《ᠡᠨᠡ ᠬᠦ᠌ 〈ᠨᠢᠭᠤᠷ᠎ᠢᠶᠠᠨ ᠰᠢᠷᠪᠢᠮᠡᠭᠴᠡ ᠨᠢᠭᠡ ᠺᠣᠳ᠋᠎ᠢᠶᠠᠷ ᠲᠣᠭᠠᠴᠠᠭ᠎ᠠ ᠬᠢᠬᠦ〉 ᠪᠠᠢᠬᠤ ᠪᠣᠯᠣᠭᠰᠠᠨ᠎ᠠᠴᠠ ᠂ ᠶᠠᠭᠠᠷᠠᠵᠤ ᠰᠠᠨᠳᠤᠷᠬᠤ ᠦᠭᠡᠢ᠎ᠪᠠᠷ ᠺᠠᠷᠲ᠎ᠢᠶᠠᠨ ᠡᠷᠢᠵᠦ ᠂ ᠴᠢᠨᠠᠭᠰᠢᠯᠠᠪᠠᠯ ᠭᠠᠷ ᠤᠲᠠᠰᠤ᠎ᠪᠠᠨ ᠴᠤ᠌ ᠠᠪᠴᠢᠷᠠᠬᠤ ᠦᠭᠡᠢ ᠪᠠᠢᠵᠤ ᠪᠣᠯᠬᠤ ᠪᠣᠯᠪᠠ ᠂ ᠰᠢᠭᠤᠳ ᠨᠢᠭᠤᠷ᠎ᠢᠶᠠᠨ ᠰᠢᠷᠪᠢᠪᠡᠯ ᠳ᠋ᠦᠩᠨᠡᠨ ᠪᠣᠳᠣᠵᠤ ᠂ ᠠᠷᠠᠳ᠎ᠲᠤ ᠮᠠᠰᠢ ᠲᠥᠬᠦᠮ ᠦᠵᠡᠭᠦᠯᠪᠡ ᠃》 ᠣᠢᠷ᠎ᠠ᠎ᠳᠤ ᠂ ᠰᠢᠶᠠᠮᠸᠨᠤ ᠬᠣᠲᠠ᠎ᠶᠢᠨ ᠠᠷᠠᠳ ᠯᠢᠦ ᠠᠪᠤᠭᠠᠢ ᠰᠢᠶᠠᠮᠸᠨ ᠶᠡᠬᠡ ᠰᠤᠷᠭᠠᠭᠤᠯᠢ᠎ᠶᠢᠨ ᠬᠠᠷᠢᠶᠠᠲᠤ ᠨᠢᠭᠡᠳᠦᠭᠡᠷ ᠡᠮᠨᠡᠯᠭᠡ᠎ᠶᠢᠨ ᠬᠣᠷᠢᠶᠠᠨ᠎ᠳᠤ ᠬᠦᠷᠴᠦ ᠡᠪᠡᠳᠴᠢᠨ ᠦᠵᠡᠭᠦᠯᠪᠡ ᠂ ᠲᠡᠭᠦᠨ᠎ᠢ ᠪᠠᠶᠠᠷᠯᠠᠭᠤᠯᠤᠭᠰᠠᠨ ᠨᠢᠭᠡ ᠵᠦᠢᠯ ᠭᠡᠪᠡᠯ ᠡᠮᠴᠢ᠎ᠠᠴᠠ ᠵᠣᠷ ᠭᠠᠷᠭᠠᠭᠰᠠᠨ᠎ᠤ ᠳᠠᠷᠠᠭ᠎ᠠ ᠂ ᠲᠡᠷᠡ ᠰᠢᠭᠤᠳ 《ᠨᠢᠭᠤᠷ᠎ᠢᠶᠠᠨ ᠰᠢᠷᠪᠢᠵᠦ ᠨᠢᠭᠡ ᠺᠣᠳ᠋᠎ᠢᠶᠠᠷ ᠲᠣᠭᠠᠴᠠᠭ᠎ᠠ ᠬᠢᠵᠦ》 ᠳ᠋ᠦᠩᠨᠡᠨ ᠪᠣᠳᠣᠵᠤ ᠪᠣᠯᠤᠨ᠎ᠠ ᠃ ᠡᠭᠦᠨ᠎ᠤ ᠬᠠᠮᠲᠤ ᠂ ᠲᠡᠷᠡ ᠂ ᠣᠶᠣᠨᠴᠢᠯᠠᠭᠰᠠᠨ ᠡᠪᠡᠳᠴᠢᠨ ᠦᠵᠡᠭᠦᠯᠬᠦ ᠪᠡᠶᠡᠴᠢ ᠣᠢᠯᠠᠭᠠᠯᠲᠠ ᠨᠢ ᠲᠡᠭᠦᠨ᠎ᠳᠤ ᠤᠯᠠᠨ ᠤᠳᠠᠭ᠎ᠠ ᠮᠥᠷᠯᠡᠬᠦ ᠂ ᠳᠠᠪᠲᠠᠨ ᠠᠵᠢᠯᠯᠠᠬᠤ ᠶᠠᠷᠰᠢᠭ᠋ᠢ ᠦᠭᠡᠢ ᠪᠣᠯᠭᠠᠭᠰᠠᠨ᠎ᠢᠶᠠᠷ ᠪᠠᠷᠠᠬᠤ ᠦᠭᠡᠢ ᠂ ᠪᠠᠰᠠ ᠡᠪᠡᠳᠴᠢᠨ ᠦᠵᠡᠭᠦᠯᠬᠦ ᠵᠢᠯᠣᠭᠤᠳᠤᠮᠵᠢ᠎ᠶᠢᠨ ᠮᠡᠳᠡᠭᠡ ᠵᠠᠩᠭᠢ᠎ᠶᠢ ᠴᠠᠭ ᠲᠤᠬᠠᠢ᠎ᠳᠤ ᠨᠢ ᠲᠡᠭᠦᠨ᠎ᠤ ᠭᠠᠷ ᠤᠲᠠᠰᠤᠨ᠎ᠳᠤ ᠬᠦᠷᠭᠡᠵᠦ ᠂ ᠤᠯᠠᠨ ᠴᠤᠩᠬᠤᠪᠴᠢ᠎ᠪᠠᠷ ᠡᠮ ᠠᠪᠬᠤ ᠶᠠᠪᠤᠴᠠ᠎ᠶᠢ 《ᠥᠩᠭᠡᠷᠡᠭᠰᠡᠨ ᠬᠡᠯᠪᠡᠷᠢ》 ᠪᠣᠯᠭᠠᠭᠰᠠ᠎ᠨᠢ ᠮᠡᠳᠡᠷᠡᠵᠦ ᠣᠯᠪᠠ ᠃
ᠰᠢᠶᠠᠮᠸᠨ ᠬᠣᠲᠠ᠎ᠶᠢᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶᠠᠨ᠎ᠤ ᠭᠠᠷᠭᠠᠭᠰᠠᠨ 《ᠨᠢᠭᠤᠷ᠎ᠢᠶᠡᠨ ᠰᠢᠷᠪᠢᠮᠡᠭᠴᠡ ᠨᠢᠭᠡ ᠺᠣᠳ᠋᠎ᠢᠶᠠᠷ ᠲᠣᠭᠠᠴᠠᠭ᠎ᠠ ᠬᠢᠬᠦ》 ᠣᠶᠣᠨᠲᠤ ᠡᠮᠴᠢᠯᠡᠭᠡᠨ᠎ᠦ ᠳ᠋ᠦᠩᠨᠡᠨ ᠪᠣᠳᠣᠬᠤ ᠦᠢᠯᠡᠴᠢᠯᠡᠭᠡᠨᠢ 《ᠨᠢᠭᠤᠷ ᠰᠢᠷᠪᠢᠵᠦ ᠂ ᠬᠤᠪᠢ ᠬᠦᠮᠦᠨ᠎ᠦ ᠳᠠᠩᠰᠠ᠎ᠳᠦ ᠤᠷᠢᠳᠴᠢᠯᠠᠨ ᠡᠷᠬᠡ ᠣᠯᠭᠣᠵᠤ ᠂ ᠢᠲᠡᠭᠡᠮᠵᠢ᠎ᠪᠡᠷ ᠡᠪᠡᠳᠴᠢᠨ ᠦᠵᠡᠭᠦᠯᠬᠦ ᠵᠢᠴᠢ ᠰᠦᠯᠵᠢᠶᠡᠨ ᠭᠠᠳᠠᠭᠤᠷ ᠳ᠋ᠦᠩᠨᠡᠨ ᠪᠣᠳᠣᠬᠤ》 ᠵᠡᠷᠭᠡ ᠨᠢᠭᠡ ᠴᠣᠭᠴᠠᠵᠢᠭᠤᠯᠤᠭᠰᠠᠨ 《ᠠᠯᠢ ᠣᠯᠠᠨ》 ᠣᠶᠤᠨᠴᠢ ᠲᠣᠭᠠᠴᠠᠭ᠎ᠠ ᠬᠢᠬᠦ ᠂ 《ᠺᠠᠷᠲ ᠦᠭᠡᠢ᠎ᠪᠠᠷ ᠡᠮᠨᠡᠭᠦᠯᠬᠦ ᠂ ᠺᠣᠳ᠋ ᠦᠭᠡᠢ᠎ᠪᠠᠷ ᠲᠥᠯᠥᠬᠦ》 ᠣᠶᠤᠨᠴᠢ ᠡᠮᠴᠢᠯᠡᠭᠡᠨ᠎ᠤ ᠲᠤᠷᠰᠢᠯᠲᠠ᠎ᠶᠢ ᠦᠨᠡᠨ ᠬᠦ᠌ ᠪᠡᠶᠡᠯᠡᠭᠦᠯᠪᠡ ᠃ ᠡᠨᠡ ᠬᠦ᠌ ᠰᠢᠨ᠎ᠡ᠎ᠶᠢ ᠡᠭᠦᠳᠬᠦ ᠠᠷᠭ᠎ᠠ ᠬᠡᠮᠵᠢᠶ᠎ᠡ᠎ᠶᠢ ᠰᠦᠯᠵᠢᠶᠡᠨ᠎ᠳᠤ ᠣᠷᠣᠭᠤᠯᠤᠭᠰᠠᠨ᠎ᠠᠴᠠ ᠨᠠᠭᠠᠰᠢ ᠣᠯᠠᠨ ᠲᠦᠮᠡᠨ᠎ᠤ ᠰᠠᠶ᠋ᠢᠨ ᠦᠨᠡᠯᠡᠯᠲᠡ᠎ᠶᠢ ᠣᠯᠤᠭᠰᠠᠨ ᠪᠥᠭᠡᠳ ᠰᠢᠶᠠᠮᠧᠨ᠎ᠤ ᠲᠥᠪ᠎ᠤᠨ ᠨᠠᠢ᠍ᠮᠠᠨ ᠵᠣᠷᠪᠣᠰ ᠲᠣᠭᠲᠠᠭᠠᠯ᠎ᠤᠨ ᠵᠣᠷᠢᠭ᠋ ᠰᠠᠨᠠᠭ᠎ᠠ᠎ᠶᠢ ᠭᠦᠨᠵᠡᠭᠡᠶ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ᠎ᠤᠨ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠤᠨ ᠦᠷ᠎ᠡ ᠪᠦᠲᠦᠭᠡᠯ᠎ᠢ ᠲᠥᠪ ᠲᠧᠯᠸᠢᠰ᠎ᠤᠨ 《ᠰᠣᠨᠢᠨ ᠮᠡᠳᠡᠭᠡᠨ᠎ᠤ ᠨᠡᠪᠲᠡᠷᠡᠭᠦᠯᠭᠡ》᠎ᠳᠤ ᠮᠡᠳᠡᠭᠡᠯᠡᠭᠰᠡᠨ ᠪᠠᠶ᠋ᠢᠨ᠎ᠠ ᠃
ᠳᠥᠭᠦᠮ ᠳᠥᠲᠡ ᠪᠠᠶ᠋ᠢᠵᠤ ᠂ ᠵᠠᠷᠤᠳᠠᠯ᠎ᠢ ᠳ᠋ᠦᠩᠨᠡᠨ ᠪᠣᠳᠣᠬᠤ᠎ᠳᠤ ᠨᠡᠩ ᠠᠮᠠᠷ ᠪᠣᠯᠪᠠ
ᠥᠩᠭᠡᠷᠡᠭᠰᠡᠨ᠎ᠳᠤ ᠂ ᠳᠠᠭᠠᠳᠬᠠᠯ᠎ᠳᠤ ᠣᠷᠣᠯᠴᠠᠭ᠍ᠴᠢ ᠡᠪᠡᠳᠴᠢᠨ ᠦᠵᠡᠭᠦᠯᠬᠦ᠎ᠳᠤ ᠡᠮᠴᠢᠯᠡᠭᠡᠨ᠎ᠤ ᠳᠠᠭᠠᠳᠬᠠᠯ᠎ᠤᠨ ᠺᠣᠳ᠋ ᠂ ᠵᠣᠭᠤᠰ ᠥᠭᠬᠦ ᠺᠣᠳ᠋᠎ᠢᠶᠠᠨ ᠳᠠᠬᠢᠨ ᠳᠠᠪᠲᠠᠨ ᠰᠣᠯᠢᠬᠤ ᠬᠡᠷᠡᠭᠲᠡᠶ ᠪᠠᠢᠪᠠ ᠃ ᠣᠳᠣ᠌ ᠪᠣᠯᠬᠤ᠎ᠳᠤ ᠂ ᠳᠠᠭᠠᠳᠬᠠᠯ᠎ᠳᠤ ᠣᠷᠣᠯᠴᠠᠭᠰᠠᠳ ᠵᠥᠪᠬᠡᠨ ᠰᠢᠯᠵᠢᠮᠡᠯ ᠦᠵᠦᠭᠦᠷ ᠪᠤᠶᠤ ᠡᠮᠨᠡᠯᠭᠡ᠎ᠶᠢᠨ ᠬᠤᠷᠢᠶᠠᠨ᠎ᠳᠤ ᠨᠢᠭᠤᠷ ᠰᠢᠷᠪᠢᠬᠦ ᠦᠵᠦᠭᠦᠷ᠎ᠤᠨ ᠲᠥᠬᠦᠭᠡᠷᠦᠮᠵᠢ ᠳᠡᠭᠡᠷ᠎ᠡ ᠨᠢᠭᠡ ᠳᠠᠷᠤᠪᠴᠢ᠎ᠪᠠᠷ 《ᠨᠢᠭᠡ ᠺᠣᠳ᠋᠎ᠢᠶᠠᠷ ᠲᠣᠭᠠᠴᠠᠭ᠎ᠠ ᠬᠢᠬᠦ》᠎ᠶᠢ ᠨᠡᠪᠲᠡᠷᠡᠭᠦᠯᠵᠦ ᠂ ᠨᠢᠭᠤᠷ᠎ᠢᠶᠠᠨ ᠨᠢᠭᠡ ᠤᠳᠠᠭ᠎ᠠ ᠰᠢᠷᠪᠢᠮᠡᠭᠴᠡ ᠡᠮᠴᠢᠯᠡᠭᠡᠨ᠎ᠦ ᠳᠠᠭᠠᠳᠬᠠᠯ᠎ᠤᠨ ᠪᠡᠶ᠎ᠡ ᠬᠡᠮ᠎ᠤᠨ ᠭᠡᠷᠡᠴᠢᠯᠡᠯ ᠂ ᠡᠮᠴᠢᠯᠡᠭᠡᠨ᠎ᠦ ᠳᠠᠭᠠᠳᠬᠠᠯ᠎ᠤᠨ ᠳ᠋ᠦᠩᠨᠡᠨ ᠪᠣᠳᠣᠯᠲᠠ ᠵᠢᠴᠢ ᠥᠪᠡᠷ᠎ᠤᠨ ᠵᠠᠷᠤᠳᠠᠯ᠎ᠢᠶᠠᠨ ᠲᠦᠯᠦᠬᠦ᠎ᠶᠢ ᠵᠡᠷᠭᠡ᠎ᠪᠠᠷ ᠪᠡᠶᠡᠯᠡᠭᠦᠯᠵᠦ ᠪᠣᠯᠬᠤ ᠪᠣᠯᠪᠠ ᠂ ᠥᠩᠭᠡᠷᠡᠭᠰᠡᠨ᠎ᠤ 1 - 2 ᠮᠢᠨᠦ᠋ᠲ᠎ᠤᠨ ᠳ᠋ᠦᠩᠨᠡᠨ ᠪᠤᠳᠤᠬᠤ ᠶᠠᠪᠤᠴᠠ᠎ᠶᠢ ᠣᠳᠣᠬᠠᠨ᠎ᠤ 15 ᠰᠧᠺᠦ᠋ᠨ᠋ᠳ᠋᠎ᠲᠤ ᠬᠦᠷᠲᠡᠯ᠎ᠡ ᠪᠣᠭᠤᠨᠢᠰᠬᠠᠵᠤ ᠂ ᠦᠷ᠎ᠡ ᠪᠦᠲᠦᠮᠵᠢ᠎ᠶᠢ 80%᠎ᠡᠴᠡ ᠳᠡᠭᠡᠭᠰᠢ᠎ᠪᠡᠷ ᠳᠡᠭᠡᠭᠰᠢᠯᠡᠭᠦᠯᠵᠦ ᠂ ᠶᠠᠷᠰᠢᠭ᠍ᠲᠠᠶ ᠠᠵᠢᠯᠯᠠᠭᠠᠨ᠎ᠤ ᠠᠯᠬᠤᠮ ᠳᠠᠷᠠᠭ᠎ᠠ᠎ᠶᠢ ᠠᠷᠪᠢᠯᠠᠵᠤ ᠂ ᠡᠪᠡᠳᠴᠢᠨ ᠦᠵᠡᠭᠦᠯᠬᠦ ᠴᠠᠭ᠎ᠢ ᠶᠡᠭᠡ᠎ᠪᠠᠷ ᠪᠣᠭᠤᠨᠢᠰᠬᠠᠭᠰᠠᠨ ᠪᠠᠶ᠋ᠢᠨ᠎ᠠ ᠃ ᠲᠡᠢᠮᠦ ᠮᠥᠷᠲᠡᠭᠡᠨ ᠭᠡᠷ᠎ᠤᠨ ᠠᠬᠠᠮᠠᠳ ᠨᠢ ᠬᠡᠦᠬᠡᠳ᠎ᠲᠠᠢ᠎ᠪᠡᠨ ᠲᠥᠷᠥᠯ ᠰᠠᠳᠤᠨ᠎ᠤ ᠲᠠᠩᠰᠠᠨ ᠡᠷᠦᠬᠡ᠎ᠪᠠᠨ ᠬᠣᠯᠪᠣᠭᠰᠠᠨᠤ ᠳᠠᠷᠠᠭ᠎ᠠ ᠂ ᠭᠡᠷ᠎ᠤᠨ ᠠᠬᠠᠮᠠᠳ ᠨᠢᠭᠤᠷ᠎ᠢᠶᠠᠨ ᠰᠢᠷᠪᠢᠮᠡᠭᠴᠡ ᠬᠡᠦᠬᠡᠳ᠎ᠢᠶᠠᠨ ᠡᠮᠴᠢᠯᠡᠭᠦᠯᠵᠦ ᠡᠮᠴᠢᠯᠡᠭᠡᠨ᠎ᠦ ᠳᠠᠭᠠᠳᠬᠠᠯ᠎ᠤᠨ ᠳ᠋ᠦᠩᠨᠡᠨ ᠪᠣᠳᠣᠬᠤ ᠪᠠ ᠥᠪᠡᠷᠲᠡᠭᠡᠨ ᠵᠠᠷᠤᠳᠠᠯ᠎ᠢᠶᠠᠨ ᠲᠦᠯᠦᠪᠦᠷᠢᠯᠡᠬᠦ᠎ᠶᠢ ᠨᠢᠭᠡ ᠯᠡ ᠤᠳᠠᠭ᠎ᠠ᠎ᠳᠤ ᠰᠠᠭᠤᠯᠭᠠᠨ ᠠᠪᠬᠤ᠎ᠶᠢ ᠪᠡᠶᠡᠯᠡᠭᠦᠯᠵᠦ ᠪᠣᠯᠤᠨ᠎ᠠ ᠃
ᠠᠮᠤᠷ ᠲᠦᠪᠰᠢᠨ᠎ᠤ ᠪᠠᠲᠤᠯᠠᠭ᠎ᠠ᠎ᠲᠠᠢ ᠪᠠᠢᠵᠤ ᠂ ᠵᠢᠩᠬᠢᠨᠢ ᠨᠡᠷ᠎ᠡ᠎ᠪᠠᠷ ᠡᠮᠨᠡᠭᠦᠯᠬᠦ᠎ᠳᠦ ᠥᠨᠴᠥᠭ ᠪᠤᠯᠤᠩ ᠦᠯᠡᠳᠡᠭᠡᠬᠦ ᠦᠭᠡᠢ
ᠲᠣᠰ ᠴᠢᠳᠠᠮᠵᠢ ᠨᠢ ᠠᠮᠢᠳᠤ ᠪᠣᠳᠠᠰ᠎ᠤᠨ ᠣᠨᠴᠠᠯᠢᠭ᠋᠎ᠢ ᠢᠯᠭᠠᠨ ᠲᠠᠨᠢᠬᠤ ᠂ NFC᠎ᠶᠢᠨ ᠣᠶ᠋ᠢᠷ᠎ᠠ ᠲᠠᠯᠠᠪᠤᠷ᠎ᠤᠨ ᠴᠢᠮᠡᠭᠡ ᠬᠤᠯᠪᠣᠭ᠎ᠠ ᠵᠢᠴᠢ ᠡᠯᠸᠺᠲᠷᠣᠨ ᠭᠡᠷᠡᠴᠢ ᠪᠠᠷᠢᠮᠲᠠ᠎ᠶᠢ ᠰᠢᠯᠭᠠᠨ ᠪᠠᠲᠤᠯᠠᠬᠤ ᠮᠡᠷᠭᠡᠵᠢᠯ᠎ᠲᠠᠢ ᠠᠭᠤᠰᠤᠯᠴᠠᠭᠤᠯᠵᠤ ᠂ 《ᠬᠤᠯᠢᠮᠠᠭ ᠣᠶᠤᠨᠴᠢ ᠣᠶᠤᠨᠴᠢ ᠳ᠋ᠦᠩᠨᠡᠨ ᠪᠣᠳᠣᠯᠲᠠ》᠎ᠶᠢᠨ ᠦᠢᠯᠡᠴᠢᠯᠡᠭᠡᠨ᠎ᠦ ᠲᠣᠭᠲᠠᠯᠴᠠᠭ᠎ᠠ᠎ᠶᠢ ᠪᠠᠶ᠋ᠢᠭᠤᠯᠵᠤ ᠂ ᠡᠮᠴᠢᠯᠡᠭᠡᠨ᠎ᠦ ᠳᠠᠭᠠᠳᠬᠠᠯ᠎ᠤᠨ ᠨᠢᠭᠤᠷ᠎ᠢᠶᠠᠨ ᠰᠢᠷᠪᠢᠬᠦ ᠪᠠ ᠡᠮᠴᠢᠯᠡᠭᠡᠨ᠎ᠦ ᠳᠠᠭᠠᠳᠬᠠᠯ᠎ᠤᠨ 《ᠨᠢᠭᠡ ᠺᠣᠳ᠋᠎ᠢᠶᠠᠷ ᠲᠣᠭᠠᠴᠠᠭ᠎ᠠ ᠬᠢᠬᠦ》᠎ᠶᠢ ᠬᠠᠷᠢᠯᠴᠠᠨ ᠤᠶᠠᠯᠳᠤᠭᠤᠯᠵᠤ ᠂ 《ᠬᠥᠮᠦᠨ᠎ᠤ ᠵᠢᠰᠦ᠎ᠶᠢ ᠢᠯᠭᠠᠨ ᠲᠠᠨᠢᠬᠤ + ᠵᠢᠩᠬᠢᠨᠢ ᠨᠡᠷ᠎ᠡ + ᠦᠨᠡᠨ ᠬᠥᠮᠦᠨ》᠎ᠤ ᠠᠮᠤᠷ ᠲᠦᠪᠰᠢᠨ᠎ᠤ ᠬᠢᠨᠠᠨ ᠰᠢᠯᠭᠠᠬᠤ ᠮᠡᠷᠭᠡᠵᠢᠯ᠎ᠢ ᠬᠡᠷᠡᠭᠯᠡᠬᠦ᠎ᠪᠠᠷ ᠳᠠᠮᠵᠢᠭᠤᠯᠤᠨ ᠡᠮᠴᠢᠯᠡᠭᠡᠨ᠎ᠦ ᠳᠠᠭᠠᠳᠬᠠᠯ᠎ᠤᠨ ᠳ᠋ᠦᠩᠨᠡᠨ ᠪᠣᠳᠣᠬᠤ ᠵᠡᠷᠭᠡ ᠴᠢᠳᠠᠮᠵᠢ᠎ᠶᠢ ᠪᠡᠶᠡᠯᠡᠭᠦᠯᠵᠦ ᠂ ᠣᠶᠤᠨᠴᠢ ᠬᠢᠨᠠᠨ ᠬᠠᠷᠭᠤᠭᠤᠯᠤᠯᠲᠠ ᠂ ᠴᠠᠭ ᠲᠤᠬᠠᠶ᠎ᠳᠦ ᠨᠢ ᠬᠢᠨᠠᠨ ᠡᠵᠡᠮᠳᠡᠵᠦ ᠪᠣᠯᠬᠤ ᠲᠦᠭᠰᠢᠭᠦᠷᠢ᠎ᠶᠢ ᠰᠡᠷᠭᠡᠶ᠋ᠢᠯᠡᠨ ᠡᠵᠡᠮᠳᠡᠬᠦ ᠲᠣᠭᠲᠠᠯᠴᠠᠭ᠎ᠠ᠎ᠶᠢ ᠪᠠᠶ᠋ᠢᠭᠤᠯᠵᠤ ᠂ ᠬᠤᠪᠢ ᠬᠥᠮᠦᠨ᠎ᠤ ᠮᠡᠳᠡᠭᠡ ᠵᠠᠩᠭᠢ᠎ᠶᠢᠨ ᠠᠮᠤᠷ ᠲᠦᠪᠰᠢᠨ᠎ᠢ ᠪᠠᠲᠤᠯᠠᠭᠰᠠᠨ ᠤᠷᠢᠲᠠᠯ ᠳᠣᠤᠷ᠎ᠠ ᠡᠮᠴᠢᠯᠡᠭᠡᠨ᠎ᠦ ᠳᠠᠭᠠᠳᠬᠠᠯ᠎ᠤᠨ ᠳ᠋ᠦᠩᠨᠡᠨ ᠪᠣᠳᠣᠯᠲᠠ᠎ᠶᠢ ᠪᠡᠶᠡᠯᠡᠭᠦᠯᠵᠦ ᠂ ᠪᠠᠰᠠ ᠬᠤᠳᠠᠯ ᠬᠠᠭᠤᠷᠮᠠᠭ᠎ᠢᠶᠠᠷ ᠡᠪᠡᠳᠴᠢᠨ ᠦᠵᠡᠭᠦᠯᠬᠦ ᠂ ᠡᠮᠴᠢᠯᠡᠭᠡᠨ᠎ᠦ ᠳᠠᠭᠠᠳᠬᠠᠯ᠎ᠢ ᠬᠤᠯᠠᠭᠠᠢᠯᠠᠵᠤ ᠳᠤᠬᠤᠵᠤ ᠬᠡᠷᠡᠭᠯᠡᠬᠦ ᠵᠡᠷᠭᠡ ᠬᠠᠤᠯᠢ ᠲᠣᠭᠲᠠᠭᠠᠯ᠎ᠠᠴᠠ ᠵᠥᠷᠢᠴᠡᠭᠰᠡᠨ ᠦᠢᠯᠡ ᠠᠵᠢᠯᠯᠠᠭ᠎ᠠ᠎ᠶᠢ ᠪᠦᠲᠦᠮᠵᠢᠲᠡᠶ ᠰᠡᠷᠭᠡᠶ᠋ᠢᠯᠡᠵᠦ ᠂ ᠡᠮᠴᠢᠯᠡᠭᠡᠨ᠎ᠦ ᠳᠠᠭᠠᠳᠬᠠᠯ᠎ᠤᠨ ᠰᠠᠭᠤᠷᠢ ᠮᠥᠩᠭᠦ᠎ᠶᠢᠨ ᠠᠮᠤᠷ ᠲᠦᠪᠰᠢᠨ᠎ᠳᠤ 《ᠰᠡᠷᠭᠡᠶ᠋ᠢᠯᠡᠯᠲᠡ᠎ᠶᠢᠨ ᠬᠡᠷᠡᠮ》᠎ᠢ ᠪᠠᠲᠤ ᠪᠠᠶ᠋ᠢᠭᠤᠯᠵᠤ ᠥᠭᠭᠦᠨ᠎ᠡ ᠃
ᠢᠲᠡᠭᠡᠮᠵᠢ᠎ᠪᠡᠷ ᠡᠮᠨᠡᠭᠦᠯᠵᠦ ᠂ ᠡᠪᠡᠳᠴᠢᠨ ᠦᠵᠡᠭᠦᠯᠬᠦ᠎ᠳᠦ ᠰᠠᠨᠠᠭᠠᠰᠢᠷᠠᠯ ᠦᠭᠡᠢ ᠲᠦᠰᠢᠭ᠎ᠲᠠᠢ
ᠡᠮᠴᠢᠯᠡᠭᠡᠨ᠎ᠤ ᠳᠠᠭᠠᠳᠬᠠᠯ᠎ᠤᠨ 《ᠬᠤᠪᠢ ᠬᠦᠮᠦᠨ᠎ᠦ ᠳᠠᠩᠰᠠᠨ ᠡᠷᠦᠬᠡ᠎ᠳᠦ ᠤᠷᠢᠳᠴᠢᠯᠠᠨ ᠡᠷᠬᠡ ᠣᠯᠭᠤᠬᠤ》᠎ᠶᠢ ᠳᠡᠮᠵᠢᠵᠦ ᠂ ᠡᠪᠡᠳᠴᠢᠲᠡᠨ 《ᠬᠤᠪᠢ ᠬᠥᠮᠦᠨ᠎ᠤ ᠲᠠᠩᠰᠠᠨ ᠡᠷᠦᠬᠡ ᠂ ᠬᠡᠷ ᠪᠦᠯᠢ᠎ᠶᠢᠨ ᠬᠠᠷᠢᠯᠴᠠᠨ ᠲᠤᠰᠠᠯᠠᠯᠴᠠᠬᠤ ᠲᠠᠩᠰᠠᠨ ᠡᠷᠦᠬᠡ》᠎ᠪᠠᠷ ᠳᠠᠮᠵᠢᠭᠤᠯᠤᠨ ᠬᠤᠪᠢ ᠬᠦᠮᠦᠨ᠎ᠦ ᠲᠠᠩᠰᠠᠨ ᠡᠷᠦᠬᠡ᠎ᠳᠤ ᠵᠣᠬᠢᠬᠤ ᠬᠡᠮᠵᠢᠶᠡᠨ᠎ᠦ ᠢᠲᠡᠭᠡᠮᠵᠢ᠎ᠶᠢᠨ ᠲᠤᠭ᠎ᠠ ᠬᠡᠮᠵᠢᠶ᠎ᠡ ᠣᠯᠭᠤᠵᠤ ᠂ 《ᠤᠷᠢᠳ᠎ᠢᠶᠠᠷ ᠣᠨᠣᠰᠢᠯᠠᠨ ᠡᠮᠨᠡᠭᠦᠯᠵᠦ ᠳᠠᠷᠠᠭ᠎ᠠ᠎ᠨᠢ ᠰᠦᠢᠳᠬᠡᠯ ᠲᠤᠰᠢᠶᠠᠬᠤ》᠎ᠶᠢ ᠭᠥᠷᠳᠡᠵᠦ ᠪᠣᠯᠤᠨ᠎ᠠ ᠂ ᠳ᠋ᠤᠭᠠᠷᠯᠠᠬᠤ ᠂ ᠪᠠᠶ᠋ᠢᠴᠠᠭᠠᠬᠤ ᠂ ᠰᠢᠯᠭᠠᠨ ᠪᠠᠶ᠋ᠢᠴᠠᠭᠠᠬᠤ ᠂ ᠡᠮ ᠠᠪᠬᠤ ᠠᠯᠬᠤᠮ ᠳᠠᠷᠠᠭ᠎ᠠ ᠨᠢᠭᠡᠪᠦᠷᠢ᠎ᠳᠤ ᠴᠥᠮ ᠳ᠋ᠦᠩᠨᠡᠨ ᠪᠤᠳᠤᠬᠤ ᠴᠢᠬᠤᠯᠠᠲᠠᠶ ᠶᠠᠷᠰᠢᠭ᠋ ᠲᠦᠪᠡᠭᠲᠡᠶ ᠶᠠᠪᠤᠴᠠ᠎ᠶᠢ ᠳᠥᠭᠦᠮᠴᠢᠯᠡᠪᠡ ᠃ ᠡᠭᠦᠨ᠎ᠤ ᠬᠠᠮᠲᠤ ᠂ ᠲᠤᠭ᠎ᠠ ᠪᠠᠷᠢᠮᠲᠠ᠎ᠶᠢᠨ ᠪᠠᠬᠢᠯᠡᠯᠲᠡ᠎ᠶᠢ ᠨᠡᠪᠲᠡᠷᠡᠭᠦᠯᠵᠦ ᠂ ᠡᠮᠴᠢᠯᠡᠭᠡᠨ᠎ᠤ ᠪᠠᠶ᠋ᠢᠭᠤᠯᠤᠮᠵᠢ ᠂ ᠡᠮᠴᠢᠯᠡᠭᠡᠨ᠎ᠤ ᠪᠠᠲᠤᠯᠠᠭ᠎ᠠ᠎ᠶᠢᠨ ᠰᠠᠯᠠᠭ᠎ᠠ ᠮᠥᠴᠢᠷ ᠂ ᠮᠥᠩᠭᠦᠨ ᠭᠦᠢᠯᠭᠡᠭᠡᠨ᠎ᠤ ᠪᠠᠶ᠋ᠢᠭᠤᠯᠤᠮᠵᠢ᠎ᠶᠢᠨ ᠲᠤᠭ᠎ᠠ ᠪᠠᠷᠢᠮᠲᠠ᠎ᠶᠢᠨ ᠬᠠᠷᠢᠯᠴᠠᠨ ᠬᠤᠯᠪᠣᠭᠠᠯᠠᠵᠤ ᠬᠠᠷᠢᠯᠴᠠᠨ ᠨᠡᠪᠲᠡᠷᠡᠯᠴᠡᠬᠦ᠎ᠶᠢ ᠪᠡᠶᠡᠯᠡᠭᠦᠯᠵᠦ ᠂ 《ᠡᠮᠴᠢᠯᠡᠭᠡ - ᠳᠠᠭᠠᠳᠬᠠᠯ - ᠪᠠᠩᠬᠢ》᠎ᠶᠢᠨ ᠬᠠᠮᠵᠢᠯᠴᠠᠨ ᠬᠥᠭᠵᠢᠬᠦ᠎ᠶᠢ ᠠᠬᠢᠭᠤᠯᠪᠠ ᠃ ᡁᠢ ᠹᠦ ᠪᠤᠤ᠎ᠶᠢ ᠬᠡᠷᠡᠭᠯᠡᠨ ᠢᠲᠡᠭᠡᠮᠵᠢ᠎ᠶᠢᠨ ᠺᠠᠷᠲ ᠵᠡᠷᠭᠡ ᠢᠲᠡᠭᠡᠮᠵᠢ᠎ᠶᠢᠨ ᠪᠠᠭᠠᠵᠢ᠎ᠲᠠᠢ ᠬᠣᠯᠪᠣᠵᠤ ᠂ 《ᠨᠢᠭᠡ ᠺᠣᠳ᠋᠎ᠢᠶᠠᠷ ᠲᠣᠭᠠᠴᠠᠭ᠎ᠠ ᠬᠢᠬᠦ》 ᠴᠢᠳᠠᠮᠵᠢ᠎ᠶᠢ ᠨᠡᠪᠲᠡᠷᠡᠭᠦᠯᠦᠭᠰᠡᠨ᠎ᠤ ᠳᠠᠷᠠᠭ᠎ᠠ ᠂ ᠡᠮᠨᠡᠭᠦᠯᠬᠦ ᠭᠣᠭᠴᠤᠭᠠᠨᠤ ᠥᠪᠡᠷᠲᠡᠭᠡᠨ ᠲᠤᠰᠢᠶᠠᠬᠤ ᠵᠠᠷᠤᠳᠠᠯ᠎ᠤᠨ ᠬᠡᠰᠡᠭ᠎ᠲᠤ ᠪᠠᠰᠠ ᠢᠲᠡᠭᠡᠮᠵᠢ᠎ᠶᠢᠨ ᠺᠠᠷᠲ ᠵᠡᠷᠭᠡ ᠢᠲᠡᠭᠡᠮᠵᠢ᠎ᠶᠢᠨ ᠪᠠᠭᠠᠵᠢ᠎ᠶᠢ ᠬᠡᠷᠡᠭᠯᠡᠨ ᠲᠣᠭᠠᠴᠠᠭ᠎ᠠ ᠬᠢᠵᠦ ᠂ ᠡᠮᠴᠢᠯᠡᠭᠡᠨ᠎ᠤ ᠳ᠋ᠦᠩᠨᠡᠨ ᠪᠣᠳᠣᠯᠲᠠ᠎ᠶᠢ ᠨᠠᠩ ᠬᠥᠩᠭᠡᠷᠡᠭᠦᠯᠵᠦ ᠪᠣᠯᠤᠨ᠎ᠠ ᠃
ᠳᠤᠮᠳᠠᠳᠤ ᠤᠯᠤᠰ᠎ᠤᠨ ᠡᠮᠴᠢᠯᠡᠭᠡᠨ᠎ᠦ ᠳᠠᠭᠠᠳᠬᠠᠯ ᠂ ᠨᠠᠰᠤᠨ ᠲᠤᠷᠰᠢᠲᠠ᠎ᠶᠢᠨ ᠰᠠᠬᠢᠨ ᠬᠠᠮᠠᠭᠠᠯᠠᠭ᠍ᠴᠢ ! ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶᠢᠨ ᠠᠮᠤᠷ ᠲᠦᠪᠰᠢᠨ᠎ᠢ ᠬᠠᠮᠠᠭᠠᠯᠠᠬᠤ᠎ᠳᠤ ᠬᠥᠮᠦᠨ ᠪᠦᠬᠦᠨ ᠬᠠᠷᠢᠭᠤᠴᠠᠯᠭ᠎ᠠ᠎ᠲᠠᠢ ! ᠳᠠᠭᠠᠳᠬᠠᠯ ᠮᠡᠬᠡᠯᠡᠭᠰᠡᠨ ᠶᠠᠯᠠᠲᠤ ᠠᠵᠢᠯᠯᠠᠭ᠎ᠠ᠎ᠳᠤ ᠴᠣᠬᠢᠯᠲᠠ ᠥᠭᠬᠦ ᠢᠯᠡᠴᠢᠯᠡᠨ ᠮᠡᠳᠡᠭᠦᠯᠬᠦ ᠤᠲᠠᠰᠤ ᠄ 010 - 89061396 ᠂ 010 - 89061397 ; ᠢᠮᠸᠯ᠄ jubao@nhsa.gov.cn ᠃