᠣᠭᠠᠷ᠂ ᠬᠤᠳᠠᠯᠳᠤᠭ᠎ᠠ ᠡᠷᠭᠢᠯᠡᠬᠦ᠌ ᠣᠷᠴᠢᠨ ᠨᠥᠬᠦᠴᠡᠯ᠎ᠢ ᠤᠯᠠᠮ ᠨᠢᠭᠡ ᠠᠯᠬᠤᠮ ᠱᠢᠯᠢᠳᠡᠭ᠌ᠵᠢᠭᠦᠯᠬᠦ᠌᠎ᠶ᠋ᠢᠨ ᠲᠤᠰᠠᠳᠠ᠂ ᠬᠢᠩᠭᠠᠨ ᠠᠢᠮᠠᠭ᠎ᠤᠨ ᠡᠮᠴᠢᠯᠡᠭᠡᠨ᠎ᠤ ᠳᠠᠭᠠᠳᠭᠠᠯ᠎ᠤᠨ ᠦᠢᠯᠡᠴᠢᠯᠡᠭᠡᠨ᠎ᠤ ᠲᠥᠪ᠎ᠠᠴᠠ 2025 ᠣᠨ᠎ᠤ 10 ᠳ᠋ᠤᠭᠠᠷ ᠰᠠᠷ᠎ᠠ᠎ᠶ᠋ᠢᠨ 15 ᠎ᠤ ᠡᠳᠦᠷ᠎ᠠᠴᠠ 2025 ᠣᠨ᠎ᠤ 10 ᠳ᠋ᠤᠭᠠᠷ ᠰᠠᠷ᠎ᠠ᠎ᠶ᠋ᠢᠨ 31 ᠎ᠤ ᠡᠳᠦᠷ ᠪᠣᠯᠲᠠᠯ᠎ᠠ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠪᠠ ᠪᠡᠶ᠎ᠡ᠎ᠶ᠋ᠢᠨ ᠭᠠᠳᠠᠨᠠᠬᠢ ᠣᠨᠣᠱᠢᠯᠠᠯᠲᠠ᠎ᠶ᠋ᠢᠨ ᠤᠷᠪᠠᠯᠵᠢ᠎ᠶ᠋ᠢ ᠲᠥᠪᠯᠡᠷᠡᠭᠦᠯᠦᠨ ᠬᠤᠳᠠᠯᠳᠤᠨ ᠠᠪᠴᠤ᠌ ᠳᠣᠭᠢᠷᠠᠭᠤᠯᠤᠨ ᠬᠦᠷᠭᠡᠬᠦ᠌ ᠠᠵᠤ ᠠᠬᠤᠢᠯᠠᠯ᠎ᠤᠨ ᠨᠡᠷ᠎ᠡ ᠮᠡᠳᠡᠭᠦᠯᠬᠦ᠌ ᠠᠵᠢᠯ᠎ᠢ ᠥᠷᠨᠢᠭᠦᠯᠵᠦ᠍᠂ ᠡᠳᠦᠭᠡ ᠨᠡᠷ᠎ᠡ ᠮᠡᠳᠡᠭᠦᠯᠬᠦ᠌ ᠠᠵᠢᠯ᠎ᠤᠨ ᠵᠦᠢᠯᠡᠰ᠎ᠢ ᠳᠣᠤᠷᠠᠬᠢ ᠮᠡᠲᠦ ᠮᠡᠳᠡᠭ᠌ᠳᠡᠶ᠎ᠡ᠄

  ᠨᠢᠭᠡ᠂ ᠲᠣᠬᠢᠷᠠᠭᠤᠯᠤᠨ ᠬᠦᠷᠭᠡᠬᠦ᠌ ᠠᠷᠭ᠎ᠠ ᠮᠠᠶᠢᠭ ᠪᠠ ᠲᠣᠬᠢᠷᠠᠭᠤᠯᠤᠨ ᠬᠦᠷᠭᠡᠬᠦ᠌ ᠬᠡᠪᠴᠢᠶ᠎ᠡ

  (ᠨᠢᠭᠡ) ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠪᠠ ᠪᠡᠶ᠎ᠡ᠎ᠶ᠋ᠢᠨ ᠭᠠᠳᠠᠨᠠᠬᠢ ᠣᠨᠣᠱᠢᠯᠠᠯᠲᠠ᠎ᠶ᠋ᠢᠨ ᠤᠷᠪᠠᠯᠵᠢ᠎ᠶᠢ ᠦᠢᠯᠡᠳᠪᠦᠷᠢᠯᠡᠬᠦ᠌ ᠠᠵᠤ ᠠᠬᠤᠢᠯᠠᠯ᠎ᠨᠢ ᠱᠢᠭᠤᠳ ᠳᠣᠭᠢᠷᠠᠭᠤᠯᠤᠨ ᠬᠦᠷᠭᠡᠵᠦ᠍ ᠪᠣᠯᠤᠨ᠎ᠠ᠂ ᠨᠥᠬᠦᠴᠡᠯ᠎ᠳᠤ ᠨᠡᠢᠴᠡᠬᠦ᠌ ᠳᠣᠭᠢᠷᠠᠭᠤᠯᠤᠨ ᠬᠦᠷᠭᠡᠬᠦ᠌ ᠠᠵᠤ ᠠᠬᠤᠢᠯᠠᠯ᠎ᠳᠤ ᠨᠠᠢᠳᠠᠵᠤ ᠳᠣᠭᠢᠷᠠᠭᠤᠯᠤᠨ ᠬᠦᠷᠭᠡᠵᠦ᠍ ᠪᠣᠯᠤᠨ᠎ᠠ᠃

  (ᠬᠤᠶᠠᠷ) ᠲᠣᠬᠢᠷᠠᠭᠤᠯᠤᠨ ᠬᠦᠷᠭᠡᠬᠦ᠌ ᠬᠡᠪᠴᠢᠶ᠎ᠡ᠄ ᠬᠢᠩᠭᠠᠨ ᠠᠢᠮᠠᠭ᠎ᠤᠨ ᠬᠡᠪᠴᠢᠶᠡᠨ᠎ᠳᠠᠬᠢ ᠡᠯ᠎ᠡ ᠱᠠᠲᠤᠨ᠎ᠤ ᠡᠮᠴᠢᠯᠡᠭᠡᠨ ᠡᠷᠡᠭᠦᠯ ᠬᠠᠮᠠᠭᠠᠯᠠᠯ᠎ᠤᠨ ᠪᠠᠢᠭᠤᠯᠤᠮᠵᠢ (ᠦᠨᠳᠦᠰᠦᠨ ᠱᠠᠲᠤᠨ᠎ᠤ ᠡᠮᠴᠢᠯᠡᠭᠡᠨ᠎ᠤ ᠪᠠᠢᠭᠤᠯᠤᠮᠵᠢ ᠪᠠᠭ᠍ᠲᠠᠨ᠎ᠠ)

  ᠬᠤᠶᠠᠷ᠂ ᠨᠡᠷ᠎ᠡ ᠮᠡᠳᠡᠭᠦᠯᠬᠦ᠌ ᠨᠥᠬᠦᠴᠡᠯ

  ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠪᠠ ᠪᠡᠶ᠎ᠡ᠎ᠶ᠋ᠢᠨ ᠭᠠᠳᠠᠨᠠᠬᠢ ᠣᠨᠣᠱᠢᠯᠠᠯᠲᠠ᠎ᠶ᠋ᠢᠨ ᠤᠷᠪᠠᠯᠵᠢ᠎ᠶ᠋ᠢ ᠲᠥᠪᠯᠡᠷᠡᠭᠦᠯᠦᠨ ᠬᠤᠳᠠᠯᠳᠤᠨ ᠠᠪᠴᠤ᠌ ᠳᠣᠭᠢᠷᠠᠭᠤᠯᠤᠨ ᠬᠦᠷᠭᠡᠬᠦ᠌᠎ᠳᠤ ᠣᠷᠣᠯᠴᠠᠬᠤ᠎ᠪᠠᠷ ᠪᠠᠢᠭ᠎ᠠ ᠠᠵᠤ ᠠᠬᠤᠢᠯᠠᠯ᠎ᠨᠢ ᠡᠷᠬᠡᠪᠰᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠮ᠎ᠤᠨ ᠵᠦᠢᠯ ᠪᠠ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠡᠯᠰᠡᠨ ᠴᠤᠭ᠍ᠯᠠᠭᠤᠯᠬᠤ ᠬᠤᠪᠢᠶᠠᠷᠢ ᠱᠢᠰᠲ᠋ᠧᠮ᠎ᠤᠨ ᠵᠠᠬᠢᠶᠠᠯᠠᠭ᠎ᠠ ᠨᠤᠲᠠᠯᠠᠬᠤ᠂ ᠪᠠᠷᠠᠭ᠎ᠠ ᠪᠡᠯᠡᠳᠭᠡᠬᠦ᠂ ᠳᠣᠭᠢᠷᠠᠭᠤᠯᠤᠨ ᠬᠦᠷᠭᠡᠬᠦ᠌ ᠬᠤᠯᠪᠣᠭ᠍ᠳᠠᠯ ᠪᠥᠬᠦᠶ ᠲᠣᠭ᠍ᠲᠠᠭᠠᠯ᠎ᠢ ᠴᠢᠩᠭ᠎ᠠ ᠬᠡᠷᠡᠭ᠌ᠵᠢᠭᠦᠯᠬᠦ᠌ ᠬᠡᠷᠡᠭ᠌ᠲᠡᠶ᠃ ᠡᠭᠦᠨ᠎ᠤ ᠬᠠᠮᠲᠤ᠌᠂ ᠡᠷᠬᠡᠪᠰᠢ ᠳᠣᠤᠷᠠᠬᠢ ᠨᠥᠬᠦᠴᠡᠯ᠎ᠢ ᠪᠦᠷᠢᠯᠳᠦᠭᠦᠯᠬᠦ᠌ ᠬᠡᠷᠡᠭ᠌ᠲᠡᠶ᠄

  (ᠨᠢᠭᠡ) ᠪᠡᠶ᠎ᠡ᠎ᠪᠡᠨ ᠳᠠᠭ᠋ᠠᠭ᠋ᠠᠭᠰᠠᠨ ᠢᠷᠭᠡᠨ᠎ᠦ ᠬᠡᠷᠡᠭ᠎ᠦᠨ ᠬᠠᠷᠢᠭᠤᠴᠠᠯᠭ᠎ᠠ᠎ᠶᠢ ᠡᠭᠦᠷᠭᠡᠯᠡᠬᠦ ᠴᠢᠳᠠᠪᠤᠷᠢ ᠲᠠᠢ;

  (ᠬᠤᠶᠠᠷ) ᠬᠠᠤᠯᠢ ᠶᠣᠰᠣᠭᠠᠷ ᠵᠣᠬᠢᠴᠠᠩᠭᠤᠢ ᠬᠢᠷᠢ ᠭᠡᠮ᠎ᠦ᠋ᠨ ᠦᠨᠡᠮᠯᠡᠯ ᠤᠯᠤᠭᠰᠠᠨ ᠪᠠᠢ᠌ᠬᠤ ᠬᠡᠷᠡᠭᠲᠡᠢ; 

  (ᠭᠤᠷᠪᠠ) ᠴᠠᠭ ᠲᠤᠬᠠᠢ᠎ᠳᠤᠨᠢ᠂ ᠬᠦᠢᠴᠡᠳ ᠬᠡᠮᠵᠢᠶᠡᠨ᠎ᠤ ᠲᠤᠬᠢᠷᠠᠭᠤᠯᠵᠤ ᠬᠦᠷᠭᠡᠬᠦ᠌ ᠦᠢᠯᠡᠳᠬᠦᠨ᠎ᠤ ᠪᠠᠷᠠᠭᠠᠨ᠎ᠤ ᠭᠦᠢᠯᠭᠡᠭᠡᠨ᠎ᠤ ᠴᠢᠳᠠᠪᠤᠷᠢ ᠪᠠ ᠪᠠᠴᠢᠮ ᠪᠠᠢᠳᠠᠯ᠎ᠢ ᠠᠷᠭᠠᠴᠠᠭᠠᠬᠤ ᠪᠠᠲᠤᠯᠠᠭ᠎ᠠ᠎ᠶ᠋ᠢᠨ ᠴᠢᠳᠠᠪᠤᠷᠢ᠎ᠶ᠋ᠢ ᠪᠦᠷᠢᠯᠳᠦᠬᠦᠯᠦᠨ᠎ᠡ;

  (ᠲᠦᠷᠪᠡ) ᠨᠡᠯᠢᠶᠡᠳ ᠰᠠᠢ᠌ᠨ ᠪᠣᠷᠤᠯᠠᠭᠤᠯᠭ᠎ᠠ᠎ᠶᠢᠨ ᠳᠠᠷᠠᠭᠠᠬᠢ ᠦᠢᠯᠡᠴᠢᠯᠡᠭᠡ ᠪᠠ ᠮᠡᠷᠭᠡᠵᠢᠯ᠎ᠦᠨ ᠳᠡᠮᠵᠢᠯᠭᠡ᠎ᠶᠢᠨ ᠴᠢᠳᠠᠪᠤᠷᠢ᠎ᠲᠠᠢ ᠪᠠᠢᠬᠤ ᠬᠡᠷᠡᠭᠲᠡᠢ ; 

  (ᠲᠠᠪᠤ) ᠬᠤᠷᠣᠭ᠍ᠳᠠᠯ ᠮᠠᠲ᠋ᠧᠷᠢᠶᠠᠯ᠎ᠤᠨ ᠠᠵᠤ ᠠᠬᠤᠢᠯᠠᠯ ᠨᠢ ᠨᠢᠭᠡᠨᠲᠡ ᠬᠢᠩᠭᠠᠨ ᠠᠢᠮᠠᠭ᠎ᠤᠨ ᠣᠷᠣᠨ ᠪᠦᠰᠡ᠎ᠶ᠋ᠢᠨ ᠳᠣᠭᠢᠷᠠᠭᠤᠯᠤᠨ ᠬᠦᠷᠭᠡᠬᠦ᠌ ᠬᠢᠷᠢ ᠬᠡᠮ ᠪᠠᠢ᠌ᠪᠠᠯ᠂ ᠲᠣᠰ ᠤᠳᠠᠭ᠎ᠠ ᠨᠡᠷ᠎ᠡ ᠮᠡᠳᠡᠭᠦᠯᠬᠦ᠌ ᠴᠢᠬᠤᠯᠠ ᠥᠬᠡᠶ᠃

  ᠭᠤᠷᠪᠠ᠂ ᠨᠡᠷ᠎ᠡ ᠮᠡᠳᠡᠭᠦᠯᠬᠦ᠌ ᠮᠠᠲ᠋ᠧᠷᠢᠶᠠᠯ᠎ᠤᠨ ᠱᠠᠭᠠᠷᠳᠠᠯᠭ᠎ᠠ

  ᠮᠠᠨ᠎ᠤ ᠠᠢᠮᠠᠭ᠎ᠤᠨ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ ᠪᠠ ᠪᠡᠶ᠎ᠡ᠎ᠶ᠋ᠢᠨ ᠭᠠᠳᠠᠨᠠᠬᠢ ᠣᠨᠣᠱᠢᠯᠠᠯᠲᠠ᠎ᠶ᠋ᠢᠨ ᠤᠷᠪᠠᠯᠵᠢ᠎ᠶ᠋ᠢ ᠲᠥᠪᠯᠡᠷᠡᠭᠦᠯᠦᠨ ᠬᠤᠳᠠᠯᠳᠤᠨ ᠠᠪᠴᠤ᠌ ᠳᠣᠭᠢᠷᠠᠭᠤᠯᠤᠨ ᠬᠦᠷᠭᠡᠬᠦ᠌ ᠠᠵᠤ ᠠᠬᠤᠢᠯᠠᠯ᠎ᠳᠤ ᠣᠷᠣᠯᠴᠠᠬᠤ᠎ᠳᠤ ᠡᠷᠬᠡᠪᠰᠢ 《ᠬᠢᠩᠭᠠᠨ ᠠᠢᠮᠠᠭ᠎ᠤᠨ 2025 ᠣᠨ᠎ᠤ ᠳᠣᠤᠷ᠎ᠠ ᠬᠠᠭᠠᠰ ᠵᠢᠯ᠎ᠳᠤ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ᠎ᠢ ᠲᠥᠪᠯᠡᠷᠡᠭᠦᠯᠦᠨ ᠬᠤᠳᠠᠯᠳᠤᠨ ᠠᠪᠴᠤ᠌ ᠳᠣᠭᠢᠷᠠᠭᠤᠯᠤᠨ ᠬᠦᠷᠭᠡᠬᠦ᠌ ᠠᠵᠤ ᠠᠬᠤᠢᠯᠠᠯ᠎ᠤᠨ ᠨᠡᠷ᠎ᠡ ᠮᠡᠳᠡᠭᠦᠯᠬᠦ᠌ ᠮᠠᠲ᠋ᠧᠷᠢᠶᠠᠯ᠎ᠤᠨ ᠱᠠᠭᠠᠷᠳᠠᠯᠭ᠎ᠠ ᠵᠢᠴᠢ ᠬᠡᠪᠰᠢᠮᠡᠯ ᠬᠠᠪᠲᠠᠰᠦ》 (ᠳᠠᠭᠠᠯᠳᠤᠭᠤᠯᠤᠯ 1 ᠎ᠶ᠋ᠢ ᠦᠵᠡ) ᠪᠠ ᠲᠣᠰ ᠮᠡᠳᠡᠭ᠌ᠳᠡᠯ᠎ᠤᠨ ᠱᠠᠭᠠᠷᠳᠠᠯᠭ᠎ᠠ ᠶᠣᠰᠣᠭᠠᠷ᠂ ᠬᠢᠷᠢ ᠬᠡᠮ᠎ᠤᠨ ᠮᠠᠲ᠋ᠧᠷᠢᠶᠠᠯ᠎ᠢ ᠨᠠᠢᠷᠠᠭᠤᠯᠤᠨ ᠵᠣᠬᠢᠶᠠᠵᠤ᠂ ᠦᠳᠡᠬᠦ ᠪᠠ ᠮᠡᠳᠡᠭᠦᠯᠦᠨ ᠬᠦᠷᠭᠡᠬᠦ᠌ ᠬᠡᠷᠡᠭ᠌ᠲᠡᠶ᠃

  (ᠨᠢᠭᠡ) ᠨᠡᠷ᠎ᠡ ᠮᠡᠳᠡᠭᠦᠯᠬᠦ᠌ ᠮᠠᠲ᠋ᠧᠷᠢᠶᠠᠯ ᠨᠢ A4 ᠴᠠᠭᠠᠰᠤ᠎ᠶ᠋ᠢ ᠬᠡᠷᠡᠭ᠌ᠯᠡᠬᠦ᠌᠎ᠶ᠋ᠢᠨ ᠬᠠᠮᠲᠤ ᠱᠠᠭᠠᠷᠳᠠᠯᠭ᠎ᠠ ᠪᠠ ᠬᠡᠪ᠎ᠤᠨ ᠳᠡᠰ ᠳᠠᠷᠠᠭᠠᠯᠠᠯ᠎ᠪᠡᠷ ᠨᠠᠭ᠋ᠠᠨ ᠳᠡᠪᠲᠡᠷᠡᠯᠵᠦ᠂ ᠶᠠᠮᠠᠷᠪᠠ ᠵᠠᠰᠠᠯᠲᠠ ᠬᠢᠵᠦ᠍ ᠪᠣᠯᠬᠤ ᠦᠭᠡᠢ᠂ ᠭᠠᠳᠠᠷ ᠨᠢᠭᠤᠷ ᠨᠢ ᠴᠠᠭᠠᠰᠤᠨ ᠮᠠᠲᠧᠷᠢᠶᠠᠯ᠎ᠢ ᠬᠡᠷᠡᠭᠯᠡᠬᠦ᠎ᠶᠢ ᠱᠠᠭᠠᠷᠳᠠᠨ᠎ᠠ᠂ ᠰᠦᠯᠢᠶᠥᠦ ᠮᠠᠲᠧᠷᠢᠶᠠᠯ᠎ᠤᠨ ᠭᠠᠳᠠᠷ ᠨᠢᠭᠤᠷ᠎ᠢ ᠬᠡᠷᠡᠭᠯᠡᠵᠦ ᠪᠣᠯᠬᠤ ᠦᠭᠡᠢ᠃ 

  (ᠬᠤᠶᠠᠷ) ᠨᠡᠷ᠎ᠡ ᠮᠡᠳᠡᠭᠦᠯᠦᠭ᠌ᠰᠡᠨ ᠮᠠᠲ᠋ᠧᠷᠢᠶᠠᠯ᠎ᠨᠢ ᠲᠣᠳᠣᠷᠬᠠᠶ ᠪᠥᠭᠡᠳ ᠪᠦᠷᠢᠨ ᠪᠦᠲᠦᠨ᠂ ᠲᠣᠳᠣᠷᠬᠠᠶ ᠪᠤᠰᠤ᠂ ᠪᠦᠷᠢᠨ ᠪᠦᠲᠦᠨ ᠪᠤᠰᠤ᠎ᠠᠴᠠ ᠪᠣᠯᠵᠣ ᠬᠠᠷᠭᠤᠭᠤᠯᠤᠨ ᠪᠠᠢᠴᠠᠭᠠᠬᠤ᠎ᠶ᠋ᠢᠨ ᠠᠷᠭ᠎ᠠ ᠥᠬᠡᠶ ᠪᠣᠯ᠂ ᠠᠵᠤ ᠠᠬᠤᠢᠯᠠᠯ ᠥᠪᠡᠰᠦᠪᠡᠨ ᠬᠠᠷᠢᠭᠤᠴᠠᠯᠭ᠎ᠠ ᠡᠭᠦᠷᠭᠡᠯᠡᠬᠦ᠌ ᠬᠡᠷᠡᠭ᠌ᠲᠡᠶ᠃

  (ᠭᠤᠷᠪᠠ) ᠠᠵᠤ ᠠᠬᠤᠢᠯᠠᠯ᠎ᠤᠨ ᠲᠤᠰᠢᠶᠠᠭᠰᠠᠨ ᠪᠤᠶ ᠪᠦᠬᠦᠢ ᠮᠠᠲᠧᠷᠢᠶᠠᠯ ᠵᠢᠴᠢ ᠬᠠᠷᠢᠯᠴᠠᠭᠠᠨ᠎ᠤ ᠵᠠᠬᠢᠳᠠᠯ ᠴᠠᠬᠢᠯᠭᠠᠨ ᠮᠡᠳᠡᠭᠡ᠎ᠳᠦ ᠴᠥᠮ ᠬᠢᠲᠠᠳ ᠬᠡᠯᠡ ᠎ᠶᠢ ᠬᠡᠷᠡᠭᠯᠡᠵᠦ᠂ ᠭᠠᠳᠠᠭᠠᠳᠤ ᠬᠡᠯᠡᠨ᠎ᠦ ᠮᠠᠲ᠋ᠧᠷᠢᠶᠠᠯ᠎ᠳᠤ ᠤᠭ ᠮᠠᠲ᠋ᠧᠷᠢᠶᠠᠯ᠎ᠤᠨ ᠬᠠᠭᠤᠯᠪᠤᠷᠢ ᠵᠢᠴᠢ ᠬᠢᠲᠠᠳ ᠬᠡᠯᠡᠨ᠎ᠦ ᠣᠷᠴᠢᠭᠤᠯᠤᠭᠰᠠᠨ ᠮᠠᠲ᠋ᠧᠷᠢᠶᠠᠯ᠎ᠢ ᠬᠠᠩᠭᠠᠬᠤ ᠬᠡᠷᠡᠭ᠌ᠲᠡᠶ᠂ ᠮᠠᠲ᠋ᠧᠷᠢᠶᠠᠯ᠎ᠤᠨ ᠠᠭᠤᠯᠭ᠎ᠠ᠎ᠶ᠋ᠢ ᠲᠦᠷᠬᠢᠬᠦ᠂ ᠬᠤᠰᠤᠬᠤ᠂ ᠪᠠᠯᠠᠯᠬᠤ ᠪᠠ ᠪᠦᠷᠬᠦᠵᠦ᠍ ᠪᠣᠯᠬᠤ ᠦᠭᠡᠶ ᠃

  (ᠳᠥᠷᠪᠡ) ᠨᠡᠷ᠎ᠡ ᠮᠡᠳᠡᠭᠦᠯᠦᠭ᠌ᠰᠡᠨ ᠮᠠᠲ᠋ᠧᠷᠢᠶᠠᠯ᠎ᠨᠢ ᠨᠢᠭᠤᠷ ᠳᠠᠷᠠᠭᠠᠯᠠᠨ ᠠᠵᠤ ᠠᠬᠤᠢᠯᠠᠯ᠎ᠤᠨ ᠲᠣᠳᠣᠷᠬᠠᠶ ᠠᠯᠪᠠᠨ ᠲᠠᠮᠠᠭ᠎ᠠ᠎ᠶ᠋ᠢ ᠳᠠᠷᠤᠨ᠎ᠠ (ᠠᠵᠤ ᠠᠬᠤᠢᠯᠠᠯ᠎ᠤᠨ ᠪᠤᠰᠤᠳ ᠲᠠᠮᠠᠭ᠎ᠠ ᠲᠡᠮᠳᠡᠭ᠎ᠢ ᠳᠠᠷᠤᠭᠰᠠᠨ ᠨᠢ ᠬᠦᠴᠦᠨ ᠦᠭᠡᠢ )  ᠮᠦᠷᠲᠡᠭᠡᠨ ᠲᠣᠭ᠍ᠲᠠᠭ᠍ᠰᠠᠨ ᠴᠠᠭ᠎ᠤᠨ ᠳᠣᠲᠣᠷ᠎ᠠ ᠲᠤᠱᠢᠶᠠᠨ᠎ᠠ᠃

  (ᠲᠠᠪᠤ) ᠨᠡᠷ᠎ᠡ ᠮᠡᠳᠡᠭᠦᠯᠦᠭ᠌ᠰᠡᠨ ᠮᠠᠲ᠋ᠧᠷᠢᠶᠠᠯ᠎ᠢ ᠠᠬᠤᠢ ᠲᠠᠯᠠᠪᠠᠢ᠎ᠳᠤ ᠲᠤᠱᠢᠶᠠᠬᠤ ᠪᠤᠶᠤ ᠱᠢᠤᠳᠠᠨ᠎ᠢᠶᠠᠷ ᠢᠯᠡᠭᠡᠵᠦ᠍ ᠪᠣᠯᠤᠨ᠎ᠠ᠂ ᠲᠦᠷᠭᠡᠨ ᠬᠦᠷᠭᠡᠯᠲᠡ᠎ᠶᠢᠨ ᠰᠢᠤᠳᠠᠨ᠎ᠢᠶᠠᠷ ᠢᠯᠡᠭᠡᠵᠦ ᠬᠦᠷᠭᠡᠭᠰᠡᠨ ᠴᠠᠭ᠎ᠢᠶᠠᠷ ᠪᠠᠷᠢᠮᠵᠢᠶ᠎ᠠ ᠪᠣᠯᠭᠠᠨ᠎ᠠ᠃ ᠠᠵᠤ ᠠᠬᠤᠢᠯᠠᠯ ᠲᠣᠭᠲᠠᠭᠰᠠᠨ ᠴᠠᠭ ᠪᠠ ᠭᠠᠵᠠᠷ᠎ᠲᠤ ᠮᠠᠲᠧᠷᠢᠶᠠᠯ᠎ᠢᠶᠠᠨ ᠲᠤᠰᠢᠶᠠᠭᠰᠠᠨ ᠦᠭᠡᠢ ᠪᠣᠯ ᠨᠡᠷ᠎ᠡ ᠮᠡᠳᠡᠭᠦᠯᠬᠦ᠎ᠪᠡᠨ ᠲᠠᠶᠠᠭᠳᠠᠭᠰᠠᠨ᠎ᠢᠶᠠᠷ ᠦᠵᠡᠨ᠎ᠡ᠃ 

  (ᠵᠢᠷᠭᠤᠭ᠎ᠠ) ᠨᠡᠷ᠎ᠡ ᠮᠡᠳᠡᠭᠦᠯᠬᠦ᠌ ᠮᠠᠲ᠋ᠧᠷᠢᠶᠠᠯ᠎ᠤᠨ ᠳᠣᠲᠣᠷᠠᠬᠢ ᠵᠠᠩᠭᠢᠯᠠᠭ᠎ᠠ᠎ᠶ᠋ᠢᠨ ᠴᠢᠨᠠᠷᠲᠠᠶ ᠮᠠᠲ᠋ᠧᠷᠢᠶᠠᠯ᠎ᠤᠨ ᠡᠮᠴᠢᠯᠡᠭᠡᠨ᠎ᠦ ᠪᠠᠭᠠᠵᠢ ᠬᠡᠷᠡᠭ᠌ᠰᠡᠯ ᠡᠵᠡᠩᠨᠡᠬᠦ᠌ ᠵᠥᠪᠱᠢᠶᠡᠷᠡᠯ᠎ᠦᠨ ᠦᠨᠡᠮᠯᠡᠯ ᠵᠢᠴᠢ ᠲᠣᠬᠢᠷᠠᠭᠤᠯᠤᠨ ᠬᠦᠷᠭᠡᠬᠦ᠌ ᠠᠵᠤ ᠠᠬᠤᠢᠯᠠᠯ᠎ᠤᠨ ᠨᠡᠷ᠎ᠡ ᠮᠡᠳᠡᠭᠦᠯᠬᠦ᠌ ᠠᠮᠠᠯᠠᠯᠲᠠ᠎ᠶ᠋ᠢᠨ ᠪᠢᠴᠢᠭ᠎ᠲᠦ ᠨᠥᠬᠥᠪᠥᠷᠢᠯᠡᠬᠦ᠌ ᠪᠠ ᠵᠠᠰᠠᠪᠤᠷᠢ ᠣᠷᠣᠭᠤᠯᠬᠤ ᠦᠭᠡᠶ᠂ ᠪᠤᠰᠤᠳ ᠵᠠᠩᠭᠢᠯᠠᠭ᠎ᠠ᠎ᠶ᠋ᠢᠨ ᠪᠤᠰᠤ ᠴᠢᠨᠠᠷᠲᠠᠶ ᠮᠠᠲ᠋ᠧᠷᠢᠶᠠᠯ ᠨᠢ ᠪᠤᠷᠤᠭᠤ ᠪᠤᠶᠤ ᠪᠦᠷᠢᠨ ᠪᠤᠰᠤ ᠪᠠᠢᠪᠠᠯ᠂ ᠠᠵᠤ ᠠᠬᠤᠢᠯᠠᠯ ᠨᠢ ᠬᠡᠯᠡᠵᠦ ᠥᠭᠭᠦᠭᠰᠡᠨ᠎ᠦ ᠳᠠᠷᠠᠭᠠᠬᠢ ᠲᠠᠪᠤᠨ ᠠᠵᠢᠯ᠎ᠤᠨ ᠡᠳᠦᠷ᠎ᠦᠨ ᠳᠣᠲᠣᠷ᠎ᠠ ᠪᠦᠷᠢᠨ ᠪᠦᠲᠦᠨ ᠮᠠᠲᠧᠷᠢᠶᠠᠯ᠎ᠢᠶᠠᠨ ᠲᠤᠰᠢᠶᠠᠬᠤ ᠬᠡᠷᠡᠭᠲᠡᠢ᠃ ᠢᠯᠡ᠎ᠪᠡᠷ ᠨᠡᠢ᠌ᠲᠡᠯᠡᠭᠡᠳ ᠪᠠᠲᠤᠯᠠᠭᠳᠠᠭᠰᠠᠨ ᠦᠭᠡᠢ ᠠᠵᠤ ᠠᠬᠤᠢᠯᠠᠯ᠂ ᠨᠥᠬᠥᠪᠦᠷᠢ ᠮᠠᠲᠧᠷᠢᠶᠠᠯ᠎ᠢ ᠳᠠᠭᠢᠵᠤ ᠭᠥᠯᠢᠶᠡᠨ ᠠᠪᠬᠤ ᠦᠭᠡᠢ᠂ ᠲᠠᠷᠠᠭᠠᠴᠢ᠎ᠶᠢᠨ ᠪᠦᠯᠦᠭ ᠤᠳᠠᠭ᠎ᠠ᠎ᠳᠤ ᠳᠠᠭᠢᠵᠤ ᠨᠡᠷ᠎ᠡ ᠮᠡᠳᠡᠭᠦᠯᠵᠦ ᠪᠣᠯᠣᠨ᠎ᠠ ᠃ 

  (ᠳᠤᠯᠤᠭ᠎ᠠ) ᠨᠡᠷ᠎ᠡ ᠮᠡᠳᠡᠭᠦᠯᠦᠭ᠌ᠰᠡᠨ ᠮᠠᠲ᠋ᠧᠷᠢᠶᠠᠯ ᠨᠢ ᠱᠠᠭᠠᠷᠳᠠᠯᠭ᠎ᠠ᠎ᠳᠤ ᠨᠡᠢᠴᠡᠬᠦ᠌ ᠦᠭᠡᠶ ᠠᠵᠤ ᠠᠬᠤᠢᠯᠠᠯ᠎ᠢ ᠬᠦᠯᠢᠶᠡᠨ ᠠᠪᠴᠤ᠌ ᠱᠢᠶ᠋ᠳᠪᠦᠷᠢᠯᠡᠬᠦ᠌ ᠦᠭᠡᠶ᠃ ᠠᠵᠤ ᠠᠬᠤᠢᠯᠠᠯ ᠲᠤᠱᠢᠶᠠᠭ᠍ᠰᠠᠨ ᠮᠠᠲ᠋ᠧᠷᠢᠶᠠᠯ᠎ᠤᠨ ᠦᠨᠡᠨ ᠪᠣᠳᠠᠲᠠᠢ ᠬᠦᠴᠦᠨ ᠲᠠᠢ ᠪᠠᠢᠬᠤ᠎ᠶ᠋ᠢ ᠪᠠᠲᠤᠯᠠᠬᠤ ᠬᠡᠷᠡᠭ᠌ᠲᠡᠢ᠃ ᠬᠡᠷᠪᠡ ᠬᠤᠳᠠᠯ ᠬᠠᠭᠤᠷᠮᠠᠭ ᠮᠠᠲ᠋ᠧᠷᠢᠶᠠᠯ ᠪᠠᠢᠪᠠᠯ᠂ ᠨᠡᠷ᠎ᠡ ᠮᠡᠳᠡᠭᠦᠯᠬᠦ᠌ ᠬᠢᠷᠢ ᠬᠡᠮ ᠵᠢᠴᠢ ᠲᠣᠬᠢᠷᠠᠭᠤᠯᠤᠨ ᠬᠦᠷᠭᠡᠬᠦ᠌ ᠬᠢᠷᠢ ᠬᠡᠮ᠎ᠢ᠎ᠨᠢ ᠬᠠᠰᠤᠨ᠎ᠠ᠃

  (ᠨᠠᠢ᠍ᠮᠠ) ᠠᠵᠤ ᠠᠬᠤᠢᠯᠠᠯ᠎ᠤᠳ ᠡᠮᠴᠢᠯᠡᠭᠡᠨ᠎ᠤ ᠪᠠᠭᠠᠵᠢ ᠬᠡᠷᠡᠭ᠌ᠰᠡᠯ ᠡᠵᠡᠩᠨᠡᠬᠦ᠌ ᠵᠥᠪᠱᠢᠶᠡᠷᠡᠯ᠎ᠤᠨ ᠦᠨᠡᠮᠯᠡᠯ᠂ ᠡᠮᠴᠢᠯᠡᠭᠡᠨ᠎ᠤ ᠪᠠᠭᠠᠵᠢ ᠬᠡᠷᠡᠭ᠌ᠰᠡᠯ ᠡᠵᠡᠩᠨᠡᠬᠦ᠌᠎ᠳᠤ ᠳᠠᠩᠰᠠᠯᠠᠭᠤᠯᠬᠤ ᠭᠡᠷᠡᠴᠢ ᠪᠠᠷᠢᠮᠲᠠ᠎ᠶ᠋ᠢᠨ ᠡᠵᠡᠩᠨᠡᠯᠲᠡ᠎ᠶ᠋ᠢᠨ ᠬᠡᠪᠴᠢᠶ᠎ᠡ᠎ᠶ᠋ᠢ ᠴᠢᠩᠭ᠎ᠠ ᠵᠢᠷᠤᠮᠯᠠᠵᠤ᠂ ᠳᠣᠭᠢᠷᠠᠭᠤᠯᠤᠨ ᠬᠦᠷᠭᠡᠬᠦ᠌ ᠡᠮᠴᠢᠯᠡᠭᠡᠨ᠎ᠤ ᠬᠤᠷᠣᠭ᠍ᠳᠠᠯ ᠮᠠᠲ᠋ᠧᠷᠢᠶᠠᠯ᠂  ᠳᠣᠭᠢᠷᠠᠭᠤᠯᠤᠨ ᠬᠦᠷᠭᠡᠬᠦ᠌ ᠲᠥᠷᠥᠯ ᠢᠯᠭᠠᠯ᠎ᠢ ᠴᠢᠩᠭ᠎ᠠ ᠰᠣᠩᠭᠤᠬᠤ ᠬᠡᠷᠡᠭ᠌ᠲᠡᠶ ᠮᠥᠷᠲᠡᠭᠡᠨ ᠪᠠᠯᠠᠯᠤᠨ ᠥᠭᠡᠷᠡᠴᠢᠯᠡᠵᠦ᠍ ᠪᠣᠯᠬᠤ ᠥᠬᠡᠶ᠃

  (ᠶᠢᠰᠦ) ᠠᠵᠤ ᠠᠬᠤᠢᠯᠠᠯ᠎ᠤᠨ ᠲᠣᠬᠢᠷᠠᠭᠤᠯᠤᠨ ᠬᠦᠷᠭᠡᠬᠦ᠌ ᠦᠢᠯᠡᠳᠬᠦᠨ᠎ᠨᠢ ᠬᠤᠶᠠᠳᠤᠭᠠᠷ ᠲᠥᠷᠥᠯ᠎ᠤᠨ ᠡᠮᠴᠢᠯᠡᠭᠡᠨ᠎ᠤ ᠪᠠᠭᠠᠵᠢ ᠬᠡᠷᠡᠭ᠌ᠰᠡᠯ᠎ᠳᠤ ᠬᠤᠯᠪᠣᠭ᠍ᠳᠠᠪᠠᠯ᠂ ᠡᠮᠴᠢᠯᠡᠭᠡᠨ᠎ᠤ ᠪᠠᠭᠠᠵᠢ ᠬᠡᠷᠡᠭ᠌ᠰᠡᠯ ᠡᠵᠡᠩᠨᠡᠬᠦ᠌᠎ᠶ᠋ᠢ ᠳᠠᠩᠰᠠᠯᠠᠭᠤᠯᠬᠤ ᠭᠡᠷᠡᠴᠢ ᠪᠠᠷᠢᠮᠲᠠ᠎ᠶ᠋ᠢᠨ ᠬᠠᠭᠤᠯᠪᠤᠷᠢ᠎ᠶ᠋ᠢ ᠳᠠᠭᠠᠯᠳᠤᠭᠤᠯᠬᠤ ᠬᠡᠷᠡᠭ᠌ᠲᠡᠶ᠃

  (ᠠᠷᠪᠠ) ᠡᠮᠴᠢᠯᠡᠭᠡᠨ᠎ᠳᠦ ᠬᠡᠷᠡᠭ᠌ᠯᠡᠬᠦ᠌ ᠬᠣᠷᠣᠭ᠍ᠳᠠᠯ ᠮᠠᠲ᠋ᠧᠷᠢᠶᠠᠯ ᠎ᠢ ᠦᠢᠯᠡᠳᠪᠦᠷᠢᠯᠡᠬᠦ᠌ ᠠᠵᠤ ᠠᠬᠤᠢᠯᠠᠯ ᠨᠡᠷ᠎ᠡ ᠮᠡᠳᠡᠭᠦᠯᠵᠦ᠍ ᠱᠢᠭᠤᠳ ᠲᠣᠬᠢᠷᠠᠭᠤᠯᠤᠨ ᠬᠦᠷᠭᠡᠬᠦ᠌᠎ᠳᠦ᠂ ᠡᠷᠬᠡᠪᠰᠢ ᠦᠢᠯᠡᠳᠪᠦᠷᠢᠯᠡᠬᠦ᠌ ᠠᠵᠤ ᠠᠬᠤᠢᠯᠠᠯ᠎ᠤᠨ ᠱᠢᠭᠤᠳ ᠲᠣᠬᠢᠷᠠᠭᠤᠯᠤᠨ ᠬᠦᠷᠭᠡᠬᠦ᠌ ᠭᠤᠶᠤᠴᠢᠯᠠᠯ᠎ᠤᠨ ᠪᠢᠴᠢᠭ᠎ᠦᠨ ᠤᠭ ᠮᠠᠲ᠋ᠧᠷᠢᠶᠠᠯ ᠎ᠢ ᠬᠠᠩᠭᠠᠬᠤ ᠬᠡᠷᠡᠭ᠌ᠲᠡᠶ ᠃

  (ᠠᠷᠪᠠᠨ ᠨᠢᠭᠡ) ᠠᠵᠤ ᠠᠬᠤᠢᠯᠠᠯ᠎ᠨᠢ ᠡᠷᠬᠡᠪᠰᠢ ᠤᠯᠤᠰ᠎ᠤᠨ ᠠᠵᠤ ᠠᠬᠤᠢᠯᠠᠯ᠎ᠤᠨ ᠢᠲᠡᠭᠡᠮᠵᠢ᠎ᠶ᠋ᠢᠨ ᠮᠡᠳᠡᠭᠡ ᠵᠠᠩᠭᠢ᠎ᠶ᠋ᠢ ᠢᠯᠡ ᠨᠡᠢᠲᠡᠯᠡᠬᠦ᠌ ᠱᠢᠰᠲ᠋ᠧᠮ᠎ᠳᠤ ᠲᠡᠮᠳᠡᠭ᠌ᠯᠡᠬᠦ᠌ ᠬᠡᠷᠡᠭ᠌ᠲᠡᠢ᠂ ( https://www.gsxt.gov.cn/index.html) ᠤᠷᠢᠳᠠᠪᠠᠷ ᠵᠢᠷᠤᠭ᠎ᠢ ᠣᠭᠲᠤᠯᠤᠭᠰᠠᠨ᠎ᠤ ᠳᠠᠷᠠᠭ᠎ᠠ ᠳᠣᠤᠷᠠᠬᠢ 5 ᠵᠦᠢᠯ᠎ᠤᠨ ᠠᠭᠤᠯᠭ᠎ᠠ᠎ᠶ᠋ᠢ ᠳᠠᠷᠤᠮᠠᠯᠯᠠᠨ᠎ᠠ᠄ ᠠᠵᠤ ᠠᠬᠤᠢᠯᠠᠯ᠎ᠤᠨ ᠨᠢᠭᠤᠷ ᠲᠠᠯ᠎ᠠ᠎ᠶ᠋ᠢᠨ ᠮᠡᠳᠡᠭᠡ ᠵᠠᠩᠭᠢ᠂ ᠵᠠᠰᠠᠭ ᠵᠠᠬᠢᠷᠭᠠᠨ᠎ᠤ ᠵᠥᠪᠱᠢᠶᠡᠷᠡᠯ᠎ᠤᠨ ᠮᠡᠳᠡᠭᠡ ᠵᠠᠩᠭᠢ᠂ ᠵᠠᠰᠠᠭ ᠵᠠᠬᠢᠷᠭᠠᠨ᠎ᠤ ᠱᠢᠢᠳᠭᠡᠯ ᠲᠣᠷᠭᠠᠭᠤᠯᠢ᠎ᠶ᠋ᠢᠨ ᠮᠡᠳᠡᠭᠡ ᠵᠠᠩᠭᠢ᠂ ᠡᠵᠡᠩᠨᠡᠯᠲᠡ᠎ᠶ᠋ᠢᠨ ᠬᠡᠪ᠎ᠤᠨ ᠪᠤᠰᠤ ᠮᠡᠳᠡᠭᠡ ᠵᠠᠩᠭᠢ᠂ ᠬᠠᠤᠯᠢ᠎ᠶ᠋ᠢ ᠬᠦᠨᠳᠦ ᠨᠣᠴᠢᠲᠠᠶ ᠵᠥᠷᠢᠴᠡᠭ᠌ᠰᠡᠨ ᠮᠡᠳᠡᠭᠡ ᠵᠠᠩᠭᠢ᠎ᠶ᠋ᠢ ᠳᠠᠷᠤᠮᠠᠯᠯᠠᠨ᠎ᠠ ᠃

  ᠳᠥᠷᠪᠡ᠂ ᠨᠡᠷ᠎ᠡ ᠮᠡᠳᠡᠭᠦᠯᠬᠦ᠌ ᠴᠠᠭ ᠪᠠ ᠭᠠᠵᠠᠷ

  ᠨᠡᠷ᠎ᠡ ᠮᠡᠳᠡᠭᠦᠯᠬᠦ᠌ ᠴᠠᠭ᠄ 2025 ᠣᠨ᠎ᠤ 10 ᠳ᠋ᠤᠭᠠᠷ ᠰᠠᠷ᠎ᠠ᠎ᠶ᠋ᠢᠨ 15 ᠎ᠤ ᠡᠳᠦᠷ - 2025 ᠣᠨ᠎ᠤ 10 ᠳ᠋ᠤᠭᠠᠷ ᠰᠠᠷ᠎ᠠ᠎ᠶ᠋ᠢᠨ 31 ᠎ᠤ ᠡᠳᠦᠷ

  ᠠᠵᠢᠯᠯᠠᠬᠤ ᠡᠳᠦᠷ᠎ᠤᠨ ᠬᠦᠯᠢᠶᠡᠨ ᠠᠪᠴᠤ᠌ ᠱᠢᠢᠳᠪᠦᠷᠢᠯᠡᠬᠦ᠌ ᠴᠠᠭ᠄ 8᠄ 30 - 11᠄ 00  ᠴᠠᠭ  14᠄ 30 - 17᠄ 00 ᠴᠠᠭ

  ᠨᠡᠷ᠎ᠡ ᠮᠡᠳᠡᠭᠦᠯᠬᠦ᠌ ᠭᠠᠵᠠᠷ᠄ ᠬᠢᠩᠭᠠᠨ ᠠᠢᠮᠠᠭ᠎ᠤᠨ ᠡᠮᠴᠢᠯᠡᠭᠡᠨ᠎ᠦ ᠳᠠᠭᠠᠳᠭᠠᠯ᠎ᠤᠨ ᠦᠶ᠋ᠯᠡᠴᠢᠯᠡᠭᠡᠨ᠎ᠤ ᠲᠥᠪ᠎ᠤᠨ ᠡᠮ᠎ᠤᠨ ᠵᠦᠢ᠍ᠯ ᠪᠠ ᠪᠠᠭᠠᠵᠢ ᠬᠡᠷᠡᠭ᠌ᠰᠡᠯ᠎ᠤᠨ ᠰᠠᠯᠠᠭ᠎ᠠ᠎ᠶᠢᠨ 305 ᠳ᠋ᠤᠭ᠋ᠠᠷ ᠲᠠᠰᠤᠭ (ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠢᠩᠭᠠᠨ ᠠᠢᠮᠠᠭ᠎ᠤᠨ ᠤᠯᠠᠭᠠᠨᠬᠤᠲᠠ᠎ᠶ᠋ᠢᠨ ᠬᠢᠩᠭᠠᠨ ᠶᠡᠭᠡ ᠵᠠᠮ᠎ᠤᠨ 36 ᠳ᠋ᠤᠭᠠᠷ ᠲᠣᠭᠠᠲᠤ)

  ᠬᠠᠷᠢᠯᠴᠠᠬᠤ ᠤᠲᠠᠰᠤ᠄ 0482-8250918

  

  ᠳᠠᠭᠠᠯᠳᠤᠭᠤᠯᠤᠯ᠄ 2025 ᠣᠨ ( ᠳᠣᠤᠷ᠎ᠠ ᠬᠠᠭᠠᠰ ᠵᠢᠯ)᠎ᠤ ᠡᠮᠴᠢᠯᠡᠭᠡᠨ᠎ᠳᠦ ᠬᠡᠷᠡᠭᠯᠡᠬᠦ ᠬᠣᠷᠣᠭᠳᠠᠯ ᠮᠠᠲᠧᠷᠢᠶᠠᠯ᠎ᠢ ᠲᠥᠪᠯᠡᠷᠡᠭᠦᠯᠦᠨ ᠬᠤᠳᠠᠯᠳᠤᠨ ᠠᠪᠴᠤ ᠲᠣᠬᠢᠷᠠᠭᠤᠯᠤᠨ ᠬᠦᠷᠭᠡᠬᠦ ᠠᠵᠤ ᠠᠬᠤᠢᠯᠠᠯ᠎ᠤᠨ ᠨᠡᠷ᠎ᠡ ᠮᠡᠳᠡᠭᠦᠯᠬᠦ᠌ ᠮᠠᠲ᠋ᠧᠷᠢᠶᠠᠯ᠎ᠤᠨ ᠱᠠᠭᠠᠷᠳᠠᠯᠭ᠎ᠠ ᠵᠢᠴᠢ ᠬᠡᠪᠰᠢᠮᠡᠯ ᠬᠠᠪᠲᠠᠰᠦ

  

  ᠬᠢᠩᠭᠠᠨ ᠠᠢᠮᠠᠭ᠎ᠤ᠋ᠨ ᠡᠮᠴᠢᠯᠡᠭᠡᠨ᠎ᠦ ᠳᠠᠭᠠᠳᠭᠠᠯ᠎ᠤ᠋ᠨ ᠦᠢᠯᠡᠴᠢᠯᠡᠭᠡᠨ᠎ᠦ᠌ ᠲᠥᠪ

  2025 ᠣᠨ᠎ᠤ 10  ᠳ᠋ᠤᠭ᠋ᠠᠷ ᠰᠠᠷ᠎ᠠ᠎ᠶ᠋ᠢᠨ 14 ᠎ᠤ ᠡᠳᠦᠷ

  

  ᠳᠠᠭᠠᠯᠳᠤᠭᠤᠯᠤᠯ᠄

2025 ᠣᠨ ( ᠳᠣᠤᠷ᠎ᠠ ᠬᠠᠭᠠᠰ ᠵᠢᠯ) ᠎ᠤ ᠡᠮᠴᠢᠯᠡᠭᠡᠨ᠎ᠳᠦ ᠬᠡᠷᠡᠭᠯᠡᠬᠦ ᠬᠣᠷᠣᠭᠳᠠᠯ ᠮᠠᠲᠧᠷᠢᠶᠠᠯ᠎ᠢ ᠲᠥᠪᠯᠡᠷᠡᠭᠦᠯᠦᠨ ᠬᠤᠳᠠᠯᠳᠤᠨ ᠠᠪᠴᠤ ᠲᠣᠬᠢᠷᠠᠭᠤᠯᠤᠨ ᠬᠦᠷᠭᠡᠬᠦ ᠠᠵᠤ ᠠᠬᠤᠢᠯᠠᠯ᠎ᠤᠨ ᠨᠡᠷ᠎ᠡ ᠮᠡᠳᠡᠭᠦᠯᠬᠦ᠌ ᠮᠠᠲ᠋ᠧᠷᠢᠶᠠᠯ᠎ᠤᠨ ᠱᠠᠭᠠᠷᠳᠠᠯᠭ᠎ᠠ ᠵᠢᠴᠢ ᠬᠡᠪᠰᠢᠮᠡᠯ ᠬᠠᠪᠲᠠᠰᠦ .docx 

 

ᠢᠷᠡᠯᠲᠡ᠄ ᠬᠢᠩᠭᠠᠨ ᠠᠢᠮᠠᠭ᠎ᠤᠨ ᠡᠮᠴᠢᠯᠡᠭᠡᠨ᠎ᠤ ᠳᠠᠭᠠᠳᠭᠠᠯ᠎ᠤᠨ ᠦᠢᠯᠡᠴᠢᠯᠡᠭᠡᠨ᠎ᠤ ᠲᠥᠪ
          
ᠬᠠᠮᠢᠶ᠎ᠡ ᠪᠦᠬᠦᠢ ᠰᠣᠨᠢᠨ
 
            