ᠬᠦᠨᠳᠦ ᠣᠨᠴᠠ ᠶᠡᠭᠡ ᠡᠪᠡᠳᠴᠢᠨ ᠤ ᠡᠮᠴᠢᠯᠡᠭᠡ ᠶᠢᠨ ᠪᠠᠳᠤᠯᠠᠭ᠎ᠠ ᠪᠠ ᠠᠪᠤᠷᠠᠨ ᠲᠤᠰᠠᠯᠠᠬᠤ ᠳᠦᠷᠢᠮ ᠤᠨ ᠪᠦᠷᠢᠨᠰᠢᠭᠦᠯᠬᠦ ᠲᠤᠬᠠᠶ ᠲᠥᠷᠥ ᠶᠢᠨ ᠶᠠᠪᠤᠳᠠᠯ ᠤᠨ ᠬᠤᠷᠢᠶᠠᠨ ᠤ ᠲᠤᠬᠠᠶ ᠰᠠᠨᠠᠯ
ᠨᠡᠶᠢᠲᠡᠯᠡᠭᠰᠡᠨ ᠴᠠᠭ᠄
2021/11/6
      ᠲᠦᠷᠦ ᠠᠯᠪᠠᠨ ᠲᠠᠷᠬᠠᠭᠠᠭᠰᠠᠨ ﹇2021﹈ 42 ᠳ᠋ᠤᠭᠠᠷ ᠲᠣᠭᠠᠲᠤ    ᠡᠯ᠎ᠡ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠡᠯ᠎ᠡ ᠶᠠᠮᠤᠨ ᠵᠥᠪᠯᠡᠯ᠂ ᠡᠯ᠎ᠡ ᠰᠢᠭᠤᠳ ᠬᠠᠷᠢᠶ᠎ᠠ ᠪᠠᠶᠢᠭᠤᠯᠤᠮᠵᠢ ᠳᠤ᠄      ᠬᠦᠨᠳᠦ ᠣᠨᠴᠠ ᠶᠡᠭᠡ ᠡᠪᠡᠳᠴᠢᠨ ᠡᠮᠭᠡᠭ ᠤᠨ ᠡᠮᠴᠢᠯᠡᠭᠡ ᠶᠢᠨ ᠪᠠᠳᠤᠯᠠᠭ᠎ᠠ ᠶᠢ ᠰᠠᠶᠢᠲᠤᠷ ᠬᠢᠬᠦ ᠪᠣᠯ ᠬᠦᠴᠢᠷᠳᠡᠯ ᠲᠠᠢ ᠤᠯᠠᠨ ᠲᠦᠮᠡᠨ ᠪᠠ ᠬᠦᠨᠳᠦ ᠡᠪᠡᠳᠴᠢᠲᠡᠨ ᠤ ᠡᠮ ᠡᠮᠨᠡᠯᠭᠡ ᠶᠢᠨ ᠵᠠᠷᠤᠳᠠᠯ ᠤᠨ ᠳᠠᠷᠤᠭᠠᠰᠤ ᠶᠢ ᠤᠯᠠᠮ ᠨᠢᠭᠡ ᠠᠯᠬᠤᠮ ᠬᠥᠩᠭᠡᠷᠡᠭᠦᠯᠵᠦ᠂ ᠡᠪᠡᠳᠴᠢᠨ ᠠᠴᠠ ᠪᠤᠯᠵᠤ ᠶᠠᠳᠠᠭᠤᠷᠠᠬᠤ ᠪᠠ ᠲᠠᠬᠢᠨ ᠶᠠᠳᠠᠭᠤᠷᠠᠬᠤ ᠶᠢ ᠰᠡᠷᠭᠡᠶᠢᠯᠡᠵᠦ᠂ ᠠᠷᠠᠳ ᠤᠨ ᠠᠮᠢᠳᠤᠷᠠᠯ ᠤᠨ ᠪᠠᠲᠤᠯᠠᠭ᠎ᠠ ᠶᠢᠨ ᠨᠠᠭᠠᠳᠤ ᠵᠠᠬ᠎ᠠ ᠶᠢᠨ ᠪᠠᠷᠢᠮᠵᠢᠶ᠎ᠠ ᠶᠢ ᠪᠠᠲᠤᠳᠬᠠᠬᠤ ᠴᠢᠬᠤᠯᠠ ᠠᠷᠭ᠎ᠠ ᠬᠡᠮᠵᠢᠶ᠎ᠡ ᠮᠥᠨ᠃ ᠡᠮᠴᠢᠯᠡᠭᠡ ᠶᠢᠨ ᠪᠠᠳᠤᠯᠠᠭ᠎ᠠ ᠶᠢᠨ ᠲᠦᠷᠢᠮ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠪᠠ ᠨᠡᠶᠢᠭᠡᠮ ᠤᠨ ᠠᠪᠤᠷᠠᠨ ᠲᠤᠰᠠᠯᠠᠬᠤ ᠲᠦᠷᠢᠮ ᠢ ᠲᠡᠭᠦᠯᠳᠡᠷᠵᠢᠭᠦᠯᠬᠦ ᠲᠤᠬᠠᠶ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠵᠢᠨ‌‍ᠰᠢᠢᠳᠪᠦᠷᠢᠳᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠭᠦᠨᠵᠡᠭᠡᠶ ᠲᠤᠤᠱᠯᠠᠭᠤᠯᠵᠤ᠂ ᠡᠮᠴᠢᠯᠡᠭᠡ ᠶᠢᠨ ᠪᠠᠳᠤᠯᠠᠭ᠎ᠠ ᠶᠢᠨ ᠶᠠᠳᠠᠭᠤ ᠠᠴᠠ ᠠᠩᠭᠢᠵᠢᠷᠠᠭᠤᠯᠬᠤ ᠰᠢᠪᠲᠤᠯᠤᠯᠲᠠ ᠶᠢᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠵᠦ᠂ ᠠᠷᠠᠳ ᠣᠯᠠᠨ ᠤ ᠬᠦᠷᠲᠡᠮᠵᠢ ᠶᠢᠨ ᠲᠥᠷᠥᠭᠳᠡᠯ᠂ ᠵᠤᠯ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠢ ᠲᠠᠰᠤᠷᠠᠯᠲᠠ ᠥᠬᠡᠶ ᠨᠡᠮᠡᠭᠳᠡᠭᠦᠯᠬᠦ ᠶᠢᠨ ᠲᠤᠰᠠᠳᠠ᠂ ᠲᠥᠷᠥ ᠶᠢᠨ ᠶᠠᠪᠤᠳᠠᠯ ᠤᠨ ᠬᠤᠷᠢᠶ᠎ᠠ ᠪᠠᠷ ᠵᠥᠪᠰᠢᠶᠡᠷᠡᠭᠦᠯᠦᠭᠡᠳ᠂ ᠡᠳᠦᠭᠡ ᠬᠦᠨᠳᠦ ᠣᠨᠴᠠ ᠶᠡᠭᠡ ᠡᠪᠡᠳᠴᠢᠨ ᠡᠮᠭᠡᠭ ᠤᠨ ᠡᠮᠴᠢᠯᠡᠭᠡ ᠶᠢᠨ ᠪᠠᠳᠤᠯᠠᠭ᠎ᠠ ᠪᠠ ᠠᠪᠤᠷᠠᠨ ᠲᠤᠰᠠᠯᠠᠬᠤ ᠲᠦᠷᠢᠮ ᠢ ᠪᠦᠷᠢᠨᠰᠢᠭᠦᠯᠬᠦ ᠲᠤᠬᠠᠶ ᠳᠣᠤᠷᠠᠬᠢ ᠮᠡᠲᠦ ᠰᠠᠨᠠᠯ ᠢ ᠳᠤᠷᠠᠳᠪᠠ᠃      ᠨᠢᠭᠡ᠂ ᠶᠡᠷᠦᠩᠬᠡᠶ ᠱᠠᠭᠠᠷᠳᠠᠯᠭ᠎ᠠ      ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠠᠷᠠᠳ ᠲᠦᠮᠡᠨ ᠢᠶᠠᠷ ᠭᠤᠣᠯ ᠪᠣᠯᠭᠠᠬᠤ ᠶᠢ ᠪᠠᠷᠢᠮᠲᠠᠯᠠᠵᠤ᠂ ᠬᠠᠮᠲᠤᠪᠠᠷ ᠴᠢᠨᠡᠭᠡᠯᠢᠭᠵᠢᠬᠦ ᠴᠢᠭᠯᠡᠯ ᠢ ᠪᠠᠷᠢᠮᠲᠠᠯᠠᠵᠤ᠂ ᠪᠠᠲᠤᠯᠠᠬᠤ ᠶᠣᠰᠣᠲᠠᠢ ᠶᠢ ᠨᠢ ᠪᠦᠬᠦᠨ ᠢ ᠪᠠᠲᠤᠯᠠᠵᠤ᠂ ᠦᠨᠳᠦᠰᠦᠨ ᠵᠦᠢᠯ ᠢ ᠪᠠᠲᠤᠯᠠᠬᠤ ᠶᠢ ᠪᠠᠷᠢᠮᠲᠠᠯᠠᠵᠤ᠂ ᠴᠢᠳᠠᠯ ᠤᠨ ᠢᠶᠠᠨ ᠬᠢᠷᠢ ᠪᠠᠷ ᠠᠵᠢᠯᠯᠠᠵᠤ᠂ ᠠᠷᠠᠳ ᠤᠨ ᠠᠮᠢᠳᠤᠷᠠᠯ ᠤᠨ ᠰᠠᠶᠢᠵᠢᠷᠠᠯᠲᠠ ᠶᠢ ᠨᠡᠩ ᠦᠷᠭᠦᠯᠵᠢᠯᠡᠭᠦᠯᠬᠦ ᠶᠢ ᠠᠬᠢᠭᠤᠯᠤᠨ᠎ᠠ᠃ ᠬᠦᠴᠢᠷᠳᠡᠯ ᠲᠠᠢ ᠣᠯᠠᠨ ᠲᠦᠮᠡᠨ ᠤ ᠬᠦᠨᠳᠦ ᠣᠨᠴᠠ ᠶᠡᠭᠡ ᠡᠪᠡᠳᠴᠢᠨ ᠡᠮᠭᠡᠭ ᠤᠨ ᠡᠮᠴᠢᠯᠡᠭᠡᠨ ᠤ ᠵᠠᠷᠤᠳᠠᠯ ᠤᠨ ᠳᠠᠷᠤᠭᠠᠰᠤ ᠶᠢ ᠬᠦᠩᠭᠡᠯᠡᠵᠦ᠂ ᠡᠪᠡᠳᠴᠢᠨ ᠠᠴᠠ ᠪᠣᠯᠵᠣ ᠶᠠᠳᠠᠭᠤᠷᠠᠬᠤ ᠪᠠ ᠳᠠᠬᠢᠨ ᠶᠠᠳᠠᠭᠤᠷᠠᠬᠤ ᠶᠢ ᠰᠡᠷᠭᠡᠶᠢᠯᠡᠬᠦ ᠪᠠ ᠠᠷᠢᠯᠭᠠᠬᠤ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠤᠨ ᠪᠦᠷᠢᠨᠰᠢᠬᠦᠯᠵᠦ᠂ ᠦᠨᠳᠦᠰᠦᠨ ᠡᠮᠴᠢᠯᠡᠭᠡᠨ ᠤ ᠳᠠᠭᠠᠳᠬᠠᠯ᠂ ᠬᠦᠨᠳᠦ ᠡᠪᠡᠳᠴᠢᠨ ᠤ ᠳᠠᠭᠠᠳᠬᠠᠯ᠂ ᠡᠮᠴᠢᠯᠡᠭᠡᠨ ᠤ ᠠᠪᠤᠷᠠᠨ ᠲᠤᠰᠠᠯᠠᠯᠲᠠ ︵ᠳᠣᠷᠣᠭᠰᠢ ᠭᠤᠷᠪᠠᠨ ᠵᠦᠢᠯ ᠤᠨ ᠲᠦᠷᠢᠮ ᠭᠡᠵᠦ ᠶᠡᠷᠦᠩᠬᠡᠶᠢᠯᠡᠨ ᠨᠡᠷᠡᠶᠢᠳᠦᠨ᠎ᠡ︶ ᠶᠢᠨ ᠶᠡᠷᠦᠩᠬᠡᠶᠢᠯᠡᠭᠰᠡᠨ ᠪᠠᠲᠤᠯᠠᠭ᠎ᠠ ᠶᠢ ᠴᠢᠩᠭᠠᠷᠠᠭᠤᠯᠤᠨ᠂ ᠬᠦᠴᠢᠷᠳᠡᠯᠲᠡᠶ ᠣᠯᠠᠨ ᠲᠦᠮᠡᠨ ᠤ ᠡᠮᠴᠢᠯᠡᠭᠡᠨ ᠤ ᠪᠠᠲᠤᠯᠠᠭ᠎ᠠ ᠶᠢᠨ ᠣᠯᠭᠤᠮᠵᠢ ᠶᠢᠨ ᠪᠠᠷᠢᠮᠵᠢᠶ᠎ᠠ ᠶᠢ ᠦᠨᠡᠨ ᠢ ᠪᠠᠷᠢᠮᠲᠠᠯᠠᠨ ᠲᠣᠭᠲᠠᠭᠠᠵᠤ᠂ ᠬᠦᠴᠢᠷᠳᠡᠯᠲᠡᠶ ᠣᠯᠠᠨ ᠲᠦᠮᠡᠨ ᠤ ᠦᠨᠳᠦᠰᠦᠨ ᠡᠮᠴᠢᠯᠡᠭᠡᠨ ᠤ ᠪᠠᠲᠤᠯᠠᠭ᠎ᠠ ᠲᠠᠢ ᠪᠠᠶᠢᠬᠤ ᠶᠢ ᠦᠨᠡᠨᠬᠦ ᠪᠠᠲᠤᠯᠠᠵᠤ᠂ ᠬᠦᠨᠳᠦ ᠣᠨᠴᠠ ᠶᠡᠭᠡ ᠡᠪᠡᠳᠴᠢᠨ ᠡᠮᠭᠡᠭ ᠲᠤ ᠨᠡᠷᠪᠡᠭᠳᠡᠭᠰᠡᠨ ᠠᠴᠠ ᠪᠣᠯᠵᠣ ᠦᠨᠳᠦᠰᠦᠨ ᠠᠮᠢᠳᠤᠷᠠᠯ ᠢ ᠨᠥᠯᠥᠭᠡᠯᠡᠬᠦ ᠥᠬᠡᠶ ᠪᠠᠶᠢᠬᠤ ᠶᠢᠨ ᠬᠠᠮᠲᠤ ᠬᠡᠲᠦ ᠪᠠᠲᠤᠯᠠᠭ᠎ᠠ ᠠᠴᠠ ᠵᠠᠶᠢᠯᠠᠰᠬᠢᠨ᠎ᠡ᠃ ᠭᠤᠷᠪᠠᠨ ᠵᠦᠢᠯ ᠤᠨ ᠲᠦᠷᠢᠮ ᠤᠨ ᠶᠡᠷᠦᠩᠬᠡᠶᠢᠯᠡᠭᠰᠡᠨ ᠪᠠᠲᠤᠯᠠᠭ᠎ᠠ ᠶᠢ ᠨᠢᠭᠦᠯᠡᠰᠦᠩᠭᠦᠶ ᠶᠢᠨ ᠠᠪᠤᠷᠠᠨ ᠲᠤᠰᠠᠯᠠᠬᠤ᠂ ᠬᠤᠳᠠᠯᠳᠤᠭᠠᠨ ᠤ ᠡᠷᠡᠭᠦᠯ ᠮᠡᠨᠳᠦ ᠶᠢᠨ ᠳᠠᠭᠠᠳᠬᠠᠯ ᠵᠡᠷᠭᠡ ᠯᠦᠭᠡ ᠵᠣᠬᠢᠴᠠᠯᠳᠤᠭᠤᠯᠤᠨ ᠬᠥᠭᠵᠢᠭᠦᠯᠬᠦ᠂ ᠪᠦᠲᠦᠮᠵᠢᠲᠡᠶ ᠵᠣᠯᠭᠠᠭᠤᠯᠬᠤ ᠶᠢ ᠠᠬᠢᠭᠤᠯᠵᠤ᠂ ᠵᠠᠰᠠᠭ ᠤᠨ ᠣᠷᠳᠣᠨ ᠢᠶᠠᠷ ᠭᠤᠤᠯᠯᠠᠭᠤᠯᠤᠭᠰᠠᠨ᠂ ᠣᠯᠠᠨ ᠲᠠᠯ᠎ᠠ ᠶᠢᠨ ᠬᠢᠨ ᠣᠷᠣᠯᠴᠠᠭᠰᠠᠨ ᠣᠯᠠᠨ ᠲᠠᠰ ᠳᠠᠪᠬᠤᠷᠭ᠎ᠠ ᠶᠢᠨ ᠡᠮᠴᠢᠯᠡᠭᠡᠨ ᠤ ᠪᠠᠲᠤᠯᠠᠭ᠎ᠠ ᠶᠢᠨ ᠰᠢᠰᠲ᠋ᠧᠮᠵᠢ ᠶᠢ ᠪᠠᠶᠢᠭᠤᠯᠤᠨ᠎ᠠ᠃      ᠬᠤᠶᠠᠷ᠂ ᠡᠮᠴᠢᠯᠡᠭᠡᠨ ᠤ ᠠᠪᠤᠷᠠᠨ ᠲᠤᠰᠠᠯᠠᠯᠲᠠ ᠭᠥᠷᠳᠡᠬᠦ ᠡᠲᠡᠭᠡᠳ ᠤᠨ ᠬᠦᠷᠢᠶ᠎ᠡ ᠬᠡᠪᠴᠢᠶ᠎ᠡ ᠶᠢ ᠰᠢᠨᠵᠢᠯᠡᠬᠦ ᠤᠬᠠᠭᠠᠨᠴᠢ ᠪᠠᠷ ᠲᠤᠭᠳᠠᠭᠠᠨ᠎ᠠ      ︵ᠨᠢᠭᠡ︶ ᠠᠪᠤᠷᠠᠨ ᠲᠤᠰᠠᠯᠠᠬᠤ ᠡᠲᠡᠭᠡᠳ ᠢ ᠴᠠᠭ ᠲᠤᠬᠠᠶ ᠳᠤᠨᠢ ᠨᠠᠷᠢᠯᠢᠭ ᠣᠨᠣᠴᠠᠲᠠᠶ ᠪᠠᠷ ᠲᠣᠭᠲᠠᠭᠠᠨ᠎ᠠ᠃ ᠡᠮᠴᠢᠯᠡᠭᠡᠨ ᠤ ᠵᠠᠷᠤᠳᠠᠯ ᠤᠨ ᠳᠠᠷᠤᠭᠠᠰᠤ ᠪᠠᠷ ᠨᠡᠯᠢᠶᠡᠳ ᠬᠦᠨᠳᠦ ᠪᠠᠶᠢᠭ᠎ᠠ ᠬᠦᠴᠢᠷᠳᠡᠯᠲᠡᠶ ᠠᠵᠢᠯᠲᠠᠨ ᠠᠵᠢᠯᠴᠢᠨ ᠪᠠ ᠬᠤᠲᠠ ᠬᠥᠳᠡᠭᠡ ᠶᠢᠨ ᠰᠠᠭᠤᠭᠠᠯᠢ ᠠᠷᠠᠳ ᠢ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠳᠤ ᠭᠤᠤᠯᠴᠢ ᠪᠠᠷ ᠬᠠᠮᠤᠷᠴᠤ᠂ ᠲᠡᠩᠬᠡᠷᠡᠭᠦᠯᠦᠨ ᠲᠤᠰᠠᠯᠠᠬᠤ ᠡᠲᠡᠭᠡᠳ ᠤᠨ ᠲᠥᠷᠥᠯ ᠢᠯᠭᠠᠯ ᠢ ᠦᠨᠳᠦᠰᠦᠯᠡᠨ ᠲᠥᠷᠥᠯ ᠬᠤᠪᠢᠶᠠᠨ ᠲᠡᠩᠬᠡᠷᠡᠭᠦᠯᠦᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠲᠡᠭᠡᠳ᠂ ᠣᠨᠴᠠ ᠬᠦᠴᠢᠷᠳᠡᠯᠲᠡᠶ ᠬᠥᠮᠦᠰ᠂ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠵᠠᠬ᠎ᠠ ᠬᠢᠵᠠᠭᠠᠷ ᠤᠨ ᠬᠡᠷ ᠪᠦᠯᠢ ᠶᠢᠨ ᠪᠦᠷᠢᠯᠳᠦᠬᠦᠨ ᠪᠠ ᠬᠢᠨᠠᠨ ᠰᠢᠯᠭᠠᠬᠤ ᠬᠡᠪᠴᠢᠶᠡᠨ ᠳᠤ ᠣᠷᠣᠭᠤᠯᠤᠭᠰᠠᠨ ᠬᠥᠳᠡᠭᠡ ᠲᠣᠰᠬᠤᠨ ᠤ ᠠᠮᠠᠷᠬᠠᠨ ᠪᠤᠴᠠᠵᠤ ᠶᠠᠳᠠᠭᠤᠷᠠᠭᠰᠠᠨ ᠠᠴᠠ ᠪᠣᠯᠵᠣ ᠶᠠᠳᠠᠭᠤᠷᠠᠭᠰᠠᠨ ᠬᠥᠮᠦᠨ ᠠᠮᠠ ᠶᠢ ᠲᠣᠭᠲᠠᠭᠠᠯ ᠶᠣᠰᠣᠭᠠᠷ ᠠᠪᠤᠷᠠᠨ ᠲᠤᠰᠠᠯᠠᠨ᠎ᠠ᠃ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ᠂ ᠣᠨᠴᠠ ᠬᠦᠴᠢᠷᠳᠡᠯᠲᠡᠶ ᠬᠥᠮᠦᠰ ᠢ ᠲᠡᠩᠬᠡᠷᠡᠭᠦᠯᠦᠨ ᠲᠤᠰᠠᠯᠠᠵᠤ ᠠᠰᠠᠷᠠᠨ ᠲᠡᠵᠢᠭᠡᠬᠦ ᠪᠤᠶᠤ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠵᠠᠬ᠎ᠠ ᠬᠢᠵᠠᠭᠠᠷ ᠤᠨ ᠬᠡᠷ ᠪᠦᠯᠢ ᠶᠢᠨ ᠨᠥᠬᠦᠴᠡᠯ ᠳᠤ ᠨᠡᠶᠢᠴᠡᠬᠦ ᠥᠬᠡᠶ ᠪᠣᠯᠪᠠᠴᠤ ᠶᠡᠭᠡ ᠬᠡᠮᠵᠢᠶᠡᠨ ᠤ ᠡᠮᠴᠢᠯᠡᠭᠡᠨ ᠤ ᠵᠠᠷᠤᠳᠠᠯ ᠤᠨ ᠵᠠᠷᠤᠯᠭ᠎ᠠ ᠠᠴᠠ ᠪᠣᠯᠵᠣ ᠬᠡᠷ ᠪᠦᠯᠢ ᠶᠢᠨ ᠦᠨᠳᠦᠰᠦᠨ ᠠᠮᠢᠳᠤᠷᠠᠯ ᠳᠤᠨᠢ ᠬᠦᠨᠳᠦ ᠨᠣᠴᠢᠲᠠᠶ ᠬᠦᠴᠢᠷᠳᠡᠯ ᠤᠴᠠᠷᠠᠭᠤᠯᠤᠭᠰᠠᠨ ᠬᠦᠨᠳᠦ ᠡᠪᠡᠳᠴᠢᠲᠡᠨ ︵ᠳᠣᠷᠣᠭᠰᠢ ᠡᠪᠡᠳᠴᠢᠨ ᠠᠴᠠ ᠪᠣᠯᠵᠣ ᠶᠠᠳᠠᠭᠤᠷᠠᠭᠰᠠᠨ ᠬᠦᠨᠳᠦ ᠡᠪᠡᠳᠴᠢᠲᠡᠨ ᠭᠡᠵᠦ ᠨᠡᠷᠡᠶᠢᠳᠦᠨ᠎ᠡ︶ ᠳᠤ ᠪᠣᠳᠠᠲᠠᠶ ᠪᠠᠶᠢᠳᠠᠯ ᠢ ᠨᠢ ᠦᠨᠳᠦᠰᠦᠯᠡᠨ ᠵᠣᠬᠢᠬᠤ ᠬᠡᠮᠵᠢᠶᠡᠨ ᠤ ᠲᠡᠩᠬᠡᠷᠡᠭᠦᠯᠦᠨ ᠲᠤᠰᠠᠯᠠᠨ᠎ᠠ᠃ ᠬᠡᠷ ᠪᠦᠯᠢ ᠶᠢᠨ ᠠᠵᠤ ᠠᠬᠤᠶ ᠶᠢᠨ ᠪᠠᠶᠢᠳᠠᠯ᠂ ᠡᠮ ᠡᠮᠨᠡᠯᠭᠡ ᠶᠢᠨ ᠵᠠᠷᠤᠳᠠᠯ ᠤᠨ ᠵᠠᠷᠤᠯᠭ᠎ᠠ᠂ ᠡᠮ ᠡᠮᠨᠡᠯᠭᠡ ᠶᠢᠨ ᠳᠠᠭᠠᠳᠬᠠᠯ ᠤᠨ ᠳᠥᠯᠥᠯᠲᠡ ᠵᠡᠷᠭᠡ ᠪᠠᠶᠢᠳᠠᠯ ᠢ ᠶᠡᠷᠦᠩᠬᠡᠶᠢᠯᠡᠨ ᠪᠣᠳᠣᠯᠬᠢᠯᠠᠵᠤ᠂ ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠶᠢᠨ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠡᠮᠴᠢᠯᠡᠭᠡ ᠶᠢᠨ ᠪᠠᠳᠤᠯᠠᠭ᠎ᠠ ᠵᠡᠷᠭᠡ ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠡᠪᠡᠳᠴᠢᠨ ᠠᠴᠠ ᠪᠣᠯᠵᠣ ᠶᠠᠳᠠᠭᠤᠷᠠᠭᠰᠠᠨ ᠬᠦᠨᠳᠦ ᠡᠪᠡᠳᠴᠢᠲᠡᠨ ᠢ ᠮᠠᠭᠠᠳᠯᠠᠨ ᠲᠣᠭᠲᠠᠭᠠᠬᠤ ᠨᠥᠬᠦᠴᠡᠯ ᠢ ᠵᠦᠶ ᠵᠣᠬᠢᠰᠲᠠᠶ ᠲᠣᠭᠲᠠᠭᠠᠨ᠎ᠠ᠃ ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠠᠷᠠᠳ ᠤᠨ ᠵᠠᠰᠠᠭ ᠤᠨ ᠣᠷᠳᠣᠨ ᠤ ᠲᠣᠭᠲᠠᠭᠠᠭᠰᠠᠨ ᠪᠤᠰᠤᠳ ᠣᠨᠴᠠᠭᠠᠶ ᠬᠦᠴᠢᠷᠳᠡᠯ ᠲᠠᠢ ᠬᠥᠮᠦᠰ ᠲᠤ ᠳᠡᠭᠡᠷ᠎ᠡ ᠳᠤᠷᠠᠳᠤᠭᠰᠠᠨ ᠠᠪᠤᠷᠠᠨ ᠲᠤᠰᠠᠯᠠᠬᠤ ᠡᠲᠡᠭᠡᠳ ᠤᠨ ᠲᠦᠷᠦᠯ ᠢᠯᠭᠠᠯ ᠢᠶᠠᠷ ᠵᠣᠬᠢᠴᠠᠩᠭᠤᠶ ᠠᠪᠤᠷᠠᠨ ᠲᠤᠰᠠᠯᠠᠯᠲᠠ ᠣᠯᠭᠤᠨ᠎ᠠ᠃      ᠭᠤᠷᠪᠠ᠂ ᠭᠤᠷᠪᠠᠨ ᠵᠦᠢᠯ ᠤᠨ ᠲᠦᠷᠢᠮ ᠤᠨ ᠶᠡᠷᠦᠩᠬᠡᠶᠢᠯᠡᠭᠰᠡᠨ ᠪᠠᠲᠤᠯᠠᠭ᠎ᠠ ᠶᠢ ᠴᠢᠩᠭᠠᠳᠬᠠᠨ᠎ᠠ    ︵ᠬᠤᠶᠠᠷ︶ ᠬᠦᠴᠢᠷᠳᠡᠯᠲᠡᠶ ᠣᠯᠠᠨ ᠲᠦᠮᠡᠨ ᠤ ᠪᠠᠲᠤᠯᠠᠪᠠᠰᠤ ᠵᠣᠬᠢᠬᠤ ᠶᠢ ᠨᠢ ᠴᠥᠮ ᠪᠠᠲᠤᠯᠠᠬᠤ ᠶᠢ ᠦᠨᠡᠨᠬᠦ ᠪᠠᠲᠤᠯᠠᠬᠤ ᠬᠡᠷᠡᠭᠲᠡᠶ᠃ ᠬᠦᠴᠢᠷᠳᠡᠯᠲᠡᠶ ᠣᠯᠠᠨ ᠲᠦᠮᠡᠨ ᠡᠮ ᠡᠮᠨᠡᠯᠭᠡ ᠶᠢᠨ ᠦᠨᠳᠦᠰᠦᠨ ᠳᠠᠭᠠᠳᠬᠠᠯ ᠳᠤ ᠬᠠᠤᠯᠢ ᠶᠣᠰᠣᠭᠠᠷ ᠣᠷᠣᠯᠴᠠᠵᠤ᠂ ᠲᠣᠭᠲᠠᠭᠠᠯ ᠶᠣᠰᠣᠭᠠᠷ ᠭᠤᠷᠪᠠᠨ ᠵᠦᠢᠯ ᠤᠨ ᠲᠦᠷᠢᠮ ᠤᠨ ᠪᠠᠲᠤᠯᠠᠭ᠎ᠠ ᠶᠢᠨ ᠡᠷᠬᠡ ᠠᠰᠢᠭ ᠢ ᠡᠳ᠋ᠯᠡᠨ᠎ᠡ᠃ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠬᠤ ᠡᠳ᠋ ᠤᠨ ᠵᠠᠰᠠᠭ ᠤᠨ ᠨᠥᠬᠦᠪᠥᠷᠢ ᠶᠢᠨ ᠲᠥᠷᠥ ᠶᠢᠨ ᠪᠣᠳᠣᠯᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠤᠪᠢ ᠬᠥᠮᠦᠨ ᠤ ᠰᠦᠢᠳᠭᠡᠯ ᠲᠤᠰᠢᠶᠠᠬᠤ ᠳᠤ ᠦᠨᠡᠨᠬᠦ ᠬᠦᠴᠢᠷᠳᠡᠯᠲᠡᠶ ᠣᠯᠠᠨ ᠲᠦᠮᠡᠨ ᠢ ᠲᠥᠷᠥᠯ ᠬᠤᠪᠢᠶᠠᠨ ᠲᠤᠰᠠᠯᠠᠨ᠎ᠠ᠃ ᠣᠨᠴᠠ ᠬᠦᠴᠢᠷᠳᠡᠯᠲᠡᠶ ᠬᠥᠮᠦᠰ ᠢ ᠪᠥᠬᠦ ᠲᠤᠭ᠎ᠠ ᠪᠠᠷ ᠲᠤᠰᠠᠯᠠᠵᠤ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠲᠡᠭᠡᠳ᠂ ᠳᠠᠬᠢᠨ ᠶᠠᠳᠠᠭᠤᠷᠠᠭᠰᠠᠨ ᠠᠴᠠ ᠪᠣᠯᠵᠣ ᠶᠠᠳᠠᠭᠤᠷᠠᠭᠰᠠᠨ ᠬᠥᠮᠦᠨ ᠠᠮᠠ ᠶᠢ ᠲᠣᠭᠲᠠᠭᠰᠠᠨ ᠲᠤᠭ᠎ᠠ ᠪᠠᠷ ᠲᠤᠰᠠᠯᠠᠨ᠎ᠠ᠃ ᠨᠣᠷᠮᠠᠴᠢᠯᠠᠨ ᠲᠤᠰᠠᠯᠠᠬᠤ ᠪᠠᠷᠢᠮᠵᠢᠶ᠎ᠠ ᠶᠢ ᠮᠤᠵᠢ ᠶᠢᠨ ᠱᠠᠲᠤᠨ ᠤ ᠠᠷᠠᠳ ᠤᠨ ᠵᠠᠰᠠᠭ ᠤᠨ ᠣᠷᠳᠣᠨ ᠠᠴᠠ ᠪᠣᠳᠠᠲᠤ ᠬᠥᠮᠦᠨ ᠠᠮᠠ ᠶᠢᠨ ᠨᠡᠭᠦᠳᠡᠯ ᠪᠠ ᠳᠠᠭᠠᠳᠬᠠᠯ ᠳᠤ ᠣᠷᠣᠯᠴᠠᠬᠤ ᠬᠡᠷᠡᠭᠴᠡᠭᠡ ᠱᠠᠭᠠᠷᠳᠠᠯᠭ᠎ᠠ ᠶᠢᠨ ᠬᠤᠪᠢᠷᠠᠯᠲᠠ ᠳᠤ ᠵᠣᠬᠢᠴᠠᠭᠤᠯᠤᠨ᠂ ᠠᠪᠤᠷᠠᠨ ᠲᠤᠰᠠᠯᠠᠬᠤ ᠡᠲᠡᠭᠡᠳ ᠤᠨ ᠳᠠᠭᠠᠳᠬᠠᠯ ᠳᠤ ᠣᠷᠣᠯᠴᠠᠵᠤ ᠰᠦᠢᠳᠭᠡᠯ ᠲᠤᠰᠢᠶᠠᠬᠤ ᠠᠷᠭ᠎ᠠ ᠮᠠᠶ᠋ᠢᠭ ᠲᠤ ᠠᠮᠢᠳᠤᠯᠢᠭ ᠢᠶᠠᠷ ᠲᠣᠬᠢᠷᠠᠭᠤᠯᠤᠯᠲᠠ ᠬᠢᠵᠦ᠂ ᠲᠡᠳᠡᠨ ᠤ ᠴᠠᠭ ᠲᠤᠬᠠᠶ ᠳᠤᠨᠢ ᠳᠠᠭᠠᠳᠬᠠᠯ ᠳᠤ ᠣᠷᠣᠯᠴᠠᠬᠤ᠂ ᠳᠠᠭᠠᠳᠬᠠᠪᠠᠰᠤ ᠵᠣᠬᠢᠬᠤ ᠶᠢ ᠨᠢ ᠴᠥᠮ ᠪᠠᠲᠤᠯᠠᠬᠤ ᠶᠢ ᠦᠨᠡᠨᠬᠦ ᠪᠠᠲᠤᠯᠠᠬᠤ ᠬᠡᠷᠡᠭᠲᠡᠶ᠃      ︵ᠭᠤᠷᠪᠠ︶ ᠭᠤᠷᠪᠠᠨ ᠵᠦᠢᠯ ᠤᠨ ᠲᠦᠷᠢᠮ ᠤᠨ ᠬᠠᠷᠢᠯᠴᠠᠨ ᠨᠥᠬᠦᠪᠥᠷᠢᠯᠡᠵᠦ ᠵᠣᠯᠭᠠᠭᠤᠯᠬᠤ ᠶᠢ ᠠᠬᠢᠭᠤᠯᠤᠨ᠎ᠠ᠃ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠭᠤᠤᠯ ᠴᠣᠭᠴᠠ ᠶᠢᠨ ᠪᠠᠲᠤᠯᠠᠭ᠎ᠠ ᠶᠢᠨ ᠴᠢᠳᠠᠮᠵᠢ ᠶᠢ ᠪᠠᠳᠠᠷᠠᠭᠤᠯᠵᠤ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠲᠣᠭᠠᠴᠠᠭ᠎ᠠ ᠬᠢᠬᠦ ᠬᠡᠪᠴᠢᠶ᠎ᠡ ᠪᠠ ᠪᠠᠷᠢᠮᠵᠢᠶ᠎ᠠ ᠶᠢ ᠴᠢᠩᠭ᠎ᠠ ᠬᠡᠷᠡᠭᠵᠢᠭᠦᠯᠵᠦ᠂ ᠡᠷᠬᠡ ᠲᠡᠭᠰᠢ ᠵᠣᠬᠢᠰᠲᠠᠶ ᠪᠠᠲᠤᠯᠠᠭ᠎ᠠ ᠶᠢ ᠬᠡᠷᠡᠭᠵᠢᠭᠦᠯᠦᠨ᠎ᠡ︔ ᠬᠦᠨᠳᠦ ᠡᠪᠡᠳᠴᠢᠨ ᠤ ᠳᠠᠭᠠᠳᠬᠠᠯ ᠤᠨ ᠳᠠᠷᠤᠭᠠᠰᠤ ᠶᠢ ᠬᠥᠩᠭᠡᠷᠡᠭᠦᠯᠬᠦ ᠴᠢᠳᠠᠮᠵᠢ ᠶᠢ ᠴᠢᠩᠭᠠᠷᠠᠭᠤᠯᠵᠤ᠂ ᠬᠦᠨᠳᠦ ᠡᠪᠡᠳᠴᠢᠨ ᠤ ᠳᠠᠭᠠᠳᠬᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠲᠡᠭᠡᠳ᠂ ᠣᠨᠴᠠ ᠬᠦᠴᠢᠷᠳᠡᠯᠲᠡᠶ ᠬᠥᠮᠦᠰ ᠪᠠ ᠳᠠᠬᠢᠨ ᠶᠠᠳᠠᠭᠤᠷᠠᠭᠰᠠᠨ ᠠᠴᠠ ᠪᠣᠯᠵᠣ ᠶᠠᠳᠠᠭᠤᠷᠠᠭᠰᠠᠨ ᠬᠥᠮᠦᠨ ᠠᠮᠠ ᠳᠤ ᠬᠡᠯᠪᠠᠶᠢᠯᠭᠡᠨ ᠲᠣᠭᠠᠴᠠᠭ᠎ᠠ ᠬᠢᠬᠦ ᠲᠥᠷᠥ ᠶᠢᠨ ᠪᠣᠳᠣᠯᠭ᠎ᠠ ᠶᠢ ᠰᠦᠪᠡᠭᠴᠢᠯᠡᠨ ᠲᠡᠭᠦᠯᠳᠡᠷᠵᠢᠭᠦᠯᠵᠦ᠂ ᠨᠥᠬᠦᠪᠥᠷᠢᠯᠡᠨ ᠪᠠᠲᠤᠯᠠᠬᠤ ᠦᠢᠯᠡᠳᠦᠯ ᠢ ᠪᠠᠳᠠᠷᠠᠭᠤᠯᠤᠨ᠎ᠠ︔ ᠡᠮᠴᠢᠯᠡᠭᠡᠨ ᠤ ᠠᠪᠤᠷᠠᠨ ᠲᠤᠰᠠᠯᠠᠯᠲᠠ ᠶᠢᠨ ᠦᠨᠳᠦᠰᠦᠨ ᠵᠦᠢᠯ ᠢ ᠪᠠᠲᠤᠯᠠᠬᠤ ᠪᠠᠲᠤᠯᠠᠭ᠎ᠠ ᠶᠢᠨ ᠴᠢᠳᠠᠮᠵᠢ ᠶᠢ ᠪᠠᠬᠢᠵᠢᠭᠦᠯᠵᠦ᠂ ︽ᠤᠷᠢᠳᠠᠪᠠᠷ ᠳᠠᠭᠠᠳᠬᠠᠵᠤ ᠳᠠᠷᠠᠭ᠎ᠠ ᠨᠢ ᠠᠪᠤᠷᠠᠨ ᠲᠤᠰᠠᠯᠠᠬᠤ︾ ᠵᠠᠷᠴᠢᠮ ᠶᠣᠰᠣᠭᠠᠷ ᠂ ᠦᠨᠳᠦᠰᠦᠨ ᠡᠮᠴᠢᠯᠡᠭᠡᠨ ᠤ ᠪᠠᠳᠤᠯᠠᠭ᠎ᠠ᠂ ᠬᠦᠨᠳᠦ ᠡᠪᠡᠳᠴᠢᠨ ᠤ ᠳᠠᠭᠠᠳᠬᠠᠯ ᠵᠡᠷᠭᠡ ᠶᠢ ᠳᠥᠯᠥᠭᠰᠡᠨ ᠤ ᠳᠠᠷᠠᠭ᠎ᠠ ᠬᠤᠪᠢ ᠬᠥᠮᠦᠨ ᠤ ᠡᠮᠴᠢᠯᠡᠭᠡᠨ ᠤ ᠵᠠᠷᠤᠳᠠᠯ ᠤᠨ ᠳᠠᠷᠤᠭᠠᠰᠤ ᠮᠥᠨ ᠬᠦ ᠨᠡᠯᠢᠶᠡᠳ ᠬᠦᠨᠳᠦ ᠪᠠᠶᠢᠭ᠎ᠠ ᠠᠪᠤᠷᠠᠨ ᠲᠤᠰᠠᠯᠠᠬᠤ ᠡᠲᠡᠭᠡᠳ ᠲᠤ ᠲᠣᠭᠲᠠᠭᠠᠯ ᠶᠣᠰᠣᠭᠠᠷ ᠠᠪᠤᠷᠠᠨ ᠲᠤᠰᠠᠯᠠᠬᠤ ᠶᠢ ᠬᠡᠷᠡᠭᠵᠢᠭᠦᠯᠵᠦ᠂ ᠡᠪᠡᠳᠴᠢᠨ ᠠᠴᠠ ᠪᠣᠯᠵᠣ ᠶᠠᠳᠠᠭᠤᠷᠠᠬᠤ ᠪᠠ ᠳᠠᠬᠢᠨ ᠶᠠᠳᠠᠭᠤᠷᠠᠬᠤ ᠲᠦᠭᠰᠢᠭᠦᠷᠢ ᠶᠢ ᠬᠦᠴᠦ ᠪᠠᠨ ᠬᠠᠮᠲᠤᠳᠬᠠᠨ ᠰᠡᠷᠭᠡᠶᠢᠯᠡᠨ᠎ᠡ᠃ ᠬᠥᠳᠡᠭᠡ ᠲᠣᠰᠬᠤᠨ ᠤ ᠲᠠᠬᠢᠨ ᠶᠠᠳᠠᠭᠤᠷᠠᠬᠤ ᠠᠴᠠ ᠪᠤᠯᠵᠤ ᠶᠠᠳᠠᠭᠤᠷᠠᠭᠰᠠᠨ ᠬᠥᠮᠦᠨ ᠠᠮᠠ ᠶᠢᠨ ᠡᠮ ᠡᠮᠨᠡᠯᠭᠡ ᠶᠢᠨ ᠳᠠᠭᠠᠳᠬᠠᠯ ᠤᠨ ᠬᠠᠪᠰᠤᠷᠤᠨ ᠲᠡᠳᠬᠦᠬᠦ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠵᠦ᠂  ᠡᠮᠴᠢᠯᠡᠭᠡ ᠶᠢᠨ ᠪᠠᠳᠤᠯᠠᠭ᠎ᠠ  ᠶᠢᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠠᠢ ᠪᠦᠲᠦᠮᠵᠢᠲᠡᠢ ᠵᠣᠯᠭᠠᠭᠤᠯᠬᠤ ᠶᠢ ᠪᠡᠶᠡᠯᠡᠭᠦᠯᠬᠦ ᠶᠢ ᠠᠬᠢᠭᠤᠯᠤᠨ᠎ᠠ᠃      ᠳᠥᠷᠪᠡ᠂ ᠡᠮ ᠡᠮᠨᠡᠯᠭᠡ ᠶᠢᠨ ᠲᠡᠩᠬᠡᠷᠡᠭᠦᠯᠦᠨ ᠲᠤᠰᠠᠯᠠᠬᠤ ᠦᠨᠳᠦᠰᠦᠨ ᠵᠦᠢᠯ ᠤᠨ ᠪᠠᠲᠤᠯᠠᠭ᠎ᠠ ᠶᠢ ᠪᠠᠬᠢᠵᠢᠭᠦᠯᠦᠨ᠎ᠡ      ︵ᠲᠥᠷᠪᠡ︶ ᠲᠡᠩᠬᠡᠷᠡᠭᠦᠯᠦᠨ ᠲᠤᠰᠠᠯᠠᠬᠤ ᠵᠠᠷᠤᠳᠠᠯ ᠤᠨ ᠪᠠᠲᠤᠯᠠᠭ᠎ᠠ ᠶᠢᠨ ᠬᠡᠪᠴᠢᠶ᠎ᠡ ᠶᠢ ᠲᠣᠳᠣᠷᠬᠠᠶᠢᠯᠠᠬᠤ ᠬᠡᠷᠡᠭᠲᠡᠶ᠃ ᠦᠨᠳᠦᠰᠦᠨ ᠵᠦᠢᠯ ᠢ ᠪᠠᠲᠤᠯᠠᠬᠤ ᠶᠢ ᠪᠠᠷᠢᠮᠲᠠᠯᠠᠵᠤ᠂ ᠠᠪᠤᠷᠠᠨ ᠲᠤᠰᠠᠯᠠᠬᠤ ᠡᠲᠡᠭᠡᠳ ᠤᠨ ᠲᠥᠷᠥ ᠶᠢᠨ ᠪᠣᠳᠣᠯᠭ᠎ᠠ ᠶᠢᠨ ᠬᠡᠪᠴᠢᠶᠡᠨ ᠳᠠᠬᠢ ᠦᠨᠳᠦᠰᠦᠨ ᠡᠮᠴᠢᠯᠡᠭᠡ ᠶᠢᠨ ᠬᠡᠷᠡᠭᠴᠡᠭᠡ ᠱᠠᠭᠠᠷᠳᠠᠯᠭ᠎ᠠ ᠶᠢ ᠲᠣᠬᠢᠲᠠᠶ ᠰᠢᠢᠳᠪᠦᠷᠢᠯᠡᠨ᠎ᠡ᠃ ᠠᠪᠤᠷᠠᠨ ᠲᠤᠰᠠᠯᠠᠬᠤ ᠵᠠᠷᠤᠳᠠᠯ ᠨᠢ ᠭᠤᠤᠯᠳᠠᠭᠤ ᠠᠪᠤᠷᠠᠨ ᠲᠤᠰᠠᠯᠠᠬᠤ ᠡᠲᠡᠭᠡᠳ ᠤᠨ ᠴᠢᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠳᠤ ᠡᠭᠦᠰᠦᠭᠰᠡᠨ ᠡᠮᠨᠡᠯᠭᠡ ᠳᠤ ᠰᠠᠭᠤᠭᠰᠠᠨ ᠵᠠᠷᠤᠳᠠᠯ᠂ ᠤᠳᠠᠭᠠᠨ ᠴᠢᠨᠠᠷᠲᠠᠶ ᠡᠪᠡᠳᠴᠢᠨ ᠠᠴᠠ ᠪᠣᠯᠵᠣ ᠣᠷᠳᠣ ᠬᠤᠭᠤᠴᠠᠭ᠎ᠠ ᠪᠠᠷ ᠡᠮ ᠤᠤᠭᠤᠬᠤ ᠪᠤᠶᠤ ᠬᠦᠨᠳᠦ ᠣᠨᠴᠠ ᠶᠡᠭᠡ ᠡᠪᠡᠳᠴᠢᠨ ᠡᠮᠭᠡᠭ ᠲᠤ ᠨᠡᠷᠪᠡᠭᠳᠡᠭᠡᠳ ᠣᠷᠳᠣ ᠬᠤᠭᠤᠴᠠᠭ᠎ᠠ ᠪᠠᠷ ᠡᠭᠦᠳᠡᠨ ᠡᠮᠨᠡᠯᠭᠡ ᠳᠤ ᠡᠮᠨᠡᠭᠦᠯᠬᠦ ᠴᠢᠬᠤᠯᠠᠲᠠᠶ ᠵᠠᠷᠤᠳᠠᠯ ᠢ ᠬᠠᠮᠤᠷᠤᠨ᠎ᠠ᠃ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠰᠠᠭᠤᠷᠢ ᠮᠥᠩᠭᠦ ᠠᠴᠠ ᠳᠥᠯᠥᠬᠦ ᠡᠮ ᠲᠠᠩ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ᠂ ᠣᠨᠣᠰᠢᠯᠠᠨ ᠡᠮᠨᠡᠬᠦ ᠲᠥᠷᠥᠯ ᠵᠦᠢᠯ ᠨᠢ ᠵᠠᠷᠴᠢᠮ ᠳᠡᠭᠡᠷ᠎ᠡ ᠪᠠᠨ ᠤᠯᠤᠰ ᠤᠨ ᠬᠤᠯᠪᠣᠭᠳᠠᠯ ᠪᠥᠬᠦᠶ ᠦᠨᠳᠦᠰᠦᠨ ᠡᠮᠴᠢᠯᠡᠭᠡᠨ ᠤ ᠳᠠᠭᠠᠳᠬᠠᠯ ᠤᠨ ᠳᠥᠯᠥᠬᠦ ᠬᠦᠷᠢᠶ᠎ᠡ ᠬᠡᠪᠴᠢᠶ᠎ᠡ ᠶᠢᠨ ᠲᠣᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠡᠶ᠃ ᠦᠨᠳᠦᠰᠦᠨ ᠡᠮᠴᠢᠯᠡᠭᠡᠨ ᠤ ᠳᠠᠭᠠᠳᠬᠠᠯ᠂ ᠬᠦᠨᠳᠦ ᠡᠪᠡᠳᠴᠢᠨ ᠤ ᠳᠠᠭᠠᠳᠬᠠᠯ ᠤᠨ ᠡᠬᠢᠯᠡᠵᠦ ᠳᠥᠯᠥᠬᠦ ᠱᠤᠭᠤᠮ ᠠᠴᠠ ᠳᠣᠷᠣᠭᠰᠢᠬᠢ ᠲᠥᠷᠥ ᠶᠢᠨ ᠪᠣᠳᠣᠯᠭ᠎ᠠ ᠶᠢᠨ ᠬᠡᠪᠴᠢᠶᠡᠨ ᠳᠣᠲᠣᠷ᠎ᠠ ᠬᠤᠪᠢ ᠬᠥᠮᠦᠨ ᠤ ᠥᠪᠡᠰᠦᠪᠡᠨ ᠳᠥᠯᠥᠬᠦ ᠵᠠᠷᠤᠳᠠᠯ ᠢ ᠲᠣᠭᠲᠠᠭᠠᠯ ᠶᠣᠰᠣᠭᠠᠷ ᠲᠡᠩᠬᠡᠷᠡᠭᠦᠯᠦᠨ ᠲᠤᠰᠠᠯᠠᠬᠤ ᠪᠠᠲᠤᠯᠠᠭ᠎ᠠ ᠳᠤ ᠣᠷᠣᠭᠤᠯᠤᠨ᠎ᠠ᠃ ᠤᠯᠤᠰ ᠠᠴᠠ ᠠᠰᠲᠠᠭᠠᠨ ᠲᠣᠳᠣᠷᠬᠠᠶ ᠲᠣᠭᠲᠠᠭᠠᠯ ᠲᠠᠢ ᠪᠠᠶᠢᠬᠤ ᠶᠢ ᠭᠠᠷᠭᠠᠪᠠᠯ᠂ ᠡᠯ᠎ᠡ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠨᠤᠭᠤᠳ ᠥᠪᠡᠷᠲᠡᠭᠡᠨ ᠲᠣᠭᠲᠠᠭᠠᠬᠤ ᠪᠤᠶᠤ ᠲᠤᠬᠢᠷᠠᠭᠤᠯᠤᠨ ᠵᠣᠬᠢᠴᠠᠭᠤᠯᠬᠤ ᠠᠷᠭ᠎ᠠ ᠪᠠᠷ ᠡᠮ ᠡᠮᠨᠡᠯᠭᠡ ᠶᠢᠨ ᠠᠪᠤᠷᠠᠨ ᠲᠤᠰᠠᠯᠠᠬᠤ ᠵᠠᠷᠤᠳᠠᠯ ᠤᠨ ᠪᠠᠲᠤᠯᠠᠭ᠎ᠠ ᠶᠢᠨ ᠬᠦᠷᠢᠶ᠎ᠡ ᠬᠡᠪᠴᠢᠶ᠎ᠡ ᠶᠢ ᠳᠤᠷ᠎ᠠ ᠪᠠᠷ ᠢᠶᠠᠨ ᠥᠷᠭᠡᠳᠬᠡᠵᠦ ᠪᠣᠯᠬᠤ ᠦᠭᠡᠢ᠃      ︵ᠲᠠᠪᠤ︶ ᠦᠨᠳᠦᠰᠦᠨ ᠲᠡᠩᠬᠡᠷᠡᠭᠦᠯᠦᠨ ᠲᠤᠰᠠᠯᠠᠬᠤ ᠬᠢᠷᠢ ᠬᠡᠮᠵᠢᠶ᠎ᠡ ᠶᠢ ᠵᠦᠶ ᠵᠣᠬᠢᠰᠲᠠᠶ ᠲᠣᠭᠲᠠᠭᠠᠨ᠎ᠠ᠃      ᠲᠡᠩᠬᠡᠷᠡᠭᠦᠯᠦᠨ ᠲᠤᠰᠠᠯᠠᠬᠤ ᠡᠲᠡᠭᠡᠳ ᠤᠨ ᠬᠡᠷ ᠪᠦᠯᠢ ᠶᠢᠨ ᠬᠦᠴᠢᠷᠳᠡᠯ ᠲᠠᠢ ᠪᠠᠶᠢᠳᠠᠯ ᠢ ᠦᠨᠳᠦᠰᠦᠯᠡᠨ᠂ ᠣᠨ ᠤ ᠲᠡᠩᠬᠡᠷᠡᠭᠦᠯᠦᠨ ᠲᠤᠰᠠᠯᠠᠬᠤ ᠶᠢᠨ ᠡᠬᠢᠯᠡᠵᠦ ᠣᠯᠭᠤᠬᠤ ᠪᠠᠷᠢᠮᠵᠢᠶ᠎ᠠ ︵ᠳᠣᠷᠣᠭᠰᠢ ᠡᠬᠢᠯᠡᠵᠦ ᠣᠯᠭᠤᠬᠤ ᠪᠠᠷᠢᠮᠵᠢᠶ᠎ᠠ ᠭᠡᠵᠦ ᠲᠣᠪᠴᠢᠯᠠᠨ᠎ᠠ︶ ᠶᠢ ᠲᠥᠷᠥᠯ ᠬᠤᠪᠢᠶᠠᠨ ᠲᠣᠭᠲᠠᠭᠠᠨ᠎ᠠ᠃ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠡᠲᠡᠭᠡᠳ ᠲᠤ᠂ ᠣᠨᠴᠠ ᠬᠦᠴᠢᠷᠳᠡᠯᠲᠡᠶ ᠬᠥᠮᠦᠰ ᠤᠨ ᠡᠬᠢᠯᠡᠵᠦ ᠳᠥᠯᠥᠬᠦ ᠪᠠᠷᠢᠮᠵᠢᠶ᠎ᠠ ᠶᠢ ᠵᠠᠷᠴᠢᠮ ᠳᠡᠭᠡᠷ᠎ᠡ ᠪᠠᠨ ᠬᠦᠴᠦᠨ ᠥᠬᠡᠶ ᠪᠣᠯᠭᠠᠵᠤ᠂ ᠲᠦᠷ ᠨᠥᠬᠦᠴᠡᠯ ᠪᠦᠷᠢᠯᠳᠦᠭᠦᠯᠦᠭᠡᠳᠦᠶ ᠭᠠᠵᠠᠷ ᠣᠷᠣᠨ ᠤ ᠡᠬᠢᠯᠡᠵᠦ ᠳᠥᠯᠥᠬᠦ ᠪᠠᠷᠢᠮᠵᠢᠶ᠎ᠠ ᠶᠢ ᠪᠠᠶᠢᠭ᠎ᠠ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠲᠦᠷᠦᠭᠦᠤ ᠵᠢᠯ ᠤᠨ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ ᠶᠢᠨ 5% ᠠᠴᠠ ᠥᠨᠳᠥᠷ ᠪᠠᠶᠢᠯᠭᠠᠵᠤ ᠪᠣᠯᠬᠤ ᠥᠬᠡᠶ ᠪᠥᠭᠡᠳ ᠡᠬᠢᠯᠡᠵᠦ ᠳᠥᠯᠥᠬᠦ ᠪᠠᠷᠢᠮᠵᠢᠶ᠎ᠠ ᠶᠢ ᠬᠦᠴᠦᠨ ᠥᠬᠡᠶ ᠪᠣᠯᠭᠠᠬᠤ ᠶᠢ ᠠᠯᠬᠤᠮ ᠠᠯᠬᠤᠮ ᠢᠶᠠᠷ ᠰᠦᠪᠡᠭᠴᠢᠯᠡᠨ᠎ᠡ᠃ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠵᠠᠬ᠎ᠠ ᠬᠢᠵᠠᠭᠠᠷ ᠲᠠᠬᠢ ᠬᠡᠷ ᠪᠦᠯᠢ ᠶᠢᠨ ᠪᠦᠷᠢᠯᠳᠦᠬᠦᠨ ᠤ ᠡᠬᠢᠯᠡᠵᠦ ᠳᠥᠯᠥᠬᠦ ᠪᠠᠷᠢᠮᠵᠢᠶ᠎ᠠ ᠶᠢ ᠪᠠᠶᠢᠭ᠎ᠠ ᠭᠠᠵᠠᠷ ᠤᠨ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠲᠦᠷᠦᠭᠦᠤ ᠵᠢᠯ ᠤᠨ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ ᠶᠢᠨ 10% ᠣᠷᠴᠢᠮ ᠢᠶᠠᠷ ᠲᠣᠭᠲᠠᠭᠠᠵᠤ᠂ ᠡᠪᠡᠳᠴᠢᠨ ᠠᠴᠠ ᠪᠣᠯᠵᠣ ᠶᠠᠳᠠᠭᠤᠷᠠᠭᠰᠠᠨ ᠬᠦᠨᠳᠦ ᠡᠪᠡᠳᠴᠢᠲᠡᠨ ᠳᠤ 25% ᠣᠷᠴᠢᠮ ᠢᠶᠠᠷ ᠲᠣᠭᠲᠠᠭᠠᠨ᠎ᠠ᠃ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠡᠲᠡᠭᠡᠳ ᠲᠤ᠂ ᠣᠨᠴᠠ ᠬᠦᠴᠢᠷᠳᠡᠯᠲᠡᠶ ᠬᠥᠮᠦᠰ ᠤᠨ ᠲᠣᠭᠲᠠᠭᠠᠯ ᠳᠤ ᠨᠡᠶᠢᠴᠡᠬᠦ ᠡᠮᠴᠢᠯᠡᠭᠡᠨ ᠤ ᠵᠠᠷᠤᠳᠠᠯ ᠢ 70% ᠠᠴᠠ ᠳᠣᠤᠷ᠎ᠠ ᠪᠠᠶᠢᠯᠭᠠᠬᠤ ᠥᠬᠡᠶ ᠬᠠᠷᠢᠴᠠᠯ ᠢᠶᠠᠷ ᠲᠡᠩᠬᠡᠷᠡᠭᠦᠯᠦᠨ ᠲᠤᠰᠠᠯᠠᠵᠤ᠂ ᠪᠤᠰᠤᠳ ᠲᠡᠩᠬᠡᠷᠡᠭᠦᠯᠦᠨ ᠲᠤᠰᠠᠯᠠᠬᠤ ᠡᠲᠡᠭᠡᠳ ᠤᠨ ᠲᠡᠩᠬᠡᠷᠡᠭᠦᠯᠦᠨ ᠲᠤᠰᠠᠯᠠᠬᠤ ᠬᠠᠷᠢᠴᠠᠯ ᠢ ᠵᠠᠷᠴᠢᠮ ᠳᠡᠭᠡᠷ᠎ᠡ ᠪᠠᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠡᠲᠡᠭᠡᠳ ᠠᠴᠠ ᠪᠠᠭ᠎ᠠ ᠳᠣᠤᠷ᠎ᠠ᠂ ᠪᠣᠳᠠᠲᠠᠶ ᠠᠪᠤᠷᠠᠨ ᠲᠤᠰᠠᠯᠠᠬᠤ ᠬᠠᠷᠢᠴᠠᠯ ᠢ ᠲᠣᠭᠲᠠᠭᠠᠬᠤ ᠳᠠᠭᠠᠨ ᠵᠤᠬᠢᠰᠳᠠᠢ ᠪᠥᠭᠡᠳ ᠲᠣᠬᠢᠷᠠᠮᠵᠢᠲᠠᠶ ᠪᠠᠶᠢᠯᠭᠠᠵᠤ᠂ ᠡᠩ ᠤᠨ ᠠᠰᠠᠷᠠᠮᠵᠢ ᠶᠢᠨ ᠬᠠᠨᠳᠤᠰᠢ ᠶᠢ ᠰᠡᠷᠭᠡᠶᠢᠯᠡᠬᠦ ᠬᠡᠷᠡᠭᠲᠡᠶ᠃ ᠡᠯ᠎ᠡ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠨᠤᠭᠤᠳ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠬᠢᠷᠢ ᠬᠡᠮᠵᠢᠶ᠎ᠡ᠂ ᠠᠷᠠᠳ ᠲᠦᠮᠡᠨ ᠤ ᠡᠷᠡᠭᠦᠯ ᠮᠡᠨᠳᠦ ᠶᠢᠨ ᠬᠡᠷᠡᠭᠴᠡᠭᠡ ᠱᠠᠭᠠᠷᠳᠠᠯᠭ᠎ᠠ᠂ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠰᠠᠭᠤᠷᠢ ᠮᠥᠩᠭᠦ ᠶᠢᠨ ᠲᠤᠯᠭᠠᠭᠤᠷᠢᠯᠠᠬᠤ ᠴᠢᠳᠠᠪᠤᠷᠢ ᠶᠢ ᠦᠨᠳᠦᠰᠦᠯᠡᠨ᠂ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠣᠨ ᠤ ᠲᠡᠩᠬᠡᠷᠡᠭᠦᠯᠦᠨ ᠲᠤᠰᠠᠯᠠᠬᠤ ᠬᠢᠵᠠᠭᠠᠷ ᠲᠤᠭ᠎ᠠ ᠶᠢ ᠵᠦᠶ ᠵᠣᠬᠢᠰᠲᠠᠶ ᠲᠣᠭᠲᠠᠭᠠᠬᠤ ᠬᠡᠷᠡᠭᠲᠡᠶ᠃ ᠬᠥᠳᠡᠭᠡ ᠲᠣᠰᠬᠤᠨ ᠤ ᠲᠠᠬᠢᠨ ᠶᠠᠳᠠᠭᠤᠷᠠᠬᠤ ᠠᠴᠠ ᠪᠤᠯᠵᠤ ᠶᠠᠳᠠᠭᠤᠷᠠᠭᠰᠠᠨ ᠬᠥᠮᠦᠨ ᠠᠮᠠ ᠶᠢ ᠠᠪᠤᠷᠠᠨ ᠲᠤᠰᠠᠯᠠᠬᠤ ᠲᠦᠪᠰᠢᠨ ᠢ ᠡᠮᠴᠢᠯᠡᠭᠡ ᠶᠢᠨ ᠪᠠᠳᠤᠯᠠᠭ᠎ᠠ ᠶᠢᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠪᠦᠲᠦᠮᠵᠢᠲᠡᠢ ᠵᠣᠯᠭᠠᠭᠤᠯᠬᠤ ᠬᠤᠯᠪᠣᠭᠳᠠᠯ ᠪᠦᠬᠦᠢ ᠲᠦᠷᠦ ᠶᠢᠨ ᠪᠤᠳᠤᠯᠭ᠎ᠠ ᠶᠢᠨ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃      ︵ᠵᠢᠷᠭᠤᠭ᠎ᠠ︶ ᠦᠨᠳᠦᠰᠦᠨ ᠵᠦᠢᠯ ᠢ ᠪᠠᠲᠤᠯᠠᠬᠤ ᠪᠠᠲᠤᠯᠠᠭ᠎ᠠ ᠶᠢᠨ ᠠᠷᠭ᠎ᠠ ᠬᠡᠮᠵᠢᠶ᠎ᠡ ᠶᠢ ᠨᠢᠭᠡᠳᠦᠯᠲᠡᠶ ᠲᠥᠯᠥᠪᠯᠡᠨ ᠲᠡᠭᠦᠯᠳᠡᠷᠵᠢᠭᠦᠯᠦᠨ᠎ᠡ᠃      ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ᠂ ᠣᠨᠴᠣᠭᠤᠶ ᠡᠪᠡᠳᠴᠢᠨ ᠡᠮᠭᠡᠭ ᠢ ᠲᠡᠩᠬᠡᠷᠡᠭᠦᠯᠦᠨ ᠲᠤᠰᠠᠯᠠᠬᠤ ᠪᠠᠲᠤᠯᠠᠭ᠎ᠠ ᠶᠢ ᠴᠢᠩᠭᠠᠳᠬᠠᠵᠤ᠂ ᠡᠭᠦᠳᠡᠨ ᠡᠮᠨᠡᠯᠭᠡ ᠪᠠ ᠡᠮᠨᠡᠯᠭᠡ ᠳᠤ ᠰᠠᠭᠤᠵᠤ ᠲᠡᠩᠬᠡᠷᠡᠭᠦᠯᠦᠨ ᠲᠤᠰᠠᠯᠠᠬᠤ ᠳᠤ ᠣᠨ ᠤ ᠲᠡᠩᠬᠡᠷᠡᠭᠦᠯᠦᠨ ᠲᠤᠰᠠᠯᠠᠬᠤ ᠬᠢᠵᠠᠭᠠᠷ ᠲᠤᠭ᠎ᠠ ᠶᠢ ᠨᠡᠶᠢᠲᠡ ᠪᠠᠷ ᠬᠡᠷᠡᠭᠯᠡᠵᠦ᠂ ᠪᠠᠯᠠ ᠮᠥᠩᠭᠦ ᠶᠢᠨ ᠬᠡᠷᠡᠭᠯᠡᠯᠲᠡ ᠶᠢ ᠨᠢᠭᠡᠳᠦᠯᠲᠡᠶ ᠲᠥᠯᠥᠪᠯᠡᠨ᠂ ᠲᠡᠩᠬᠡᠷᠡᠭᠦᠯᠦᠨ ᠲᠤᠰᠠᠯᠠᠬᠤ ᠡᠲᠡᠭᠡᠳ ᠤᠨ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ᠂ ᠣᠨᠴᠣᠭᠤᠶ ᠡᠪᠡᠳᠴᠢᠨ ᠡᠮᠭᠡᠭ ᠤᠨ ᠡᠮᠴᠢᠯᠡᠭᠡᠨ ᠤ ᠵᠠᠷᠤᠳᠠᠯ ᠤᠨ ᠰᠢᠯᠵᠢᠭᠦᠯᠦᠨ ᠡᠮᠨᠡᠭᠦᠯᠬᠦ ᠶᠢ ᠵᠢᠷᠤᠮᠵᠢᠭᠤᠯᠤᠭᠰᠠᠨ ᠮᠥᠷᠲᠡᠭᠡᠨ ᠮᠤᠵᠢ ᠶᠢᠨ ᠬᠡᠪᠴᠢᠶᠡᠨ ᠳᠤ ᠡᠮᠨᠡᠭᠦᠯᠦᠭᠰᠡᠨ ᠠᠪᠤᠷᠠᠨ ᠲᠤᠰᠠᠯᠠᠬᠤ ᠡᠲᠡᠭᠡᠳ ᠢ ᠭᠤᠷᠪᠠᠨ ᠳᠠᠪᠬᠤᠷ ᠲᠦᠷᠢᠮ ᠢᠶᠠᠷ ᠶᠡᠷᠦᠩᠬᠡᠶᠢᠯᠡᠨ ᠪᠠᠲᠤᠯᠠᠭᠰᠠᠨ ᠤ ᠳᠠᠷᠠᠭ᠎ᠠ᠂ ᠲᠥᠷᠥ ᠶᠢᠨ ᠪᠣᠳᠣᠯᠭ᠎ᠠ ᠶᠢᠨ ᠬᠡᠪᠴᠢᠶᠡᠨ ᠳᠣᠲᠣᠷ᠎ᠠ ᠬᠤᠪᠢ ᠬᠥᠮᠦᠨ ᠤ ᠳᠠᠷᠤᠭᠠᠰᠤ ᠮᠥᠨ ᠨᠡᠯᠢᠶᠡᠳ ᠬᠦᠨᠳᠦ ᠪᠠᠶᠢᠪᠠᠯ᠂ ᠬᠡᠯᠪᠠᠶᠢᠯᠭᠡᠵᠦ ᠠᠪᠤᠷᠠᠨ ᠲᠤᠰᠠᠯᠠᠨ᠎ᠠ᠂ ᠪᠣᠳᠠᠲᠠᠶ ᠠᠪᠤᠷᠠᠨ ᠲᠤᠰᠠᠯᠠᠬᠤ ᠪᠠᠷᠢᠮᠵᠢᠶ᠎ᠠ ᠶᠢ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠡᠮᠴᠢᠯᠡᠭᠡᠨ ᠤ ᠠᠪᠤᠷᠠᠨ ᠲᠤᠰᠠᠯᠠᠬᠤ ᠰᠠᠭᠤᠷᠢ ᠮᠥᠩᠭᠦ ᠶᠢᠨ ᠪᠠᠯᠠ ᠴᠤᠭᠯᠠᠭᠤᠯᠤᠭᠰᠠᠨ ᠪᠠᠶᠢᠳᠠᠯ ᠢ ᠦᠨᠳᠦᠰᠦᠯᠡᠨ ᠰᠢᠨᠵᠢᠯᠡᠬᠦ ᠤᠬᠠᠭᠠᠨᠴᠢ ᠪᠠᠷ ᠲᠣᠭᠲᠠᠭᠠᠵᠤ᠂ ᠬᠡᠲᠦ ᠪᠠᠲᠤᠯᠠᠬᠤ ᠠᠴᠠ ᠵᠠᠶᠢᠯᠠᠰᠬᠢᠨ᠎ᠡ᠃ ᠣᠨᠣᠰᠢᠯᠠᠨ ᠡᠮᠨᠡᠬᠦ ᠲᠥᠰᠦᠯ ᠢ ᠲᠣᠳᠣᠷᠬᠠᠶᠢᠯᠠᠬᠤ᠂ ᠣᠨᠣᠰᠢᠯᠠᠨ ᠡᠮᠨᠡᠬᠦ ᠶᠢ ᠵᠢᠷᠤᠮᠵᠢᠭᠤᠯᠬᠤ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠤᠨ ᠡᠮᠴᠢᠯᠡᠭᠡᠨ ᠤ ᠥᠪᠡᠷ ᠤᠨ ᠥᠷᠲᠡᠭ ᠢ ᠪᠠᠭᠤᠷᠠᠭᠤᠯᠵᠤ᠂ ᠬᠦᠴᠢᠷᠳᠡᠯᠲᠡᠶ ᠣᠯᠠᠨ ᠲᠦᠮᠡᠨ ᠤ ᠲᠥᠷᠥ ᠶᠢᠨ ᠪᠣᠳᠣᠯᠭ᠎ᠠ ᠶᠢᠨ ᠬᠡᠪᠴᠢᠶᠡᠨ ᠳᠠᠬᠢ ᠥᠪᠡᠰᠦᠪᠡᠨ ᠳᠥᠯᠥᠬᠦ ᠵᠠᠷᠤᠳᠠᠯ ᠤᠨ ᠬᠠᠷᠢᠴᠠᠯ ᠢ ᠵᠦᠶ ᠵᠣᠬᠢᠰᠲᠠᠶ ᠬᠢᠵᠠᠭᠠᠷᠯᠠᠨ᠎ᠠ᠃      ᠲᠠᠪᠤ᠂ ᠡᠪᠡᠳᠴᠢᠨ ᠠᠴᠠ ᠪᠤᠯᠵᠤ ᠶᠠᠳᠠᠭᠤᠷᠠᠬᠤ ᠪᠠ ᠲᠠᠬᠢᠨ ᠶᠠᠳᠠᠭᠤᠷᠠᠬᠤ ᠶᠢ ᠰᠡᠷᠭᠡᠶᠢᠯᠡᠬᠦ ᠪᠠ ᠠᠷᠢᠯᠭᠠᠬᠤ ᠤᠷᠳᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ ᠪᠠᠶᠢᠭᠤᠯᠤᠨ ᠪᠦᠷᠢᠨᠰᠢᠬᠦᠯᠦᠨ᠎ᠠ      ︵ᠳᠣᠯᠤᠭ᠎ᠠ︶ ᠶᠡᠭᠡ ᠲᠣᠭᠠᠨ ᠤ ᠡᠮᠴᠢᠯᠡᠭᠡᠨ ᠤ ᠵᠠᠷᠤᠳᠠᠯ ᠤᠨ ᠵᠠᠷᠤᠯᠭ᠎ᠠ ᠶᠢ ᠤᠷᠢᠳᠴᠢᠯᠠᠨ ᠰᠡᠷᠡᠮᠵᠢᠯᠡᠭᠦᠯᠵᠦ ᠡᠮᠴᠢᠯᠡᠭᠡ ᠪᠠᠷ ᠲᠡᠩᠬᠡᠷᠡᠭᠦᠯᠦᠨ ᠲᠤᠰᠠᠯᠠᠬᠤ ᠡᠲᠡᠭᠡᠳ ᠤᠨ ᠮᠡᠳᠡᠭᠡ ᠵᠠᠩᠭᠢ ᠶᠢᠨ ᠬᠥᠳᠡᠯᠦᠩᠭᠦᠶ ᠬᠠᠮᠢᠶᠠᠷᠤᠯᠲᠠ ᠶᠢ ᠡᠪᠡᠳᠴᠢᠨ ᠠᠴᠠ ᠪᠣᠯᠵᠣ ᠶᠠᠳᠠᠭᠤᠷᠠᠬᠤ ᠪᠠ ᠡᠪᠡᠳᠴᠢᠨ ᠠᠴᠠ ᠪᠣᠯᠵᠣ ᠳᠠᠬᠢᠨ ᠶᠠᠳᠠᠭᠤᠷᠠᠬᠤ ᠶᠢᠨ ᠬᠤᠤᠰ ᠤᠷᠢᠳᠴᠢᠯᠠᠨ ᠰᠡᠷᠡᠮᠵᠢᠯᠡᠭᠦᠯᠬᠦ ᠲᠣᠭᠲᠠᠴᠠ ᠶᠢ ᠲᠥᠷᠥᠯ ᠬᠤᠪᠢᠶᠠᠨ ᠪᠦᠷᠢᠨᠰᠢᠬᠦᠯᠵᠦ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠬᠢᠨᠠᠨ ᠬᠡᠮᠵᠢᠬᠦ ᠪᠠᠷᠢᠮᠵᠢᠶ᠎ᠠ ᠶᠢ ᠵᠦᠶ ᠵᠣᠬᠢᠰᠲᠠᠶ ᠲᠣᠭᠲᠠᠭᠠᠨ᠎ᠠ᠃ ᠦᠨᠳᠦᠰᠦᠨ ᠡᠮ ᠡᠮᠨᠡᠯᠭᠡ ᠶᠢᠨ ᠳᠠᠭᠠᠳᠬᠠᠯ᠂ ᠬᠦᠨᠳᠦ ᠡᠪᠡᠳᠴᠢᠨ ᠤ ᠳᠠᠭᠠᠳᠬᠠᠯ ᠵᠡᠷᠭᠡ ᠪᠠᠷ ᠳᠡᠮᠵᠢᠨ ᠳᠥᠯᠥᠭᠰᠡᠨ ᠤ ᠳᠠᠷᠠᠭᠠᠬᠢ ᠬᠤᠪᠢ ᠬᠥᠮᠦᠨ ᠤ ᠣᠨ ᠤ ᠡᠮ ᠡᠮᠨᠡᠯᠭᠡ ᠶᠢᠨ ᠵᠠᠷᠤᠳᠠᠯ ᠤᠨ ᠡᠭᠦᠷᠭᠡᠯᠡᠯ ᠨᠢ ᠮᠥᠨ ᠬᠦ ᠨᠡᠯᠢᠶᠡᠳ ᠬᠦᠨᠳᠦ ᠪᠠᠶᠢᠭ᠎ᠠ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠵᠠᠬ᠎ᠠ ᠬᠢᠵᠠᠭᠠᠷ ᠤᠨ ᠬᠡᠷ ᠪᠦᠯᠢ ᠶᠢᠨ ᠪᠦᠷᠢᠯᠳᠦᠬᠦᠨ ᠪᠠ ᠬᠥᠳᠡᠭᠡ ᠲᠣᠰᠬᠤᠨ ᠤ ᠳᠠᠬᠢᠨ ᠶᠠᠳᠠᠭᠤᠷᠠᠬᠤ ᠠᠴᠠ ᠪᠣᠯᠵᠣ ᠶᠠᠳᠠᠭᠤᠷᠠᠭᠰᠠᠨ ᠬᠥᠮᠦᠨ ᠠᠮᠠ ᠶᠢ ᠭᠤᠤᠯᠳᠠᠯᠭ᠎ᠠ ᠲᠠᠢ ᠬᠢᠨᠠᠨ ᠬᠡᠮᠵᠢᠵᠦ᠂ ᠴᠠᠭ ᠲᠤᠬᠠᠶ ᠳᠤᠨᠢ ᠤᠷᠢᠳᠴᠢᠯᠠᠨ ᠰᠡᠷᠡᠮᠵᠢᠯᠡᠭᠦᠯᠦᠨ᠎ᠡ᠃ ᠰᠠᠯᠠᠭ᠎ᠠ ᠮᠥᠴᠢᠷ ᠤᠨ ᠬᠤᠭᠤᠷᠣᠨᠳᠣᠬᠢ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠪᠠ ᠬᠠᠷᠭᠤᠭᠤᠯᠤᠨ ᠪᠠᠶᠢᠴᠠᠭᠠᠵᠤ ᠠᠳᠠᠯᠢᠳᠬᠠᠬᠤ ᠶᠢ ᠴᠢᠩᠭᠠᠳᠬᠠᠵᠤ᠂ ᠲᠦᠭᠰᠢᠭᠦᠷᠢ ᠶᠢ ᠰᠤᠳᠤᠯᠤᠨ ᠮᠠᠭᠠᠳᠯᠠᠬᠤ ᠪᠠ ᠰᠢᠢᠳᠪᠦᠷᠢᠯᠡᠬᠦ ᠶᠢ ᠬᠠᠮᠵᠢᠯᠴᠠᠨ ᠰᠠᠶᠢᠲᠤᠷ ᠬᠢᠨ᠎ᠠ᠃ ᠬᠢᠨᠠᠨ ᠬᠡᠮᠵᠢᠬᠦ ᠬᠥᠮᠦᠰ ᠤᠨ ᠬᠥᠳᠡᠯᠦᠩᠭᠦᠶ ᠬᠠᠮᠢᠶᠠᠷᠤᠯᠲᠠ ᠶᠢ ᠴᠢᠩᠭᠠᠳᠬᠠᠵᠤ᠂ ᠨᠥᠬᠦᠴᠡᠯ ᠳᠤ ᠨᠡᠶᠢᠴᠡᠭᠰᠡᠨ ᠢ ᠨᠢ ᠴᠠᠭ ᠲᠤᠬᠠᠶ ᠳᠤᠨᠢ ᠠᠪᠤᠷᠠᠨ ᠲᠤᠰᠠᠯᠠᠬᠤ ᠬᠡᠪᠴᠢᠶᠡᠨ ᠳᠤ ᠣᠷᠣᠭᠤᠯᠬᠤ ᠬᠡᠷᠡᠭᠲᠡᠶ᠃      ︵ᠨᠠᠢᠮᠠ︶ ᠭᠤᠶᠤᠴᠢᠯᠠᠯ ᠶᠣᠰᠣᠭᠠᠷ ᠶᠡᠷᠦᠩᠬᠡᠶᠢᠯᠡᠭᠰᠡᠨ ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ᠎ᠠ᠃ ᠲᠤᠰᠠᠯᠠᠮᠵᠢ ᠭᠤᠶᠤᠴᠢᠯᠠᠬᠤ ᠲᠣᠭᠲᠠᠴᠠ ᠶᠢ ᠪᠥᠬᠦ ᠲᠠᠯ᠎ᠠ ᠪᠠᠷ ᠪᠠᠶᠢᠭᠤᠯᠵᠤ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠵᠠᠬ᠎ᠠ ᠬᠢᠵᠠᠭᠠᠷ ᠤᠨ ᠬᠡᠷ ᠪᠦᠯᠢ ᠶᠢᠨ ᠪᠦᠷᠢᠯᠳᠦᠬᠦᠨ ᠪᠠ ᠬᠥᠳᠡᠭᠡ ᠲᠣᠰᠬᠤᠨ ᠤ ᠳᠠᠬᠢᠨ ᠶᠠᠳᠠᠭᠤᠷᠠᠬᠤ ᠠᠴᠠ ᠪᠣᠯᠵᠣ ᠶᠠᠳᠠᠭᠤᠷᠠᠭᠰᠠᠨ ᠬᠥᠮᠦᠨ ᠠᠮᠠ᠂ ᠡᠪᠡᠳᠴᠢᠨ ᠠᠴᠠ ᠪᠣᠯᠵᠣ ᠶᠠᠳᠠᠭᠤᠷᠠᠭᠰᠠᠨ ᠬᠦᠨᠳᠦ ᠡᠪᠡᠳᠴᠢᠲᠡᠨ ᠳᠤ ᠡᠮᠴᠢᠯᠡᠭᠡᠨ ᠤ ᠲᠤᠰᠠᠯᠠᠮᠵᠢ ᠭᠤᠶᠤᠴᠢᠯᠠᠬᠤ ᠠᠷᠭ᠎ᠠ ᠵᠠᠮ ᠢ ᠰᠠᠭᠠᠳ ᠥᠬᠡᠶ ᠨᠡᠪᠲᠡᠷᠡᠭᠦᠯᠵᠦ᠂ ᠠᠪᠤᠷᠠᠨ ᠲᠤᠰᠠᠯᠠᠬᠤ ᠬᠤᠭᠤᠴᠠᠭᠠᠲᠤ ᠴᠢᠨᠠᠷ ᠢ ᠴᠢᠩᠭᠠᠷᠠᠭᠤᠯᠤᠨ᠎ᠠ᠃ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠲᠡᠭᠡᠳ᠂ ᠣᠨᠴᠠ ᠬᠦᠴᠢᠷᠳᠡᠯᠲᠡᠶ ᠬᠥᠮᠦᠰ ᠢᠶᠠᠷ ᠨᠢᠭᠡᠨᠲᠡ ᠦᠨᠡᠮᠰᠢᠭᠰᠡᠨ ᠪᠠᠶᠢᠪᠠᠯ᠂ ᠰᠢᠭᠤᠳ ᠡᠮᠴᠢᠯᠡᠭᠡᠨ ᠤ ᠠᠪᠤᠷᠠᠨ ᠲᠤᠰᠠᠯᠠᠯᠲᠠ ᠭᠥᠷᠳᠡᠨ᠎ᠡ᠃ ᠡᠮᠴᠢᠯᠡᠭᠡᠨ ᠤ ᠠᠪᠤᠷᠠᠨ ᠲᠤᠰᠠᠯᠠᠯᠲᠠ᠂ ᠲᠦᠷ ᠴᠠᠭ ᠤᠨ ᠠᠪᠤᠷᠠᠨ ᠲᠤᠰᠠᠯᠠᠯᠲᠠ᠂ ᠨᠢᠭᠦᠯᠡᠰᠦᠩᠭᠦᠶ ᠶᠢᠨ ᠠᠪᠤᠷᠠᠨ ᠲᠤᠰᠠᠯᠠᠯᠲᠠ ᠵᠡᠷᠭᠡ ᠶᠡᠷᠦᠩᠬᠡᠶᠢᠯᠡᠭᠰᠡᠨ ᠴᠢᠨᠠᠷᠲᠠᠶ ᠪᠠᠲᠤᠯᠠᠭ᠎ᠠ ᠶᠢᠨ ᠠᠷᠭ᠎ᠠ ᠬᠡᠮᠵᠢᠶ᠎ᠡ ᠶᠢ ᠴᠢᠩᠭᠠᠳᠬᠠᠵᠤ᠂ ᠱᠠᠳᠤ ᠬᠤᠪᠢᠶᠠᠨ ᠲᠦᠷᠦᠯ ᠬᠤᠪᠢᠶᠠᠨ ᠬᠠᠪᠰᠤᠷᠤᠨ ᠲᠡᠳᠬᠦᠬᠦ ᠶᠢ ᠨᠠᠷᠢᠯᠢᠭ ᠣᠨᠣᠴᠠᠲᠠᠶ ᠪᠠᠷ ᠬᠡᠷᠡᠭᠵᠢᠭᠦᠯᠦᠨ᠎ᠡ᠃ ᠶᠡᠷᠦᠩᠬᠡᠶᠢᠯᠡᠨ ᠲᠡᠩᠬᠡᠷᠡᠭᠦᠯᠦᠨ ᠲᠤᠰᠠᠯᠠᠬᠤ ᠬᠢᠷᠢ ᠬᠡᠮᠵᠢᠶ᠎ᠡ ᠶᠢ ᠬᠡᠷ ᠪᠦᠯᠢ ᠶᠢᠨ ᠠᠵᠤ ᠠᠬᠤᠶ ᠶᠢᠨ ᠪᠠᠶᠢᠳᠠᠯ᠂ ᠡᠭᠦᠷᠭᠡᠯᠡᠵᠦ ᠪᠠᠶᠢᠭ᠎ᠠ ᠬᠤᠪᠢ ᠬᠥᠮᠦᠨ ᠤ ᠪᠣᠳᠠᠲᠠᠶ ᠵᠠᠷᠤᠳᠠᠯ ᠤᠨ ᠪᠠᠶᠢᠳᠠᠯ ᠢ ᠦᠨᠳᠦᠰᠦᠯᠡᠨ ᠵᠦᠶ ᠵᠣᠬᠢᠰᠲᠠᠶ ᠲᠣᠭᠲᠠᠭᠠᠬᠤ ᠬᠡᠷᠡᠭᠲᠡᠶ᠃        ᠵᠢᠷᠭᠤᠭ᠎ᠠ᠂ ᠨᠢᠭᠦᠯᠡᠰᠦᠩᠭᠦᠶ ᠶᠢᠨ ᠦᠢᠯᠡᠰ ᠵᠡᠷᠭᠡ ᠨᠡᠶᠢᠭᠡᠮ ᠤᠨ ᠬᠦᠴᠦᠨ ᠢ ᠢᠳᠡᠪᠬᠢᠲᠡᠶ ᠪᠠᠷ ᠬᠥᠲᠥᠯᠦᠨ ᠵᠢᠯᠣᠭᠤᠳᠴᠤ ᠪᠠᠶᠢᠭᠠᠳ ᠠᠪᠤᠷᠠᠨ ᠲᠤᠰᠠᠯᠠᠬᠤ ᠲᠦᠷᠦᠯ ᠵᠦᠢᠯ ᠢ ᠵᠤᠬᠢᠶᠠᠨ ᠪᠠᠶᠢᠭᠤᠯᠤᠨ ᠲᠤᠭᠳᠠᠭᠠᠵᠤ᠂ ᠨᠦᠬᠦᠪᠦᠷᠢᠯᠡᠨ ᠠᠪᠤᠷᠠᠨ ᠲᠠᠰᠠᠯᠠᠬᠤ ᠦᠢᠯᠡᠳᠦᠯ ᠢ ᠪᠠᠳᠠᠷᠠᠭᠤᠯᠤᠨ᠎ᠠ᠃      ︵ᠶᠢᠰᠦ︶ ᠨᠢᠭᠦᠯᠡᠰᠦᠩᠭᠦᠶ ᠶᠢᠨ ᠠᠪᠤᠷᠠᠨ ᠲᠤᠰᠠᠯᠠᠯᠲᠠ ᠶᠢ ᠬᠥᠭᠵᠢᠭᠦᠯᠦᠨ ᠪᠤᠵᠠᠭᠠᠶᠢᠷᠠᠭᠤᠯᠤᠨ᠎ᠠ᠃ ᠨᠢᠭᠦᠯᠡᠰᠦᠩᠭᠦᠶ ᠶᠢᠨ ᠵᠣᠬᠢᠶᠠᠨ ᠪᠠᠶᠢᠭᠤᠯᠤᠯᠲᠠ ᠪᠠ ᠨᠡᠶᠢᠭᠡᠮ ᠤᠨ ᠪᠤᠰᠤᠳ ᠵᠣᠬᠢᠶᠠᠨ ᠪᠠᠶᠢᠭᠤᠯᠤᠯᠲᠠ ᠶᠢᠨ ᠬᠦᠨᠳᠦ ᠡᠪᠡᠳᠴᠢᠨ ᠤ ᠠᠪᠤᠷᠠᠨ ᠲᠤᠰᠠᠯᠠᠬᠤ  ᠲᠦᠷᠦᠯ ᠵᠦᠢᠯ ᠪᠠᠶᠢᠭᠤᠯᠬᠤ ᠶᠢ ᠵᠣᠷᠢᠭᠵᠢᠭᠤᠯᠵᠤ᠂ ᠨᠥᠬᠦᠪᠥᠷᠢᠯᠡᠨ ᠠᠪᠤᠷᠠᠨ ᠲᠤᠰᠠᠯᠠᠬᠤ ᠦᠢᠯᠡᠳᠦᠯ ᠢ ᠪᠠᠳᠠᠷᠠᠭᠤᠯᠤᠨ᠎ᠠ᠃ ᠢᠨᠲ᠋ᠤᠷ ᠰᠦᠯᠵᠢᠶᠡᠨ ᠤ ᠢᠯᠡ ᠪᠠᠷ ᠬᠠᠨᠳᠢᠪ ᠴᠤᠭᠯᠠᠭᠤᠯᠬᠤ ᠮᠡᠳᠡᠭᠡ ᠵᠠᠩᠭᠢ ᠶᠢᠨ ᠲᠠᠪᠴᠠᠩ ᠤᠨ ᠬᠥᠭᠵᠢᠯᠲᠡ ᠪᠠ ᠲᠠᠪᠴᠠᠩ ᠤᠨ ᠬᠤᠭᠤᠷᠣᠨᠳᠣᠬᠢ ᠨᠢᠭᠦᠯᠡᠰᠦᠩᠭᠦᠶ ᠶᠢᠨ ᠡᠬᠢ ᠪᠠᠶᠠᠯᠢᠭ ᠢ ᠬᠠᠮᠲᠤ ᠪᠠᠷ ᠡᠳ᠋ᠯᠡᠬᠦ ᠶᠢ ᠠᠬᠢᠭᠤᠯᠵᠤ᠂ ᠢᠨᠲ᠋ᠤᠷ ᠰᠦᠯᠵᠢᠶᠡᠨ ᠤ ᠬᠤᠪᠢ ᠬᠥᠮᠦᠨ ᠤ ᠬᠦᠨᠳᠦ ᠡᠪᠡᠳᠴᠢᠨ ᠤ ᠲᠤᠰᠠᠯᠠᠮᠵᠢ ᠭᠤᠶᠤᠴᠢᠯᠠᠬᠤ ᠲᠠᠪᠴᠠᠩ ᠤᠨ ᠮᠡᠳᠡᠭᠡ ᠵᠠᠩᠭᠢ ᠨᠡᠶᠢᠲᠡᠯᠡᠬᠦ ᠶᠢ ᠵᠢᠷᠤᠮᠵᠢᠭᠤᠯᠵᠤ᠂ ᠢᠯᠡ ᠪᠠᠷ ᠠᠪᠤᠷᠠᠨ ᠲᠤᠰᠠᠯᠠᠬᠤ ᠶᠢ ᠬᠡᠷᠡᠭᠵᠢᠭᠦᠯᠦᠨ᠎ᠡ᠃ ᠡᠮᠴᠢᠯᠡᠭᠡ ᠪᠠᠷ ᠲᠡᠩᠬᠡᠷᠡᠭᠦᠯᠦᠨ ᠲᠤᠰᠠᠯᠠᠬᠤ ᠬᠦᠷᠢᠶ᠎ᠡ ᠴᠠᠷᠠᠭ᠎ᠠ ᠶᠢᠨ ᠨᠡᠶᠢᠭᠡᠮ ᠤᠨ ᠠᠵᠢᠯ ᠤᠨ ᠦᠢᠯᠡᠴᠢᠯᠡᠭᠡᠨ ᠪᠠ ᠰᠠᠶᠢᠨ ᠳᠤᠷ᠎ᠠ ᠶᠢᠨ ᠦᠢᠯᠡᠴᠢᠯᠡᠭᠡᠨ ᠤ ᠬᠥᠭᠵᠢᠯᠲᠡ ᠶᠢ ᠳᠡᠮᠵᠢᠵᠦ᠂ ᠲᠡᠩᠬᠡᠷᠡᠭᠦᠯᠦᠨ ᠲᠤᠰᠠᠯᠠᠬᠤ ᠦᠢᠯᠡᠴᠢᠯᠡᠭᠡᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠬᠢᠷᠢ ᠬᠡᠮᠵᠢᠶ᠎ᠡ ᠪᠠ ᠡᠯ᠎ᠡ ᠲᠠᠯ᠎ᠠ ᠶᠢᠨ ᠬᠢᠨ ᠤ ᠳᠠᠭᠠᠭᠠᠬᠤ ᠴᠢᠳᠠᠪᠤᠷᠢ ᠶᠢ ᠦᠨᠳᠦᠰᠦᠯᠡᠨ᠂ ᠬᠤᠪᠣᠷ ᠲᠣᠬᠢᠶᠠᠯᠳᠤᠬᠤ ᠡᠪᠡᠳᠴᠢᠨ ᠳᠤ ᠬᠡᠷᠡᠭᠯᠡᠬᠦ ᠡᠮ ᠤᠨ ᠪᠠᠲᠤᠯᠠᠭ᠎ᠠ ᠶᠢᠨ ᠲᠣᠭᠲᠠᠴᠠ ᠶᠢ ᠰᠦᠪᠡᠭᠴᠢᠯᠡᠨ ᠪᠠᠶᠢᠭᠤᠯᠵᠤ᠂ ᠡᠮᠴᠢᠯᠡᠭᠡᠨ ᠤ ᠪᠠᠲᠤᠯᠠᠭ᠎ᠠ᠂ ᠨᠡᠶᠢᠭᠡᠮ ᠤᠨ ᠠᠪᠤᠷᠠᠨ ᠲᠤᠰᠠᠯᠠᠯᠲᠠ᠂ ᠨᠢᠭᠦᠯᠡᠰᠦᠩᠭᠦᠶ ᠶᠢᠨ ᠬᠠᠪᠰᠤᠷᠤᠨ ᠲᠡᠳᠬᠦᠬᠦ ᠵᠡᠷᠭᠡ ᠡᠬᠢ ᠪᠠᠶᠠᠯᠢᠭ ᠢ ᠡᠮᠬᠢᠯᠡᠨ ᠨᠡᠶᠢᠯᠡᠭᠦᠯᠵᠦ ᠂ ᠶᠡᠷᠦᠩᠬᠡᠶᠢᠯᠡᠭᠰᠡᠨ ᠪᠠᠲᠤᠯᠠᠭ᠎ᠠ ᠶᠢ ᠬᠡᠷᠡᠭᠵᠢᠭᠦᠯᠦᠨ᠎ᠡ᠃ ᠨᠢᠭᠦᠯᠡᠰᠦᠩᠭᠦᠶ ᠶᠢᠨ ᠠᠵᠢᠯᠯᠠᠭ᠎ᠠ ᠳᠤ ᠣᠷᠣᠯᠴᠠᠬᠤ ᠶᠢ ᠤᠷᠮᠠᠰᠢᠭᠤᠯᠬᠤ ᠲᠣᠭᠲᠠᠴᠠ ᠶᠢ ᠪᠠᠶᠢᠭᠤᠯᠵᠤ᠂ ᠵᠣᠬᠢᠴᠠᠩᠭᠤᠶ ᠭᠠᠶᠢᠯᠢ ᠲᠠᠲᠠᠪᠤᠷᠢ ᠶᠢᠨ ᠬᠠᠷᠠᠭᠠᠯᠵᠠᠯ᠂ ᠵᠠᠷᠤᠳᠠᠯ ᠢ ᠬᠠᠰᠤᠵᠤ ᠬᠡᠯᠲᠦᠷᠢᠭᠦᠯᠬᠦ ᠵᠡᠷᠭᠡ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠨ᠎ᠠ᠃      ︵ᠠᠷᠪᠠ︶ ᠡᠮᠴᠢᠯᠡᠭᠡ ᠶᠢᠨ ᠬᠠᠷᠢᠯᠴᠠᠨ ᠬᠠᠪᠰᠤᠷᠤᠯᠴᠠᠬᠤ ᠪᠠ ᠬᠤᠳᠠᠯᠳᠤᠭᠠᠨ ᠤ ᠡᠷᠡᠭᠦᠯ ᠮᠡᠨᠳᠦ ᠶᠢᠨ ᠳᠠᠭᠠᠳᠬᠠᠯ ᠤᠨ ᠬᠥᠭᠵᠢᠯᠲᠡ ᠶᠢ ᠵᠣᠷᠢᠭᠵᠢᠭᠤᠯᠤᠨ᠎ᠠ᠃ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠬᠠᠪᠰᠤᠷᠤᠯᠴᠠᠭ᠎ᠠ ᠥᠷᠨᠢᠭᠦᠯᠬᠦ ᠶᠢ ᠳᠡᠮᠵᠢᠵᠦ᠂ ᠢᠨᠲ᠋ᠤᠷ ᠰᠦᠯᠵᠢᠶᠡᠨ ᠤ ᠲᠠᠪᠴᠠᠩ ᠤᠨ ᠬᠠᠪᠰᠤᠷᠤᠯᠴᠠᠭ᠎ᠠ ᠶᠢ ᠵᠢᠷᠤᠮᠵᠢᠭᠤᠯᠤᠨ᠂ ᠲᠦᠭᠰᠢᠭᠦᠷᠢ ᠶᠢᠨ ᠬᠠᠮᠢᠶᠠᠷᠤᠯᠲᠠ ᠡᠵᠡᠮᠳᠡᠯ ᠢ ᠴᠢᠩᠭᠠᠳᠬᠠᠵᠤ᠂ ᠡᠮ ᠡᠮᠨᠡᠯᠭᠡ ᠶᠢᠨ ᠬᠠᠪᠰᠤᠷᠤᠯᠴᠠᠭ᠎ᠠ ᠶᠢᠨ ᠡᠷᠡᠭᠦᠯ ᠢᠶᠠᠷ ᠬᠥᠭᠵᠢᠬᠦ ᠶᠢ ᠬᠤᠳᠠᠯᠳᠤᠭᠠᠨ ᠤ ᠡᠷᠡᠭᠦᠯ ᠮᠡᠨᠳᠦ ᠶᠢᠨ ᠳᠠᠭᠠᠳᠬᠠᠯ ᠤᠨ ᠬᠥᠭᠵᠢᠯᠲᠡ ᠶᠢ ᠳᠡᠮᠵᠢᠵᠦ᠂ ᠦᠨᠳᠦᠰᠦᠨ ᠡᠮᠴᠢᠯᠡᠭᠡ ᠶᠢᠨ ᠪᠠᠲᠤᠯᠠᠭ᠎ᠠ ᠠᠴᠠ ᠭᠠᠳᠠᠨᠠᠬᠢ ᠪᠠᠲᠤᠯᠠᠭ᠎ᠠ ᠶᠢᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠨ᠎ᠠ᠃ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠶᠢᠨ ᠦᠢᠯᠡᠳᠭᠦᠨ ᠤ ᠰᠢᠨ᠎ᠡ ᠶᠢ ᠡᠭᠦᠳᠬᠦ ᠪᠠᠨ ᠴᠢᠩᠭᠠᠳᠬᠠᠬᠤ ᠶᠢ ᠵᠣᠷᠢᠭᠵᠢᠭᠤᠯᠵᠤ᠂ ᠦᠢᠯᠡᠳᠭᠦᠨ ᠤ ᠦᠨ᠎ᠡ ᠲᠣᠭᠲᠠᠭᠠᠬᠤ᠂ ᠳᠥᠯᠥᠬᠦ ᠨᠥᠬᠦᠴᠡᠯ᠂ ᠪᠠᠲᠤᠯᠠᠭ᠎ᠠ ᠶᠢᠨ ᠬᠦᠷᠢᠶ᠎ᠡ ᠬᠡᠪᠴᠢᠶ᠎ᠡ ᠵᠡᠷᠭᠡ ᠲᠠᠯ᠎ᠠ ᠪᠠᠷ ᠬᠦᠴᠢᠷᠳᠡᠯᠲᠡᠶ ᠣᠯᠠᠨ ᠲᠦᠮᠡᠨ ᠳᠤ ᠵᠣᠬᠢᠬᠤ ᠬᠡᠮᠵᠢᠶ᠎ᠡ ᠪᠠᠷ ᠬᠡᠯᠪᠠᠶᠢᠯᠭᠡᠨ᠎ᠡ᠃      ᠳᠣᠯᠤᠭ᠎ᠠ᠂ ᠭᠠᠷᠲᠠᠨ ᠭᠦᠢᠴᠡᠳᠭᠡᠬᠦ ᠬᠠᠮᠢᠶᠠᠷᠤᠯᠲᠠ ᠶᠢᠨ ᠦᠢᠯᠡᠴᠢᠯᠡᠭᠡᠨ ᠢ ᠵᠢᠷᠤᠮᠵᠢᠭᠤᠯᠬᠤ ᠬᠡᠷᠡᠭᠲᠡᠶ      ︵ᠠᠷᠪᠠᠨ ᠨᠢᠭᠡ︶ ᠨᠢᠭᠡ ᠴᠣᠠᠠᠴᠠᠵᠢᠭᠤᠯᠥᠨ ᠭᠠᠷᠲᠠᠨ ᠭᠦᠢᠴᠡᠳᠭᠡᠬᠦ ᠶᠢ ᠲᠦᠷᠭᠡᠳᠬᠡᠨ ᠠᠬᠢᠭᠤᠯᠤᠨ᠎ᠠ᠃ ᠲᠡᠩᠬᠡᠷᠡᠭᠦᠯᠦᠨ ᠲᠤᠰᠠᠯᠠᠬᠤ ᠦᠢᠯᠡᠴᠢᠯᠡᠭᠡᠨ ᠤ ᠵᠦᠢᠯᠡᠰ ᠤᠨ ᠨᠠᠷᠢᠨ ᠬᠠᠭᠤᠳᠠᠰᠤ ᠶᠢ ᠨᠠᠷᠢᠯᠢᠬᠵᠢᠭᠤᠯᠤᠨ ᠲᠡᠭᠦᠯᠳᠡᠷᠵᠢᠭᠦᠯᠵᠦ᠂ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠶᠢ ᠭᠠᠷᠲᠠᠨ ᠭᠦᠢᠴᠡᠳᠭᠡᠬᠦ ᠬᠠᠮᠢᠶᠠᠷᠤᠯᠲᠠ ᠶᠢᠨ ᠦᠢᠯᠡᠴᠢᠯᠡᠭᠡᠨ ᠤ ᠲᠦᠷᠢᠮ ᠢ ᠨᠡᠶᠢᠲᠡᠯᠡᠨ ᠬᠡᠷᠡᠭᠵᠢᠭᠦᠯᠵᠦ᠂ ᠲᠡᠩᠬᠡᠷᠡᠭᠦᠯᠦᠨ ᠲᠤᠰᠠᠯᠠᠬᠤ ᠡᠲᠡᠭᠡᠳ ᠤᠨ ᠮᠡᠳᠡᠭᠡ ᠵᠠᠩᠭᠢ ᠶᠢ ᠬᠠᠮᠲᠤᠪᠠᠷ ᠭᠥᠷᠳᠡᠵᠦ ᠬᠠᠷᠢᠯᠴᠠᠨ ᠮᠡᠳᠡᠷᠡᠬᠦ᠂ ᠳᠠᠭᠠᠳᠬᠠᠯ ᠳᠤ ᠣᠷᠣᠯᠴᠠᠬᠤ᠂ ᠣᠯᠭᠤᠮᠵᠢ ᠣᠯᠭᠤᠬᠤ ᠵᠡᠷᠭᠡ ᠭᠠᠷᠲᠠᠨ ᠭᠦᠢᠴᠡᠳᠭᠡᠬᠦ ᠦᠢᠯᠡᠴᠢᠯᠡᠭᠡᠨ ᠢ ᠵᠣᠭᠤᠰ ᠢᠶᠠᠷ ᠲᠤᠰᠠᠯᠠᠬᠤ ᠠᠵᠢᠯ ᠢ ᠰᠠᠶᠢᠲᠤᠷ ᠬᠢᠨ᠎ᠠ᠃ ᠦᠨᠳᠦᠰᠦᠨ ᠡᠮ ᠡᠮᠨᠡᠯᠭᠡ ᠶᠢᠨ ᠳᠠᠭᠠᠳᠬᠠᠯ ᠪᠠ ᠡᠮ ᠡᠮᠨᠡᠯᠭᠡ ᠶᠢᠨ ᠠᠪᠤᠷᠠᠨ ᠲᠤᠰᠠᠯᠠᠬᠤ ᠦᠢᠯᠡᠴᠢᠯᠡᠭᠡ ᠶᠢᠨ ᠠᠭᠤᠰᠤᠯᠴᠠᠯ ᠢ ᠲᠦᠯᠬᠢᠨ ᠠᠬᠢᠭᠤᠯᠵᠤ᠂ ᠪᠦᠬᠦ ᠤᠯᠤᠰ ᠤᠨ ᠨᠢᠭᠡᠳᠦᠯᠲᠡᠶ ᠡᠮ ᠡᠮᠨᠡᠯᠭᠡ ᠶᠢᠨ ᠪᠠᠲᠤᠯᠠᠭ᠎ᠠ ᠶᠢᠨ ᠮᠡᠳᠡᠭᠡ ᠵᠠᠩᠭᠢ ᠶᠢᠨ ᠲᠠᠪᠴᠠᠩ ᠳᠤ ᠲᠦᠰᠢᠭᠯᠡᠨ᠂ ᠲᠤᠭ᠎ᠠ ᠪᠠᠷᠢᠮᠲᠠ ᠶᠢ ᠰᠢᠰᠲ᠋ᠧᠮᠵᠢᠭᠦᠯᠦᠨ ᠬᠠᠮᠢᠶᠠᠷᠬᠤ ᠶᠢ ᠬᠠᠤᠯᠢ ᠲᠣᠭᠲᠠᠭᠠᠯ ᠶᠣᠰᠣᠭᠠᠷ ᠴᠢᠩᠭᠠᠳᠬᠠᠨ᠎ᠠ᠃ ᠵᠥᠪᠯᠡᠯᠴᠡᠭᠡᠷ ᠤᠨ ᠬᠠᠮᠢᠶᠠᠷᠤᠯᠲᠠ ᠶᠢ ᠨᠢᠭᠡᠳᠬᠡᠵᠦ᠂ ᠲᠣᠭᠲᠠᠭᠰᠠᠨ ᠡᠮᠴᠢᠯᠡᠭᠡᠨ ᠤ ᠪᠠᠶᠢᠭᠤᠯᠤᠮᠵᠢ ᠶᠢᠨ ᠵᠠᠷᠤᠳᠠᠯ ᠢ ᠬᠠᠮᠢᠶᠠᠷᠤᠨ ᠡᠵᠡᠮᠳᠡᠬᠦ ᠭᠤᠤᠯ ᠴᠣᠭᠴᠠ ᠶᠢᠨ ᠬᠠᠷᠢᠭᠤᠴᠠᠯᠭ᠎ᠠ ᠶᠢ ᠴᠢᠩᠭᠠᠷᠠᠭᠤᠯᠤᠨ᠎ᠠ᠃ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢ ᠨᠢᠭᠡᠳᠦᠯᠲᠡᠶ ᠪᠣᠯᠭᠠᠵᠤ᠂ ᠵᠠᠷᠤᠳᠠᠯ ᠢ ᠬᠢᠨᠠᠨ ᠡᠵᠡᠮᠳᠡᠬᠦ᠂ ᠮᠥᠷᠳᠡᠨ ᠪᠠᠶᠢᠴᠠᠭᠠᠵᠤ ᠬᠢᠨᠠᠨ ᠬᠠᠷᠭᠤᠭᠤᠯᠬᠤ ᠠᠵᠢᠯ ᠢ ᠰᠠᠶᠢᠲᠤᠷ ᠬᠢᠵᠦ᠂ ᠮᠡᠬᠡᠯᠡᠨ ᠬᠢᠬᠠᠬᠤ ᠪᠠ ᠳᠠᠭᠠᠳᠬᠠᠯ ᠢ ᠮᠡᠬᠡᠯᠡᠨ ᠠᠪᠬᠤ ᠳᠤ ᠴᠣᠬᠢᠯᠲᠠ ᠥᠭᠬᠦ ᠥᠨᠳᠥᠷ ᠳᠠᠷᠤᠯᠲᠠ ᠲᠠᠢ ᠪᠠᠶᠢᠳᠠᠯ ᠢ ᠪᠠᠲᠤᠯᠠᠨ᠂ ᠡᠮᠴᠢᠯᠡᠭᠡᠨ ᠤ ᠠᠪᠤᠷᠠᠨ ᠲᠤᠰᠠᠯᠠᠬᠤ ᠦᠢᠯᠡᠴᠢᠯᠡᠭᠡᠨ ᠢ ᠥᠷᠨᠢᠭᠦᠯᠵᠦ ᠪᠠᠶᠢᠭ᠎ᠠ ᠴᠢᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠳᠤ ᠭᠤᠤᠯᠳᠠᠯᠭ᠎ᠠ ᠲᠠᠢ ᠬᠢᠨᠠᠨ ᠡᠵᠡᠮᠳᠡᠬᠦ ᠶᠢ ᠬᠡᠷᠡᠭᠵᠢᠭᠦᠯᠵᠦ᠂ ᠰᠠᠭᠤᠷᠢ ᠮᠥᠩᠭᠦ ᠶᠢᠨ ᠠᠮᠤᠷ ᠲᠦᠪᠰᠢᠨ ᠥᠨᠳᠥᠷ ᠦᠷ᠎ᠡ ᠪᠦᠲᠦᠮᠵᠢᠲᠡᠶ᠂ ᠵᠦᠶ ᠵᠣᠬᠢᠰᠲᠠᠶ ᠬᠡᠷᠡᠭᠯᠡᠬᠦ ᠶᠢ ᠦᠨᠡᠨᠬᠦ ᠪᠠᠲᠤᠯᠠᠬᠤ ᠬᠡᠷᠡᠭᠲᠡᠶ᠃ ︽ᠨᠢᠭᠡ ᠥᠷᠲᠡᠭᠡᠨ ᠤ ᠮᠠᠶ᠋ᠢᠭ︾ ᠤᠨ ᠦᠢᠯᠡᠴᠢᠯᠡᠭᠡ᠂ ︽ᠨᠢᠭᠡ ᠴᠣᠩᠬᠤ︾ ᠪᠠᠷ ᠭᠦᠢᠴᠡᠳᠬᠡᠬᠦ ᠶᠢ ᠬᠡᠷᠡᠭᠵᠢᠭᠦᠯᠬᠦ ᠶᠢ ᠲᠦᠯᠬᠢᠨ ᠠᠬᠢᠭᠤᠯᠵᠤ᠂ ᠳ᠋ᠦᠩᠨᠡᠨ ᠪᠤᠳᠤᠬᠤ ᠦᠢᠯᠡᠴᠢᠯᠡᠭᠡᠨ ᠤ ᠳᠥᠭᠦᠮ ᠳᠥᠲᠡ ᠴᠢᠨᠠᠷ ᠢ ᠳᠡᠭᠡᠭᠰᠢᠯᠡᠭᠦᠯᠦᠨ᠎ᠡ᠃      ︵ᠠᠷᠪᠠᠨ ᠬᠤᠶᠠᠷ︶ ᠲᠡᠩᠬᠡᠷᠡᠭᠦᠯᠦᠨ ᠲᠤᠰᠠᠯᠠᠬᠤ ᠭᠤᠶᠤᠴᠢᠯᠠᠯ ᠢ ᠬᠢᠨᠠᠨ ᠬᠠᠷᠭᠤᠭᠤᠯᠬᠤ ᠲᠠᠰ ᠳᠠᠷᠠᠭᠠᠯᠠᠯ ᠢ ᠰᠢᠯᠢᠳᠡᠭᠵᠢᠭᠦᠯᠦᠨ᠎ᠡ᠃ ᠭᠤᠶᠤᠴᠢᠯᠠᠬᠤ᠂ ᠬᠢᠨᠠᠨ ᠬᠠᠷᠭᠤᠭᠤᠯᠬᠤ᠂ ᠠᠪᠤᠷᠠᠨ ᠲᠤᠰᠠᠯᠠᠬᠤ ᠮᠥᠩᠭᠦ ᠥᠭᠬᠦ ᠴᠤᠪᠤᠷᠠᠯ ᠢ ᠳᠥᠭᠦᠮᠴᠢᠯᠡᠵᠦ᠂ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠡᠲᠡᠭᠡᠳ᠂ ᠣᠨᠴᠠ ᠬᠦᠴᠢᠷᠳᠡᠯᠲᠡᠶ ᠬᠥᠮᠦᠰ ᠢ ᠰᠢᠭᠤᠳ ︽ᠨᠢᠭᠡ ᠯᠡ ᠥᠷᠲᠡᠭᠡᠨ ᠤ ᠮᠠᠶ᠋ᠢᠭ︾ ᠤᠨ ᠳ᠋ᠦᠩᠨᠡᠨ ᠪᠤᠳᠤᠬᠤ ᠳᠤ ᠣᠷᠣᠭᠤᠯᠵᠤ᠂ ᠪᠤᠰᠤᠳ ᠠᠪᠤᠷᠠᠨ ᠲᠤᠰᠠᠯᠠᠬᠤ ᠡᠲᠡᠭᠡᠳ ᠤᠨ ᠵᠠᠷᠤᠳᠠᠯ ᠢ ᠰᠢᠭᠤᠳ ᠳ᠋ᠦᠩᠨᠡᠨ ᠪᠤᠳᠤᠬᠤ ᠠᠷᠭ᠎ᠠ ᠮᠠᠶ᠋ᠢᠭ ᠢ ᠰᠦᠪᠡᠭᠴᠢᠯᠡᠨ ᠲᠡᠭᠦᠯᠳᠡᠷᠵᠢᠭᠦᠯᠦᠨ᠎ᠡ᠃ ᠰᠠᠯᠠᠭ᠎ᠠ ᠮᠥᠴᠢᠷ ᠤᠨ ᠠᠵᠢᠯ ᠤᠨ ᠬᠠᠮᠵᠢᠯᠴᠠᠭ᠎ᠠ ᠶᠢ ᠴᠢᠩᠭᠠᠳᠬᠠᠵᠤ᠂ ᠨᠡᠶᠢᠭᠡᠮ ᠤᠨ ᠠᠪᠤᠷᠠᠨ ᠲᠤᠰᠠᠯᠠᠬᠤ ᠶᠢᠨ ᠭᠠᠷᠲᠠᠨ ᠭᠦᠢᠴᠡᠳᠭᠡᠬᠦ ᠦᠢᠯᠡᠴᠢᠯᠡᠭᠡᠨ ᠢ ᠪᠥᠬᠦ ᠲᠠᠯ᠎ᠠ ᠪᠠᠷ ᠵᠣᠯᠭᠠᠭᠤᠯᠵᠤ᠂ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠣᠰᠣᠭᠠᠷ ᠬᠦᠴᠢᠷᠳᠡᠯᠲᠡᠶ ᠣᠯᠠᠨ ᠲᠦᠮᠡᠨ ᠤ ᠡᠮᠴᠢᠯᠡᠭᠡᠨ ᠤ ᠠᠪᠤᠷᠠᠨ ᠲᠤᠰᠠᠯᠠᠯᠲᠠ ᠶᠢᠨ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠡᠯᠬᠦ᠂ ᠰᠠᠯᠭᠠᠨ ᠭᠦᠢᠴᠡᠳᠭᠡᠬᠦ ᠠᠴᠠ ᠰᠢᠯᠵᠢᠭᠦᠯᠦᠨ ᠭᠦᠢᠴᠡᠳᠭᠡᠬᠦ ᠵᠢᠴᠢ ᠦᠷ᠎ᠡ ᠳ᠋ᠦᠩ ᠢ ᠬᠠᠷᠢᠭᠤ ᠲᠤᠰᠬᠠᠬᠤ ᠠᠵᠢᠯ ᠢ ᠰᠠᠶᠢᠲᠤᠷ ᠬᠢᠨ᠎ᠠ᠃ ᠦᠨᠳᠦᠰᠦᠨ ᠱᠠᠲᠤᠨ ᠤ  ᠺᠠᠲᠠᠷ ᠢ ᠲᠠᠶᠢᠴᠢᠯᠠᠨ᠂ ᠦᠨᠳᠦᠰᠦᠨ ᠱᠠᠲᠤᠨ ᠤ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠲᠦᠰᠢᠭᠯᠡᠨ᠂ ᠲᠥᠷᠥ ᠶᠢᠨ ᠪᠤᠳᠤᠯᠭ᠎ᠠ ᠶᠢ ᠤᠬᠠᠭᠤᠯᠬᠤ ᠪᠠ ᠲᠡᠩᠬᠡᠷᠡᠭᠦᠯᠦᠨ ᠲᠤᠰᠠᠯᠠᠭᠤᠯᠬᠤ ᠪᠠᠷ ᠭᠤᠶᠤᠴᠢᠯᠠᠬᠤ ᠶᠢ ᠨᠠᠶᠢᠳᠠᠵᠤ ᠣᠷᠣᠯᠠᠨ ᠭᠦᠢᠴᠡᠳᠬᠡᠭᠦᠯᠬᠦ ᠵᠡᠷᠭᠡ ᠶᠢ ᠰᠠᠶᠢᠲᠤᠷ ᠬᠢᠵᠦ᠂ ᠬᠦᠴᠢᠷᠳᠡᠯᠲᠡᠶ ᠤᠯᠠᠨ ᠲᠦᠮᠡᠨ ᠢ ᠴᠠᠭ ᠲᠤᠬᠠᠶ ᠲᠤᠨᠢ ᠰᠠᠨᠠᠭᠠᠴᠢᠯᠠᠭ᠎ᠠ ᠠᠴᠠ ᠪᠠᠨ ᠬᠠᠪᠰᠤᠷᠬᠤ ᠬᠡᠷᠡᠭᠲᠡᠶ᠃      ︵ᠠᠷᠪᠠᠨ ᠭᠤᠷᠪᠠ︶ ᠶᠡᠷᠦᠩᠬᠡᠶᠢᠯᠡᠭᠰᠡᠨ  ᠦᠢᠯᠡᠴᠢᠯᠡᠭᠡᠨ ᠤ ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠠᠪᠤᠷᠠᠨ ᠲᠤᠰᠠᠯᠠᠬᠤ ᠡᠲᠡᠭᠡᠳ ᠤᠨ ᠡᠪᠡᠳᠴᠢᠨ ᠦᠵᠡᠭᠦᠯᠬᠦ ᠦᠢᠯᠡ ᠠᠵᠢᠯᠯᠠᠭ᠎ᠠ ᠶᠢ ᠬᠥᠲᠥᠯᠦᠨ ᠵᠢᠯᠣᠭᠤᠳᠬᠤ ᠶᠢ ᠴᠢᠩᠭᠠᠳᠬᠠᠵᠤ᠂ ᠦᠨᠳᠦᠰᠦᠨ ᠱᠠᠲᠤᠨ ᠳᠤ ᠠᠩᠬ᠎ᠠ ᠡᠮᠨᠡᠭᠦᠯᠬᠦ᠂ ᠰᠢᠯᠵᠢᠭᠦᠯᠦᠨ ᠡᠮᠨᠡᠭᠦᠯᠬᠦ ᠶᠢ ᠵᠢᠷᠤᠮᠵᠢᠭᠤᠯᠬᠤ ᠶᠢ ᠬᠡᠷᠡᠭᠵᠢᠭᠦᠯᠦᠨ᠂ ᠵᠦᠶ ᠵᠣᠬᠢᠰᠲᠠᠶ ᠪᠠᠷ ᠡᠪᠡᠳᠴᠢᠨ ᠦᠵᠡᠭᠦᠯᠬᠦ ᠶᠢ ᠠᠬᠢᠭᠤᠯᠤᠨ᠎ᠠ᠃ ᠴᠢᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠶᠢᠨ ᠡᠮᠴᠢᠯᠡᠭᠡᠨ ᠤ ᠠᠪᠤᠷᠠᠨ ᠲᠤᠰᠠᠯᠠᠬᠤ ᠦᠢᠯᠡᠴᠢᠯᠡᠭᠡᠨ ᠤ ᠠᠭᠤᠯᠭ᠎ᠠ ᠶᠢ ᠲᠡᠭᠦᠯᠳᠡᠷᠵᠢᠭᠦᠯᠵᠦ᠂ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠦᠨ᠂ ᠲᠣᠭᠲᠠᠭᠠᠯ ᠶᠣᠰᠣᠭᠠᠷ ᠦᠨᠳᠦᠰᠦᠨ ᠡᠮᠴᠢᠯᠡᠭᠡᠨ ᠤ ᠳᠠᠭᠠᠳᠬᠠᠯ ᠪᠠ ᠡᠮᠴᠢᠯᠡᠭᠡᠨ ᠤ ᠠᠪᠤᠷᠠᠨ ᠲᠤᠰᠠᠯᠠᠬᠤ ᠵᠠᠷᠤᠳᠠᠯ ᠢ ᠳ᠋ᠦᠩᠨᠡᠨ ᠪᠤᠳᠤᠬᠤ ᠶᠢ ᠰᠠᠶᠢᠲᠤᠷ ᠠᠶᠦᠯᠭᠦᠢ ᠪᠥᠭᠡᠳ ᠪᠦᠲᠦᠮᠵᠢᠲᠡᠶ᠂ ᠬᠢᠮᠳᠠ ᠪᠥᠭᠡᠳ ᠲᠣᠬᠢᠷᠠᠮᠵᠢᠲᠠᠶ᠂ ᠲᠡᠩᠬᠡᠷᠡᠭᠦᠯᠦᠨ ᠲᠤᠰᠠᠯᠠᠬᠤ ᠦᠨᠳᠦᠰᠦᠨ ᠵᠠᠷᠴᠢᠮ ᠶᠣᠰᠣᠭᠠᠷ᠂ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠡᠲᠡᠭᠡᠳ ᠪᠣᠯᠤᠨ ᠴᠢᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠶᠢ ᠬᠥᠲᠥᠯᠦᠨ ᠵᠢᠯᠣᠭᠤᠳᠴᠤ ᠪᠠᠶᠢᠭᠠᠳ ᠦᠨᠳᠦᠰᠦᠨ ᠡᠮᠴᠢᠯᠡᠭᠡᠨ ᠤ ᠳᠠᠭᠠᠳᠬᠠᠯ ᠤᠨ ᠲᠣᠭᠠᠴᠠᠭ᠎ᠠ ᠬᠢᠬᠦ ᠬᠡᠪᠴᠢᠶᠡᠨ ᠳᠤ ᠣᠷᠣᠭᠤᠯᠤᠭᠰᠠᠨ ᠡᠮ ᠲᠠᠩ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠪᠣᠯᠤᠨ ᠣᠨᠣᠰᠢᠯᠠᠨ ᠡᠮᠨᠡᠬᠦ ᠲᠥᠷᠥᠯ ᠵᠦᠢᠯ ᠢ ᠤᠷᠢᠳᠠᠪᠠᠷ ᠰᠣᠩᠭᠤᠭᠤᠯᠵᠤ᠂ ᠵᠦᠶ ᠵᠣᠬᠢᠰ ᠥᠬᠡᠶ ᠵᠠᠷᠤᠳᠠᠯ ᠤᠨ ᠵᠠᠷᠤᠯᠭ᠎ᠠ ᠶᠢ ᠴᠢᠩᠭ᠎ᠠ ᠡᠵᠡᠮᠳᠡᠬᠦ ᠬᠡᠷᠡᠭᠲᠡᠶ᠃ ᠦᠨᠳᠦᠰᠦᠨ ᠱᠠᠲᠤᠨ ᠳᠤ ᠠᠩᠬ᠎ᠠ ᠡᠮᠨᠡᠭᠦᠯᠵᠦ ᠰᠢᠯᠵᠢᠭᠦᠯᠦᠨ ᠡᠮᠨᠡᠭᠦᠯᠦᠭᠰᠡᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠲᠡᠭᠡᠳ᠂ ᠣᠨᠴᠠ ᠬᠦᠴᠢᠷᠳᠡᠯᠲᠡᠶ ᠬᠥᠮᠦᠰ ᠬᠤᠲᠠ ᠶᠢᠨ ᠬᠡᠪᠴᠢᠶᠡᠨ ᠳᠣᠲᠣᠷᠠᠬᠢ ᠲᠣᠭᠲᠠᠭᠰᠠᠨ ᠡᠮᠴᠢᠯᠡᠭᠡᠨ ᠤ ᠪᠠᠶᠢᠭᠤᠯᠤᠮᠵᠢ ᠳᠤ ᠡᠮᠨᠡᠯᠭᠡ ᠳᠤ ᠰᠠᠭᠤᠪᠠᠯ᠂ ︽ᠤᠷᠢᠳᠠᠪᠠᠷ ᠡᠮᠨᠡᠭᠦᠯᠵᠦ ᠳᠠᠷᠠᠭ᠎ᠠ ᠨᠢ ᠵᠠᠷᠤᠳᠠᠯ ᠲᠤᠰᠢᠶᠠᠬᠤ︾ ᠶᠢ ᠬᠡᠷᠡᠭᠵᠢᠭᠦᠯᠵᠦ᠂ ᠲᠡᠳᠡᠨ ᠤ ᠡᠮᠨᠡᠯᠭᠡ ᠳᠤ ᠰᠠᠭᠤᠬᠤ ᠪᠠᠷᠢᠴᠠᠭᠠᠨ ᠤ ᠮᠥᠩᠭᠦ ᠶᠢ ᠪᠥᠬᠦ ᠲᠠᠯ᠎ᠠ ᠪᠠᠷ ᠭᠡᠯᠳᠦᠷᠢᠭᠦᠯᠦᠨ᠎ᠡ᠃ ᠣᠨᠳᠣᠤ ᠭᠠᠵᠠᠷ ᠲᠤ ᠲᠥᠪᠬᠢᠨᠡᠭᠦᠯᠬᠦ ᠪᠠ ᠣᠨᠳᠣᠤ ᠭᠠᠵᠠᠷ ᠲᠤ ᠰᠢᠯᠵᠢᠭᠦᠯᠦᠨ ᠡᠮᠨᠡᠭᠦᠯᠵᠦ ᠲᠡᠩᠬᠡᠷᠡᠭᠦᠯᠦᠨ ᠲᠤᠰᠠᠯᠠᠬᠤ ᠡᠲᠡᠭᠡᠳ ᠢ ᠪᠦᠷᠢᠳᠬᠡᠨ ᠳᠠᠩᠰᠠᠯᠠᠬᠤ᠂ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠶᠢ ᠰᠠᠶᠢᠲᠤᠷ ᠬᠢᠵᠦ᠂ ᠲᠣᠭᠲᠠᠭᠠᠯ ᠶᠣᠰᠣᠭᠠᠷ ᠰᠢᠯᠵᠢᠭᠦᠯᠦᠨ ᠡᠮᠨᠡᠭᠦᠯᠦᠭᠰᠡᠨ ᠲᠡᠩᠬᠡᠷᠡᠭᠦᠯᠦᠨ ᠲᠤᠰᠠᠯᠠᠬᠤ ᠡᠲᠡᠭᠡᠳ ᠲᠤ ᠡᠷᠦᠬᠡ ᠠᠮᠠ ᠶᠢᠨ ᠪᠠᠶᠢᠭ᠎ᠠ ᠭᠠᠵᠠᠷ ᠤᠨ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠲᠡᠩᠬᠡᠷᠡᠭᠦᠯᠦᠨ ᠲᠤᠰᠠᠯᠠᠬᠤ ᠪᠠᠷᠢᠮᠵᠢᠶ᠎ᠠ ᠶᠢ ᠬᠡᠷᠡᠭᠵᠢᠭᠦᠯᠦᠨ᠎ᠡ᠃ ᠲᠣᠭᠲᠠᠭᠠᠯ ᠶᠣᠰᠣᠭᠠᠷ ᠰᠢᠯᠵᠢᠭᠦᠯᠦᠨ ᠡᠮᠨᠡᠭᠦᠯᠦᠭᠰᠡᠨ ᠦᠭᠡᠢ ᠠᠪᠤᠷᠠᠨ ᠲᠤᠰᠠᠯᠠᠬᠤ ᠡᠲᠡᠭᠡᠳ ᠤᠨ ᠵᠠᠷᠤᠴᠠᠭᠤᠯᠤᠭᠰᠠᠨ ᠡᠮ ᠡᠮᠨᠡᠯᠭᠡ ᠶᠢᠨ ᠵᠠᠷᠤᠳᠠᠯ ᠢ ᠵᠠᠷᠴᠢᠮ ᠳᠡᠭᠡᠷ᠎ᠡ ᠪᠠᠨ ᠡᠮ ᠡᠮᠨᠡᠯᠭᠡ ᠶᠢᠨ ᠠᠪᠤᠷᠠᠨ ᠲᠤᠰᠠᠯᠠᠬᠤ ᠬᠡᠪᠴᠢᠶᠡᠨ ᠳᠤ ᠣᠷᠣᠭᠤᠯᠬᠤ ᠦᠭᠡᠢ᠃       ᠨᠠᠢᠮᠠ᠂ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ ᠶᠢ ᠴᠢᠩᠭᠠᠷᠠᠭᠤᠯᠬᠤ ᠬᠡᠷᠡᠭᠲᠡᠶ      ︵ᠠᠷᠪᠠᠨ ᠳᠥᠷᠪᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠬᠤ ᠬᠡᠷᠡᠭᠲᠡᠶ᠃ ᠨᠠᠮ ᠤᠨ ᠬᠤᠷᠢᠶ᠎ᠠ ᠤᠳᠤᠷᠢᠳᠤᠭᠰᠠᠨ᠂ ᠵᠠᠰᠠᠭ ᠤᠨ ᠣᠷᠳᠣᠨ ᠭᠤᠣᠯᠯᠠᠨ ᠤᠳᠤᠷᠢᠳᠤᠭᠰᠠᠨ᠂ ᠰᠠᠯᠠᠭ᠎ᠠ ᠮᠥᠴᠢᠷ ᠬᠠᠮᠵᠢᠯᠴᠠᠭᠰᠠᠨ᠂ ᠨᠡᠶᠢᠭᠡᠮ ᠨᠡᠶᠢᠲᠡ ᠪᠠᠷ ᠢᠶᠠᠨ ᠣᠷᠣᠯᠴᠠᠭᠰᠠᠨ ᠬᠦᠨᠳᠦ ᠣᠨᠴᠠ ᠶᠡᠭᠡ ᠡᠪᠡᠳᠴᠢᠨ ᠡᠮᠭᠡᠭ ᠢ ᠪᠠᠲᠤᠯᠠᠬᠤ ᠠᠵᠢᠯ ᠤᠨ ᠲᠣᠭᠲᠠᠴᠠ ᠶᠢ ᠴᠢᠩᠭᠠᠳᠬᠠᠨ᠎ᠠ᠃ ᠬᠦᠴᠢᠷᠳᠡᠯᠲᠡᠶ ᠣᠯᠠᠨ ᠲᠦᠮᠡᠨ ᠤ ᠬᠦᠨᠳᠦ ᠣᠨᠴᠠ ᠶᠡᠭᠡ ᠡᠪᠡᠳᠴᠢᠨ ᠡᠮᠭᠡᠭ ᠤᠨ ᠡᠮᠴᠢᠯᠡᠭᠡᠨ ᠤ ᠠᠪᠤᠷᠠᠨ ᠲᠤᠰᠠᠯᠠᠯᠲᠠ ᠶᠢᠨ ᠦᠨᠳᠦᠰᠦᠨ ᠵᠦᠢᠯ ᠢ ᠪᠠᠲᠤᠯᠠᠬᠤ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠠᠷᠠᠳ ᠤᠨ ᠠᠮᠢᠳᠤᠷᠠᠯ ᠢ ᠴᠢᠩᠭᠠᠳᠬᠠᠨ ᠰᠠᠶᠢᠵᠢᠷᠠᠭᠤᠯᠬᠤ ᠶᠢᠨ ᠴᠢᠬᠤᠯᠠ ᠭᠦᠢᠴᠡᠳᠭᠡᠯ ᠲᠤᠭ᠎ᠠ ᠪᠣᠯᠭᠠᠵᠤ᠂ ᠡᠮᠴᠢᠯᠡᠭᠡᠨ ᠤ ᠠᠪᠤᠷᠠᠨ ᠲᠤᠰᠠᠯᠠᠯᠲᠠ ᠶᠢᠨ ᠠᠵᠢᠯ ᠤᠨ ᠠᠮᠵᠢᠯᠲᠠ ᠪᠦᠲᠦᠮᠵᠢ ᠶᠢᠨ ᠦᠨᠡᠯᠡᠯᠲᠡ ᠳᠤ ᠣᠷᠣᠭᠤᠯᠤᠨ᠎ᠠ᠃ ᠡᠯ᠎ᠡ ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠨᠢ ᠭᠤᠤᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠠᠷᠢᠯᠢᠬᠵᠢᠭᠤᠯᠤᠨ᠂ ᠬᠢᠨᠠᠯᠲᠠ ᠪᠠᠶᠢᠴᠠᠭᠠᠯᠲᠠ ᠪᠠᠨ ᠴᠢᠩᠭᠠᠳᠬᠠᠵᠤ᠂ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ᠂ ᠣᠯᠭᠤᠮᠵᠢ ᠶᠢ ᠨᠠᠶᠢᠳᠠᠪᠤᠷᠢᠵᠢᠭᠤᠯᠬᠤ᠂ ᠣᠯᠠᠨ ᠲᠦᠮᠡᠨ ᠳᠤ ᠪᠣᠳᠠᠲᠤ ᠠᠰᠢᠭ ᠬᠦᠷᠲᠡᠭᠡᠬᠦ ᠶᠢ ᠦᠨᠡᠨᠬᠦ ᠪᠠᠲᠤᠯᠠᠬᠤ ᠬᠡᠷᠡᠭᠲᠡᠶ᠃ ᠡᠮᠴᠢᠯᠡᠭᠡᠨ ᠤ ᠪᠠᠲᠤᠯᠠᠭ᠎ᠠ ᠶᠢᠨ ᠬᠠᠷᠠᠭᠠᠯᠵᠠᠯ ᠤᠨ ᠨᠠᠷᠢᠨ ᠬᠠᠭᠤᠳᠠᠰᠤ ᠶᠢᠨ ᠲᠦᠷᠢᠮ ᠢ ᠨᠠᠶᠢᠳᠠᠪᠤᠷᠢᠵᠢᠭᠤᠯᠬᠤ ᠲᠠᠢ ᠤᠶᠠᠯᠳᠤᠭᠤᠯᠤᠨ᠂ ᠨᠠᠷᠢᠯᠢᠬᠵᠢᠭᠤᠯᠬᠤ ᠠᠷᠭ᠎ᠠ ᠬᠡᠮᠵᠢᠶ᠎ᠡ ᠶᠢ ᠲᠣᠭᠲᠠᠭᠠᠨ ᠨᠡᠶᠢᠲᠡᠯᠡᠵᠦ᠂ ᠡᠮᠴᠢᠯᠡᠭᠡᠨ ᠤ ᠠᠪᠤᠷᠠᠨ ᠲᠤᠰᠠᠯᠠᠬᠤ ᠪᠠᠲᠤᠯᠠᠭ᠎ᠠ ᠶᠢᠨ ᠬᠡᠪᠴᠢᠶ᠎ᠡ ᠶᠢ ᠦᠨᠡᠨ ᠬᠦ ᠵᠢᠷᠤᠮᠵᠢᠭᠤᠯᠤᠨ᠂ ᠦᠨᠳᠦᠰᠦᠨ ᠪᠠᠲᠤᠯᠠᠭ᠎ᠠ ᠶᠢᠨ ᠪᠠᠷᠢᠮᠵᠢᠶ᠎ᠠ ᠶᠢ ᠪᠠᠷᠢᠮᠲᠠᠯᠠᠵᠤ᠂ ᠲᠦᠷᠢᠮ ᠤᠨ ᠦᠷᠭᠦᠯᠵᠢᠯᠡᠬᠦ ᠬᠥᠭᠵᠢᠯᠲᠡ ᠶᠢ ᠦᠨᠡᠨ ᠬᠦ ᠪᠠᠲᠤᠯᠠᠬᠤ ᠬᠡᠷᠡᠭᠲᠡᠶ᠃ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠲᠠᠶᠢᠯᠤᠮᠵᠢ ᠶᠢ ᠴᠢᠩᠭᠠᠳᠬᠠᠵᠤ᠂ ᠨᠡᠶᠢᠭᠡᠮ ᠤᠨ ᠠᠩᠬᠠᠷᠤᠯ ᠳᠤ ᠴᠠᠭ ᠲᠤᠬᠠᠶ ᠳᠤᠨᠢ ᠬᠠᠷᠢᠭᠤ ᠥᠭᠴᠦ᠂ ᠰᠠᠶᠢᠨ ᠰᠠᠶᠢᠬᠠᠨ ᠶᠠᠷᠢᠶ᠎ᠠ ᠬᠡᠯᠡᠯᠴᠡᠭᠡᠨ ᠤ ᠠᠭᠤᠷ ᠠᠮᠢᠰᠬᠤᠯ ᠢ ᠡᠯ᠎ᠡ ᠭᠠᠵᠠᠷ ᠣᠷᠣᠨ ᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠪᠠᠶᠢᠳᠠᠯ ᠢ ᠴᠠᠭ ᠲᠤᠬᠠᠶ ᠳᠤᠨᠢ ᠤᠯᠤᠰ ᠤᠨ ᠡᠮᠴᠢᠯᠡᠭᠡᠨ ᠤ ᠪᠠᠳᠤᠯᠠᠭ᠎ᠠ ᠶᠢᠨ ᠲᠤᠪᠴᠢᠶᠠᠨ ᠳᠤ ᠮᠡᠳᠡᠭᠦᠯᠦᠨ᠎ᠡ᠃      ︵ᠠᠷᠪᠠᠨ ᠲᠠᠪᠤ︶ ᠰᠠᠯᠠᠭ᠎ᠠ ᠮᠥᠴᠢᠷ ᠤᠨ ᠬᠠᠮᠵᠢᠯᠴᠠᠭ᠎ᠠ ᠶᠢ ᠴᠢᠩᠭᠠᠳᠬᠠᠨ᠎ᠠ᠃ ᠰᠠᠯᠠᠭ᠎ᠠ ᠮᠥᠴᠢᠷ ᠤᠨ ᠬᠠᠮᠵᠢᠯᠴᠠᠬᠤ ᠲᠣᠭᠲᠠᠴᠠ ᠶᠢ ᠪᠠᠶᠢᠭᠤᠯᠤᠨ ᠪᠦᠷᠢᠨᠰᠢᠬᠦᠯᠵᠦ᠂ ᠡᠮᠴᠢᠯᠡᠭᠡᠨ ᠤ ᠪᠠᠲᠤᠯᠠᠭ᠎ᠠ᠂ ᠨᠡᠶᠢᠭᠡᠮ ᠤᠨ ᠠᠪᠤᠷᠠᠨ ᠲᠤᠰᠠᠯᠠᠯᠲᠠ᠂ ᠡᠮᠴᠢᠯᠡᠭᠡ ᠡᠷᠡᠭᠦᠯ ᠬᠠᠮᠠᠭᠠᠯᠠᠯ ᠤᠨ ᠲᠦᠷᠢᠮ ᠤᠨ ᠲᠥᠷᠥ ᠶᠢᠨ ᠪᠣᠳᠣᠯᠭ᠎ᠠ ᠵᠢᠴᠢ ᠭᠠᠷᠲᠠᠨ ᠭᠦᠢᠴᠡᠳᠭᠡᠬᠦ ᠦᠢᠯᠡᠴᠢᠯᠡᠭᠡ ᠶᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠶᠢ ᠴᠢᠩᠭᠠᠳᠬᠠᠨ᠎ᠠ᠃ ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠤᠳ ᠡᠮᠴᠢᠯᠡᠭᠡᠨ ᠤ ᠳᠠᠭᠠᠳᠬᠠᠯ᠂ ᠡᠮᠴᠢᠯᠡᠭᠡᠨ ᠤ ᠠᠪᠤᠷᠠᠨ ᠲᠤᠰᠠᠯᠠᠬᠤ ᠲᠦᠷᠢᠮ ᠤᠨ ᠥᠭᠡᠷᠡᠴᠢᠯᠡᠯᠲᠡ ᠪᠠ ᠬᠠᠮᠢᠶᠠᠷᠤᠯᠲᠠ ᠶᠢᠨ ᠠᠵᠢᠯ ᠢ ᠨᠢᠭᠡᠳᠦᠯᠲᠡᠶ ᠲᠥᠯᠥᠪᠯᠡᠨ ᠠᠬᠢᠭᠤᠯᠵᠤ᠂ ᠡᠮᠴᠢᠯᠡᠭᠡᠨ ᠤ ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠶᠢ ᠰᠠᠶᠢᠲᠤᠷ ᠨᠠᠶᠢᠳᠠᠪᠤᠷᠢᠵᠢᠭᠤᠯᠬᠤ ᠬᠡᠷᠡᠭᠲᠡᠶ᠃ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠤᠳ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠡᠲᠡᠭᠡᠳ᠂ ᠣᠨᠴᠠ ᠬᠦᠴᠢᠷᠳᠡᠯᠲᠡᠶ ᠬᠥᠮᠦᠰ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠬᠦ ᠵᠠᠬ᠎ᠠ ᠬᠢᠵᠠᠭᠠᠷ ᠤᠨ ᠬᠡᠷ ᠪᠦᠯᠢ ᠶᠢᠨ ᠪᠦᠷᠢᠯᠳᠦᠬᠦᠨ ᠵᠡᠷᠭᠡ ᠠᠪᠤᠷᠠᠨ ᠲᠤᠰᠠᠯᠠᠬᠤ ᠡᠲᠡᠭᠡᠳ ᠢ ᠮᠠᠭᠠᠳᠯᠠᠨ ᠲᠣᠭᠲᠠᠭᠠᠬᠤ ᠠᠵᠢᠯ ᠢ ᠰᠠᠶᠢᠲᠤᠷ ᠬᠢᠵᠦ᠂ ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠡᠪᠡᠳᠴᠢᠨ ᠠᠴᠠ ᠪᠣᠯᠵᠣ ᠶᠠᠳᠠᠭᠤᠷᠠᠭᠰᠠᠨ ᠬᠦᠨᠳᠦ ᠡᠪᠡᠳᠴᠢᠲᠡᠨ ᠢ ᠮᠠᠭᠠᠳᠯᠠᠨ ᠲᠣᠭᠲᠠᠭᠠᠬᠤ ᠪᠠ ᠬᠠᠮᠢᠶ᠎ᠠ ᠪᠥᠬᠦᠶ ᠮᠡᠳᠡᠭᠡ ᠵᠠᠩᠭᠢ ᠶᠢ ᠬᠠᠮᠲᠤᠪᠠᠷ ᠡᠳ᠋ᠯᠡᠬᠦ ᠶᠢ ᠰᠠᠶᠢᠲᠤᠷ ᠬᠢᠵᠦ᠂ ᠨᠢᠭᠦᠯᠡᠰᠦᠩᠭᠦᠶ ᠶᠢᠨ ᠠᠪᠤᠷᠠᠨ ᠲᠤᠰᠠᠯᠠᠬᠤ ᠬᠥᠭᠵᠢᠯᠲᠡ ᠶᠢ ᠳᠡᠮᠵᠢᠬᠦ ᠬᠡᠷᠡᠭᠲᠡᠶ᠃ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠲᠣᠭᠲᠠᠭᠠᠯ ᠶᠣᠰᠣᠭᠠᠷ ᠪᠠᠯᠠ ᠮᠥᠩᠭᠦ ᠶᠢᠨ ᠳᠡᠮᠵᠢᠯᠭᠡ ᠶᠢ ᠰᠠᠶᠢᠲᠤᠷ ᠬᠢᠬᠦ ᠬᠡᠷᠡᠭᠲᠡᠶ᠃ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠰᠠᠯᠠᠭ᠎ᠠ ᠮᠥᠴᠢᠷ ᠤᠳ ᠡᠮᠴᠢᠯᠡᠭᠡᠨ ᠤ ᠪᠠᠶᠢᠭᠤᠯᠤᠮᠵᠢ ᠶᠢᠨ ᠠᠵᠢᠯ ᠲᠥᠷᠥᠯ ᠤᠨ ᠬᠠᠮᠢᠶᠠᠷᠤᠯᠲᠠ ᠶᠢ ᠴᠢᠩᠭᠠᠷᠠᠭᠤᠯᠵᠤ᠂ ᠣᠨᠣᠰᠢᠯᠠᠨ ᠡᠮᠨᠡᠬᠦ ᠠᠷᠭ᠎ᠠ ᠵᠠᠮ ᠢ ᠵᠢᠷᠤᠮᠵᠢᠭᠤᠯᠤᠨ᠂ ᠱᠠᠲᠤ ᠬᠤᠪᠢᠶᠠᠨ ᠣᠨᠣᠰᠢᠯᠠᠨ ᠡᠮᠨᠡᠬᠦ ᠶᠢ ᠠᠬᠢᠭᠤᠯᠬᠤ ᠬᠡᠷᠡᠭᠲᠡᠶ᠃ ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠤᠳ ᠦᠨᠳᠦᠰᠦᠨ ᠡᠮᠨᠡᠯᠭᠡ  ᠶᠢᠨ ᠳᠠᠭᠠᠳᠬᠠᠯ ᠤᠨ ᠵᠠᠷᠤᠳᠠᠯ ᠲᠠᠲᠠᠪᠤᠷᠢᠯᠠᠨ ᠲᠤᠰᠢᠶᠠᠬᠤ ᠬᠠᠮᠢᠶ᠎ᠠ ᠪᠦᠬᠦᠢ ᠠᠵᠢᠯ ᠢ ᠰᠠᠶᠢᠲᠤᠷ ᠬᠢᠬᠦ ᠬᠡᠷᠡᠭᠲᠡᠶ᠃ ᠪᠠᠩᠬᠢ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠳ ᠬᠤᠳᠠᠯᠳᠤᠭᠠᠨ ᠤ ᠳᠠᠭᠠᠳᠬᠠᠯ ᠤᠨ ᠪᠠᠶᠢᠭᠤᠯᠤᠮᠵᠢ ᠶᠢᠨ ᠬᠦᠨᠳᠦ ᠡᠪᠡᠳᠴᠢᠨ ᠤ ᠳᠠᠭᠠᠳᠬᠠᠯ ᠢ ᠳᠠᠭᠠᠭᠠᠨ ᠭᠦᠢᠴᠡᠳᠭᠡᠬᠦ ᠠᠵᠢᠯ ᠲᠥᠷᠥᠯ ᠤᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠬᠤᠳᠠᠯᠳᠤᠭᠠᠨ ᠤ ᠡᠷᠡᠭᠦᠯ ᠮᠡᠨᠳᠦ ᠶᠢᠨ ᠳᠠᠭᠠᠳᠬᠠᠯ ᠤᠨ ᠬᠥᠭᠵᠢᠯᠲᠡ ᠶᠢ ᠵᠢᠷᠤᠮᠵᠢᠭᠤᠯᠬᠤ ᠬᠡᠷᠡᠭᠲᠡᠶ᠃ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠰᠠᠯᠠᠭ᠎ᠠ ᠮᠥᠴᠢᠷ ᠤᠨ ᠬᠢᠨ ᠬᠥᠳᠡᠭᠡ ᠲᠣᠰᠬᠤᠨ ᠤ ᠲᠠᠬᠢᠨ ᠶᠠᠳᠠᠭᠤᠷᠠᠬᠤ ᠠᠴᠠ ᠪᠤᠯᠵᠤ ᠶᠠᠳᠠᠭᠤᠷᠠᠭᠰᠠᠨ ᠬᠥᠮᠦᠨ ᠠᠮᠠ ᠶᠢ ᠬᠢᠨᠠᠨ ᠬᠡᠮᠵᠢᠬᠦ ᠪᠠ ᠮᠡᠳᠡᠭᠡ ᠵᠠᠩᠭᠢ ᠶᠢ ᠬᠠᠮᠲᠤᠪᠠᠷ ᠡᠳ᠋ᠯᠡᠬᠦ ᠠᠵᠢᠯ ᠢ ᠰᠠᠶᠢᠲᠤᠷ ᠬᠢᠬᠦ ᠬᠡᠷᠡᠭᠲᠡᠢ᠃ ᠠᠵᠢᠯᠴᠢᠨ ᠤ ᠡᠪᠯᠡᠯ ᠨᠢ ᠠᠵᠢᠯᠳᠠᠨ ᠠᠵᠢᠯᠴᠢᠨ ᠤ ᠡᠮ ᠡᠮᠨᠡᠯᠭᠡ ᠶᠢᠨ ᠲᠠᠯ᠎ᠠ ᠪᠠᠷ ᠬᠠᠷᠢᠯᠴᠠᠨ ᠬᠠᠪᠰᠤᠷᠤᠯᠴᠠᠬᠤ ᠪᠠ ᠬᠦᠨᠳᠦ ᠡᠪᠡᠳᠴᠢᠨ ᠳᠤ ᠨᠡᠷᠪᠡᠭᠳᠡᠵᠦ ᠬᠦᠴᠢᠷᠳᠡᠯ ᠲᠠᠢ ᠠᠵᠢᠯᠳᠠᠨ ᠠᠵᠢᠯᠴᠢᠨ ᠢ ᠬᠠᠪᠰᠤᠷᠤᠨ ᠲᠡᠳᠬᠦᠬᠦ ᠠᠵᠢᠯ ᠢ ᠰᠠᠶᠢᠲᠤᠷ ᠬᠢᠬᠦ ᠬᠡᠷᠡᠭᠲᠡᠶ᠃      ︵ᠠᠷᠪᠠᠨ ᠵᠢᠷᠭᠤᠭ᠎ᠠ︶ ᠰᠠᠭᠤᠷᠢ ᠮᠥᠩᠭᠦᠨ ᠤ ᠲᠥᠰᠦᠪ ᠤᠨ ᠬᠠᠮᠢᠶᠠᠷᠤᠯᠲᠠ ᠶᠢ ᠴᠢᠩᠭᠠᠳᠬᠠᠨ᠎ᠠ᠃ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠰᠠᠭᠤᠷᠢ ᠮᠥᠩᠭᠦ ᠶᠢᠨ ᠠᠮᠤᠷ ᠲᠦᠪᠰᠢᠨ ᠢᠶᠠᠷ ᠠᠵᠢᠯᠯᠠᠬᠤ ᠶᠢ ᠦᠨᠡᠨᠬᠦ ᠪᠠᠲᠤᠯᠠᠭᠰᠠᠨ ᠰᠠᠭᠤᠷᠢᠨ ᠳᠡᠭᠡᠷ᠎ᠡ᠂ ᠰᠠᠭᠤᠷᠢ ᠮᠥᠩᠭᠦ ᠶᠢᠨ ᠲᠥᠰᠦᠪ ᠪᠠ ᠲᠥᠷᠥ ᠶᠢᠨ ᠪᠣᠳᠣᠯᠭ᠎ᠠ ᠲᠣᠭᠲᠠᠭᠠᠬᠤ ᠶᠢ ᠨᠢᠭᠡᠳᠦᠯᠲᠡᠶ ᠲᠥᠯᠥᠪᠯᠡᠨ ᠵᠣᠬᠢᠴᠠᠭᠤᠯᠵᠤ᠂ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠣᠷᠣᠭᠤᠯᠤᠯᠲᠠ ᠶᠢᠨ ᠪᠠᠲᠤᠯᠠᠭ᠎ᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ᠃ ᠪᠡᠯᠡ ᠮᠥᠩᠭᠦ ᠴᠤᠭᠯᠠᠭᠤᠯᠬᠤ ᠠᠷᠭ᠎ᠠ ᠵᠠᠮ ᠢ ᠥᠷᠭᠡᠳᠬᠡᠵᠦ᠂ ᠨᠡᠶᠢᠭᠡᠮ ᠤᠨ ᠬᠦᠴᠦᠨ ᠢ ᠲᠠᠶᠢᠴᠢᠯᠠᠨ᠂ ᠨᠢᠭᠦᠯᠡᠰᠦᠩᠭᠦᠶ ᠶᠢᠨ ᠦᠢᠯᠡᠰ ᠪᠠ ᠨᠡᠶᠢᠭᠡᠮ ᠤᠨ ᠲᠤᠰᠠᠯᠠᠮᠵᠢ ᠵᠡᠷᠭᠡ ᠤᠯᠠᠨ ᠠᠷᠭ᠎ᠠ ᠵᠠᠮ ᠢᠶᠠᠷ ᠪᠡᠯᠡ ᠮᠥᠩᠭᠦ ᠴᠤᠭᠯᠠᠭᠤᠯᠵᠤ᠂ ᠡᠮ ᠡᠮᠨᠡᠯᠭᠡ ᠶᠢᠨ ᠲᠤᠰᠠᠯᠠᠮᠵᠢ ᠶᠢᠨ ᠪᠡᠯᠡ ᠮᠥᠩᠭᠦ ᠶᠢᠨ ᠬᠡᠷᠡᠭᠯᠡᠯᠲᠡ ᠶᠢ ᠨᠢᠭᠡᠳᠦᠯᠲᠡᠶ ᠲᠥᠯᠥᠪᠯᠡᠨ᠎ᠡ᠃ ᠲᠥᠰᠦᠪ ᠤᠨ ᠭᠦᠢᠴᠡᠳᠬᠡᠯ ᠳᠤ ᠬᠢᠨᠠᠯᠲᠠ ᠲᠠᠯᠪᠢᠬᠤ ᠶᠢ ᠴᠢᠩᠭᠠᠳᠬᠠᠵᠤ᠂ ᠲᠥᠰᠦᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠭᠦᠯᠦᠨ᠎ᠡ᠃ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠶᠢᠨ ᠨᠢᠭᠡᠳᠦᠯᠲᠡᠶ ᠲᠥᠯᠥᠪᠯᠡᠬᠦ ᠲᠠᠰ ᠳᠠᠪᠬᠤᠷᠭ᠎ᠠ ᠶᠢ ᠦᠨᠳᠦᠰᠦᠨ ᠡᠮᠴᠢᠯᠡᠭᠡᠨ ᠤ ᠳᠠᠭᠠᠳᠬᠠᠯ ᠤᠨ ᠨᠢᠭᠡᠳᠦᠯᠲᠡᠶ ᠲᠥᠯᠥᠪᠯᠡᠬᠦ ᠲᠠᠰ ᠳᠠᠪᠬᠤᠷᠭ᠎ᠠ ᠯᠤᠭ᠎ᠠ ᠬᠠᠷᠢᠯᠴᠠᠨ ᠵᠣᠬᠢᠴᠠᠭᠤᠯᠬᠤ ᠶᠢ ᠠᠬᠢᠭᠤᠯᠵᠤ᠂ ᠲᠡᠩᠬᠡᠷᠡᠭᠦᠯᠦᠨ ᠲᠤᠰᠠᠯᠠᠬᠤ ᠪᠠᠯᠠ ᠮᠥᠩᠭᠦ ᠶᠢᠨ ᠬᠡᠷᠡᠭᠯᠡᠬᠦ ᠦᠷ᠎ᠡ ᠠᠰᠢᠭ ᠢ ᠨᠡᠮᠡᠭᠳᠡᠭᠦᠯᠦᠨ᠎ᠡ᠃      ︵ᠠᠷᠪᠠᠨ ᠳᠣᠯᠤᠭ᠎ᠠ︶ ᠦᠨᠳᠦᠰᠦᠨ ᠱᠠᠲᠤᠨ ᠤ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ ᠦᠨᠳᠦᠰᠦᠨ ᠱᠠᠲᠤᠨ ᠤ ᠡᠮᠴᠢᠯᠡᠭᠡᠨ ᠤ ᠪᠠᠲᠤᠯᠠᠭ᠎ᠠ ᠶᠢᠨ ᠭᠠᠷᠲᠠᠨ ᠭᠦᠢᠴᠡᠳᠭᠡᠬᠦ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠵᠤ᠂ ᠡᠮᠴᠢᠯᠡᠭᠡᠨ ᠤ ᠪᠠᠲᠤᠯᠠᠭ᠎ᠠ ᠶᠢᠨ ᠣᠯᠠᠨ ᠨᠡᠶᠢᠲᠡ ᠶᠢᠨ ᠦᠢᠯᠡᠴᠢᠯᠡᠭᠡᠨ ᠤ ᠬᠡᠷᠡᠭᠴᠡᠭᠡ ᠱᠠᠭᠠᠷᠳᠠᠯᠭ᠎ᠠ ᠪᠠ ᠦᠢᠯᠡᠴᠢᠯᠡᠭᠡᠨ ᠤ ᠴᠢᠳᠠᠪᠤᠷᠢ ᠶᠢᠨ ᠲᠣᠬᠢᠷᠠᠭᠤᠯᠤᠯᠲᠠ ᠶᠢ ᠨᠢᠭᠡᠳᠦᠯᠲᠡᠶ ᠲᠥᠯᠥᠪᠯᠡᠨ᠂ ᠵᠣᠬᠢᠬᠤ ᠨᠡᠶᠢᠭᠡᠮ ᠤᠨ ᠬᠦᠴᠦᠨ ᠢ ᠢᠳᠡᠪᠬᠢᠲᠡᠶ ᠪᠠᠷ ᠲᠡᠳᠡᠨ ᠣᠷᠣᠭᠤᠯᠵᠤ ᠪᠠᠶᠢᠭᠠᠳ ᠭᠠᠷᠲᠠᠨ ᠭᠦᠢᠴᠡᠳᠭᠡᠬᠦ ᠦᠢᠯᠡᠴᠢᠯᠡᠭᠡᠨ ᠳᠤ ᠣᠷᠣᠯᠴᠠᠭᠤᠯᠵᠤ᠂ ᠡᠮᠴᠢᠯᠡᠭᠡᠨ ᠤ ᠠᠪᠤᠷᠠᠨ ᠲᠤᠰᠠᠯᠠᠯᠲᠠ ᠶᠢᠨ ᠭᠠᠷᠲᠠᠨ ᠭᠦᠢᠴᠡᠳᠭᠡᠬᠦ ᠦᠢᠯᠡᠴᠢᠯᠡᠭᠡᠨ ᠢ ᠳᠣᠷᠣᠭᠰᠢ ᠪᠠᠭᠤᠯᠭᠠᠬᠤ ᠶᠢ ᠶᠡᠬᠡᠪᠡᠷ ᠠᠬᠢᠭᠤᠯᠵᠤ᠂ ᠮᠡᠳᠡᠭᠡ ᠵᠠᠩᠭᠢᠵᠢᠯᠲᠠ ᠪᠠ ᠭᠠᠷᠲᠠᠨ ᠭᠦᠢᠴᠡᠳᠭᠡᠬᠦ ᠦᠢᠯᠡᠴᠢᠯᠡᠭᠡᠨ ᠤ ᠬᠢᠷᠢ ᠬᠡᠮᠵᠢᠶ᠎ᠡ ᠶᠢ ᠭᠤᠤᠯᠳᠠᠯᠭ᠎ᠠ ᠲᠠᠢ ᠳᠡᠭᠡᠭᠰᠢᠯᠡᠭᠦᠯᠦᠨ᠎ᠡ᠃ ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠲᠥᠷᠥ ᠶᠢᠨ ᠪᠣᠳᠣᠯᠭ᠎ᠠ ᠪᠠ ᠲᠤᠬᠠᠶᠢᠯᠠᠭᠰᠠᠨ ᠠᠵᠢᠯ ᠤᠨ ᠴᠢᠳᠠᠪᠤᠷᠢ ᠶᠢᠨ ᠪᠣᠯᠪᠠᠰᠤᠷᠠᠭᠤᠯᠤᠯ ᠢ ᠴᠢᠩᠭᠠᠳᠬᠠᠵᠤ᠂ ᠶᠡᠷᠦᠩᠬᠡᠶᠢᠯᠡᠭᠰᠡᠨ ᠬᠡᠪ ᠴᠢᠨᠠᠷ ᠢᠶᠠᠷ ᠥᠨᠳᠥᠷ᠂ ᠠᠵᠢᠯ ᠤᠨ ᠰᠤᠷᠲᠠᠯ ᠢᠶᠠᠷ ᠰᠠᠶᠢᠨ᠂ ᠲᠤᠬᠠᠶᠢᠯᠠᠭᠰᠠᠨ ᠠᠵᠢᠯ ᠤᠨ ᠴᠢᠳᠠᠪᠤᠷᠢ ᠪᠠᠷ ᠴᠢᠩᠭ᠎ᠠ ᠦᠨᠳᠦᠰᠦᠨ ᠱᠠᠲᠤᠨ ᠤ ᠭᠠᠷᠲᠠᠨ ᠭᠦᠢᠴᠡᠳᠭᠡᠬᠦ ᠡᠩᠨᠡᠭᠡ ᠶᠢ ᠴᠢᠷᠮᠠᠶᠢᠨ ᠪᠠᠶᠢᠭᠤᠯᠬᠤ ᠬᠡᠷᠡᠭᠲᠡᠶ᠃      ᠲᠦ᠋ᠷᠦ ᠶᠢᠨ ᠶᠠᠪᠤᠳᠠᠯ ᠤᠨ ᠬᠤᠷᠢᠶᠠᠨ ᠤ  ᠠᠯᠪᠠᠨ ᠲᠢᠩᠬᠢᠮ      2021 ᠣᠨ ᠤ 10  ᠳ᠋ᠤᠭᠠᠷ ᠰᠠᠷ᠎ᠠ ᠶᠢᠨ 28 ᠤ ᠡᠳᠦᠷ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠣᠯᠠᠭ᠎ᠠ ᠶᠢᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号