ᠵᠣᠬᠢᠶᠠᠭ᠍ᠴᠢ᠄ ᠬᠤᠨᠠᠨ ᠮᠤᠵᠢ᠎ᠶ᠋ᠢᠨ ᠴᠠᠩᠱᠠ ᠬᠣᠲᠠ᠎ᠶ᠋ᠢᠨ ᠶᠢᠰᠦᠳᠦᠭᠡᠷ ᠡᠮᠨᠡᠯᠭᠡ᠎ᠶ᠋ᠢᠨ ᠬᠣᠷᠢᠶ᠎ᠠ ᠸᠧᠨ ᠢᠦᠶ
20 ᠵᠢᠯ᠎ᠤᠨ ᠡᠮᠴᠢᠯᠡᠭᠡᠨ᠎ᠤ ᠳᠠᠭ᠋ᠠᠳᠬᠠᠯ᠎ᠤᠨ ᠤᠷᠲᠤ ᠬᠠᠭᠤᠳᠠᠰᠤ᠎ᠶᠢ ᠡᠷᠭᠢᠴᠡᠭᠦᠯᠵᠦ᠍᠂ ᠨᠢᠭᠡᠳᠦᠭᠡᠷ 10 ᠵᠢᠯ᠎ᠳᠤ᠂ ᠪᠢ ᠡᠮᠴᠢᠯᠡᠭᠡᠨ᠎ᠤ ᠨᠢᠭᠡᠳᠦᠭᠡᠷ ᠹᠷᠣᠨᠲ᠎ᠲᠤ ᠴᠠᠭᠠᠨ ᠴᠠᠮᠴᠠ ᠡᠮᠦᠰᠦᠨ ᠡᠪᠡᠳᠴᠢᠲᠡᠨ᠎ᠤ ᠥᠷᠥᠭᠡ᠎ᠪᠠᠷ ᠰᠦᠯᠵᠢᠯᠳᠦᠵᠦ᠍᠂ ᠡᠮᠴᠢ ᠬᠦᠮᠦᠨ᠎ᠤ ᠡᠨᠡᠷᠢᠩᠭᠦᠢ ᠰᠡᠳᠭᠢᠯ᠎ᠢᠶᠠᠷ ᠲᠥᠷᠥ᠎ᠶ᠋ᠢᠨ ᠪᠣᠳᠣᠯᠭ᠎ᠠ᠎ᠶ᠋ᠢᠨ ᠬᠠᠯᠠᠭᠤᠨ ᠳᠤᠯᠠᠭᠠᠨ᠎ᠢ ᠦᠢᠯᠡᠳᠦᠯᠭᠡᠵᠢᠭᠦᠯᠪᠡ ; ᠬᠤᠶᠠᠳᠤᠭᠠᠷ 10 ᠵᠢᠯ᠎ᠳᠤ᠂ ᠪᠢ ᠡᠮᠴᠢᠯᠡᠭᠡᠨ᠎ᠤ ᠳᠠᠭ᠋ᠠᠳᠬᠠᠯ᠎ᠤᠨ ᠬᠠᠮᠢᠶᠠᠷᠤᠯᠲᠠ᠎ᠶ᠋ᠢᠨ ᠠᠵᠢᠯ᠎ᠤᠨ ᠪᠠᠢᠷᠢ᠎ᠪᠠᠨ ᠪᠠᠲᠤ ᠰᠠᠬᠢᠵᠤ᠂ ᠳ᠋ᠠᠢ᠌ᠲ᠋ᠠ ᠪᠠ ᠳᠦᠷᠢᠮ᠎ᠳᠤ ᠰᠠᠭᠤᠷᠢ ᠮᠥᠩᠭᠦᠨ᠎ᠤ ᠠᠷᠠᠳ᠎ᠤᠨ ᠠᠮᠢᠳᠤᠷᠠᠯ᠎ᠢ ᠰᠠᠬᠢᠨ ᠬᠠᠮᠠᠭᠠᠯᠠᠪᠠ᠃ ᠬᠤᠶᠠᠷ ᠬᠡᠰᠡᠭ ᠣᠨ ᠰᠠᠷᠠᠨ᠎ᠢ ᠴᠥᠮ ᠣᠭ ᠰᠠᠨᠠᠭ᠎ᠠ᠎ᠪᠠᠷ᠎ᠢᠶᠠᠨ ᠡᠮᠴᠢᠯᠡᠭᠡᠨ᠎ᠤ ᠳᠠᠭ᠋ᠠᠳᠬᠠᠯ᠎ᠤᠨ ᠥᠭᠡᠷᠡᠴᠢᠯᠡᠯᠲᠡ᠎ᠶ᠋ᠢᠨ ᠴᠠᠭ ᠦᠶ᠎ᠡ᠎ᠶ᠋ᠢᠨ ᠪᠠᠢᠳᠠᠯ᠎ᠢ ᠬᠡᠮᠵᠢᠪᠡ᠃
ᠡᠮᠴᠢᠯᠡᠭᠡᠨ᠎ᠦ᠌ ᠨᠢᠭᠡᠳᠦᠭᠡᠷ ᠹᠷᠣᠨᠲ᠎ᠤ᠋ᠨ ᠠᠷᠪᠠᠨ ᠵᠢᠯ ᠄ ᠡᠪᠡᠳᠴᠢᠲᠡᠨᠦ᠌ ᠥᠷᠥᠭᠡᠨᠳ᠋ᠦ᠍ ᠡᠮᠴᠢᠯᠡᠭᠡᠨ᠎ᠤ ᠳᠠᠭᠠᠳᠭᠠᠯ᠎ᠤᠨ ᠲᠥᠷᠥ᠎ᠶᠢᠨ ᠪᠣᠳᠣᠯᠭ᠎ᠠ᠎ᠶᠢᠨ ᠬᠠᠯᠠᠭᠤᠨ ᠳᠤᠯᠠᠭ᠋ᠠᠨ᠎ᠢ ᠣᠢ᠌ᠯᠠᠭ᠋ᠠᠪᠠ
ᠠᠷᠪᠠᠨ ᠵᠢᠯ᠎ᠦ᠋ᠨ ᠡᠮᠦᠨ᠎ᠡ᠂ ᠪᠢ ᠴᠠᠭᠠᠨ ᠴᠠᠮᠴᠠ ᠡᠮᠦᠰᠴᠦ᠍ ᠳᠣᠲᠣᠷ᠎ᠠ ᠡᠮᠴᠢᠯᠡᠭᠡᠨ᠎ᠦ ᠡᠪᠡᠳᠴᠢᠲᠡᠨᠦ᠌ ᠥᠷᠥᠭᠡᠨ᠎ᠦ ᠰᠤᠪᠢᠯᠠᠭ᠍ᠴᠢ᠎ᠶᠢᠨ ᠥᠷᠲᠡᠭᠡᠨ᠎ᠦ᠌ ᠬᠠᠵᠠᠭᠤᠳ᠋ᠤ ᠵᠣᠭ᠍ᠰᠣᠵᠤ ᠪᠠᠢ᠌ᠪᠠ᠂ ᠲᠡᠷᠡ ᠦᠶ᠎ᠡ᠎ᠶᠢᠨ ᠡᠮᠴᠢᠯᠡᠭᠡᠨ᠎ᠤ ᠳᠠᠭᠠᠳᠭᠠᠯ ᠨᠢ ᠨᠠᠳᠠᠳ᠋ᠤ ᠠᠪᠴᠤ᠌ ᠬᠡᠯᠡᠪᠡᠯ᠂ ᠨᠡᠩ ᠣᠯᠠᠨ ᠨᠢ ᠡᠪᠡᠳᠴᠢᠲᠡᠨ᠎ᠳᠦ 《 ᠡᠮᠴᠢᠯᠡᠭᠡᠨ᠎ᠤ ᠳᠠᠭᠠᠳᠭᠠᠯ᠎ᠤᠨ ᠬᠥᠬᠡ ᠲᠥᠷᠥᠯ 》᠂ 《 ᠥᠪᠡᠷ᠎ᠢᠶᠠᠨ ᠰᠦᠢᠳᠭᠡᠯ ᠥᠭᠬᠦ ᠲᠥᠷᠥᠯ ᠵᠦᠢᠯ 》 ᠭᠡᠳᠡᠭ ᠶᠠᠭᠤ ᠪᠣᠯᠬᠤ ᠲᠤᠬᠠᠢ᠎ᠶᠢ ᠨᠡᠪᠲᠡᠷᠡᠯᠴᠡᠭᠦᠯᠦᠨ᠎ᠡ᠂ ᠪᠠᠰᠠ ᠴᠤ᠌ ᠡᠪᠡᠳᠴᠢᠲᠡᠨᠦ᠌ ᠭᠡᠷ ᠪᠦᠯᠢ᠎ᠶᠢᠨ ᠬᠢᠨ ᠵᠠᠷᠤᠳᠠᠯ᠎ᠤ᠋ᠨ ᠨᠠᠷᠢᠨ ᠳᠠᠩᠰᠠ᠎ᠪᠠᠨ ᠪᠠᠷᠢᠨ ᠠᠲᠤᠷᠢᠶ᠎ᠠ ᠭᠠᠷᠤᠭ᠍ᠰᠠᠨ ᠬᠦᠮᠦᠰᠭᠡ ᠪᠣᠯᠤᠨ᠎ᠠ᠃ ᠡᠮᠴᠢᠯᠡᠭᠡᠨ᠎ᠤ ᠰᠤᠪᠢᠯᠠᠭ᠍ᠴᠢ ᠪᠣᠯᠤᠭ᠍ᠰᠠᠨ᠎ᠤ ᠬᠤᠪᠢ᠎ᠳᠤ᠂ ᠮᠢᠨᠦ᠍ ᠡᠳᠦᠷ ᠲᠤᠲᠤᠮ᠎ᠤᠨ ᠠᠵᠢᠯ ᠪᠣᠯ ᠳᠠᠷᠣᠢ ᠡᠮᠴᠢ᠎ᠶᠢᠨ ᠵᠢᠭ᠋ᠠᠪᠤᠷᠢ᠎ᠶ᠋ᠢ ᠬᠡᠷᠡᠭ᠌ᠵᠢᠭᠦᠯᠬᠦ᠌᠎ᠶ᠋ᠢᠨ ᠬᠠᠮᠲᠤ ᠪᠠᠰᠠ ᠡᠮᠴᠢᠯᠡᠭᠡᠨ᠎ᠤ ᠳᠠᠭᠠᠳᠭᠠᠯ᠎ᠤᠨ ᠲᠥᠷᠥ᠎ᠶ᠋ᠢᠨ ᠪᠣᠳᠣᠯᠭ᠎ᠠ᠎ᠶ᠋ᠢᠨ 《 ᠳᠠᠭᠤ ᠳᠠᠮᠵᠢᠭᠤᠯᠤᠭ᠍ᠴᠢ 》 ᠪᠣᠯᠵᠤ 《 ᠨᠠᠰᠤᠲᠠᠨ ᠡ᠂ ᠡᠨᠡ ᠡᠮ ᠨᠢ ᠡᠮᠴᠢᠯᠡᠭᠡᠨ᠎ᠤ ᠳᠠᠭᠠᠳᠭᠠᠯ᠎ᠤᠨ ᠬᠥᠬᠡᠭ᠌ᠴᠢᠨ ᠲᠥᠷᠥᠯ᠎ᠳᠤ ᠬᠠᠷᠢᠶᠠᠯᠠᠭ᠍ᠳᠠᠵᠤ᠂ ᠬᠤᠪᠢ ᠬᠥᠮᠦᠨ ᠥᠪᠡᠷ᠎ᠢᠶᠠᠨ 10% ᠶᠢ ᠥᠭᠬᠦ ᠴᠢᠬᠤᠯᠠᠲᠠᠶ᠂ ᠮᠠᠲ᠋ᠧᠷᠢᠶᠠᠯ᠎ᠤᠨ ᠵᠠᠷᠤᠳᠠᠯ᠎ᠨᠢ ᠬᠢᠵᠠᠭᠠᠷᠯᠠᠭ᠍ᠰᠠᠨ ᠲᠤᠭ᠎ᠠ᠎ᠠᠴᠠ ᠬᠡᠲᠦᠷᠡᠭ᠌ᠰᠡᠨ ᠬᠡᠰᠡᠭ᠎ᠢ ᠥᠪᠡᠷ᠎ᠢᠶᠠᠨ ᠡᠭᠦᠷᠭᠡᠯᠡᠬᠦ ᠬᠡᠷᠡᠭᠲᠡᠢ 》᠃ ᠴᠡᠭᠡᠵᠢᠯᠡᠵᠦ᠍ ᠪᠠᠢᠬᠤ᠎ᠪᠠᠷ᠂ ᠵᠠᠩ ᠠᠨᠢᠶ᠎ᠠ ᠥᠪᠡᠷ᠎ᠢᠶᠠᠨ ᠥᠭᠬᠦ ᠬᠡᠰᠡᠭ ᠨᠢ ᠬᠡᠲᠦᠷᠬᠡᠢ ᠦᠨᠡᠲᠡᠢ ᠡᠴᠡ ᠠᠶᠤᠵᠤ᠂ ᠳᠠᠬᠢᠨ ᠳᠠᠪᠲᠠᠨ ᠯᠠᠪᠯᠠᠨ ᠠᠰᠠᠭᠤᠳᠠᠭ᠃ ᠪᠢ ᠡᠪᠡᠳᠴᠢᠲᠡᠨᠦ᠌ ᠣᠷᠣ᠎ᠶᠢᠨ ᠡᠮᠦᠨ᠎ᠡ ᠶᠠᠪᠠᠭ᠋ᠠᠨ ᠰᠠᠭᠤᠵᠤ᠂ ᠪᠣᠳᠤᠭᠤᠷᠢᠶᠠᠷ ᠵᠠᠷᠤᠳᠠᠯ ᠪᠦᠬᠦᠨ᠎ᠢ ᠲᠡᠭᠦᠨ᠎ᠳᠦ ᠲᠣᠭ᠋ᠠᠴᠠᠵᠤ᠄ 《 ᠲᠠ ᠦᠵᠡ ᠂ ᠣᠳᠣ ᠡᠮᠨᠡᠯᠭᠡ᠎ᠳ᠋ᠦ᠍ ᠰᠠᠭᠤᠬᠤ ᠡᠬᠢᠯᠡᠵᠦ᠍ ᠲᠥᠯᠥᠬᠦ᠌ ᠱᠤᠭᠤᠮ ᠨᠢ 800 ᠲᠥᠭᠥᠷᠢᠭ ᠪᠣᠯᠣᠨ᠎ᠠ᠂ ᠬᠡᠲᠦᠷᠡᠭ᠌ᠰᠡᠨ ᠬᠡᠰᠡᠭᠦ᠋ᠨ ᠡᠮᠴᠢᠯᠡᠭᠡᠨ᠎ᠦ᠌ ᠳᠠᠭᠠᠳᠭᠠᠯ 70%᠎ᠶᠢ ᠮᠡᠳᠡᠭᠦᠯᠵᠦ᠂ ᠲᠠᠨᠤ᠋ ᠡᠨᠡ ᠬᠠᠢᠷᠴᠠᠭ ᠡᠮ 120 ᠲᠥᠭᠥᠷᠢᠭ᠂ ᠥᠪᠡᠷ᠎ᠢᠶᠡᠨ ᠵᠥᠪᠬᠡᠨ 36 ᠲᠥᠭᠥᠷᠢᠭ᠎ᠢ ᠥᠭᠭᠦᠨ᠎ᠡ ᠁》 ᠨᠠᠷᠠᠨ ᠭᠡᠷᠡᠯ ᠴᠣᠩᠬᠤ᠎ᠪᠠᠷ ᠳᠠᠮᠵᠢᠨ ᠵᠠᠷᠤᠳᠠᠯ᠎ᠤᠨ ᠨᠠᠷᠢᠨ ᠳᠠᠩᠰᠠ ᠳᠡᠭᠡᠷ᠎ᠡ ᠲᠤᠰᠪᠠ᠂ ᠵᠠᠩ ᠠᠨᠢᠶ᠎ᠠ᠎ᠶ᠋ᠢᠨ ᠨᠢᠳᠦᠨ ᠵᠣᠪᠬᠢ᠎ᠶᠢᠨ ᠦᠷᠴᠢᠯᠡᠭᠡ ᠨᠢ ᠲᠠᠯᠪᠢᠭᠤᠷᠠᠬᠤ ᠦᠶᠡᠰ᠂ ᠡᠮᠴᠢᠯᠡᠭᠡᠨ᠎ᠦ ᠳᠠᠭᠠᠳᠭᠠᠯ᠎ᠤᠨ ᠲᠥᠷᠥ᠎ᠶ᠋ᠢᠨ ᠪᠣᠳᠣᠯᠭ᠎ᠠ᠎ᠨᠢ ᠪᠢᠴᠢᠭ᠌ ᠮᠠᠲ᠋ᠧᠷᠢᠶᠠᠯ ᠳᠡᠭᠡᠷᠡᠬᠢ ᠲᠣᠭ᠎ᠠ ᠪᠢᠰᠢ᠂ ᠬᠠᠷᠢᠨ ᠡᠪᠡᠳᠴᠢᠲᠡᠨ᠎ᠤ ᠡᠮ ᠲᠠᠩ ᠠᠪᠴᠤ ᠪᠠᠢ᠌ᠭ᠎ᠠ ᠭᠠᠷ᠎ᠢ ᠨᠢ ᠳᠠᠬᠢᠵᠤ ᠴᠡᠴᠡᠷᠡᠭᠦᠯᠬᠦ᠌ ᠦᠭᠡᠶ ᠪᠣᠯᠭᠠᠵᠤ ᠴᠢᠳᠠᠬᠤ ᠬᠦᠴᠦᠨ ᠭᠡᠳᠡᠭ᠎ᠢ ᠪᠢ ᠭᠡᠨᠡᠳᠲᠡ ᠣᠢ᠌ᠯᠠᠭ᠋ᠠᠪᠠ᠃
ᠡᠪᠡᠳᠴᠢᠲᠡᠨ᠎ᠤ ᠣᠷᠣ᠎ᠶ᠋ᠢᠨ ᠬᠤᠭᠤᠷᠣᠨᠳᠣ ᠰᠦᠯᠵᠢᠯᠳᠦᠵᠦ᠂ ᠪᠠᠰᠠ ᠴᠤ᠌ ᠡᠮᠴᠢᠯᠡᠭᠡᠨ᠎ᠤ ᠳᠠᠭᠠᠳᠭᠠᠯ᠎ᠤᠨ ᠬᠠᠮᠤᠷᠬᠤ ᠬᠡᠪᠴᠢᠶ᠎ᠡ᠎ᠶᠢᠨ 《 ᠬᠡᠰᠡᠭ ᠬᠥᠮᠦᠰ 》᠎ᠠᠴᠠ 《 ᠣᠯᠠᠩᠬᠢ ᠲᠣᠭᠠᠨ 》᠎ᠤ ᠲᠡᠢ᠌ᠰᠢ᠎ᠬᠢ ᠳᠠᠪᠠᠯᠲᠠ᠎ᠶ᠋ᠢ ᠭᠡᠷᠡᠴᠢᠯᠡᠪᠡ᠃ ᠰᠠᠭᠤᠭᠠᠯᠢ ᠠᠷᠠᠳ᠎ᠤᠨ ᠡᠮᠴᠢᠯᠡᠭᠡᠨ᠎ᠤ ᠳᠠᠭᠠᠳᠭᠠᠯ᠎ᠢ ᠬᠡᠷᠡᠭ᠌ᠵᠢᠭᠦᠯᠵᠦ᠍ ᠡᠬᠢᠯᠡᠭ᠌ᠰᠡᠨ᠎ᠠᠴᠠ ᠠᠪᠤᠭᠠᠳ ᠬᠥᠳᠡᠭᠡ ᠲᠣᠰᠭᠤᠨ᠎ᠤ ᠱᠢᠨ᠎ᠡ ᠮᠠᠶᠢᠭ᠎ᠤᠨ ᠬᠤᠷᠱᠢᠭ᠍ᠰᠠᠨ ᠡᠮᠨᠡᠯᠭᠡ ᠪᠠ ᠰᠠᠭᠤᠭᠠᠯᠢ ᠠᠷᠠᠳ᠎ᠤᠨ ᠡᠮᠴᠢᠯᠡᠭᠡᠨ᠎ᠤ ᠳᠠᠭᠠᠳᠭᠠᠯ᠎ᠢ ᠡᠬᠢᠯᠡᠵᠦ᠍ ᠵᠣᠯᠭᠠᠭᠤᠯᠬᠤ ᠬᠦᠷᠲᠡᠯ᠎ᠡ᠂ ᠲᠡᠳᠡᠭᠡᠷ 《 ᠡᠪᠡᠳᠴᠢᠨ ᠦᠵᠡᠭᠦᠯᠬᠦ᠌ ᠵᠣᠭᠤᠰ ᠦᠭᠡᠢ 》᠎ᠠᠴᠠ ᠪᠣᠯᠵᠤ ᠡᠮᠨᠡᠨ ᠵᠠᠰᠠᠬᠤ᠎ᠪᠠᠨ ᠵᠣᠭ᠍ᠰᠣᠭ᠍ᠰᠠᠨ ᠡᠪᠡᠳᠴᠢᠲᠡᠨ ᠠᠭᠠᠵᠢᠮ᠎ᠢᠶᠠᠷ ᠣᠯᠠᠱᠢᠷᠠᠵᠤ᠂ ᠲᠡᠳᠡᠨ᠎ᠤ ᠲᠠᠯᠠᠷᠬᠠᠯ᠎ᠤᠨ ᠳᠤᠮᠳᠠ᠂ ᠡᠮᠴᠢᠯᠡᠭᠡᠨ᠎ᠤ ᠳᠠᠭᠠᠳᠭᠠᠯ᠎ᠤᠨ ᠲᠦᠷᠦ᠍᠎ᠶ᠋ᠢᠨ ᠪᠤᠳᠤᠯᠭ᠎ᠠ᠎ᠶ᠋ᠢᠨ ᠬᠠᠮᠤᠭ᠎ᠤᠨ ᠪᠣᠷᠣᠭ᠍ᠵᠢᠭᠤᠨ ᠠᠷᠠᠳ᠎ᠤᠨ ᠠᠮᠢᠳᠤᠷᠠᠯ᠎ᠤᠨ ᠬᠠᠷᠢᠭᠤᠯᠲᠠ᠎ᠶ᠋ᠢᠨ ᠬᠠᠭᠤᠳᠠᠰᠤ ᠬᠠᠳᠠᠭ᠋ᠠᠯᠠᠭᠳᠠᠵᠤ ᠪᠠᠢᠯ᠎ᠠ᠃
ᠡᠮᠴᠢᠯᠡᠭᠡᠨ᠎ᠤ ᠳᠠᠭᠠᠳᠭᠠᠯ᠎ᠤᠨ ᠬᠠᠮᠢᠶᠠᠷᠤᠯᠲᠠ᠎ᠶ᠋ᠢᠨ ᠠᠵᠢᠯ᠎ᠤᠨ ᠪᠠᠢᠷᠢ᠎ᠶᠢᠨ ᠠᠷᠪᠠᠨ ᠵᠢᠯ᠄ ᠳᠦᠷᠢᠮ ᠬᠢᠭᠡᠳ ᠰᠢᠨ᠎ᠡ᠎ᠶᠢ ᠡᠭᠦᠳᠬᠦ ᠳᠤᠮᠳᠠ ᠰᠠᠭᠤᠷᠢ ᠮᠥᠩᠭᠥᠨ᠎ᠦ ᠠᠮᠤᠷ ᠳᠦᠪᠰᠢᠨ᠎ᠢ ᠬᠠᠮᠠᠭ᠋ᠠᠯᠠᠪᠠ
2014 ᠣᠨ᠎ᠳᠤ ᠪᠢ ᠡᠮᠨᠡᠯᠭᠡ᠎ᠶ᠋ᠢᠨ ᠬᠤᠷᠢᠶᠠᠨ᠎ᠤ ᠡᠮᠴᠢᠯᠡᠭᠡᠨ᠎ᠤ ᠳᠠᠭᠠᠳᠭᠠᠯ᠎ᠤᠨ ᠰᠠᠯᠠᠭ᠎ᠠ᠎ᠳᠤ ᠱᠢᠯᠵᠢᠨ ᠣᠷᠣᠵᠤ᠂ ᠠᠯᠪᠠᠨ ᠬᠡᠷ᠎ᠤᠨ ᠡᠭᠦᠳᠡᠨ ᠳᠡᠭᠡᠷᠡᠬᠢ 《 ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠬᠢᠨᠠᠨ ᠬᠠᠮᠢᠶᠠᠷᠤᠯᠲᠠ ᠪᠠ ᠬᠢᠨᠠᠨ ᠬᠠᠷᠭᠤᠭᠤᠯᠤᠯᠲᠠ 》 ᠶᠢᠨ ᠤᠷᠢᠶ᠎ᠠ ᠮᠠᠰᠢ ᠢᠯᠡ ᠲᠣᠳᠣ ᠪᠠᠢ᠌ᠪᠠ᠃ ᠡᠮᠴᠢᠯᠡᠭᠡ ᠡᠴᠡ ᠬᠠᠮᠢᠶᠠᠷᠤᠯᠲᠠ ᠬᠦᠷᠲᠡᠯ᠎ᠡ᠂ ᠬᠠᠷᠠᠭᠠᠨᠤ᠋ ᠬᠤᠪᠢᠷᠠᠯᠲᠠ ᠨᠢ ᠨᠠᠳᠠᠳ᠋ᠤ ᠡᠮᠴᠢᠯᠡᠭᠡᠨ᠎ᠤ ᠳᠠᠭᠠᠳᠭᠠᠯ᠎ᠤᠨ ᠨᠡᠩ ᠬᠣᠷᠸ᠎ᠠ ᠵᠢᠷᠤᠭ ᠲᠥᠯᠥᠪᠯᠡᠭᠡ ᠪᠦᠬᠦ᠌ ᠤᠯᠤᠰ᠎ᠤ᠋ᠨ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠥᠨ᠎ᠦ᠌ ᠵᠠᠷᠤᠯᠭ᠎ᠠ ᠲᠦᠮᠡᠨ ᠳ᠋ᠦᠩᠰᠢᠭᠤᠷ ᠲᠥᠭᠥᠷᠢᠭ᠎ᠢ᠋ ᠳᠠᠪᠠᠵᠤ᠂ ᠳᠠᠭᠠᠳᠭᠠᠯ᠎ᠤ᠋ᠨ ᠮᠡᠬᠡᠯᠡᠯᠦ᠋ᠨ ᠬᠡᠷᠡᠭ ᠡᠬᠢᠯᠡᠨ ᠭᠠᠷᠬᠤ᠎ᠳᠤ᠂ ᠮᠢᠨᠦ᠍ ᠠᠵᠢᠯ ᠵᠥᠪᠬᠡᠨ 《 ᠨᠢᠭᠡ ᠳᠠᠩᠰᠠ᠎ᠶᠢ ᠨᠠᠷᠢᠪᠴᠢᠯᠠᠨ ᠲᠣᠭ᠋ᠠᠴᠠᠬᠤ 》 ᠲᠡᠳᠦᠢ ᠪᠢᠰᠢ ᠪᠣᠯᠵᠤ᠂ ᠬᠠᠷᠢᠨ 《 ᠨᠢᠭᠡ ᠴᠥᠭᠥᠷᠥᠮᠦ᠋ᠨ ᠤᠰᠤ᠎ᠶᠢ ᠰᠠᠢᠲᠤᠷ ᠰᠠᠬᠢᠬᠤ 》 ᠪᠣᠯᠤᠨ᠎ᠠ ᠃
2016 ᠣᠨ᠎ᠳᠤ᠂ ᠮᠤᠵᠢ ᠠᠯᠤᠰᠯᠠᠨ ᠣᠨᠳᠣᠤ ᠭᠠᠵᠠᠷ᠎ᠲᠤ ᠡᠮᠨᠡᠭᠦᠯᠦᠭ᠌ᠰᠡᠨ ᠵᠠᠷᠤᠳᠠᠯ᠎ᠢ ᠱᠢᠭᠤᠳ ᠳ᠋ᠦᠩᠨᠡᠨ ᠪᠤᠳᠤᠬᠤ᠎ᠶ᠋ᠢ ᠡᠬᠢᠯᠡᠭᠦᠯᠵᠦ᠍᠂ ᠮᠠᠰᠢ ᠣᠯᠠᠨ ᠠᠵᠢᠯ᠎ᠠᠴᠠ᠎ᠪᠠᠨ ᠠᠮᠠᠷᠠᠭ᠍ᠰᠠᠨ ᠨᠠᠰᠤᠲᠠᠨ ᠦᠷ᠎ᠡ ᠬᠡᠦᠬᠡᠳ᠎ᠢᠶᠠᠨ ᠳᠠᠭᠠᠵᠤ ᠭᠠᠳᠠᠨ᠎ᠠ ᠣᠷᠣᠨ᠎ᠳᠤ ᠠᠮᠢᠳᠤᠷᠠᠵᠤ᠂ ᠡᠪᠡᠳᠴᠢᠲᠡᠨ ᠵᠢᠴᠢ ᠬᠡᠷ ᠪᠦᠯᠢ᠎ᠶ᠋ᠢᠨ ᠳᠠᠭᠠᠳᠭᠠᠯ᠎ᠳᠤ ᠣᠷᠣᠯᠴᠠᠭ᠍ᠰᠠᠨ ᠭᠠᠵᠠᠷ᠎ᠤᠨ ᠲᠠᠩᠰᠠ ᠲᠠᠢᠯᠬᠤ ᠳᠠᠷᠤᠭᠠᠰᠤ᠎ᠶ᠋ᠢ ᠬᠥᠩᠭᠡᠷᠡᠭᠦᠯᠬᠦ᠌᠎ᠶ᠋ᠢᠨ ᠲᠥᠯᠥᠭᠡ᠂ ᠪᠢᠳᠡ ᠴᠡᠭ ᠲᠣᠭ᠍ᠲᠠᠭᠠᠨ ᠣᠨᠳᠣᠤ ᠭᠠᠵᠠᠷ᠎ᠲᠤ ᠰᠦᠯᠵᠢᠶ᠎ᠡ ᠬᠤᠯᠪᠣᠨ ᠡᠮᠴᠢᠯᠡᠭᠡᠨ᠎ᠤ ᠪᠠᠢᠭᠤᠯᠤᠮᠵᠢ ᠪᠠᠢᠭᠤᠯᠵᠤ᠂ ᠨᠢᠭᠡᠨ ᠱᠢᠨᠵᠢᠶᠠᠩ᠎ᠤᠨ ᠡᠪᠡᠳᠴᠢᠲᠡᠨ᠎ᠤ ᠬᠡᠷ ᠪᠦᠯᠢ᠎ᠶ᠋ᠢᠨ᠎ᠬᠢᠨ᠎ᠤ ᠮᠠᠨ᠎ᠤ ᠠᠯᠪᠠᠨ ᠬᠡᠷ᠎ᠲᠤ ᠬᠦᠷᠴᠦ᠍ ᠳᠣᠲᠣᠭᠠᠳᠤ ᠰᠡᠳᠭᠢᠯ᠎ᠠᠴᠠ᠎ᠪᠠᠨ ᠲᠠᠯᠠᠷᠬᠠᠵᠤ᠄ 《 ᠣᠳᠣ ᠰᠦᠯᠵᠢᠶᠡᠨ᠎ᠳᠤ ᠬᠤᠯᠪᠣᠵᠤ ᠱᠢᠭᠤᠳ ᠳ᠋ᠦᠩᠨᠡᠨ ᠪᠤᠳᠤᠬᠤ᠎ᠨᠢ ᠦᠨᠡᠬᠡᠷ ᠰᠠᠢᠨ ᠪᠣᠯᠵᠠᠶ᠂ ᠮᠡᠳᠡᠳᠡᠭ᠎ᠢᠶᠡᠷ᠂ ᠱᠢᠨᠵᠢᠶᠠᠩ ᠪᠣᠯ ᠰᠦᠯᠵᠢᠶᠡᠨ ᠳᠡᠭᠡᠷ᠎ᠡ ᠬᠤᠳᠠᠯᠳᠤᠨ ᠠᠪᠤᠭ᠍ᠰᠠᠨ ᠴᠤ᠌ ᠱᠢᠤᠳᠠᠨ᠎ᠤ ᠵᠠᠷᠤᠳᠠᠯ᠎ᠢ ᠳᠠᠭ᠋ᠠᠭ᠋ᠠᠬᠤ ᠦᠭᠡᠢ ᠪᠠᠢᠭ᠍ᠰᠠᠨ ᠭᠠᠵᠠᠷ ᠱᠢᠤ ᠂ ᠥᠩᠭᠡᠷᠡᠭ᠌ᠰᠡᠨ᠎ᠳᠤ ᠬᠠᠷᠢᠭᠠᠳ ᠨᠢᠭᠡ ᠤᠳᠠᠭ᠎ᠠ ᠲᠠᠩᠰᠠ ᠮᠡᠳᠡᠭᠦᠯᠬᠦ᠌ ᠪᠦᠷᠢ ᠂ ᠪᠢ ᠪᠦᠷ ᠬᠠᠭᠠᠰ ᠰᠠᠷ᠎ᠠ᠎ᠶ᠋ᠢᠨ ᠴᠢᠯᠥᠭᠡ ᠭᠤᠶᠤᠳᠠᠭ᠂ ᠨᠠᠮ ᠪᠠ ᠵᠠᠰᠠᠭ᠎ᠤᠨ ᠣᠷᠳᠣᠨ᠎ᠤ ᠰᠠᠢᠨ ᠲᠥᠷᠥ᠎ᠶ᠋ᠢᠨ ᠪᠣᠳᠣᠯᠭ᠎ᠠ᠎ᠳᠤ ᠲᠠᠯᠠᠷᠬᠠᠵᠤ ᠪᠠᠢᠨ᠎ᠠ 》 ᠭᠡᠪᠡ᠃ ᠲᠡᠷᠡ ᠮᠥᠴᠡ᠎ᠳᠤ᠂ ᠲᠦᠷᠦ᠍᠎ᠶ᠋ᠢᠨ ᠪᠤᠳᠤᠯᠭ᠎ᠠ᠎ᠶ᠋ᠢᠨ ᠤᠬᠠᠭᠤᠯᠭ᠎ᠠ᠎ᠨᠢ ᠬᠠᠲᠠᠭᠤ ᠴᠢᠩᠭ᠎ᠠ ᠵᠤᠷᠪᠤᠰ ᠵᠦᠢᠯ ᠪᠢᠰᠢ᠂ ᠬᠠᠷᠢᠨ ᠤᠯᠠᠨ ᠲᠦᠮᠡᠨ ᠦᠵᠡᠵᠦ ᠳᠡᠢ᠌ᠯᠬᠦ᠂ ᠪᠣᠳᠣᠬᠤ᠎ᠳᠤ ᠪᠣᠳᠠᠲᠤ ᠠᠱᠢᠭ ᠬᠦᠷᠲᠡᠭᠡᠬᠦ᠌ ᠶᠤᠮ᠃

ᠰᠠᠭᠤᠷᠢ ᠮᠥᠩᠭᠥᠨ᠎ᠦ᠌ ᠬᠢᠨᠠᠯᠲᠠ ᠬᠠᠮᠢᠶᠠᠷᠤᠯᠲᠠ᠎ᠶᠢᠨ ᠨᠠᠷᠢᠯᠢᠭ ᠣᠨᠣᠪᠴᠢᠲᠠᠢ ᠬᠦᠴᠦ᠍ ᠨᠢ ᠣᠶᠤᠨᠲᠤ ᠬᠢᠨᠠᠨ ᠬᠠᠷᠭᠤᠭᠤᠯᠬᠤ ᠴᠠᠭ ᠦᠶ᠎ᠡ᠎ᠳᠤ ᠨᠡᠩ ᠴᠢᠬᠤᠯᠠ ᠪᠣᠯᠵᠤ ᠪᠠᠢᠨ᠎ᠠ᠃ 2018 ᠣᠨ᠎ᠳᠤ ᠤᠯᠤᠰ᠎ᠤᠨ ᠡᠮᠴᠢᠯᠡᠭᠡᠨ᠎ᠤ ᠪᠠᠲᠤᠯᠠᠭ᠎ᠠ᠎ᠶᠢᠨ ᠲᠣᠪᠴᠢᠶ᠎ᠠ ᠪᠠᠢᠭᠤᠯᠤᠭ᠍ᠳᠠᠭ᠍ᠰᠠᠨ᠎ᠤ ᠳᠠᠷᠠᠭ᠎ᠠ᠂ ᠮᠠᠨ᠎ᠤ ᠡᠮᠨᠡᠯᠭᠡ᠎ᠶ᠋ᠢᠨ ᠬᠤᠷᠢᠶ᠎ᠠ ᠣᠶᠤᠨᠴᠢ ᠬᠢᠨᠠᠨ ᠬᠠᠷᠭᠤᠭᠤᠯᠬᠤ ᠱᠢᠰᠲ᠋ᠧᠮ᠎ᠳᠤ ᠵᠠᠯᠭᠠᠨ ᠣᠷᠣᠭᠤᠯᠵᠤ᠂ 《ᠡᠪᠡᠳᠴᠢᠨ᠎ᠠᠴᠠ ᠬᠡᠲᠦᠷᠡᠲᠡᠯ᠎ᠡ ᠡᠮ ᠬᠡᠷᠡᠭ᠌ᠯᠡᠬᠦ᠌ 》᠂ 《 ᠪᠠᠢᠴᠠᠭᠠᠬᠤ ᠲᠥᠷᠥᠯ ᠵᠦᠢᠯ᠎ᠢ ᠳᠠᠬᠢᠨ ᠳᠠᠪᠲᠠᠨ ᠰᠦᠢᠳᠭᠡᠯ ᠬᠤᠷᠢᠶᠠᠬᠤ 》 ᠵᠡᠷᠭᠡ ᠰᠡᠵᠢᠭ᠎ᠲᠠᠢ ᠴᠡᠭ᠎ᠢ ᠠᠦ᠋ᠲ᠋ᠣ᠋ ᠲᠡᠮᠳᠡᠭ ᠪᠣᠯᠭᠠᠵᠤ ᠴᠢᠳᠠᠬᠤ ᠪᠣᠯᠪᠠ᠃ ᠱᠢᠰᠲ᠋ᠧᠮ ᠰᠡᠷᠡᠮᠵᠢᠯᠡᠭᠦᠯᠪᠡᠯ᠂ ᠪᠢᠳᠡ ᠡᠪᠡᠳᠴᠢᠨ᠎ᠤ ᠲᠡᠦᠬᠡ᠎ᠶᠢ ᠱᠢᠯᠵᠢᠭᠦᠯᠦᠨ ᠠᠪᠴᠤ᠌᠂ ᠰᠠᠯᠠᠭ᠎ᠠ ᠲᠠᠰᠤᠭ᠎ᠲᠠᠢ ᠨᠡᠪᠲᠡᠷᠡᠯᠴᠡᠵᠦ᠍᠂ ᠰᠠᠯᠠᠭ᠎ᠠ ᠲᠠᠰᠤᠭ᠎ᠨᠢ ᠴᠠᠭ ᠲᠤᠬᠠᠶ᠎ᠳᠤ ᠨᠢ ᠭᠤᠮᠣᠳᠠᠯ ᠲᠣᠭᠠᠴᠢᠬᠤ ᠪᠤᠶᠤ ᠴᠡᠭ᠌ᠴᠡᠯᠡᠨ ᠰᠠᠢᠵᠢᠷᠠᠭᠤᠯᠵᠤ ᠪᠣᠯᠤᠨ᠎ᠠ᠂ ᠡᠢᠮᠦᠷᠬᠦ᠌ 《 ᠬᠢᠨᠠᠨ ᠬᠠᠮᠢᠶᠠᠷᠤᠯᠲᠠ + ᠦᠶ᠋ᠯᠡᠴᠢᠯᠡᠭᠡ 》 ᠶ᠋ᠢᠨ ᠵᠠᠭ᠍ᠪᠤᠷ᠎ᠨᠢ ᠪᠢᠳᠡᠨ᠎ᠳᠤ᠂ ᠥᠭᠡᠷᠡᠴᠢᠯᠡᠯᠲᠡ᠎ᠨᠢ ᠡᠮᠨᠡᠨ ᠵᠠᠰᠠᠬᠤ᠎ᠶ᠋ᠢ ᠬᠢᠵᠠᠭ᠋ᠠᠷᠯᠠᠬᠤ ᠪᠢᠰᠢ᠂ ᠬᠠᠷᠢᠨ ᠡᠮᠴᠢᠯᠡᠭᠡᠨ᠎ᠤ ᠡᠬᠢ ᠪᠠᠶᠠᠯᠢᠭ᠎ᠢ ᠵᠦᠶ ᠵᠣᠬᠢᠰᠲᠠᠶ ᠬᠡᠷᠡᠭ᠌ᠯᠡᠬᠦ᠌᠎ᠶ᠋ᠢ ᠬᠥᠲᠥᠯᠥᠨ ᠵᠢᠯᠣᠭᠤᠳᠴᠤ᠌ ᠪᠠᠢᠨ᠎ᠠ ᠭᠡᠳᠡᠭ᠎ᠢ ᠣᠢ᠌ᠯᠠᠭ᠋ᠠᠭᠤᠯᠪᠠ᠃

ᠲᠥᠪᠯᠡᠷᠡᠭᠦᠯᠦᠨ ᠬᠤᠳᠠᠯᠳᠤᠨ ᠠᠪᠬᠤ ᠥᠭᠡᠷᠡᠴᠢᠯᠡᠯᠲᠡ᠎ᠶᠢᠨ ᠠᠰᠢᠭ ᠲᠤᠰᠠ᠎ᠶᠢ ᠲᠠᠯᠪᠢᠬᠤ ᠪᠣᠯ ᠡᠨᠡ ᠠᠷᠪᠠᠨ ᠵᠢᠯ᠎ᠦ᠋ᠨ ᠬᠠᠮᠤᠭ᠎ᠤ᠋ᠨ ᠨᠢᠳᠦ ᠭᠢᠯᠠᠰᠤᠮ᠎ᠠ ᠬᠤᠪᠢᠷᠠᠯᠲᠠ ᠪᠣᠯᠤᠨ᠎ᠠ᠃ 2020 ᠣᠨ᠎ᠤ ᠨᠢᠭᠡᠳᠦᠭᠡᠷ ᠪᠦᠯᠦᠭ ᠤᠯᠤᠰ᠎ᠠᠴᠠ ᠲᠥᠪᠯᠡᠷᠡᠭᠦᠯᠦᠨ ᠬᠤᠳᠠᠯᠳᠤᠨ ᠠᠪᠤᠭᠰᠠᠨ ᠡᠮ᠎ᠤᠨ ᠵᠦᠢᠯ ᠨᠢ ᠪᠠᠭᠤᠬᠤ᠎ᠳᠤ᠂ ᠣᠷᠳᠣ ᠬᠤᠭᠤᠴᠠᠭ᠎ᠠ᠎ᠪᠠᠷ ᠴᠢᠰᠤᠨ ᠳᠠᠷᠤᠯᠲᠠ ᠥᠨᠳᠥᠷ ᠡᠮ ᠢᠳᠡᠳᠡᠭ ᠸᠠᠩ ᠠᠨᠢᠶ᠎ᠠ᠂ ᠤᠤᠯ᠎ᠤᠨ ᠨᠢᠭᠡ ᠬᠠᠢᠷᠴᠠᠭ ᠨᠢ 38 ᠲᠥᠭᠦᠷᠢᠭ ᠪᠣᠯᠬᠤ ᠡᠮᠢᠶᠠᠨ ᠠᠪᠴᠤ᠄ 《 ᠣᠲᠣ ᠵᠥᠪᠬᠡᠨ 5. 6 ᠲᠥᠭᠥᠷᠢᠭ ᠪᠠᠢ᠌ᠵᠤ᠂ ᠡᠨᠡ᠎ᠨᠢ ᠠᠳᠠᠯᠢᠬᠠᠨ ᠡᠮ ᠮᠥᠨ ᠦᠦ ? 》 ᠭᠡᠵᠦ᠍ ᠠᠰᠠᠭᠤᠯ᠎ᠠ᠃ ᠪᠢᠳᠠ ᠡᠮ ᠨᠠᠢ᠌ᠷᠠᠭᠤᠯᠤᠭᠴᠢ ᠪᠠᠷ ᠪᠦᠷᠢᠯᠳᠦᠭᠦᠨ᠂ ᠦᠢᠯᠡᠳᠪᠦᠷᠢ᠂ ᠪᠠᠰᠠ ᠡᠮᠴᠢᠯᠡᠭᠡᠨ᠎ᠤ ᠳ᠋ᠠᠢ᠌ᠲ᠋ᠠ᠎ᠶᠢ ᠬᠠᠷᠢᠴᠠᠭᠤᠯᠵᠤ᠄ 《 ᠲᠠ ᠦᠵᠡ᠂ ᠲᠥᠪᠯᠡᠷᠡᠭᠦᠯᠦᠨ ᠬᠤᠳᠠᠯᠳᠤᠨ ᠠᠪᠬᠤ᠎ᠳᠤ ᠨᠢᠭᠡᠳᠦᠯᠲᠦ ᠴᠢᠨᠠᠷᠲᠠᠢ ᠦᠨᠡᠯᠡᠯᠲᠡ᠎ᠶ᠋ᠢ ᠥᠩᠭᠡᠷᠡᠭᠡᠵᠦ᠍᠂ ᠶᠠᠰᠤ ᠴᠢᠨᠠᠷ᠎ᠨᠢ ᠪᠠᠲᠤᠯᠠᠭ᠎ᠠ᠎ᠲᠠᠢ ᠪᠣᠯᠵᠤ᠂ ᠦᠨ᠎ᠡ ᠬᠠᠩᠰᠢ᠎ᠨᠢ ᠪᠠᠭᠤᠷᠠᠭ᠍ᠰᠠᠨ ᠨᠢ ᠤᠯᠤᠰ᠎ᠠᠴᠠ ᠣᠯᠠᠨ᠎ᠢ ᠬᠠᠪᠰᠤᠷᠤᠨ 〈 ᠣᠯᠠᠭᠤᠯᠠ ᠬᠠᠮᠲᠤ᠎ᠪᠠᠷ ᠬᠤᠳᠠᠯᠳᠤᠨ ᠠᠪᠤᠭᠰᠠᠨ〉 ᠶᠤᠮ 》᠃ ᠭᠤᠷᠪᠠᠨ ᠰᠠᠷ᠎ᠠ᠎ᠶ᠋ᠢᠨ ᠳᠠᠷᠠᠭ᠎ᠠ᠂ ᠸᠠᠩ ᠠᠨᠢᠶ᠎ᠠ ᠳᠠᠬᠢᠭᠠᠳ ᠢᠷᠡᠵᠦ᠍ ᠡᠮ ᠠᠪᠬᠤ᠎ᠳᠤ᠎ᠪᠠᠨ ᠢᠨᠢᠶᠡᠮᠰᠦᠭᠯᠡᠨ᠄ 《 ᠠᠷᠪᠢᠯᠠᠭ᠍ᠰᠠᠨ ᠵᠣᠭᠤᠰ᠎ᠢᠶᠡᠷ ᠪᠢ ᠨᠢᠭᠡ ᠰᠠᠷ᠎ᠠ᠎ᠶ᠋ᠢᠨ ᠨᠣᠭᠤᠭ᠎ᠠ ᠠᠪᠴᠢᠬᠠᠨ᠎ᠠ ! 》 ᠭᠡᠪᠡ᠃ 2023 ᠤᠨ ᠪᠣᠯᠬᠤ᠎ᠳᠤ᠂ ᠲᠥᠪᠯᠡᠷᠡᠭᠦᠯᠦᠨ ᠬᠤᠳᠠᠯᠳᠤᠨ ᠠᠪᠬᠤ ᠬᠡᠪᠴᠢᠶ᠎ᠡ᠎ᠶ᠋ᠢ ᠬᠤᠷᠣᠭ᠍ᠳᠠᠯ ᠮᠠᠲ᠋ᠧᠷᠢᠶᠠᠯ᠂ ᠪᠠᠢᠴᠠᠭᠠᠯᠲᠠ᠎ᠶ᠋ᠢᠨ ᠲᠤᠷᠱᠢᠯᠲᠠ᠎ᠶ᠋ᠢᠨ ᠡᠮ ᠬᠦᠷᠲᠡᠯ᠎ᠡ ᠥᠷᠭᠡᠳᠬᠡᠵᠦ᠂ ᠡᠮᠨᠡᠯᠭᠡ᠎ᠶ᠋ᠢᠨ ᠬᠤᠷᠢᠶ᠎ᠠ᠎ᠶ᠋ᠢᠨ ᠡᠮ᠎ᠤᠨ ᠡᠵᠡᠯᠡᠬᠦ᠌ ᠬᠠᠷᠢᠴᠠᠯ᠎ᠢ 35% ᠡᠴᠡ 24% ᠪᠣᠯᠲᠠᠯ᠎ᠠ ᠪᠠᠭᠤᠷᠠᠭᠤᠯᠵᠤ᠂ ᠡᠪᠡᠳᠴᠢᠲᠡᠨ᠎ᠤ ᠤᠳᠠᠭ᠎ᠠ ᠪᠦᠷᠢ᠎ᠶ᠋ᠢᠨ ᠡᠮᠨᠡᠯᠭᠡ᠎ᠳᠤ ᠰᠠᠭᠤᠬᠤ ᠳᠤᠮᠳᠠᠴᠢ ᠵᠠᠷᠤᠳᠠᠯ᠎ᠢ 37% ᠪᠠᠷ ᠪᠠᠭᠤᠷᠠᠭᠤᠯᠵᠤ᠂ ᠡᠳᠡᠭᠡᠷ ᠲᠣᠭᠠᠨ᠎ᠤ ᠠᠷᠤ᠎ᠳᠤ᠂ ᠮᠢᠩᠭ᠎ᠠ ᠲᠦᠮᠡᠨ ᠬᠡᠷ ᠪᠦᠯᠢ᠎ᠶ᠋ᠢᠨ ᠦᠨᠡᠨ ᠪᠣᠳᠠᠲᠠᠶ ᠳᠠᠷᠤᠭᠠᠰᠤ ᠬᠥᠩᠭᠡᠷᠡᠭᠰᠡᠨ ᠪᠠᠢ᠌ᠳᠠᠯ ᠪᠣᠯᠣᠨ᠎ᠠ᠃
ᠬᠣᠷᠢᠨ ᠵᠢᠯ᠎ᠦᠨ ᠭᠡᠷᠡᠴᠢᠯᠡᠯ᠄ ᠡᠮᠴᠢᠯᠡᠭᠡᠨ᠎ᠤ ᠳᠠᠭ᠋ᠠᠳᠬᠠᠯ᠎ᠤᠨ ᠥᠭᠡᠷᠡᠴᠢᠯᠡᠯᠲᠡ᠎ᠳᠡᠬᠢ ᠬᠤᠪᠢᠷᠠᠯᠲᠠ ᠪᠠ ᠬᠤᠪᠢᠷᠠᠯᠲᠠ ᠦᠭᠡᠶ
ᠡᠮᠴᠢᠯᠡᠭᠡ ᠡᠴᠡ ᠬᠠᠮᠢᠶᠠᠷᠤᠯᠲᠠ ᠬᠦᠷᠲᠡᠯ᠎ᠡ᠂ ᠬᠣᠷᠢᠨ ᠵᠢᠯ᠎ᠦ᠋ᠨ ᠲᠤᠷᠰᠢ᠂ ᠪᠢ ᠥᠪᠡᠷ᠎ᠦ᠋ᠨ ᠪᠡᠶ᠎ᠡ᠎ᠪᠡᠷ᠎ᠢᠶᠡᠨ ᠡᠮᠴᠢᠯᠡᠭᠡᠨ᠎ᠦ ᠳᠠᠭ᠋ᠠᠳᠬᠠᠯ᠎ᠤᠨ ᠭᠠᠷᠴᠠᠭ ᠬᠡᠳᠦᠨ ᠵᠠᠭᠤᠨ ᠵᠦᠢᠯ᠎ᠦ᠋ᠨ ᠡᠮ ᠪᠠᠢᠭ᠍ᠰᠠᠨᠠ᠋ᠴᠠ 3159 ᠵᠦᠢᠯ ᠪᠣᠯᠭ᠋ᠠᠨ ᠥᠷᠭᠡᠳᠬᠡᠵᠦ᠂ ᠳᠠᠩᠰᠠ ᠲᠠᠢᠯᠬᠤ ᠬᠠᠷᠢᠴᠠᠯᠢ᠋ 50% ᠣᠷᠴᠢᠮᠠ᠋ᠴᠠ 70% ᠠ᠋ᠴᠠ ᠳᠡᠭᠡᠭ᠌ᠱᠢ ᠪᠣᠯᠭᠠᠨ ᠳᠡᠭᠡᠭ᠌ᠱᠢᠯᠡᠭᠦᠯᠵᠦ᠍ ᠂ ᠣᠨᠳᠣᠣ ᠭᠠᠵᠠᠷ᠎ᠲᠤ᠌ ᠡᠪᠡᠳᠴᠢᠨ ᠦᠵᠡᠭᠦᠯᠬᠦ᠌ᠳ᠋ᠦ᠍ 《 ᠭᠦᠶᠦᠵᠦ᠍ ᠳᠠᠩᠰᠠ ᠲᠠᠢᠯᠬᠤ 》 ᠠ᠋ᠴᠠ 《 ᠨᠢᠭᠡ ᠺᠠᠷᠲ᠎ᠢᠶᠡᠷ ᠨᠡᠪᠲᠡᠷᠡᠬᠦ᠌ 》᠎ᠶᠢ ᠨᠢᠳᠦ᠎ᠪᠡᠷ᠎ᠢᠶᠡᠨ ᠣᠯᠵᠤ ᠬᠠᠷᠠᠪᠠ᠂ ᠲᠥᠪᠯᠡᠷᠡᠭᠦᠯᠦᠨ ᠬᠤᠳᠠᠯᠳᠤᠨ ᠠᠪᠬᠤ ᠨᠢ 《 ᠥᠨᠳᠥᠷ ᠦᠨ᠎ᠡ ᠲᠠᠢ ᠡᠮ 》᠎ᠢ᠋ 《 ᠡᠭᠡᠯ ᠠᠷᠠᠳ᠎ᠤ᠋ᠨ ᠡᠮ 》 ᠪᠣᠯᠭᠠᠬᠤ᠎ᠶᠢ ᠣᠯᠵᠤ ᠦᠵᠡᠪᠡ ᠃ ᠡᠲᠡᠭᠡᠷ ᠬᠤᠪᠢᠷᠠᠯᠲᠠ᠎ᠶ᠋ᠢᠨ ᠠᠷᠤ᠎ᠳᠤ᠂ ᠤᠯᠤᠰ᠎ᠠᠴᠠ 《ᠠᠷᠠᠳ ᠲᠦᠮᠡᠨ᠎ᠤ ᠡᠷᠡᠭᠦᠯ ᠮᠡᠨᠳᠦ᠍᠎ᠶ᠋ᠢ ᠪᠠᠲᠤᠯᠠᠬᠤ᠎ᠶ᠋ᠢ ᠤᠷᠢᠳ᠎ᠢᠶᠠᠷ ᠬᠥᠭ᠌ᠵᠢᠭᠦᠯᠬᠦ᠌ ᠪᠠᠢᠯᠳᠤᠬᠤ ᠪᠣᠳᠣᠯᠭ᠎ᠠ᠎ᠶ᠋ᠢᠨ ᠪᠠᠢᠷᠢᠨ᠎ᠳᠤ ᠲᠠᠯᠪᠢᠬᠤ 》 ᠡᠷᠡᠰ ᠵᠣᠷᠢᠭ ᠪᠠᠢᠵᠤ᠂ ᠡᠮᠴᠢᠯᠡᠭᠡᠨ᠎ᠤ ᠳᠠᠭ᠋ᠠᠳᠬᠠᠯ᠎ᠤᠨ 《ᠦᠨᠳᠦᠰᠦᠨ ᠵᠦᠢᠯ᠎ᠢ ᠪᠠᠲᠤᠯᠠᠬᠤ 》᠎ᠠᠴᠠ 《 ᠴᠢᠨᠠᠷ ᠰᠠᠢᠲᠠᠶ 》 ᠲᠡᠢ᠌ᠰᠢ ᠤᠷᠤᠭ᠍ᠰᠢᠯᠠᠬᠤ ᠠᠯᠬᠤᠭ᠎ᠠ ᠪᠣᠯᠤᠨ᠎ᠠ᠃
ᠭᠡᠪᠡᠴᠦ᠍ ᠵᠠᠷᠢᠮ ᠵᠦᠢᠯ ᠶᠡᠷᠦ᠍ ᠡᠴᠡ ᠬᠤᠪᠢᠷᠠᠭ᠍ᠰᠠᠨ ᠦᠭᠡᠢ ᠡᠪᠡᠳᠴᠢᠲᠡᠨ᠎ᠦ ᠥᠷᠥᠭᠡᠨ᠎ᠳᠦ ᠡᠪᠡᠳᠴᠢᠲᠡᠨ᠎ᠦ ᠬᠤᠪᠢ᠎ᠶ᠋ᠢᠨ ᠵᠠᠷᠤᠳᠠᠯ᠎ᠤᠨ ᠬᠠᠷᠢᠴᠠᠯ᠎ᠢ ᠲᠣᠳᠣᠯᠠᠵᠤ ᠥᠭ᠌ᠭᠦᠭ᠌ᠰᠡᠨ ᠴᠦ᠍ ᠲᠡᠷᠡ᠂ ᠬᠠᠮᠢᠶᠠᠷᠤᠯᠲᠠ᠎ᠶ᠋ᠢᠨ ᠠᠵᠢᠯ᠎ᠤᠨ ᠪᠠᠢᠷᠢ ᠳᠡᠭᠡᠷ᠎ᠡ᠎ᠪᠡᠨ ᠵᠠᠷᠤᠳᠠᠯ ᠰᠦᠢᠳᠭᠡᠯ᠎ᠢ ᠨᠢ ᠬᠢᠨᠠᠨ ᠪᠠᠢᠴᠠᠭᠠᠭ᠍ᠰᠠᠨ ᠴᠤ᠌ ᠲᠡᠷᠡ᠂ ᠪᠢᠳᠡ ᠢᠮᠠᠭ᠍ᠲᠠ ᠠᠳᠠᠯᠢ ᠨᠢᠭᠡᠨ ᠠᠰᠠᠭᠤᠯᠲᠠ᠎ᠶ᠋ᠢ ᠬᠠᠷᠢᠭᠤᠯᠵᠤ᠄ ᠬᠢᠵᠠᠭᠠᠷ᠎ᠲᠠᠢ ᠡᠮᠴᠢᠯᠡᠭᠡᠨ᠎ᠤ ᠳᠠᠭ᠋ᠠᠳᠬᠠᠯ᠎ᠤᠨ ᠰᠠᠭᠤᠷᠢ ᠮᠥᠩᠭᠥ᠎ᠶ᠋ᠢ ᠬᠡᠷᠬᠢᠨ ᠠᠷᠠᠳ᠎ᠤᠨ ᠠᠮᠢᠳᠤᠷᠠᠯ᠎ᠤᠨ ᠬᠠᠮᠤᠭ᠎ᠤᠨ ᠶᠡᠬᠡ ᠦᠷ᠎ᠡ ᠠᠱᠢᠭ᠎ᠢ ᠪᠠᠳᠠᠷᠠᠭᠤᠯᠬᠤ ᠪᠤᠢ? ᠪᠢᠳᠡ ᠨᠡᠢᠭᠡᠮ ᠲᠣᠭᠤᠷᠢᠭ᠎ᠲᠤ ᠭᠦᠨᠵᠡᠭᠡᠢᠷᠡᠨ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ ᠪᠠ ᠡᠭᠦᠳᠡᠨ ᠡᠮᠨᠡᠯᠭᠡ᠎ᠶ᠋ᠢᠨ ᠨᠢᠭᠡᠳᠦᠯᠲᠡᠶ ᠲᠥᠯᠥᠪᠯᠡᠬᠦ᠌ ᠲᠥᠷᠥ᠎ᠶ᠋ᠢᠨ ᠪᠣᠳᠣᠯᠭ᠎ᠠ᠎ᠶ᠋ᠢ ᠲᠠᠢᠯᠪᠤᠷᠢᠯᠠᠬᠤ ᠦᠶ᠎ᠡ᠎ᠳᠤ ; ᠵᠠᠯᠠᠭᠤᠴᠤᠳ ᠭᠠᠷ ᠤᠲᠠᠰᠤ᠎ᠪᠠᠷ ᠡᠮᠴᠢᠯᠡᠭᠡᠨ᠎ᠤ ᠳᠠᠭᠠᠳᠭᠠᠯ᠎ᠤᠨ ᠡᠯᠧᠺᠲᠷᠣᠨ ᠭᠡᠷᠡᠴᠢ ᠪᠠᠷᠢᠮᠲᠠ᠎ᠶ᠋ᠢ ᠠᠮᠢᠯᠠᠭᠤᠯᠬᠤ᠎ᠶ᠋ᠢ ᠪᠡᠶᠡᠯᠡᠭᠦᠯᠬᠦ᠌ ᠦᠶ᠎ᠡ᠎ᠳᠤ ; ᠭᠠᠷ᠎ᠲᠠᠬᠢ ᠡᠮ᠎ᠤᠨ ᠵᠦᠢᠯᠡᠰ᠎ᠤᠨ ᠡᠬᠢ ᠡᠭᠦᠰᠦᠯ᠎ᠢ ᠡᠷᠢᠬᠦ᠌ ᠦᠶ᠎ᠡ᠎ᠳᠤ᠂ ᠡᠮᠴᠢᠯᠡᠭᠡᠨ᠎ᠤ ᠳᠠᠭ᠋ᠠᠳᠬᠠᠯ᠎ᠤᠨ ᠥᠭᠡᠷᠡᠴᠢᠯᠡᠯᠲᠡ᠎ᠶ᠋ᠢᠨ ᠠᠯᠬᠤᠮ ᠪᠦᠷᠢ ᠴᠥᠮ ᠲᠦᠮᠡᠨ ᠡᠷᠦᠬᠡ᠎ᠶ᠋ᠢᠨ ᠳᠤᠯᠠᠭᠠᠨ᠎ᠤ ᠬᠡᠮᠵᠢᠶ᠎ᠡ᠎ᠶ᠋ᠢ ᠬᠤᠯᠪᠣᠵᠤ ᠪᠠᠢᠬᠤ ᠭᠡᠳᠡᠭ᠎ᠢ ᠪᠢ ᠮᠡᠳᠡᠯ᠎ᠡ᠃


ᠳᠠᠷᠠᠭ᠎ᠠ ᠠᠷᠪᠠᠨ ᠵᠢᠯ ᠶᠠᠮᠠᠷ ᠪᠣᠯᠬᠤ ᠪᠣᠯ ? AI ᠨᠢ ᠡᠮᠴᠢᠯᠡᠭᠡᠨ᠎ᠤ ᠳᠠᠭ᠋ᠠᠳᠬᠠᠯ᠎ᠤᠨ ᠬᠢᠨᠠᠯᠲᠠ᠎ᠶᠢ ᠨᠡᠩ ᠣᠶᠤᠨᠴᠢ ᠪᠣᠯᠭᠠᠵᠤ ᠮᠡᠳᠡᠨ᠎ᠡ ᠂ DRG ᠵᠠᠷᠤᠳᠠᠯ ᠨᠢ ᠨᠡᠩ ᠣᠯᠠᠨ ᠡᠪᠡᠳᠴᠢᠨ᠎ᠦ᠌ ᠲᠥᠷᠥᠯᠢ᠋ ᠬᠠᠮᠤᠷᠴᠤ᠂ ᠨᠡᠩ ᠣᠯᠠᠨ ᠬᠣᠪᠣᠷ ᠲᠣᠬᠢᠶᠠᠯᠳᠤᠬᠤ ᠡᠪᠡᠳᠴᠢᠨ᠎ᠦ᠌ ᠡᠮ᠎ᠢ᠋ ᠳᠠᠭ᠋ᠠᠳᠬᠠᠯᠳ᠋ᠤ ᠣᠷᠣᠭᠤᠯᠵᠤ ᠮᠡᠳᠡᠨ᠎ᠡ᠃ ᠭᠡᠪᠡᠴᠦ᠍ ᠲᠥᠷᠥ᠎ᠶ᠋ᠢᠨ ᠪᠣᠳᠣᠯᠭ᠎ᠠ ᠬᠡᠷᠬᠢᠨ ᠤᠯᠠᠮᠵᠢᠯᠠᠭ᠍ᠳᠠᠭ᠍ᠰᠠᠨ ᠴᠤ᠌ ᠡᠮᠴᠢᠯᠡᠭᠡᠨ᠎ᠤ ᠳᠠᠭ᠋ᠠᠳᠬᠠᠯ᠎ᠤᠨ ᠤᠭ ᠰᠠᠨᠠᠭ᠎ᠠ ᠪᠣᠯ ᠢᠮᠠᠭ᠍ᠲᠠ᠄ ᠳᠤᠮᠳᠠᠳᠤ ᠤᠯᠤᠰ᠎ᠤᠨ ᠬᠥᠮᠦᠨ ᠪᠦᠬᠦᠨ᠎ᠢ ᠰᠠᠨᠠᠭ᠎ᠠ ᠠᠮᠤᠷ ᠡᠪᠡᠳᠴᠢᠨ ᠦᠵᠡᠭᠦᠯᠵᠦ᠍᠂ ᠠᠮᠢ ᠨᠠᠰᠤᠨ᠎ᠤ ᠨᠡᠷ᠎ᠡ ᠬᠦᠨᠳᠦ᠍᠎ᠶ᠋ᠢ ᠰᠤᠢᠳᠭᠡᠯᠠᠴᠠ ᠪᠣᠯᠵᠤ ᠨᠤᠭᠤᠯᠵᠤ ᠪᠣᠯᠬᠤ ᠦᠭᠡᠶ᠃ ᠭᠡᠲᠡᠯ᠎ᠡ ᠪᠢ᠂ ᠡᠨᠡ ᠤᠳᠠᠭᠠᠨ᠎ᠤ ᠥᠭᠡᠷᠡᠴᠢᠯᠡᠯᠲᠡ᠎ᠳᠤ ᠣᠷᠣᠯᠴᠠᠭ᠍ᠰᠠᠳ ᠪᠠ ᠭᠡᠷᠡᠴᠢᠯᠡᠭ᠌ᠴᠢ ᠪᠣᠯᠤᠭ᠍ᠰᠠᠨ᠎ᠤ ᠬᠤᠪᠢ᠎ᠳᠤ᠂ ᠲᠥᠷᠥ᠎ᠶ᠋ᠢᠨ ᠪᠣᠳᠣᠯᠭ᠎ᠠ ᠪᠠ ᠠᠷᠠᠳ᠎ᠤᠨ ᠠᠮᠢᠳᠤᠷᠠᠯ᠎ᠤᠨ ᠬᠤᠭᠤᠷᠣᠨᠳᠣ ᠦᠷᠭᠦᠯᠵᠢᠯᠡᠨ ᠬᠥᠭᠦᠷᠭᠡ ᠲᠠᠯᠪᠢᠵᠤ᠂ ᠡᠮᠴᠢᠯᠡᠭᠡᠨ᠎ᠤ ᠳᠠᠭ᠋ᠠᠳᠬᠠᠯ᠎ᠤᠨ ᠨᠡᠷᠡᠨ᠎ᠤ ᠬᠡᠷᠡᠯ᠎ᠢ ᠨᠠᠩ ᠣᠯᠠᠨ ᠥᠨᠴᠥᠭ ᠪᠤᠯᠤᠩ᠎ᠳᠤ ᠭᠡᠷᠡᠯᠳᠦᠭᠦᠯᠦᠨ᠎ᠡ᠃