ᠴᠠᠭ ᠨᠡᠮᠡᠵᠦ ᠠᠵᠢᠯᠯᠠᠭᠰᠠᠨ ᠮᠥᠩᠭᠦ ᠶᠢ ᠶᠠᠭᠠᠬᠢᠵᠤ ᠪᠣᠳᠣᠬᠤ ᠪᠣᠢ︖
ᠨᠡᠶᠢᠲᠡᠯᠡᠭᠰᠡᠨ ᠴᠠᠭ᠄
2021/11/11
     ᠣᠯᠠᠨ ᠢᠶᠠᠷ ᠢᠶᠠᠨ ᠠᠵᠢᠯ ᠤᠨ ᠳᠤᠮᠳᠠ ᠪᠠᠨ ᠪᠦᠷ ᠴᠠᠭ ᠨᠡᠮᠡᠵᠦ ᠠᠵᠢᠯᠯᠠᠭᠰᠠᠨ ᠥᠩᠭᠡᠷᠡᠯᠲᠡ ᠲᠠᠢ ᠪᠠᠶᠢᠵᠤ᠂ ᠴᠠᠭ‌ᠨᠡᠮᠡᠵᠦ ᠠᠵᠢᠯᠯᠠᠬᠤ ᠠᠰᠠᠭᠤᠳᠠᠯ ᠨᠢ ᠶᠡᠷᠦ ᠨᠢ ᠬᠥᠮᠦᠰ ᠤᠨ ᠠᠩᠬᠠᠷᠤᠯ ᠢ ᠲᠠᠲᠠᠵᠤ  ᠪᠠᠶᠢᠳᠠᠭ᠃ ᠲᠡᠭᠡᠪᠡᠯ᠂ ᠴᠠᠭ ᠨᠡᠮᠡᠵᠦ ᠠᠵᠢᠯᠯᠠᠭᠰᠠᠨ ᠮᠥᠩᠭᠦ ᠶᠢ ᠬᠡᠷᠬᠢᠨ ᠪᠤᠳᠤᠬᠤ ᠶᠢ ᠮᠡᠳᠡᠨ᠎ᠡ ᠤᠤ︖              ᠴᠠᠭ ᠨᠡᠮᠡᠵᠦ ᠠᠵᠢᠯᠯᠠᠭᠰᠠᠨ ᠮᠥᠩᠭᠦ ᠶᠢ ᠬᠡᠷᠬᠢᠨ ᠥᠭᠬᠦ ᠲᠤᠬᠠᠢ ᠬᠥᠳᠡᠯᠮᠦᠷᠢ ᠶᠢᠨ ᠬᠠᠤᠯᠢ ᠳᠤ ᠲᠣᠭᠲᠠᠭᠠᠯ  ᠲᠠᠢ ᠪᠠᠶᠢᠳᠠᠭ᠃ ᠬᠥᠮᠦᠨ ᠬᠡᠷᠡᠭᠯᠡᠬᠦ ᠨᠢᠭᠡᠴᠡ ᠬᠥᠳᠡᠯᠮᠦᠷᠢᠯᠡᠭᠴᠢ ᠳᠤ ᠠᠵᠢᠯᠯᠠᠬᠤ ᠴᠠᠭ ᠢ ᠤᠷᠲᠤᠳᠬᠠᠬᠤ ᠪᠠᠷ ᠲᠣᠬᠢᠷᠠᠭᠤᠯᠪᠠᠯ᠂ ᠴᠠᠯᠢᠩ ᠤᠨ 150 %   ᠠᠴᠠ ᠳᠣᠣᠷ᠎ᠠ ᠦᠭᠡᠶ ᠴᠠᠯᠢᠩ ᠬᠥᠯᠥᠰᠥ ᠣᠯᠭᠤᠬᠤ ᠬᠡᠷᠡᠭᠲᠡᠶ︔ ᠠᠮᠠᠷᠠᠯᠲᠠ ᠶᠢᠨ ᠡᠳᠦᠷ ᠬᠥᠳᠡᠯᠮᠦᠷᠢᠴᠢᠳ ᠢ ᠠᠵᠢᠯᠯᠠᠭᠤᠯᠬᠤ ᠪᠠᠷ ᠲᠤᠬᠢᠷᠠᠭᠤᠯᠤᠬᠰᠠᠨ ᠪᠥᠭᠡᠳ ᠨᠥᠬᠦᠪᠥᠷᠢ ᠠᠮᠠᠷᠠᠯᠲᠠ ᠲᠤᠬᠢᠷᠡᠭᠤᠯᠵᠦ ᠴᠢᠳᠠᠬᠤ ᠤᠢᠭᠡᠢ ᠪᠠᠶᠢᠪᠠᠯ ᠴᠠᠯᠢᠩ ᠤᠨ ᠬᠢᠨᠢ 200 % ᠠᠴᠠ ᠳᠣᠣᠷ᠎ᠠ ᠤᠢᠭᠡᠢ ᠴᠠᠯᠢᠩ ᠬᠥᠯᠥᠰᠥ ᠣᠯᠭᠤᠨ᠎ᠠ︔ ᠬᠠᠤᠯᠢ ᠪᠠᠷ ᠲᠣᠭᠲᠠᠭᠠᠭᠰᠠᠨ ᠠᠮᠠᠷᠠᠯᠲᠠ ᠶᠢᠨ ᠡᠳᠦᠷ ᠬᠥᠳᠡᠯᠮᠦᠷᠢᠴᠢᠳ ᠢ ᠠᠵᠢᠯᠯᠠᠭᠤᠯᠬᠤ ᠪᠠᠷ ᠲᠤᠬᠢᠷᠠᠭᠤᠯᠤᠬᠰᠠᠨ ᠪᠠᠶᠢᠪᠠᠯ ᠴᠠᠯᠢᠩ ᠤᠨ ᠬᠢᠨᠢ 300 % ᠠᠴᠠ ᠳᠣᠣᠷ᠎ᠠ ᠤᠢᠭᠡᠢ ᠴᠠᠯᠢᠩ ᠬᠥᠯᠥᠰᠥ ᠣᠯᠭᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号