ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢᠨ ᠴᠡᠭ᠎ᠤᠨ ᠠᠵᠢᠯ᠎ᠢ ᠤᠯᠠᠮ ᠨᠢᠭᠡ ᠠᠯᠬᠤᠮ ᠰᠠᠢᠲᠤᠷ ᠬᠢᠬᠦ᠌᠎ᠶ᠋ᠢᠨ ᠲᠤᠰᠠᠳᠠ᠂ ᠴᠡᠭ ᠲᠣᠭ᠍ᠲᠠᠭᠠᠭ᠍ᠰᠠᠨ ᠡᠮ ᠡᠮᠨᠡᠯᠭᠡ᠎ᠶ᠋ᠢᠨ ᠪᠠᠢᠭᠤᠯᠤᠮᠵᠢ ᠵᠢᠴᠢ ᠲᠡᠭᠦᠨ᠎ᠤ ᠠᠵᠢᠯᠲᠠᠳ᠎ᠢ ᠬᠠᠪᠰᠤᠷᠤᠨ ᠡᠮᠴᠢᠯᠡᠭᠡᠨ᠎ᠦ ᠪᠠᠳᠤᠯᠠᠭ᠎ᠠ᠎ᠶ᠋ᠢᠨ ᠰᠠᠭᠤᠷᠢ ᠮᠥᠩᠭᠦ᠎ᠶ᠋ᠢᠨ ᠬᠢᠨᠠᠯᠲᠠ ᠬᠠᠮᠢᠶᠠᠷᠤᠯᠲᠠ᠎ᠶ᠋ᠢᠨ ᠲᠦᠷᠢᠮ᠎ᠢ ᠲᠣᠳᠣᠷᠬᠠᠶ ᠡᠵᠡᠮᠱᠢᠭᠦᠯᠵᠦ᠍᠂ ᠣᠶᠤᠨᠴᠢᠯᠠᠭ᠍ᠰᠠᠨ ᠠᠷᠭ᠎ᠠ ᠮᠠᠶᠢᠭ᠎ᠢᠶᠠᠷ ᠳᠠᠮᠵᠢᠭᠤᠯᠤᠨ ᠰᠠᠨᠠᠭᠠᠴᠢᠯᠠᠭ᠎ᠠ᠎ᠠᠴᠠ᠎ᠪᠠᠨ ᠲᠣᠭ᠍ᠲᠠᠭᠠᠯ᠎ᠳᠤ ᠨᠡᠢᠴᠡᠭᠦᠯᠵᠦ᠍᠂ ᠲᠣᠭ᠍ᠲᠠᠭᠠᠯ᠎ᠳᠤ ᠦᠷᠭᠦᠯᠵᠢᠯᠡᠨ ᠨᠡᠢᠴᠡᠭᠦᠯᠵᠦ᠍᠂ ᠬᠢᠨᠠᠯᠲᠠ ᠬᠠᠮᠢᠶᠠᠷᠤᠯᠲᠠ᠎ᠶ᠋ᠢᠨ ᠪᠣᠭᠤᠮᠲᠠ᠎ᠶ᠋ᠢ ᠤᠷᠤᠭ᠍ᠰᠢ ᠱᠢᠯᠵᠢᠭᠦᠯᠬᠦ᠌᠎ᠶ᠋ᠢ ᠪᠡᠶᠡᠯᠡᠭᠦᠯᠵᠦ᠍᠂ ᠤᠯᠤᠰ᠎ᠤᠨ ᠡᠮᠴᠢᠯᠡᠭᠡᠨ᠎ᠦ ᠪᠠᠳᠤᠯᠠᠭ᠎ᠠ᠎ᠶ᠋ᠢᠨ ᠲᠣᠪᠴᠢᠶ᠎ᠠ᠎ᠠᠴᠠ ᠪᠦᠯᠦᠭ ᠤᠳᠠᠭ᠎ᠠ ᠬᠤᠪᠢᠶᠠᠨ ᠴᠡᠭ ᠲᠣᠭ᠍ᠲᠠᠭᠠᠭ᠍ᠰᠠᠨ ᠡᠮ ᠡᠮᠨᠡᠯᠭᠡ᠎ᠶ᠋ᠢᠨ ᠪᠠᠢᠭᠤᠯᠤᠮᠵᠢ᠎ᠠᠴᠠ ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ ᠮᠡᠳᠡᠯᠭᠡ᠎ᠶ᠋ᠢᠨ ᠬᠥᠮᠥᠷᠭᠡ᠂ ᠲᠦᠷᠢᠮ᠎ᠤᠨ ᠬᠥᠮᠥᠷᠭᠡ ( ᠳᠣᠷᠣᠭ᠍ᠰᠢ 《 ᠬᠤᠶᠠᠷ ᠬᠥᠮᠥᠷᠭᠡ 》 ᠭᠡᠵᠦ᠍ ᠲᠣᠪᠴᠢᠯᠠᠨ᠎ᠠ )᠎ᠶ᠋ᠢᠨ ᠰᠠᠨᠠᠯ ᠰᠠᠨᠠᠭᠤᠯᠭ᠎ᠠ᠎ᠶ᠋ᠢ ᠬᠤᠷᠢᠶᠠᠬᠤ᠎ᠪᠠᠷ ᠲᠥᠯᠥᠪᠯᠡᠵᠦ᠍ ᠪᠠᠢᠨ᠎ᠠ᠃
ᠣᠢᠷ᠎ᠠ᠎ᠳᠤ᠂ ᠪᠢᠳᠡ 《 ᠡᠮᠴᠢᠯᠡᠭᠡᠨ᠎ᠦ ᠦᠢᠯᠡᠴᠢᠯᠡᠭᠡᠨ᠎ᠤ ᠲᠥᠷᠥᠯ ᠵᠦᠢᠯ᠎ᠢ ᠳᠠᠬᠢᠨ ᠳᠠᠪᠲᠠᠨ ᠰᠦᠢᠳᠭᠡᠯ ᠬᠤᠷᠢᠶᠠᠬᠤ 》 ᠲᠦᠷᠢᠮ᠎ᠤᠨ ᠬᠠᠷᠠᠭᠠᠯᠵᠠᠭ᠍ᠰᠠᠨ ᠮᠡᠳᠡᠯᠭᠡ᠎ᠶ᠋ᠢᠨ ᠴᠡᠭ᠎ᠤᠨ ᠨᠠᠷᠢᠨ ᠵᠦᠢ᠍ᠯᠡᠰ᠎ᠤᠨ ( ᠨᠡᠢᠲᠡ 900 ᠵᠤᠷᠪᠤᠰ ) ᠰᠠᠨᠠᠯ ᠬᠤᠷᠢᠶᠠᠬᠤ ᠪᠠ ᠵᠠᠰᠠᠪᠤᠷᠢ ᠣᠷᠣᠭᠤᠯᠤᠨ ᠲᠡᠭᠦᠯᠳᠡᠷᠵᠢᠭᠦᠯᠬᠦ᠌ ᠠᠵᠢᠯ᠎ᠢ ᠪᠡᠶᠡᠯᠡᠭᠦᠯᠵᠦ᠍᠂ ᠣᠲᠣ ᠨᠡᠢᠭᠡᠮ ᠨᠡᠢᠲᠡ᠎ᠳᠤ ᠢᠯᠡ ᠪᠣᠯᠭᠠᠪᠠ᠃
ᠲᠣᠳᠣᠷᠬᠠᠢᠯᠠᠬᠤ ᠴᠢᠬᠤᠯᠠᠲᠠᠶ᠎ᠨᠢ᠂ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠳᠤ ᠬᠤᠯᠪᠣᠭ᠍ᠳᠠᠬᠤ ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ ᠲᠦᠷᠢᠮ ᠪᠠ ᠮᠡᠳᠡᠯᠭᠡ᠎ᠶ᠋ᠢᠨ ᠴᠡᠭ᠎ᠢ ᠪᠢᠳᠡ ᠤᠯᠤᠰ᠎ᠤᠨ ᠡᠮᠴᠢᠯᠡᠭᠡᠨ᠎ᠤ ᠪᠠᠳᠤᠯᠠᠭ᠎ᠠ᠎ᠶ᠋ᠢᠨ ᠲᠣᠪᠴᠢᠶ᠎ᠠ᠎ᠶ᠋ᠢᠨ ᠡᠮᠬᠢᠯᠡᠨ ᠳᠢᠭ᠌ᠯᠡᠭ᠌ᠰᠡᠨ ᠪᠥᠬᠦ᠌ ᠤᠯᠤᠰ᠎ᠤᠨ ᠣᠲᠣ᠎ᠶ᠋ᠢᠨ ᠬᠡᠷᠡᠭ᠌ᠵᠢᠭᠦᠯᠵᠦ᠍ ᠪᠠᠢᠭ᠎ᠠ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠢ ᠦᠨᠳᠦᠰᠦᠯᠡᠨ ᠲᠣᠭ᠍ᠲᠠᠭᠠᠭ᠍ᠰᠠᠨ ᠶᠤᠮ᠂ ᠡᠨᠡ᠎ᠨᠢ ᠪᠥᠬᠦ᠌ ᠤᠯᠤᠰ᠎ᠲᠤ 《 ᠳᠡᠪᠢᠰᠬᠡᠷ ᠵᠢᠷᠤᠭ ᠥᠭ᠌ᠭᠦᠭ᠌ᠰᠡᠨ 》 ᠶᠠᠪᠤᠳᠠᠯ ᠪᠣᠯᠤᠨ᠎ᠠ᠂ ᠡᠯ᠎ᠡ ᠮᠤᠵᠢ᠎ᠶ᠋ᠢᠨ ᠱᠠᠲᠤᠨ᠎ᠤ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠯᠠᠭ᠎ᠠ ᠮᠥᠴᠢᠷ᠎ᠤᠳ ᠲᠣᠰ ᠮᠤᠵᠢ᠎ᠶ᠋ᠢᠨ᠎ᠢᠶᠠᠨ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠤᠨ ᠭᠠᠷᠴᠠᠭ᠎ᠲᠠᠢ ᠤᠶᠠᠯᠳᠤᠭᠤᠯᠤᠨ᠂ ᠤᠯᠤᠰ᠎ᠤᠨ ᠡᠮᠴᠢᠯᠡᠭᠡᠨ᠎ᠤ ᠪᠠᠳᠤᠯᠠᠭ᠎ᠠ᠎ᠶ᠋ᠢᠨ ᠲᠣᠪᠴᠢᠶ᠎ᠠ᠎ᠶ᠋ᠢᠨ ᠨᠡᠢᠲᠡᠯᠡᠭ᠌ᠰᠡᠨ ᠬᠠᠮᠢᠶ᠎ᠠ ᠪᠥᠬᠦᠶ ᠮᠡᠳᠡᠯᠭᠡ᠎ᠶ᠋ᠢᠨ ᠴᠡᠭ᠎ᠢᠶᠠᠷ ᠯᠠᠪᠯᠠᠯᠲᠠ ᠪᠣᠯᠭᠠᠵᠤ᠂ ᠨᠠᠷᠢᠯᠢᠬ᠍ᠵᠢᠭᠤᠯᠬᠤ ᠪᠠ ᠲᠣᠰ ᠭᠠᠵᠠᠷ᠎ᠲᠤ᠎ᠪᠠᠨ ᠬᠡᠷᠡᠭ᠌ᠵᠢᠭᠦᠯᠦᠨ᠎ᠡ᠃ ᠬᠠᠮᠢᠶ᠎ᠠ ᠪᠥᠬᠦᠶ ᠮᠡᠳᠡᠯᠭᠡ᠎ᠶ᠋ᠢᠨ ᠴᠡᠭ᠎ᠲᠤ ᠬᠤᠯᠪᠣᠭ᠍ᠳᠠᠭ᠍ᠰᠠᠨ ᠡᠮᠴᠢᠯᠡᠭᠡᠨ᠎ᠤ ᠳᠠᠭᠠᠳᠭᠠᠯ᠎ᠤᠨ ᠡᠮ᠎ᠤᠨ ᠵᠦᠢᠯ᠂ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ᠎ᠤᠨ ᠣᠷᠣᠯᠠᠬᠤ ᠲᠡᠮᠳᠡᠭ ᠵᠡᠷᠭᠡ᠎ᠶ᠋ᠢ ᠡᠮᠬᠢᠯᠡᠨ ᠲᠢᠭ᠌ᠯᠡᠬᠦ᠌ ᠠᠵᠢᠯ ᠬᠢᠭᠡᠳ ᠨᠡᠢᠲᠡᠯᠡᠬᠦ᠌ ᠠᠵᠢᠯ᠎ᠤᠨ ᠴᠠᠭ᠎ᠤᠨ ᠵᠥᠷᠢᠶ᠎ᠡ᠎ᠶ᠋ᠢᠨ ᠨᠥᠯᠥᠭᠡ᠎ᠪᠠᠷ᠂ ᠬᠠᠮᠤᠭ᠎ᠤᠨ ᠱᠢᠨ᠎ᠡ ᠣᠷᠣᠯᠠᠬᠤ ᠺᠣᠳ᠋᠎ᠢ ᠣᠷᠣᠭᠤᠯᠤᠭ᠍ᠰᠠᠨ ᠥᠬᠡᠶ ᠪᠠᠢᠳᠠᠯ ᠣᠷᠣᠱᠢᠵᠤ ᠮᠡᠳᠡᠨ᠎ᠡ᠂ ᠡᠯ᠎ᠡ ᠮᠤᠵᠢ᠎ᠶ᠋ᠢᠨ ᠱᠠᠲᠤᠨ᠎ᠤ ᠡᠮᠴᠢᠯᠡᠭᠡᠨ᠎ᠤ ᠳᠠᠭᠠᠳᠭᠠᠯ᠎ᠤᠨ ᠮᠡᠳᠡᠭᠡ ᠵᠠᠩᠭᠢ᠎ᠶ᠋ᠢᠨ ᠲᠠᠪᠴᠠᠩ᠎ᠨᠢ ᠲᠣᠰ ᠭᠠᠵᠠᠷᠴᠢᠯᠠᠬᠤ ᠶᠠᠪᠤᠴᠠ᠎ᠳᠤ᠂ ᠬᠠᠮᠤᠭ᠎ᠤᠨ ᠱᠢᠨ᠎ᠡ ᠡᠮᠴᠢᠯᠡᠭᠡᠨ᠎ᠤ ᠳᠠᠭᠠᠳᠭᠠᠯ᠎ᠤᠨ ᠡᠮ᠎ᠤᠨ ᠵᠦᠢᠯ᠂ ᠡᠮᠴᠢᠯᠡᠭᠡᠨ᠎ᠳᠤ ᠬᠡᠷᠡᠭ᠌ᠯᠡᠬᠦ᠌ ᠬᠤᠷᠣᠭ᠍ᠳᠠᠯ ᠮᠠᠲ᠋ᠧᠷᠢᠶᠠᠯ᠎ᠤᠨ ᠲᠥᠷᠥᠯ ᠬᠤᠪᠢᠶᠠᠬᠤ ᠪᠠ ᠣᠷᠣᠯᠠᠬᠤ ᠨᠣᠮᠧᠷ᠎ᠤᠨ ᠳ᠋ᠠᠢᠲ᠋ᠠ ᠬᠥᠮᠥᠷᠭᠡ᠎ᠶ᠋ᠢ ᠱᠢᠨᠡᠳᠭᠡᠭ᠌ᠰᠡᠨ ᠪᠠᠢᠳᠠᠯ᠎ᠲᠠᠢ ᠤᠶᠠᠯᠳᠤᠭᠤᠯᠤᠨ ᠨᠡᠮᠡᠵᠦ᠍ ᠨᠥᠬᠦᠪᠥᠷᠢᠯᠡᠨ᠎ᠡ᠃
ᠡᠯ᠎ᠡ ᠮᠤᠵᠢ᠎ᠶ᠋ᠢᠨ ᠱᠠᠲᠤᠨ᠎ᠤ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠯᠠᠭ᠎ᠠ ᠮᠥᠴᠢᠷ᠎ᠤᠳ ᠬᠠᠮᠤᠭ᠎ᠤᠨ ᠱᠢᠨ᠎ᠡ ᠮᠡᠳᠡᠯᠭᠡ᠎ᠶ᠋ᠢᠨ ᠴᠡᠭ᠎ᠤᠨ ᠨᠠᠷᠢᠨ ᠵᠦᠢ᠍ᠯᠡᠰ᠎ᠦᠨ ᠪᠠᠢᠳᠠᠯ ᠵᠢᠴᠢ ᠣᠷᠣᠯᠠᠬᠤ ᠺᠣᠳ᠋᠎ᠢᠶᠠᠨ ᠦᠨᠳᠦᠰᠦᠯᠡᠨ ᠮᠤᠵᠢ᠎ᠶ᠋ᠢᠨ ᠱᠠᠲᠤᠨ᠎ᠤ ᠡᠮᠴᠢᠯᠡᠭᠡᠨ᠎ᠤ ᠳᠠᠭᠠᠳᠭᠠᠯ᠎ᠤᠨ ᠮᠡᠳᠡᠭᠡ ᠵᠠᠩᠭᠢ᠎ᠶ᠋ᠢᠨ ᠲᠠᠪᠴᠠᠩ᠎ᠤᠨ ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ ᠬᠤᠪᠢᠶᠠᠷᠢ ᠱᠢᠰᠲ᠋ᠧᠮ᠎ᠤᠨ 《 ᠬᠤᠶᠠᠷ ᠬᠥᠮᠥᠷᠭᠡ 》᠎ᠶ᠋ᠢ ᠴᠠᠭ ᠲᠤᠬᠠᠶ᠎ᠳᠤ ᠨᠢ ᠬᠥᠳᠡᠯᠦᠩᠭᠦᠶ᠎ᠪᠠᠷ ᠱᠢᠨᠡᠳᠭᠡᠬᠦ᠌ ᠬᠡᠷᠡᠭ᠌ᠲᠡᠶ᠃
ᠴᠡᠭ ᠲᠣᠭ᠍ᠲᠠᠭᠠᠭ᠍ᠰᠠᠨ ᠡᠮ ᠡᠮᠨᠡᠯᠭᠡ᠎ᠶ᠋ᠢᠨ ᠪᠠᠢᠭᠤᠯᠤᠮᠵᠢ᠎ᠨᠢ ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ 《 ᠬᠤᠶᠠᠷ ᠬᠥᠮᠥᠷᠭᠡ 》᠎ᠶ᠋ᠢ ᠲᠣᠰ ᠪᠠᠢᠭᠤᠯᠤᠮᠵᠢ᠎ᠶ᠋ᠢᠨ ᠣᠶᠤᠨᠴᠢ ᠰᠠᠨᠠᠭᠤᠯᠤᠮᠵᠢ ᠵᠡᠷᠭᠡ ᠮᠡᠳᠡᠭᠡ ᠵᠠᠩᠭᠢᠵᠢᠯᠲᠠ᠎ᠶ᠋ᠢᠨ ᠱᠢᠰᠲ᠋ᠧᠮ᠎ᠳᠤ ᠲᠠᠯᠪᠢᠵᠤ ᠪᠣᠯᠤᠨ᠎ᠠ᠂ ᠪᠠᠰᠠ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠯᠠᠭ᠎ᠠ ᠮᠥᠴᠢᠷ᠎ᠤᠨ ᠣᠶᠤᠨᠴᠢ ᠬᠢᠨᠠᠯᠲᠠ ᠬᠠᠮᠢᠶᠠᠷᠤᠯᠲᠠ᠎ᠶ᠋ᠢᠨ ᠱᠢᠰᠲ᠋ᠧᠮ᠎ᠤᠨ ᠬᠡᠷᠡᠭ᠎ᠤᠨ ᠡᠮᠦᠨ᠎ᠡ ᠰᠠᠨᠠᠭᠤᠯᠬᠤ ᠴᠢᠳᠠᠮᠵᠢ᠎ᠶ᠋ᠢᠨ ᠬᠡᠰᠡᠭ᠎ᠲᠠᠢ ᠵᠣᠯᠭᠠᠭᠤᠯᠵᠤ᠂ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠭᠤᠷᠢ ᠮᠥᠩᠭᠦ᠎ᠶ᠋ᠢ ᠬᠡᠷᠡᠭ᠌ᠯᠡᠬᠦ᠌ ᠠᠵᠢᠯᠯᠠᠭ᠎ᠠ᠎ᠳᠤ ᠠᠦ᠋ᠲ᠋ᠣ᠋ ᠰᠠᠨᠠᠭᠤᠯᠤᠮᠵᠢ ᠪᠠ ᠥᠪᠡᠰᠦᠪᠡᠨ ᠪᠠᠢᠴᠠᠭᠠᠵᠤ ᠥᠪᠡᠰᠦᠪᠡᠨ ᠵᠠᠯᠠᠷᠠᠭᠤᠯᠬᠤ᠎ᠶ᠋ᠢ ᠥᠷᠨᠢᠭᠦᠯᠵᠦ᠍᠂ ᠲᠣᠭ᠍ᠲᠠᠭᠠᠯ᠎ᠳᠤ ᠨᠡᠢᠴᠡᠬᠦ᠌ ᠥᠬᠡᠶ ᠠᠵᠢᠯᠯᠠᠭ᠎ᠠ᠎ᠶ᠋ᠢ 《 ᠰᠣᠶᠣᠭᠠᠯᠠᠬᠤ 》ᠱᠠᠲᠤᠨ᠎ᠳᠤ ᠠᠷᠢᠯᠭᠠᠵᠤ᠂ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠭᠤᠷᠢ ᠮᠥᠩᠭᠦ᠎ᠶ᠋ᠢ ᠬᠡᠷᠡᠭ᠌ᠯᠡᠬᠦ᠌ ᠬᠠᠤᠯᠢ ᠲᠣᠭ᠍ᠲᠠᠭᠠᠯ᠎ᠠᠴᠠ ᠵᠥᠷᠢᠴᠡᠭ᠌ᠰᠡᠨ ᠦᠶ᠋ᠯᠡ ᠠᠵᠢᠯᠯᠠᠭ᠎ᠠ ᠡᠭᠦᠰᠭᠦ᠎ᠶ᠋ᠢ ᠡᠬᠢ ᠡᠭᠦᠰᠦᠯ᠎ᠠᠴᠠ᠎ᠨᠢ ᠪᠠᠭᠠᠰᠭᠠᠨ᠎ᠠ᠃
ᠡᠯ᠎ᠡ ᠱᠠᠲᠤᠨ᠎ᠤ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠯᠠᠭ᠎ᠠ ᠮᠥᠴᠢᠷ ᠪᠣᠯᠤᠨ ᠴᠡᠭ ᠲᠣᠭ᠍ᠲᠠᠭᠠᠭ᠍ᠰᠠᠨ ᠡᠮ ᠡᠮᠨᠡᠯᠭᠡ᠎ᠶ᠋ᠢᠨ ᠪᠠᠢᠭᠤᠯᠤᠮᠵᠢ᠎ᠨᠢ 《 ᠬᠤᠶᠠᠷ ᠬᠥᠮᠥᠷᠭᠡ 》᠎ᠶ᠋ᠢᠨ ᠲᠦᠷᠢᠮ ᠪᠣᠯᠤᠨ ᠮᠡᠳᠡᠯᠭᠡ᠎ᠶ᠋ᠢᠨ ᠴᠡᠭ᠎ᠢ ᠬᠡᠷᠡᠭ᠌ᠯᠡᠬᠦ᠌ ᠶᠠᠪᠤᠴᠠ᠎ᠳᠠᠬᠢ ᠰᠠᠨᠠᠯ ᠰᠠᠨᠠᠭᠤᠯᠭ᠎ᠠ᠎ᠪᠠᠨ ᠴᠠᠭ ᠲᠤᠬᠠᠶ᠎ᠳᠤ ᠨᠢ ᠪᠢᠳᠡᠨ᠎ᠳᠤ ᠬᠠᠷᠢᠭᠤ ᠲᠤᠰᠭᠠᠬᠤ᠎ᠶ᠋ᠢ ᠪᠠᠶᠠᠷᠯᠠᠨ ᠤᠭ᠍ᠲᠤᠵᠤ ᠪᠠᠢᠨ᠎ᠠ᠃ ᠬᠠᠷᠢᠯᠴᠠᠬᠤ ᠬᠥᠮᠦᠨ᠎ᠤ ᠱᠢᠤᠳᠠᠨ᠎ᠤ ᠬᠠᠢᠷᠴᠠᠭ᠄ jjjgs522@nhsa.gov.cn ᠪᠣᠯᠣᠨ᠎ᠠ᠃
ᠳ᠋ᠤᠭᠠᠷ᠄ ᠳᠣᠯᠣᠳᠤᠭᠠᠷ ᠪᠦᠯᠦᠭ
ᠳᠦᠷᠢᠮ᠎ᠤᠨ ᠨᠡᠷᠡᠢᠳᠦᠯ᠄ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠤᠨ ᠳᠠᠬᠢᠨ ᠳᠠᠪᠲᠠᠨ ᠰᠦᠢᠳᠭᠡᠯ ᠬᠤᠷᠢᠶᠠᠬᠤ
ᠳᠦᠷᠢᠮ᠎ᠤᠨ ᠲᠣᠮᠢᠶᠠᠯᠠᠯ᠄ ᠬᠠᠮᠤᠭ᠎ᠤᠨ ᠱᠢᠨ᠎ᠡ ᠬᠡᠪᠯᠡᠯ᠎ᠤᠨ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠤᠨ ᠠᠩᠭᠢᠯᠠᠯ ᠬᠢᠭᠡᠳ ᠣᠷᠣᠯᠠᠬᠤ ᠺᠣᠳ᠋᠎ᠲᠤ ᠬᠤᠯᠪᠣᠭ᠍ᠳᠠᠬᠤ ᠪᠠ ᠬᠠᠷᠢᠴᠠᠭ᠎ᠠ ᠪᠠᠭ᠍ᠳᠠᠭᠠᠭ᠍ᠰᠠᠨ ᠪᠤᠶᠤ ᠲᠣᠳᠣᠷᠬᠠᠢᠯᠠᠯᠲᠠ᠎ᠳᠤ ᠲᠣᠳᠣᠷᠬᠠᠶ ᠲᠣᠭ᠍ᠲᠠᠭᠠᠭ᠍ᠰᠠᠨ ᠠᠰᠲᠠᠭᠠᠨ ᠰᠦᠢᠳᠭᠡᠯ ᠬᠤᠷᠢᠶᠠᠵᠤ ᠪᠣᠯᠬᠤ ᠥᠬᠡᠶ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠳᠤ ᠬᠢᠨᠠᠯᠲᠠ ᠬᠠᠮᠢᠶᠠᠷᠤᠯᠲᠠ ᠬᠢᠨ᠎ᠡ᠃
ᠳᠦᠷᠢᠮ᠎ᠤᠨ ᠯᠣᠭᠢᠭ᠄ ᠡᠪᠡᠳᠴᠢᠨ ᠦᠵᠡᠭᠦᠯᠬᠦ᠌ ᠮᠡᠳᠡᠭᠡ ᠵᠠᠩᠭᠢ᠎ᠶ᠋ᠢᠨ ᠳᠣᠲᠣᠷ᠎ᠠ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ A ᠪᠠᠢᠵᠤ᠂ ᠡᠭᠦᠨ᠎ᠤ ᠬᠠᠮᠲᠤ ᠬᠤᠷᠢᠶᠠᠬᠤ ᠲᠥᠷᠥᠯ ᠵᠦᠢᠯ B( B᠎ᠨᠢ ᠨᠢᠭᠡ ᠪᠤᠶᠤ ᠣᠯᠠᠨ ᠲᠥᠷᠥᠯ ᠵᠦᠢᠯ )᠂ ᠬᠡᠷᠪᠡ B ᠶᠢ ᠦᠨᠳᠦᠰᠦᠨ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠥ ᠥᠭᠬᠦ᠎ᠳᠦ ᠣᠷᠤᠭᠤᠯᠪᠠᠯ ᠲᠤᠰ ᠳᠦᠷᠢᠮ᠎ᠢ ᠵᠥᠷᠢᠴᠡᠨ᠎ᠡ
ᠯᠣᠭᠢᠭ᠎ᠤᠨ ᠦᠨᠳᠦᠰᠦᠯᠡᠯ ( ᠮᠡᠳᠡᠯᠭᠡ᠎ᠶ᠋ᠢᠨ ᠢᠷᠡᠯᠲᠡ )᠄ ᠤᠯᠤᠰ᠎ᠤᠨ ᠡᠮᠴᠢᠯᠡᠭᠡᠨ᠎ᠤ ᠪᠠᠲᠤᠯᠠᠭ᠎ᠠ᠎ᠶ᠋ᠢᠨ ᠲᠣᠪᠴᠢᠶ᠎ᠠ᠎ᠶ᠋ᠢᠨ ᠪᠥᠬᠦ᠌ ᠤᠯᠤᠰ᠎ᠤᠨ ᠡᠮᠴᠢᠯᠡᠭᠡᠨ᠎ᠤ ᠦᠢᠯᠡᠴᠢᠯᠡᠭᠡᠨ᠎ᠤ ᠲᠥᠷᠥᠯ ᠵᠦᠢᠯ᠎ᠤᠨ ᠲᠥᠷᠥᠯ ᠵᠦᠢᠯ᠎ᠤᠨ ᠠᠩᠭᠢᠯᠠᠯ ᠬᠢᠭᠡᠳ ᠣᠷᠣᠯᠠᠬᠤ ᠺᠣᠳ᠋᠃
ᠬᠠᠷᠠᠭᠠᠯᠵᠠᠭ᠍ᠰᠠᠨ ᠮᠡᠳᠡᠯᠭᠡ᠎ᠶ᠋ᠢᠨ ᠴᠡᠭ᠎ᠤᠨ ᠨᠠᠷᠢᠨ ᠵᠦᠢᠯᠡᠰ᠎ᠤᠨ ᠲᠤᠭ᠎ᠠ ᠬᠡᠮᠵᠢᠶ᠎ᠡ᠄ 900
ᠬᠠᠷᠠᠭᠠᠯᠵᠠᠭ᠍ᠰᠠᠨ ᠣᠷᠣᠯᠠᠬᠤ ᠺᠣᠳ᠋᠎ᠦᠨ ᠲᠣᠭ᠎ᠠ ᠬᠡᠮᠵᠢᠶ᠎ᠡ ᠄ 900