ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠠᠵᠤ ᠠᠬᠤᠢ᠎ᠶ᠋ᠢᠨ ᠳᠠᠷᠤᠯᠲᠠ᠎ᠶᠢ ᠪᠠᠭ᠋ᠠᠰᠬᠠᠵᠤ᠂ ᠠᠰᠠᠷᠠᠨ ᠰᠤᠪᠢᠯᠠᠬᠤ ᠳᠠᠷᠤᠭᠠᠰᠤ᠎ᠶᠢ ᠬᠦᠭᠭᠡᠷᠡᠭᠦᠯᠵᠦ᠂ ᠴᠢᠳᠠᠪᠤᠷᠢ᠎ᠪᠠᠨ ᠠᠯᠳᠠᠭ᠍ᠰᠠᠨ ᠨᠠᠰᠤᠲᠠᠨ᠎ᠤ ᠠᠮᠢᠳᠤᠷᠠᠯ᠎ᠤᠨ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠪᠡ
ᠨᠡᠶ᠋ᠢᠲᠡᠯᠡᠭᠰᠡᠨ ᠴᠠᠭ᠄ 2025-08-21

  ᠭᠡᠷ ᠪᠦᠯᠢ᠎ᠶ᠋ᠢ ᠬᠡᠷᠬᠢᠨ ᠬᠠᠪᠰᠤᠷᠴᠤ᠌ ᠴᠢᠳᠠᠪᠤᠷᠢ᠎ᠪᠠᠨ ᠠᠯᠳᠠᠭ᠍ᠰᠠᠨ ᠨᠠᠰᠤᠲᠠᠨ᠎ᠢ ᠬᠠᠷᠠᠵᠤ ᠬᠠᠷᠠᠭᠠᠯᠵᠠᠬᠤ ᠪᠠ ᠠᠰᠠᠷᠠᠨ ᠬᠠᠷᠠᠭᠠᠯᠵᠠᠬᠤ ᠬᠦᠨᠳᠦ ᠡᠭᠦᠷᠭᠡ᠎ᠶ᠋ᠢ ᠬᠤᠪᠢᠶᠠᠨ ᠡᠭᠦᠷᠭᠡᠯᠡᠬᠦ᠌ ᠪᠣᠯ ᠠᠮᠢᠳᠤᠷᠠᠯ᠎ᠤᠨ ᠴᠢᠳᠠᠪᠤᠷᠢ᠎ᠪᠠᠨ ᠠᠯᠳᠠᠭ᠍ᠰᠠᠨ ᠮᠠᠰᠢ ᠣᠯᠠᠨ ᠨᠠᠰᠤᠲᠠᠨ᠎ᠤ ᠭᠡᠷ ᠪᠦᠯᠢ᠎ᠳᠤ ᠲᠤᠯᠭᠠᠷᠠᠵᠤ ᠪᠠᠢᠭ᠎ᠠ ᠪᠣᠳᠠᠲᠠᠢ ᠬᠦᠴᠢᠷᠳᠡᠯ᠂ ᠣᠨᠴᠠᠭᠠᠢᠯᠠᠨ ᠬᠤᠲᠠ᠎ᠶ᠋ᠢᠨ ᠲᠡᠭᠦᠷᠭᠡ ᠪᠠ ᠬᠥᠳᠡᠭᠡ ᠲᠣᠰᠭᠤᠨ᠎ᠤ ᠭᠠᠵᠠᠷ ᠣᠷᠣᠨ᠎ᠳᠤ᠂ ᠠᠵᠤ ᠠᠬᠤᠢ᠎ᠶ᠋ᠢᠨ ᠨᠥᠬᠦᠴᠡᠯ ᠬᠢᠵᠠᠭᠠᠷᠲᠠᠢ᠂ ᠲᠤᠰᠭᠠᠢ ᠮᠡᠷᠭᠡᠵᠢᠯ᠎ᠤᠨ ᠰᠤᠪᠢᠯᠠᠯᠲᠠ᠎ᠶ᠋ᠢᠨ ᠡᠬᠢ ᠪᠠᠶᠠᠯᠢᠭ ᠬᠤᠮᠠᠬᠢ ᠪᠣᠯᠬᠤᠷ 《 ᠨᠢᠭᠡ ᠬᠥᠮᠥᠨ ᠴᠢᠳᠠᠪᠤᠷᠢ᠎ᠪᠠᠨ ᠠᠯᠳᠠᠪᠠᠯ᠂ ᠪᠥᠬᠥ ᠭᠡᠷ᠎ᠢᠶᠡᠷ᠎ᠢᠶᠡᠨ ᠲᠡᠩᠴᠡᠭᠦᠷᠢ᠎ᠪᠡᠨ ᠠᠯᠳᠠᠬᠤ 》  ᠪᠠᠢ᠌ᠳᠠᠯ ᠢᠯᠡᠷᠬᠡᠢ ᠪᠣᠯᠵᠤ ᠪᠠᠢᠨ᠎ᠠ᠃ ᠣᠳᠣᠬᠠᠨ᠎ᠳ᠋ᠤ᠂ ᠬᠥᠬᠡᠬᠣᠲᠠ᠎ᠶᠢᠨ ᠤᠷᠲᠤ ᠬᠤᠭᠤᠴᠠᠭᠠᠨ᠎ᠤ᠋ ᠰᠤᠪᠢᠯᠠᠯᠲᠠ᠎ᠶᠢᠨ ᠳᠠᠭᠠᠳᠭᠠᠯ᠎ᠤ᠋ᠨ ᠳᠦᠷᠢᠮ᠎ᠢ᠋ ᠭᠦᠨᠵᠡᠭᠡᠢ ᠬᠡᠷᠡᠭ᠌ᠵᠢᠭᠦᠯᠬᠦ᠌ ᠪᠠ ᠲᠠᠰᠤᠷᠠᠯᠲᠠ ᠦᠭᠡᠢ ᠳᠡᠰ ᠳᠡᠪᠱᠢᠬᠦ᠌᠎ᠶᠢ ᠳᠠᠭᠠᠯᠳᠤᠨ᠂ ᠡᠨᠡ ᠬᠦ᠌ ᠳᠤᠯᠠᠭᠠᠨ ᠪᠦᠯᠢᠶᠡᠨ 《 ᠰᠠᠬᠢᠨ ᠬᠠᠮᠠᠭᠠᠯᠠᠬᠤ ᠬᠡᠷᠡᠯ 》 ᠨᠢ ᠴᠢᠳᠠᠪᠤᠷᠢ᠎ᠪᠠᠨ ᠠᠯᠳᠠᠭᠰᠠᠨ ᠬᠥᠮᠥᠰ᠎ᠦᠨ ᠠᠮᠢᠳᠤᠷᠠᠯ  ᠢ᠋ ᠤᠯᠠᠮ  ᠠ᠋ᠴᠠ ᠤᠯᠠᠮ ᠭᠡᠷᠡᠯᠲᠦᠭᠦᠯᠵᠦ ᠪᠠᠢᠨ᠎ᠠ᠃ 

  《ᠠᠵᠤ ᠠᠬᠤᠢ᠎ᠶ᠋ᠢᠨ ᠳᠠᠷᠤᠯᠲᠠ᠎ᠶᠢ ᠪᠠᠭ᠋ᠠᠰᠬᠠᠵᠤ᠂ ᠠᠰᠠᠷᠠᠨ ᠰᠤᠪᠢᠯᠠᠬᠤ ᠳᠠᠷᠤᠭᠠᠰᠤ᠎ᠶᠢ ᠬᠦᠭᠭᠡᠷᠡᠭᠦᠯᠵᠦ᠂ ᠡᠨᠡ ᠬᠦ᠌ ᠲᠥᠷᠥ᠎ᠶᠢᠨ ᠪᠣᠳᠣᠯᠭ᠎ᠠ ᠦᠨᠡᠬᠡᠷ ᠰᠡᠳᠬᠢᠯ᠎ᠢ ᠳᠤᠯᠠᠭᠠᠴᠠᠭᠤᠯᠵᠠᠢ!》

  ᠬᠣᠯᠠ᠎ᠶᠢᠨ ᠲᠡᠭᠦᠷᠭᠡ᠎ᠳ᠋ᠦ᠍ ᠰᠠᠭᠤᠵᠤ ᠪᠠᠢᠭ᠎ᠠ ᠵᠠᠩ ᠠᠨᠢᠶ᠎ᠠ ᠨᠢᠭᠡᠨᠲᠡ 78 ᠨᠠᠰᠤᠲᠠᠢ ᠪᠣᠯᠵᠤ ᠂ ᠭᠡᠨᠡᠳᠲᠡ᠎ᠪᠡᠷ ᠲᠠᠷᠢᠬᠢᠨ᠎ᠤ ᠰᠠ ᠡᠪᠡᠳᠴᠢᠨ᠎ᠳᠦ ᠨᠡᠷᠪᠡᠭᠳᠡᠵᠦ᠂ ᠤᠷᠲᠤ ᠬᠤᠭᠤᠴᠠᠭ᠎ᠠ᠎ᠪᠠᠷ ᠣᠷᠣᠨ᠎ᠠᠴᠠ᠎ᠪᠠᠨ ᠪᠣᠰᠴᠤ ᠳᠡᠶ᠋ᠢᠯᠬᠦ ᠦᠭᠡᠢ᠂ ᠦᠭᠡ ᠶᠠᠷᠢᠶ᠎ᠠ᠎ᠪᠠᠷ ᠢᠯᠡᠳᠬᠡᠬᠦ ᠪᠠ ᠮᠥᠴᠢ᠎ᠶᠢᠨ ᠬᠥᠳᠡᠯᠭᠡᠭᠡᠨ ᠬᠦᠨᠳᠦ ᠨᠣᠴᠢᠲᠠᠢ ᠬᠢᠵᠠᠭᠠᠷᠯᠠᠭᠳᠠᠬᠤ᠎ᠶᠢᠨ ᠬᠠᠮᠲᠤ ᠥᠳᠬᠡᠨ ᠰᠢᠩᠭᠡᠨ ᠮᠥᠷ ᠬᠣᠷᠢᠭ᠎ᠠ ᠠᠯᠳᠠᠬᠤ ᠪᠠᠢᠳᠠᠯ ᠳᠠᠭᠠᠯᠳᠤᠵᠤ᠂ 30 ᠡᠳᠦᠷ᠎ᠲᠦ ᠨᠢᠭᠡ ᠤᠳᠠᠭ᠎ᠠ ᠬᠣᠳᠣᠭᠣᠳᠤᠨ ᠭᠤᠤᠷᠰᠤ᠎ᠪᠠᠨ ᠰᠣᠯᠢᠬᠤ ᠴᠢᠬᠤᠯᠠᠲᠠᠢ᠃ ᠤᠳᠠᠭ᠎ᠠ ᠪᠦᠷᠢ ᠬᠣᠳᠣᠭᠣᠳᠣᠨ᠎ᠤ᠋  ᠭᠣᠣᠷᠰᠦ ᠰᠣᠯᠢᠬᠤ᠎ᠳᠤ᠂ ᠭᠡᠷ ᠪᠦᠯᠢ᠎ᠶᠢᠨ ᠬᠢᠨ ᠬᠠᠷᠢᠯᠴᠠᠬᠤ ᠪᠠᠢᠭᠤᠯᠤᠮᠵᠢ᠎ᠳᠤ ᠣᠴᠢᠬᠤ᠎ᠪᠠᠷ ᠪᠠᠷᠠᠬᠤ ᠦᠭᠡᠢ᠂ ᠭᠠᠭᠴᠠ ᠤᠳᠠᠭ᠎ᠠ᠎ᠶᠢᠨ 359 ᠲᠥᠭᠥᠷᠢᠭ᠎ᠦᠨ ᠵᠠᠷᠤᠳᠠᠯ ᠨᠢ ᠴᠦ᠍ ᠪᠠᠭ᠎ᠠ ᠪᠤᠰᠤ ᠳᠠᠷᠤᠭᠠᠰᠤ ᠪᠣᠯᠣᠨ᠎ᠠ ᠃ 

  2025 ᠣᠨ᠎ᠤ 3 ᠳ᠋ᠤᠭ᠋ᠠᠷ ᠰᠠᠷ᠎ᠠ᠎ᠳᠤ᠂ ᠬᠡᠷ ᠪᠦᠯᠢ᠎ᠶ᠋ᠢᠨ᠎ᠬᠢᠨ ᠣᠷᠳᠣ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ ᠲᠥᠷᠥ᠎ᠶ᠋ᠢᠨ ᠪᠣᠳᠣᠯᠭ᠎ᠠ᠎ᠳᠤ ᠠᠮᠢᠳᠤᠷᠠᠯ᠎ᠤᠨ ᠠᠰᠠᠷᠠᠨ ᠰᠤᠪᠢᠯᠠᠯᠲᠠ᠎ᠶ᠋ᠢ ᠪᠠᠭ᠍ᠲᠠᠭᠠᠭ᠍ᠰᠠᠨ ᠮᠥᠷᠲᠡᠭᠡᠨ ᠪᠠᠰᠠ ᠡᠮᠴᠢᠯᠡᠭᠡᠨ᠎ᠤ ᠰᠤᠪᠢᠯᠠᠯᠲᠠ᠎ᠶ᠋ᠢᠨ ᠲᠥᠷᠥᠯ᠎ᠤᠨ ᠦᠢᠯᠡᠴᠢᠯᠡᠭᠡ᠎ᠶ᠋ᠢ ᠪᠠᠭ᠍ᠲᠠᠭᠠᠵᠤ᠂ ᠲᠡᠷᠡ ᠳᠠᠷᠤᠶ᠎ᠳᠤᠨᠢ ᠵᠠᠩ ᠠᠨᠢᠶ᠎ᠠ᠎ᠳᠤ ᠭᠤᠶᠤᠴᠢᠯᠠᠯ ᠭᠠᠷᠭᠠᠪᠠ᠃ ᠦᠨᠡᠯᠡᠨ ᠵᠢᠱ᠌ᠢᠬᠦ᠌᠎ᠪᠠᠷ ᠳᠠᠮᠵᠢᠭᠠᠳ᠂ ᠵᠠᠩ ᠠᠨᠢᠶ᠎ᠠ ᠴᠢᠳᠠᠪᠤᠷᠢ᠎ᠪᠠᠨ ᠬᠦᠨᠳᠦ ᠠᠯᠳᠠᠭ᠍ᠰᠠᠨ ᠭᠤᠷᠪᠠᠨ ᠳᠡᠰ᠎ᠢᠶᠠᠷ ᠲᠣᠭ᠍ᠲᠠᠭᠠᠭ᠍ᠳᠠᠵᠤ᠂ ᠲᠤᠰᠭᠠᠢ ᠮᠡᠷᠭᠡᠵᠢᠯ᠎ᠤᠨ ᠰᠤᠪᠢᠯᠠᠯᠲᠠ᠎ᠠᠴᠠ ᠪᠣᠯᠤᠭ᠍ᠰᠠᠨ ᠬᠤᠪᠢᠷᠠᠯᠲᠠ᠎ᠨᠢ ᠴᠤ᠌ ᠳᠠᠭᠠᠯᠳᠤᠨ ᠢᠷᠡᠪᠡ᠃ ᠤᠳᠤ᠂ ᠬᠤᠳᠤᠭᠤᠳᠤᠨ ᠭᠣᠣᠷᠰᠦ ᠰᠤᠯᠢᠬᠤ᠎ᠨᠢ ᠡᠮᠴᠢᠯᠡᠭᠡᠨ᠎ᠤ ᠬᠢᠷᠢ ᠬᠡᠮ᠎ᠲᠠᠢ ᠰᠤᠪᠢᠯᠠᠭ᠍ᠴᠢ ᠨᠠᠷ ᠳᠤᠭ᠍ᠳᠠᠭ᠍ᠰᠠᠨ ᠬᠤᠭᠤᠴᠠᠭ᠎ᠠ᠎ᠲᠠᠢ᠎ᠪᠠᠷ ᠭᠡᠷ᠎ᠲᠤ᠎ᠨᠢ ᠤᠴᠢᠵᠤ ᠦᠢᠯᠡᠴᠢᠯᠡᠬᠦ᠌ ᠮᠦᠷᠳᠡᠭᠡᠨ ᠵᠠᠷᠤᠳᠠᠯ᠎ᠨᠢ ᠴᠦ᠍ ᠬᠦᠩᠭᠡᠷᠡᠵᠡᠢ᠃

   《ᠤᠷᠲᠤ ᠬᠤᠭᠤᠴᠠᠭᠠᠨ᠎ᠤ ᠰᠤᠪᠢᠯᠠᠯᠲᠠ ᠶ᠋ᠢᠨ ᠳᠠᠭᠠᠳᠬᠠᠯ᠎ᠤᠨ ᠠᠴᠢ᠎ᠪᠠᠷ ᠭᠡᠷ᠎ᠲᠡᠬᠡᠨ ᠡᠢᠮᠦ ᠰᠠᠢᠨ ᠦᠢᠯᠡᠴᠢᠯᠡᠭᠡ ᠶ᠋ᠢ ᠡᠳ᠋ᠯᠡᠴᠢᠬᠡᠵᠡᠢ!》  ᠭᠡᠵᠦ ᠵᠠᠩ ᠠᠨᠢᠶ᠎ᠠ ᠶ᠋ᠢᠨ ᠭᠡᠷ ᠪᠦᠯᠢ ᠶ᠋ᠢᠨ ᠬᠢᠨ᠄ 《ᠠᠵᠤ ᠠᠬᠤᠢ ᠶ᠋ᠢᠨ ᠳᠠᠷᠤᠭᠠᠰᠤ ᠪᠠᠭᠠᠰᠴᠤ᠂ ᠰᠤᠪᠢᠯᠠᠯᠲᠠ ᠶ᠋ᠢᠨ ᠳᠠᠷᠤᠭᠠᠰᠤ ᠬᠥᠩᠭᠡᠷᠡᠵᠡᠢ᠂ ᠡᠭᠦᠨ᠎ᠦ ᠵᠠᠩᠭᠢᠯᠠᠭ᠎ᠠ ᠨᠢ ᠨᠠᠰᠤᠲᠠᠨ᠎ᠤ ᠠᠮᠢᠳᠤᠷᠠᠯ᠎ᠤᠨ ᠴᠢᠨᠠᠷ ᠴᠢᠨᠰᠠᠭ᠎ᠠ ᠢᠯᠡᠳᠲᠡ ᠳᠡᠭᠡᠭᠰᠢᠯᠡᠭᠰᠡᠨ ᠶᠠᠪᠤᠳᠠᠯ ᠪᠣᠯᠣᠨ᠎ᠠ᠂ ᠡᠨᠡ ᠬᠦ᠌ ᠲᠥᠷᠥ ᠶ᠋ᠢᠨ ᠪᠣᠳᠣᠯᠭ᠎ᠠ ᠨᠢ ᠦᠨᠡᠬᠡᠷ ᠰᠡᠳᠬᠢᠯ᠎ᠢ ᠳᠤᠯᠠᠭᠠᠴᠠᠭᠤᠯᠵᠠᠢ! 》 ᠭᠡᠵᠦ ᠦᠨᠡᠨ ᠰᠡᠳᠬᠢᠯ᠎ᠡᠴᠡ᠎ᠪᠡᠨ ᠬᠡᠯᠡᠵᠡᠢ᠃ 

  《ᠪᠢᠳᠡ ᠱᠢᠶᠣᠤ ᠵᠠᠩ᠎ᠶᠢᠨ ᠢᠷᠡᠬᠦ᠎ᠶᠢ ᠬᠦᠰᠡᠵᠦ ᠪᠠᠢ᠌ᠨ᠎ᠠ᠂ ᠤᠷᠲᠤ ᠬᠤᠭᠤᠴᠠᠭᠠᠨ᠎ᠤ ᠰᠤᠪᠢᠯᠠᠯᠲᠠ ᠶ᠋ᠢᠨ ᠳᠠᠭᠠᠳᠬᠠᠯ ᠨᠢ ᠪᠢᠳᠡᠨ᠎ᠳᠦ ᠦᠨᠡᠬᠡᠷ ᠶᠡᠬᠡ ᠲᠤᠰᠠ ᠪᠣᠯᠤᠭᠰᠠᠨ ᠰᠢᠸ᠋!》

  ᠰᠠᠢᠬᠠᠨ ᠲᠣᠭᠣᠷᠢᠭ᠋᠎ᠤᠨ ᠪᠠᠢ ᠲᠠ ᠲᠣᠰᠬᠣᠨ᠎ᠤ ᠯᠢ ᠠᠨᠢᠶ᠎ᠠ 60 ᠨᠠᠰᠤ ᠬᠦᠷᠬᠦ ᠭᠡᠵᠦ ᠪᠠᠢᠨ᠎ᠠ᠂ ᠨᠢᠭᠡ ᠤᠳᠠᠭ᠎ᠠ᠎ᠶᠢᠨ ᠰᠠᠨᠠᠭᠠᠨ᠎ᠳᠤ ᠦᠭᠡᠢ ᠣᠨᠠᠭᠰᠠᠨ᠎ᠠᠴᠠ ᠪᠣᠯᠵᠤ ᠲᠡᠭᠦᠨ᠎ᠦ ᠪᠠᠷᠠᠭᠤᠨ ᠬᠥᠯ᠎ᠦᠨ ᠳᠤᠮᠳᠠ ᠴᠢᠮᠦᠭᠡᠨ ᠶᠠᠰᠤ ᠨᠢ ᠬᠤᠭᠤᠷᠠᠵᠤ᠂ ᠤᠷᠳᠤ ᠬᠤᠭᠤᠴᠠᠭ᠎ᠠ᠎ᠪᠠᠷ ᠬᠡᠪᠲᠡᠭᠰᠡᠨ᠎ᠡᠴᠡ ᠪᠣᠯᠵᠤ ᠲᠡᠭᠦᠨ᠎ᠦ ᠬᠣᠶᠠᠷ ᠬᠥᠯ᠎ᠦᠨ ᠬᠦᠴᠦ ᠲᠠᠮᠢᠷ᠎ᠢ ᠠᠯᠳᠠᠭᠤᠯᠵᠤ᠂ ᠠᠯᠬᠤᠬᠤ᠎ᠶᠢᠨ ᠠᠷᠭ᠎ᠠ ᠦᠭᠡᠢ ᠪᠣᠯᠪᠠ᠃ ᠦᠷ᠎ᠡ ᠬᠡᠦᠬᠡᠳ ᠨᠢ ᠵᠢᠯ ᠲᠤᠷᠰᠢ ᠭᠠᠳᠠᠨ᠎ᠠ ᠲᠡᠮᠡᠴᠡᠵᠦ᠂ ᠠᠰᠠᠷᠠᠨ ᠬᠠᠷᠠᠭᠠᠯᠵᠠᠬᠤ ᠬᠦᠨᠳᠦ ᠡᠭᠦᠷᠭᠡ ᠨᠢ ᠴᠥᠮ ᠵᠢᠷᠠ ᠭᠠᠷᠤᠭᠰᠠᠨ ᠬᠥᠭᠰᠢᠨ᠎ᠦ᠎ᠪᠡᠨ ᠮᠥᠷᠥᠨ ᠳᠡᠭᠡᠷ᠎ᠡ ᠲᠠᠯᠪᠢᠭ᠍ᠳᠠᠪᠠ᠃ ᠬᠤᠪᠴᠠᠰᠤ ᠬᠤᠨᠠᠷ᠎ᠢᠶᠠᠨ ᠤᠬᠢᠶᠠᠵᠤ ᠬᠣᠭᠣᠯᠠ ᠪᠠᠵᠠᠭᠠᠬᠤ᠂ ᠪᠡᠶ᠎ᠡ᠎ᠶᠢ ᠨᠢ ᠤᠷᠪᠠᠭᠤᠯᠵᠤ ᠠᠷᠴᠢᠬᠤ᠂ ᠡᠳᠦᠷ᠎ᠦᠨ ᠶᠠᠳᠠᠷᠠᠯ ᠵᠦᠳᠡᠷᠡᠯ᠎ᠡᠴᠡ ᠪᠣᠯᠵᠤ ᠬᠥᠭᠰᠢᠨ᠎ᠨᠢ ᠴᠤ᠌ ᠲᠤᠢᠯ᠎ᠤᠨ ᠶᠡᠬᠡ ᠵᠦᠳᠡᠷᠡᠪᠡ᠃ 

  ᠨᠢᠭᠡ ᠤᠳᠠᠭᠠᠨ᠎ᠤ ᠲᠣᠰᠭᠤᠨ᠎ᠤ ᠺᠠᠳ᠋ᠷ᠎ᠤᠨ ᠠᠢᠯᠴᠢᠯᠠᠯᠲᠠ᠎ᠶ᠋ᠢᠨ ᠳᠤᠮᠳᠠ᠂ ᠯᠢ ᠠᠨᠢᠶ᠎ᠠ᠎ᠶ᠋ᠢᠨ ᠬᠦᠴᠢᠷᠳᠡᠯ᠎ᠤᠨ ᠪᠠᠢᠳᠠᠯ᠎ᠢ ᠣᠢᠯᠠᠭᠠᠭᠠᠳ᠂ ᠲᠡᠳᠡ ᠮᠠᠰᠢ ᠲᠦᠷᠭᠡᠨ᠎ᠢᠶᠠᠷ ᠡᠮᠴᠢᠯᠡᠭᠡᠨ᠎ᠦ  ᠳᠠᠭᠠᠳᠭᠠᠯ᠎ᠤᠨ ᠲᠤᠰᠭᠠᠶ ᠲᠤᠱᠢᠶᠠᠯᠲᠠᠨ᠎ᠲᠠᠢ ᠬᠠᠷᠢᠯᠴᠠᠯ᠎ᠠ᠃ ᠲᠤᠰᠭᠠᠶ ᠮᠡᠷᠭᠡᠵᠢᠯ᠎ᠤᠨ ᠦᠨᠡᠯᠡᠯᠲᠡ᠎ᠪᠠᠷ ᠳᠡᠮᠵᠢᠨ᠂ ᠯᠢ ᠠᠨᠢᠶ᠎ᠠ ᠴᠢᠳᠠᠪᠤᠷᠢ᠎ᠪᠠᠨ ᠬᠦᠨᠳᠦ ᠠᠯᠳᠠᠭ᠍ᠰᠠᠨ ᠨᠢᠭᠡᠳᠦᠭᠡᠷ ᠳᠡᠰ᠎ᠢᠶᠠᠷ ᠲᠣᠭ᠍ᠲᠠᠭᠠᠭ᠍ᠳᠠᠵᠤ᠂ ᠣᠷᠳᠣ ᠬᠤᠭᠤᠴᠠᠭ᠋ᠠᠨ᠎ᠤ ᠰᠤᠪᠢᠯᠠᠯᠲᠠ᠎ᠶᠢᠨ ᠳᠠᠭᠠᠳᠭᠠᠯ᠎ᠢ ᠪᠠᠲᠤᠯᠠᠬᠤ ᠨᠥᠬᠦᠴᠡᠯ᠎ᠳᠤ ᠨᠡᠢᠴᠡᠪᠡ᠃ ᠤᠳᠠᠯ ᠦᠭᠡᠢ ᠴᠡᠭ ᠲᠣᠭᠲᠠᠭᠠᠭᠰᠠᠨ ᠰᠤᠪᠢᠯᠠᠯᠲᠠ᠎ᠶᠢᠨ ᠪᠠᠢᠭᠤᠯᠤᠮᠵᠢ᠎ᠶᠢᠨ ᠲᠤᠰᠬᠠᠢ ᠰᠤᠪᠢᠯᠠᠭ᠍ᠴᠢ ᠵᠠᠩ ᠣᠪᠣᠭᠲᠤ ᠡᠨᠡ ᠡᠳᠡᠨ᠎ᠦ ᠬᠢᠨ᠎ᠳᠦ ᠢᠷᠡᠪᠡ᠃ ᠰᠠᠷ᠎ᠠ ᠪᠦᠷᠢ 8 ᠤᠳᠠᠭ᠎ᠠ᠎ᠶᠢᠨ ᠭᠡᠷ᠎ᠲᠦ ᠨᠢ ᠬᠦᠷᠴᠦ ᠦᠢ᠍ᠯᠡᠴᠢᠯᠡᠬᠦ ᠨᠢ ᠭᠠᠩ᠎ᠤᠨ ᠳᠠᠷᠠᠭ᠋ᠠᠬᠢ ᠬᠤᠷ᠎ᠠ ᠪᠤᠷᠤᠭ᠋ᠠᠨ ᠠᠳᠠᠯᠢ᠃ ᠵᠠᠩ ᠣᠪᠣᠭᠲᠤ ᠯᠢ ᠠᠨᠢᠶ᠎ᠠ᠎ᠳᠤ ᠦᠰᠦ ᠤᠬᠢᠶᠠᠬᠤ᠂ ᠪᠡᠶ᠎ᠡ ᠤᠬᠢᠶᠠᠬᠤ᠂ ᠦᠰᠦ ᠬᠠᠢᠴᠢᠯᠠᠬᠤ᠂ ᠴᠢᠰᠤᠨ ᠳᠠᠷᠤᠯᠲᠠ᠎ᠶᠢ ᠨᠢ ᠬᠡᠮᠵᠢᠬᠦ ᠵᠡᠷᠭᠡ ᠠᠮᠢᠳᠤᠷᠠᠯ᠎ᠤᠨ ᠬᠠᠷᠠᠭᠠᠯᠵᠠᠯ᠎ᠢ ᠨᠠᠷᠢᠨ ᠨᠢᠮᠪᠠᠢ ᠬᠠᠩᠭᠠᠭᠰᠠᠨ᠎ᠢᠶᠠᠷ ᠪᠠᠷᠠᠬᠤ ᠦᠭᠡᠢ᠂ ᠪᠠᠰᠠ ᠯᠢ ᠠᠨᠢᠶ᠎ᠠ᠎ᠶᠢ ᠬᠥᠲᠥᠯᠥᠨ ᠵᠢᠯᠤᠭᠣᠳᠴᠤ ᠪᠡᠶ᠎ᠡ ᠲᠠᠮᠢᠷ᠎ᠤᠨ ᠡᠷᠡᠭᠦᠯᠵᠢᠯ᠎ᠦᠨ ᠪᠣᠯᠪᠠᠰᠤᠷᠠᠯ ᠬᠢᠯᠭᠡᠵᠦ᠂ ᠲᠡᠭᠦᠨ᠎ᠲᠠᠢ ᠬᠠᠮᠲᠤ ᠵᠣᠭᠣᠭᠳᠠᠨ ᠤᠢᠳᠬᠠᠷ᠎ᠢ ᠨᠢ ᠰᠡᠷᠭᠦᠭᠡᠵᠦ᠂ ᠨᠠᠰᠤᠲᠠᠨ᠎ᠤ ᠰᠡᠳᠬᠢᠯ᠎ᠦᠨ ᠤᠨᠢᠶᠠᠷ ᠪᠤᠳᠠᠩ᠎ᠢ ᠠᠭᠠᠵᠢᠮ᠎ᠢᠶᠠᠷ ᠰᠠᠷᠨᠢᠭᠤᠯᠵᠠᠢ᠃ ᠢᠨᠢᠶᠡᠮᠰᠦᠭᠯᠡᠯ ᠨᠢ ᠯᠢ ᠠᠨᠢᠶ᠎ᠠ᠎ᠶᠢᠨ ᠴᠢᠷᠠᠢ᠎ᠳᠤ ᠳᠠᠬᠢᠨ ᠢᠯᠡᠷᠡᠵᠦ᠂ ᠬᠥᠭᠰᠢᠨ ᠨᠢ ᠴᠦ᠍ ᠠᠮᠤᠰᠬᠢᠬᠤ ᠵᠠᠪᠰᠢᠶᠠᠨ᠎ᠲᠠᠢ ᠪᠣᠯᠪᠠ ᠃ 

  《 ᠪᠢᠳᠡ ᠪᠦᠭᠦᠳᠡᠭᠡᠷ᠎ᠢᠶᠡᠨ ᠰᠢᠶᠣᠣ ᠵᠠᠩ᠎ᠤᠨ ᠢᠷᠡᠬᠦ᠎ᠶᠢ ᠬᠦᠰᠡᠵᠦ ᠪᠠᠢᠨ᠎ᠠ! 》 ᠭᠡᠵᠦ ᠯᠢ ᠠᠨᠢᠶ᠎ᠠ ᠶ᠋ᠢᠨ      ᠬᠥᠭᠰᠢᠨ ᠨᠢ ᠄ 《 ᠬᠥᠭᠰᠢᠨ᠎ᠦ ᠴᠣᠭ ᠵᠢᠪᠬᠤᠭ᠎ᠠ ᠨᠢ ᠶᠡᠬᠡ ᠰᠠᠢᠨ ᠪᠣᠯᠵᠠᠢ᠂ ᠮᠢᠨᠤ ᠳᠣᠲᠣᠷ᠎ᠠ ᠴᠤ᠌ ᠰᠠᠨᠠᠭ᠎ᠠ ᠠᠮᠤᠷ ᠪᠣᠯᠵᠠᠢ᠂ ᠣᠷᠳᠣ᠌ ᠬᠤᠭᠤᠴᠠᠭᠠᠨ᠎ᠤ ᠰᠤᠪᠢᠯᠠᠯᠲᠠ᠎ᠶᠢᠨ ᠳᠠᠭᠠᠳᠭᠠᠯ ᠨᠢ ᠦᠨᠡᠬᠡᠷ ᠪᠢᠳᠡᠨ᠎ᠳᠦ ᠶᠡᠬᠡ ᠲᠤᠰᠠ ᠪᠣᠯᠤᠭᠰᠠᠨ ᠪᠠᠢᠨ᠎ᠠ ! 》 ᠭᠡᠵᠦ ᠰᠡᠳᠬᠢᠯ  ᠳᠤᠭᠳᠤᠯᠤᠨ ᠬᠡᠯᠡᠪᠡ ᠃ 

  ᠦᠢᠯᠡᠴᠢᠯᠡᠭᠡᠨ᠎ᠤ ᠲᠡᠰ ᠳᠡᠪᠱᠢᠬᠦ᠌᠎ᠶ᠋ᠢ ᠲᠠᠬᠢᠨ ᠲᠡᠰ ᠳᠡᠪᠱᠢᠭᠦᠯᠵᠦ᠍᠂ ᠲᠤᠰᠭᠠᠢ ᠮᠡᠷᠭᠡᠵᠢᠯ᠎ᠤᠨ ᠰᠠᠬᠢᠨ ᠬᠠᠮᠠᠭᠠᠯᠠᠯᠲᠠ᠎ᠨᠢ ᠨᠡᠩ ᠳᠣᠲᠣᠨᠣ ᠪᠣᠯᠪᠠ

  ᠡᠨᠡ ᠵᠢᠯ᠎ᠤᠨ ᠨᠢᠭᠡᠳᠦᠭᠡᠷ ᠰᠠᠷ᠎ᠠ᠎ᠳᠤ᠂ ᠬᠥᠬᠡᠬᠤᠲᠠ ᠣᠷᠳᠣ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ ᠲᠦᠷᠢᠮ᠎ᠤᠨ 《ᠲᠠᠰ ᠳᠡᠪᠱᠢᠭᠦᠯᠬᠦ᠌》 ᠎ᠶ᠋ᠢ ᠡᠬᠢᠯᠡᠭᠦᠯᠵᠦ᠍᠂ ᠰᠤᠪᠢᠯᠠᠯᠲᠠ᠎ᠶ᠋ᠢᠨ ᠦᠢᠯᠡᠴᠢᠯᠡᠭᠡᠨ᠎ᠤ ᠠᠭᠤᠯᠭ᠎ᠠ᠎ᠶ᠋ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠍᠂ ᠦᠨᠳᠦᠰᠦᠨ ᠠᠮᠢᠳᠤᠷᠠᠯ᠎ᠤᠨ ᠬᠠᠷᠠᠭᠠᠯᠵᠠᠯ᠎ᠤᠨ ᠲᠥᠷᠥᠯ ᠵᠦᠢᠯ ᠪᠠ ᠡᠮ ᠡᠮᠨᠡᠯᠭᠡ᠎ᠶ᠋ᠢᠨ ᠰᠤᠪᠢᠯᠠᠯᠲᠠ᠎ᠶ᠋ᠢᠨ ᠲᠥᠷᠥᠯ ᠵᠦᠢᠯ᠎ᠢ ᠱᠢᠯᠢᠳᠡᠭ᠌ᠵᠢᠭᠦᠯᠦᠨ ᠨᠡᠢᠯᠡᠭᠦᠯᠵᠦ᠍᠂ ᠱᠢᠭᠡᠰᠦ ᠵᠢᠯᠣᠭᠤᠳᠭᠤ᠂ ᠴᠣᠭᠤᠷᠬᠠᠢ ᠵᠣᠬᠢᠶᠠᠬᠤ᠂ ᠭᠡᠳᠡᠰᠦ ᠤᠬᠢᠶᠠᠬᠤ ᠵᠡᠷᠭᠡ 6 ᠵᠦᠢᠯ᠎ᠤᠨ ᠲᠤᠰᠭᠠᠶ ᠰᠤᠪᠢᠯᠠᠯᠲᠠ᠎ᠶ᠋ᠢ ᠲᠣᠭ᠍ᠲᠠᠭᠠᠵᠤ᠂ ᠡᠮᠴᠢᠯᠡᠭᠡᠨ᠎ᠤ ᠬᠢᠷᠢ ᠬᠡᠮ᠎ᠲᠠᠢ ᠰᠤᠪᠢᠯᠠᠯᠲᠠ᠎ᠶ᠋ᠢᠨ ᠪᠠᠢᠭᠤᠯᠤᠮᠵᠢ᠎ᠶ᠋ᠢᠨ ᠦᠢᠯᠡᠴᠢᠯᠡᠭᠡᠨ᠎ᠤ ᠠᠵᠢᠯᠲᠠᠨ ᠬᠡᠷ᠎ᠲᠤᠨᠢ ᠬᠦᠷᠴᠦ᠍ ᠦᠢᠯᠡᠴᠢᠯᠡᠭᠡ ᠬᠠᠩᠭᠠᠵᠤ᠂ ᠴᠢᠳᠠᠪᠤᠷᠢ᠎ᠪᠠᠨ ᠠᠯᠳᠠᠭ᠍ᠰᠠᠨ ᠬᠥᠮᠦᠰ ᠬᠡᠷ᠎ᠲᠡᠭᠡᠨ ᠲᠤᠰᠭᠠᠶ ᠮᠡᠷᠭᠡᠵᠢᠯ᠎ᠤᠨ ᠴᠢᠨᠠᠷ᠎ᠢᠶᠠᠷ ᠨᠡᠯᠢᠶᠡᠳ ᠴᠢᠩᠭ᠎ᠠ ᠡᠮ ᠡᠮᠨᠡᠯᠭᠡ᠎ᠶ᠋ᠢᠨ ᠰᠤᠪᠢᠯᠠᠯᠲᠠ᠎ᠶ᠋ᠢᠨ ᠦᠢᠯᠡᠴᠢᠯᠡᠭᠡ ᠬᠦᠷᠲᠡᠵᠦ᠍ ᠪᠣᠯᠤᠨ᠎ᠠ ; ᠬᠠᠷᠠᠭᠠᠯᠵᠠᠨ ᠠᠰᠠᠷᠠᠬᠤ ᠦᠢᠯᠡᠴᠢᠯᠡᠭᠡᠨ᠎ᠤ ᠶᠡᠷᠦᠩᠬᠡᠢᠯᠡᠭ᠌ᠰᠡᠨ ᠬᠠᠩᠭᠠᠯᠭ᠎ᠠ᠎ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠵᠦ᠍᠂ ᠦᠨᠳᠦᠰᠦᠨ ᠱᠠᠲᠤᠨ᠎ᠤ ᠡᠮᠴᠢᠯᠡᠭᠡ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠂ ᠦᠢᠯᠡᠴᠢᠯᠡᠭᠡᠨ᠎ᠤ ᠲᠥᠪ᠂ ᠡᠷᠡᠭᠦᠯ ᠬᠠᠮᠠᠭᠠᠯᠠᠯ᠎ᠤᠨ ᠬᠤᠷᠢᠶ᠎ᠠ᠎ᠶ᠋ᠢ ᠤᠷᠲᠤ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ ᠴᠡᠭ ᠲᠣᠭ᠍ᠲᠠᠭᠠᠭ᠍ᠰᠠᠨ ᠦᠢᠯᠡᠴᠢᠯᠡᠭᠡᠨ᠎ᠤ ᠪᠠᠢᠭᠤᠯᠤᠮᠵᠢ᠎ᠳᠤ ᠣᠷᠣᠭᠤᠯᠬᠤ᠎ᠶ᠋ᠢ ᠰᠦᠪᠡᠭ᠌ᠴᠢᠯᠡᠵᠦ᠍᠂ ᠬᠡᠰᠡᠭ ᠦᠨᠳᠦᠰᠦᠨ ᠱᠠᠲᠤᠨ᠎ᠤ ᠡᠮᠴᠢᠯᠡᠭᠡᠨ᠎ᠤ ᠪᠠᠢᠭᠤᠯᠤᠮᠵᠢ᠎ᠶ᠋ᠢᠨ ᠲᠤᠬᠠᠢᠯᠠᠭ᠍ᠰᠠᠨ ᠠᠵᠢᠯ᠎ᠢ ᠨᠢᠭᠡᠨᠲᠡ ᠣᠷᠳᠣ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ ᠪᠠ ᠪᠠᠢᠭᠤᠯᠤᠮᠵᠢ᠎ᠶ᠋ᠢᠨ ᠰᠠᠭᠤᠵᠤ ᠰᠤᠪᠢᠯᠠᠬᠤ ᠰᠤᠪᠢᠯᠠᠯᠲᠠ᠎ᠶ᠋ᠢᠨ ᠦᠢᠯᠡᠴᠢᠯᠡᠭᠡ᠎ᠶ᠋ᠢ ᠬᠠᠮᠤᠷᠴᠤ᠌᠂ ᠦᠨᠳᠦᠰᠦᠨ ᠱᠠᠲᠤᠨ᠎ᠤ ᠡᠮᠴᠢᠯᠡᠭᠡᠨ᠎ᠤ ᠪᠠᠢᠭᠤᠯᠤᠮᠵᠢ᠎ᠶ᠋ᠢᠨ ᠤᠷᠲᠤ ᠬᠤᠭᠤᠴᠠᠭᠠᠨ᠎ᠤ ᠰᠤᠪᠢᠯᠠᠯᠲᠠ᠎ᠶ᠋ᠢᠨ ᠦᠢᠯᠡᠴᠢᠯᠡᠭᠡᠨ᠎ᠤ ᠬᠠᠩᠭᠠᠯᠭ᠎ᠠ᠎ᠶ᠋ᠢᠨ ᠴᠢᠳᠠᠪᠤᠷᠢ᠎ᠶ᠋ᠢ ᠲᠠᠰᠤᠷᠠᠯᠲᠠ ᠥᠬᠡᠶ ᠳᠡᠭᠡᠭ᠌ᠰᠢᠯᠡᠭᠦᠯᠵᠦ᠍᠂ ᠬᠥᠳᠡᠭᠡ ᠲᠣᠰᠭᠤᠨ᠎ᠤ ᠭᠠᠵᠠᠷ ᠣᠷᠣᠨ᠎ᠤ ᠦᠢᠯᠡᠴᠢᠯᠡᠭᠡ ᠬᠤᠳᠠᠯᠳᠤᠨ ᠠᠪᠬᠤ ᠲᠠᠯ᠎ᠠ᠎ᠪᠠᠷ ᠬᠦᠷᠦᠯᠴᠡᠬᠦ᠌ ᠥᠬᠡᠶ ᠪᠠᠢᠬᠤ ᠠᠰᠠᠭᠤᠳᠠᠯ᠎ᠢ ᠵᠣᠬᠢᠬᠤ ᠬᠡᠮᠵᠢᠶ᠎ᠡ᠎ᠪᠠᠷ ᠱᠢᠢᠳᠪᠦᠷᠢᠯᠡᠪᠡ᠃ ᠣᠳᠣᠬᠠᠨ ᠪᠣᠯᠲᠠᠯ᠎ᠠ᠂ ᠬᠥᠬᠡᠬᠤᠲᠠ 《ᠬᠤᠲᠠ ᠬᠥᠳᠡᠭᠡ᠎ᠶ᠋ᠢ ᠬᠠᠮᠤᠷᠤᠭ᠍ᠰᠠᠨ᠂ ᠪᠠᠷᠢᠮᠵᠢᠶ᠎ᠠ ᠨᠢᠭᠡᠳᠦᠯᠲᠡᠶ᠂ ᠪᠠᠲᠤᠯᠠᠭ᠎ᠠ ᠪᠦᠷᠢᠨ ᠭᠦᠶ᠋ᠴᠡᠳ》᠂ ᠣᠷᠣᠨ ᠪᠦᠰᠡ᠎ᠶ᠋ᠢᠨ ᠣᠨᠴᠠᠯᠢᠭ᠎ᠲᠠᠢ ᠣᠷᠳᠣ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ 《ᠬᠥᠬᠡᠬᠤᠲᠠ᠎ᠶ᠋ᠢᠨ ᠵᠠᠭ᠍ᠪᠤᠷ》 ᠎ᠢ ᠪᠠᠢᠭᠤᠯᠵᠤ᠂ ᠨᠡᠢᠲᠡ 1.69 ᠲᠦᠮᠡᠨ ᠬᠥᠮᠦᠨ ᠣᠷᠳᠣ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ ᠬᠠᠷᠠᠭᠠᠯᠵᠠᠯ᠎ᠢ ᠭᠥᠷᠳᠡᠵᠦ᠍᠂ ᠰᠠᠭᠤᠷᠢ ᠮᠥᠩᠭᠦ᠌ ᠨᠡᠢᠲᠡ 2.6 ᠳ᠋ᠦᠩᠱᠢᠭᠤᠷ ᠲᠥᠭᠦᠷᠢᠭ ᠱᠢᠬᠠᠮ ᠵᠠᠷᠤᠴᠠᠭᠤᠯᠵᠤ᠂ ᠴᠢᠳᠠᠪᠤᠷᠢ᠎ᠪᠠᠨ ᠠᠯᠳᠠᠭ᠍ᠰᠠᠨ ᠬᠥᠮᠦᠰ᠎ᠤᠨ ᠵᠣᠯ ᠵᠢᠷᠭᠠᠯᠲᠤ ᠲᠥᠷᠥᠭ᠌ᠳᠡᠯ᠂ ᠬᠦᠷᠲᠡᠮᠵᠢ᠎ᠶ᠋ᠢᠨ ᠲᠥᠷᠥᠭ᠌ᠳᠡᠯ᠂ ᠠᠮᠤᠷ ᠲᠦᠪᠱᠢᠨ᠎ᠤ ᠲᠥᠷᠥᠭ᠌ᠳᠡᠯ᠎ᠢ ᠲᠠᠰᠤᠷᠠᠯᠲᠠ ᠥᠬᠡᠶ ᠨᠡᠮᠡᠭ᠌ᠳᠡᠭᠦᠯᠪᠡ᠃

ᠢᠷᠡᠯᠲᠡ᠄ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
            