ᠥᠪᠥᠷ ᠡᠮᠴᠢᠯᠡᠭᠡᠨ ᠤ ᠪᠠᠲᠤᠯᠠᠭ᠎ᠠ ᠲᠠᠷᠬᠠᠭᠠᠭᠰᠠᠨ ﹇2022﹈ 1 ᠳ᠋ᠦ᠋ᠭᠡᠷ ᠲᠣᠭᠠᠲᠤ | ᠡᠯ᠎ᠡ ᠠᠶᠢᠮᠠᠭ ᠬᠤᠲᠠ ᠶᠢᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ | ᠵᠥᠪᠯᠡᠯ᠂ ᠮᠠᠨᠵᠤᠤᠷ ᠬᠤᠲᠠ᠂ ᠡᠷᠢᠶᠡᠨ ᠬᠤᠲᠠ ᠶᠢᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ᠂ ᠡᠷᠡᠭᠦᠯ | ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠳᠤ᠄ | ︽ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠬᠡᠯᠡᠯᠴᠡᠭᠡ ᠬᠢᠭᠰᠡᠨ ᠡᠮ ᠤᠨ ᠵᠦᠢᠯ ᠤᠨ ︿ᠬᠤᠤᠰ | ᠨᠡᠪᠲᠡᠷᠡᠬᠦ ᠵᠠᠮ﹀ ᠤᠨ ᠬᠠᠮᠢᠶᠠᠷᠤᠯᠲᠠ ᠶᠢᠨ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠬᠦ ᠲᠤᠬᠠᠶ ᠤᠯᠤᠰ ᠤᠨ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ | ᠵᠢᠯᠣᠭᠤᠳᠬᠤ ᠰᠠᠨᠠᠯ︾ ︵ᠡᠮᠴᠢᠯᠡᠭᠡᠨ ᠤ ᠪᠠᠲᠤᠯᠠᠭ᠎ᠠ ᠲᠠᠷᠬᠠᠭᠠᠭᠰᠠᠨ ﹇2021﹈ 28 ᠳ᠋ᠤᠭᠠᠷ ᠲᠣᠭᠠᠲᠤ︶᠂ ︽ | ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ | ᠵᠥᠪᠯᠡᠯ ᠤᠨ ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠬᠡᠯᠡᠯᠴᠡᠭᠡ ᠬᠢᠬᠦ ᠶᠢ ᠪᠠᠶᠢᠩᠭᠤᠵᠢᠭᠤᠯᠬᠤ ᠲᠠᠢ | ᠵᠣᠬᠢᠴᠠᠭᠤᠯᠵᠤ ᠬᠡᠯᠡᠯᠴᠡᠭᠡ ᠬᠢᠭᠰᠡᠨ ᠡᠮ ᠤᠨ ᠵᠦᠢᠯ ᠢ ᠨᠠᠶᠢᠳᠠᠪᠤᠷᠢᠵᠢᠭᠤᠯᠬᠤ ᠠᠵᠢᠯ ᠢ ᠦᠷᠭᠦᠯᠵᠢᠯᠡᠨ ᠰᠠᠶᠢᠲᠤᠷ | ᠬᠢᠬᠦ ᠲᠤᠬᠠᠶ ᠮᠡᠳᠡᠭᠳᠡᠯ︾ ︵ᠡᠮᠴᠢᠯᠡᠭᠡᠨ ᠤ ᠪᠠᠲᠤᠯᠠᠭ᠎ᠠ ᠪᠢᠴᠢᠭ ﹇2021﹈ 82 ᠳ᠋ᠤᠭᠠᠷ ᠲᠣᠭᠠᠲᠤ︶ ᠤᠨ ᠵᠣᠷᠢᠭ | ᠰᠠᠨᠠᠭ᠎ᠠ ᠶᠢ ᠦᠨᠳᠦᠰᠦᠯᠡᠨ᠂ ᠮᠠᠨ ᠤ ᠣᠷᠣᠨ ᠬᠡᠯᠡᠯᠴᠡᠭᠡ ᠬᠢᠭᠰᠡᠨ ᠡᠮ ᠤᠨ ᠵᠦᠢᠯ ᠤᠨ ︿ᠬᠤᠤᠰ ᠨᠡᠪᠲᠡᠷᠡᠬᠦ ᠵᠠᠮ﹀ | ᠤᠨ ᠬᠠᠮᠢᠶᠠᠷᠤᠯᠲᠠ ᠶᠢᠨ ᠠᠵᠢᠯ ᠢ ᠤᠯᠠᠮ ᠨᠢᠭᠡ ᠠᠯᠬᠤᠮ ᠨᠢᠭᠡᠳᠦᠯᠲᠡᠶ ᠵᠢᠷᠤᠮᠵᠢᠭᠤᠯᠵᠤ᠂ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠭᠠᠷᠴᠠᠭ ᠤᠨ ︿ᠬᠤᠤᠰ ᠨᠡᠪᠲᠡᠷᠡᠬᠦ ᠵᠠᠮ﹀ ᠤᠨ ᠬᠠᠮᠢᠶᠠᠷᠤᠯᠲᠠ | ︾ ᠶᠢ ᠳᠣᠭᠲᠠᠭᠠᠵᠤ᠂ ᠪᠣᠳᠠᠲᠠᠢ ᠵᠦᠢᠯ ᠢ ᠮᠡᠳᠡᠭᠳᠡᠪᠡ᠄ | ᠨᠢᠭᠡ᠂ ᠡᠮ ᠤᠨ ᠵᠦᠢᠯ ᠤᠨ ᠭᠠᠷᠴᠠᠭ ᠤᠨ ︽ᠬᠤᠤᠰ ᠨᠡᠪᠲᠡᠷᠡᠬᠦ ᠵᠠᠮ︾ ᠤᠨ ᠬᠠᠮᠢᠶᠠᠷᠤᠯᠲᠠ ᠶᠢ | ᠲᠣᠳᠤᠷᠬᠠᠶᠢᠯᠠᠪᠠ | ︽ᠬᠤᠤᠰ ᠨᠡᠪᠲᠡᠷᠡᠬᠦ ᠵᠠᠮ︾ ᠭᠡᠳᠡᠭ ᠨᠢ ᠴᠡᠭ ᠳᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠪᠠ ᠴᠡᠭ | ᠳᠣᠭᠲᠠᠭᠠᠭᠰᠠᠨ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠭᠡᠬᠦ ᠬᠤᠶᠠᠷ ᠠᠷᠭ᠎ᠠ ᠵᠠᠮ ᠢᠶᠠᠷ ᠳᠠᠮᠵᠢᠭᠤᠯᠤᠨ᠂ | ᠬᠡᠯᠡᠯᠴᠡᠭᠡ ᠬᠢᠭᠰᠡᠨ ᠡᠮ ᠤᠨ ᠵᠦᠢᠯ ᠤᠨ ᠬᠠᠩᠭᠠᠯᠭ᠎ᠠ ᠶᠢ ᠪᠠᠲᠤᠯᠠᠬᠤ᠂ ᠡᠮᠴᠢᠯᠡᠭᠡᠨ ᠳᠤ ᠬᠡᠷᠡᠭᠯᠡᠬᠦ ᠵᠡᠷᠭᠡ ᠵᠦᠶ | ᠵᠣᠬᠢᠰᠲᠠᠶ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠶᠢᠨ ᠬᠠᠮᠲᠤ ᠡᠮᠴᠢᠯᠡᠭᠡᠨ ᠤ ᠪᠠᠲᠤᠯᠠᠭ᠎ᠠ ᠶᠢᠨ ᠲᠣᠭᠠᠴᠠᠭ᠎ᠠ ᠬᠢᠬᠦ | ᠲᠣᠭᠲᠠᠴᠠ ᠳᠤ ᠣᠷᠣᠭᠤᠯᠬᠤ ᠶᠢ ᠵᠢᠭᠠᠵᠤ ᠪᠣᠶ᠃ ᠡᠪᠡᠳᠴᠢᠲᠡᠨ ᠡᠮᠨᠡᠯᠭᠡ ᠳᠤ ᠰᠠᠭᠤᠵᠤ ᠪᠠᠶᠢᠬᠤ ᠬᠤᠭᠤᠴᠠᠭᠠᠨ ᠳᠤ | ᠤᠯᠤᠰ ᠤᠨ ᠬᠡᠯᠡᠯᠴᠡᠭᠡ ᠬᠢᠭᠰᠡᠨ ᠡᠮ ᠤᠨ ᠵᠦᠢᠯ ᠢ ᠬᠥᠬᠡᠭᠴᠢᠨ ᠲᠥᠷᠥᠯ ᠢᠶᠠᠷ ᠬᠠᠮᠢᠶᠠᠷᠴᠤ᠂ ᠡᠮᠴᠢᠯᠡᠭᠡᠨ ᠤ | ᠪᠠᠲᠤᠯᠠᠭ᠎ᠠ ᠶᠢᠨ ᠲᠣᠭᠠᠴᠠᠭ᠎ᠠ ᠬᠢᠬᠦ ᠬᠠᠷᠠᠭᠠᠯᠵᠠᠯ ᠢ ᠡᠯ᠎ᠡ ᠨᠢᠭᠡᠳᠦᠯᠲᠡᠶ ᠲᠥᠯᠦᠪᠯᠡᠭᠰᠡᠨ ᠣᠷᠣᠨ ᠳᠤ ᠬᠤᠯᠪᠤᠭᠳᠠᠬᠤ | ᠲᠥᠷᠥ ᠶᠢᠨ ᠪᠣᠳᠣᠯᠭ᠎ᠠ ᠶᠢᠨ ᠶᠣᠰᠣᠭᠠᠷ ᠬᠡᠷᠡᠭᠵᠢᠭᠦᠯᠦᠨ᠎ᠡ᠃ ᠡᠭᠦᠨ ᠤ ᠬᠠᠮᠲᠤ᠂ ᠣᠯᠠᠨ ᠲᠦᠮᠡᠨ ᠤ ᠡᠮ | ᠬᠡᠷᠡᠭᠯᠡᠬᠦ ᠳᠤ ᠲᠥᠬᠦᠮ ᠦᠵᠡᠭᠦᠯᠬᠦ ᠶᠢᠨ ᠲᠥᠯᠦᠭᠡ᠂ ᠲᠤᠰᠬᠠᠶ ᠮᠡᠷᠭᠡᠵᠢᠯᠲᠡᠨ ᠢᠶᠠᠷ ᠬᠢᠨᠠᠨ ᠲᠣᠭᠲᠠᠭᠠᠯᠭᠠᠵᠤ᠂ | ᠡᠭᠦᠳᠡᠨ ᠡᠮᠨᠡᠯᠭᠡ ᠵᠢᠴᠢ ᠡᠮ ᠤᠨ ᠳᠡᠯᠭᠡᠭᠦᠷ ᠤᠨ ᠬᠠᠩᠭᠠᠯᠭ᠎ᠠ ᠶᠢ ᠪᠠᠲᠤᠯᠠᠬᠤ ᠳᠤ ᠳᠣᠭᠢᠷᠠᠬᠤ ᠡᠮ ᠤᠨ ᠵᠦᠢᠯ ᠢ | ᠡᠭᠦᠳᠡᠨ ᠡᠮᠨᠡᠯᠭᠡ ᠶᠢᠨ ᠣᠨᠴᠠᠭᠠᠶ ᠬᠡᠷᠡᠭᠯᠡᠬᠦ ᠡᠮ ᠪᠠ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠨ ᠤ | ᠬᠠᠮᠢᠶᠠᠷᠤᠯᠲᠠ ᠳᠤ ᠣᠷᠣᠭᠤᠯᠵᠤ᠂ ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠭᠠᠷᠴᠠᠭ ᠤᠨ ︽ᠬᠤᠤᠰ | ᠨᠡᠪᠲᠡᠷᠡᠬᠦ ᠵᠠᠮ︾ ᠤᠨ ᠬᠠᠮᠢᠶᠠᠷᠤᠯᠲᠠ ᠶᠢ ᠪᠠᠶᠢᠭᠤᠯᠤᠨ᠎ᠠ᠃ ᠡᠮ ᠤᠨ ᠵᠦᠢᠯ ᠤᠨ ᠭᠠᠷᠴᠠᠭ ᠤᠨ ︽ᠬᠤᠤᠰ | ᠨᠡᠪᠲᠡᠷᠡᠬᠦ ᠵᠠᠮ︾ ᠤᠨ ᠬᠠᠮᠢᠶᠠᠷᠤᠯᠲᠠ ᠳᠤ ᠬᠥᠳᠡᠯᠦᠩᠭᠦᠶ ᠬᠠᠮᠢᠶᠠᠷᠤᠯᠲᠠ ᠶᠢ ᠬᠡᠷᠡᠭᠵᠢᠭᠦᠯᠵᠦ᠂ ᠥᠪᠡᠷᠲᠡᠭᠡᠨ ᠵᠠᠰᠠᠬᠤ | ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠠᠴᠠ ᠤᠯᠤᠰ ᠤᠨ ᠬᠤᠯᠪᠣᠭᠳᠠᠯ ᠪᠦᠬᠦᠢ ᠲᠥᠷᠥ ᠶᠢᠨ | ᠪᠣᠳᠣᠯᠭ᠎ᠠ ᠶᠢ ᠦᠨᠳᠦᠰᠦᠯᠡᠨ ᠭᠠᠷᠴᠠᠭ ᠢ ᠴᠠᠭ ᠲᠤᠬᠠᠢ ᠳᠤ ᠨᠢ ᠲᠣᠬᠢᠷᠠᠭᠤᠯᠤᠨ᠎ᠠ᠃ | ᠭᠠᠷᠴᠠᠭ ᠲᠠᠬᠢ ᠳᠠᠷᠠᠭᠠᠯᠠᠯ ᠨᠣᠮᠧᠷ ᠨᠢ 1 - 81 ᠬᠦᠷᠲᠡᠯᠡᠬᠢ ᠡᠮ ᠤᠨ ᠵᠦᠢᠯ ᠪᠣᠯ ᠥᠪᠡᠷᠲᠡᠭᠡᠨ ᠵᠠᠰᠠᠬᠤ | ᠣᠷᠣᠨ ᠠᠴᠠ ᠡᠭᠦᠳᠡᠨ ᠡᠮᠨᠡᠯᠭᠡ ᠳᠤ ᠣᠨᠴᠠᠭᠠᠶ ᠬᠡᠷᠡᠭᠯᠡᠬᠦ ᠡᠮ ᠢᠶᠠᠷ ᠬᠠᠮᠢᠶᠠᠷᠬᠤ ᠡᠮ ᠤᠨ ᠵᠦᠢᠯ ᠪᠣᠯᠤᠨ᠎ᠠ᠂ | ᠲᠡᠭᠦᠨ ᠤ ᠪᠠᠲᠤᠯᠠᠭ᠎ᠠ ᠶᠢᠨ ᠡᠲᠡᠭᠡᠳ᠂ ᠬᠠᠷᠠᠭᠠᠯᠵᠠᠯ ᠶᠢᠨ ᠪᠠᠷᠢᠮᠵᠢᠶ᠎ᠠ᠂ ᠦᠢᠯᠡᠴᠢᠯᠡᠭᠡᠨ ᠤ ᠬᠠᠮᠢᠶᠠᠷᠤᠯᠲᠠ | ᠵᠡᠷᠭᠡ ᠶᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ | ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠭᠦᠳᠡᠨ ᠡᠮᠨᠡᠯᠭᠡ ᠳᠤ ᠣᠨᠴᠠᠭᠠᠶ ᠬᠡᠷᠡᠭᠯᠡᠬᠦ | ᠡᠮ ᠢ ᠬᠠᠮᠢᠶᠠᠷᠬᠤ ᠠᠵᠢᠯ ᠢ ᠲᠡᠭᠦᠯᠳᠡᠷᠵᠢᠭᠦᠯᠬᠦ ᠲᠤᠬᠠᠶ ᠮᠡᠳᠡᠭᠳᠡᠯ︾ ︵ᠥᠪᠥᠷ ᠡᠮᠴᠢᠯᠡᠭᠡᠨ ᠤ ᠪᠠᠲᠤᠯᠠᠭ᠎ᠠ ᠠᠯᠪᠠᠨ | ᠲᠠᠷᠬᠠᠭᠠᠭᠰᠠᠨ ﹇2020﹈ 15 ᠳ᠋ᠤᠭᠠᠷ ᠲᠣᠭᠠᠲᠤ︶ ᠶᠣᠰᠣᠭᠠᠷ ᠬᠡᠷᠡᠭᠵᠢᠭᠦᠯᠦᠨ᠎ᠡ᠃ ᠡᠯ᠎ᠡ ᠭᠠᠵᠠᠷ ᠤᠨ ᠬᠢᠨ | ᠲᠤᠬᠠᠶ ᠶᠢᠨ ᠭᠠᠵᠠᠷ ᠤᠨ ᠢᠶᠠᠨ ᠰᠠᠭᠤᠷᠢ ᠮᠥᠩᠭᠦ ᠶᠢᠨ ᠡᠷᠭᠢᠯᠲᠡ ᠶᠢᠨ ᠪᠠᠶᠢᠳᠠᠯ᠂ ᠡᠪᠡᠳᠴᠢᠲᠡᠨ ᠤ ᠡᠮ ᠬᠡᠷᠡᠭᠯᠡᠬᠦ | ᠬᠡᠷᠡᠭᠴᠡᠭᠡ ᠵᠡᠷᠭᠡ ᠶᠢ ᠦᠨᠳᠦᠰᠦᠯᠡᠨ ᠡᠭᠦᠳᠡᠨ ᠡᠮᠨᠡᠯᠭᠡ ᠳᠤ ᠣᠨᠴᠠᠭᠠᠶ ᠬᠡᠷᠡᠭᠯᠡᠬᠦ ᠡᠮ ᠢ ᠵᠣᠬᠢᠰᠲᠠᠶ ᠨᠡᠮᠡᠵᠦ ᠪᠣᠯᠤᠨ᠎ᠠ᠃ | | ᠭᠠᠷᠴᠠᠭ ᠲᠠᠬᠢ ᠳᠠᠷᠠᠭᠠᠯᠠᠯ ᠨᠣᠮᠧᠷ ᠨᠢ 82 —176 ᠬᠦᠷᠲᠡᠯᠡᠬᠢ ᠡᠮ ᠤᠨ ᠵᠦᠢᠯ ᠪᠣᠯ ᠡᠯ᠎ᠡ ᠭᠠᠵᠠᠷ ᠤᠨ | ︽ᠣᠷᠣᠭᠤᠯᠪᠠᠰᠤ ᠵᠣᠬᠢᠬᠤ ᠶᠢ ᠨᠢ ᠪᠦᠬᠦᠨ ᠢ ᠣᠷᠣᠭᠤᠯᠬᠤ︾ ᠵᠠᠷᠴᠢᠮ ᠶᠣᠰᠣᠭᠠᠷ ᠨᠢᠭᠡᠳᠦᠯᠲᠡᠶ ᠲᠥᠯᠦᠪᠯᠡᠭᠰᠡᠨ | ᠲᠣᠰ ᠣᠷᠣᠨ ᠤ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠨ ᠤ ᠵᠦᠢᠯ ᠤᠨ ᠬᠡᠪᠴᠢᠶᠡᠨ ᠳᠤ | ᠨᠡᠶᠢᠴᠡᠭᠰᠡᠨ ᠪᠣᠯ᠂ ᠲᠤᠬᠠᠶ ᠶᠢᠨ ᠭᠠᠵᠠᠷ ᠤᠨ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠨ ᠤ | ᠬᠠᠮᠢᠶᠠᠷᠤᠯᠲᠠ ᠳᠤ ᠣᠷᠣᠭᠤᠯᠤᠨ᠎ᠠ︔ ᠲᠤᠬᠠᠶ ᠶᠢᠨ ᠭᠠᠵᠠᠷ ᠤᠨ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ | ᠡᠪᠡᠳᠴᠢᠨ ᠤ ᠲᠥᠷᠥᠯ ᠤᠨ ᠲᠣᠭᠠᠴᠠᠭ᠎ᠠ ᠬᠢᠬᠦ ᠬᠡᠪᠴᠢᠶᠡᠨ ᠳᠤ ᠪᠠᠭᠲᠠᠬᠤ ᠥᠬᠡᠶ ᠪᠣᠯ ᠰᠠᠭᠤᠷᠢ ᠮᠥᠩᠭᠦ ᠶᠢᠨ | ᠡᠷᠭᠢᠯᠲᠡ ᠶᠢᠨ ᠪᠠᠶᠢᠳᠠᠯ ᠵᠢᠴᠢ ᠡᠪᠡᠳᠴᠢᠲᠡᠨ ᠤ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠤᠨ ᠲᠣᠰ ᠭᠠᠵᠠᠷ ᠤᠨ | ᠡᠭᠦᠳᠡᠨ ᠡᠮᠨᠡᠯᠭᠡ ᠶᠢᠨ ᠣᠨᠴᠠᠭᠠᠶ ᠬᠡᠷᠡᠭᠯᠡᠬᠦ ᠡᠮ ᠤᠨ ᠪᠠᠲᠤᠯᠠᠭ᠎ᠠ ᠶᠢᠨ ᠬᠡᠪᠴᠢᠶᠡᠨ ᠳᠤ ᠣᠷᠣᠭᠤᠯᠤᠨ᠎ᠠ᠃ ᠡᠭᠦᠳᠡᠨ | ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠨ ᠳᠤ ᠬᠡᠷᠡᠭᠯᠡᠬᠦ ᠡᠮ ᠤᠨ ᠪᠠᠲᠤᠯᠠᠬᠤ ᠡᠲᠡᠭᠡᠳ᠂ ᠬᠠᠷᠠᠭᠠᠯᠵᠠᠯ ᠤᠨ | ᠪᠠᠷᠢᠮᠵᠢᠶ᠎ᠠ᠂ ᠦᠢᠯᠡᠴᠢᠯᠡᠭᠡᠨ ᠤ ᠬᠠᠮᠢᠶᠠᠷᠤᠯᠲᠠ ᠵᠡᠷᠭᠡ ᠶᠢ ᠡᠯ᠎ᠡ ᠨᠢᠭᠡᠳᠦᠯᠲᠡᠶ ᠲᠥᠯᠦᠪᠯᠡᠭᠰᠡᠨ ᠣᠷᠣᠨ ᠠᠴᠠ | ᠣᠳᠣ ᠶᠢᠨ ᠬᠡᠷᠡᠭᠵᠢᠭᠦᠯᠵᠦ ᠪᠠᠶᠢᠭ᠎ᠠ ᠤᠳᠠᠭᠠᠨ ᠴᠢᠨᠠᠷᠲᠠᠢ ᠡᠪᠡᠳᠴᠢᠨ ᠤ ᠬᠠᠮᠢᠶᠠᠷᠤᠯᠲᠠ ᠶᠢᠨ ᠲᠥᠷᠥ ᠶᠢᠨ ᠪᠣᠳᠣᠯᠭ᠎ᠠ | ᠶᠣᠰᠣᠭᠠᠷ ᠬᠡᠷᠡᠭᠵᠢᠭᠦᠯᠦᠨ᠎ᠡ᠃ | ᠬᠤᠶᠠᠷ᠂ ᠤᠯᠤᠰ ᠤᠨ ᠬᠡᠯᠡᠯᠴᠡᠭᠡ ᠬᠢᠭᠰᠡᠨ ᠡᠮ ᠤᠨ ᠵᠦᠢᠯ ᠤᠨ ᠬᠠᠩᠭᠠᠯᠭ᠎ᠠ ᠶᠢ ᠪᠠᠲᠤᠯᠠᠬᠤ ᠠᠵᠢᠯ ᠢ | ᠰᠠᠶᠢᠲᠤᠷ ᠬᠢᠨ᠎ᠡ | ︵ᠨᠢᠭᠡ︶ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠵᠦ᠂ ᠬᠡᠯᠡᠯᠴᠡᠭᠡ ᠬᠢᠭᠰᠡᠨ | ᠡᠮ ᠤᠨ ᠵᠦᠢᠯ ᠢ ᠪᠣᠳᠠᠲᠠᠶᠢᠵᠢᠭᠤᠯᠬᠤ ᠶᠢ ᠠᠬᠢᠭᠤᠯᠬᠤ ᠬᠡᠷᠡᠭᠲᠡᠶ᠃ ᠡᠯ᠎ᠡ ᠭᠠᠵᠠᠷ ᠤᠨ ᠬᠢᠨ ᠠᠷᠠᠳ ᠲᠦᠮᠡᠨ ᠢᠶᠠᠷ | ᠭᠤᠣᠯ ᠪᠣᠯᠭᠠᠬᠤ ᠦᠵᠡᠯ ᠰᠠᠨᠠᠭ᠎ᠠ ᠶᠢ ᠪᠠᠲᠤ ᠪᠠᠬᠢ ᠪᠣᠶ ᠪᠣᠯᠭᠠᠵᠤ᠂ ᠤᠯᠤᠰ ᠤᠨ ᠬᠡᠯᠡᠯᠴᠡᠭᠡ ᠬᠢᠭᠰᠡᠨ ᠡᠮ ᠤᠨ | ᠵᠦᠢᠯ ᠢ ᠮᠠᠨ ᠤ ᠣᠷᠣᠨ ᠳᠤ ᠪᠣᠳᠠᠲᠠᠶᠢᠵᠢᠭᠤᠯᠤᠨ ᠬᠡᠷᠡᠭᠯᠡᠬᠦ ᠶᠢ ᠦᠨᠡᠨ ᠬᠦ ᠰᠠᠶᠢᠲᠤᠷ ᠠᠳᠬᠤᠬᠤ ᠬᠡᠷᠡᠭᠲᠡᠶ᠃ | ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠤᠨ ᠬᠢᠨ ᠬᠡᠯᠡᠯᠴᠡᠭᠡᠷ ᠤᠨ ᠬᠠᠮᠢᠶᠠᠷᠤᠯᠲᠠ ᠪᠠᠨ ᠴᠢᠩᠭᠠᠳᠬᠠᠵᠤ᠂ | ᠴᠡᠭ ᠳᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠶᠢᠨ ᠬᠡᠯᠡᠯᠴᠡᠭᠡ ᠬᠢᠭᠰᠡᠨ ᠡᠮ ᠤᠨ ᠵᠦᠢᠯ ᠢ ᠵᠦᠶ ᠵᠣᠬᠢᠰᠲᠠᠶ | ᠳᠣᠭᠢᠷᠠᠭᠤᠯᠤᠨ ᠬᠡᠷᠡᠭᠯᠡᠭᠰᠡᠨ ᠪᠠᠶᠢᠳᠠᠯ ᠢ ᠬᠡᠯᠡᠯᠴᠡᠭᠡᠷ ᠤᠨ ᠠᠭᠤᠯᠭ᠎ᠠ ᠳᠤ ᠪᠠᠨ ᠣᠷᠣᠭᠤᠯᠬᠤ ᠶᠢᠨ ᠬᠠᠮᠲᠤ ᠵᠢᠯ ᠤᠨ | ᠰᠢᠯᠭᠠᠨ ᠬᠢᠨᠠᠯᠲᠠ ᠯᠤᠭ᠎ᠠ ᠬᠤᠯᠪᠣᠭᠳᠠᠭᠤᠯᠬᠤ ᠬᠡᠷᠡᠭᠲᠡᠶ᠃ ᠡᠮᠴᠢᠯᠡᠭᠡᠨ ᠤ ᠪᠠᠲᠤᠯᠠᠭ᠎ᠠ ᠶᠢᠨ ᠶᠡᠷᠦᠩᠬᠡᠶ ᠲᠤᠭ᠎ᠠ ᠶᠢ | ᠰᠢᠨᠵᠢᠯᠡᠬᠦ ᠤᠬᠠᠭᠠᠨᠴᠢ ᠪᠠᠷ ᠲᠣᠭᠲᠠᠭᠠᠵᠤ᠂ ᠰᠠᠭᠤᠷᠢ ᠮᠥᠩᠭᠦ ᠶᠢᠨ ᠠᠮᠤᠷ ᠲᠦᠪᠰᠢᠨ ᠢ ᠪᠠᠲᠤᠯᠠᠭᠰᠠᠨ ᠤᠷᠢᠲᠠᠯ | ᠳᠤᠤᠷ᠎ᠠ ᠲᠤᠰᠠᠭᠠᠷ ᠲᠣᠭᠠᠴᠠᠭ᠎ᠠ ᠬᠢᠬᠦ ᠪᠠᠷ ᠬᠡᠯᠡᠯᠴᠡᠭᠡ ᠬᠢᠭᠰᠡᠨ ᠡᠮ ᠤᠨ ᠵᠦᠢᠯ ᠢ ᠴᠡᠭ ᠳᠣᠭᠲᠠᠭᠠᠭᠰᠠᠨ | ᠡᠮᠴᠢᠯᠡᠭᠡᠨ ᠤ ᠪᠠᠶᠢᠭᠤᠯᠤᠮᠵᠢ ᠶᠢᠨ ᠶᠡᠷᠦᠩᠬᠡᠶ ᠲᠣᠭᠠᠨ ᠤ ᠬᠡᠪᠴᠢᠶᠡᠨ ᠳᠤ ᠣᠷᠣᠭᠤᠯᠬᠤ ᠥᠬᠡᠶ ᠪᠠᠶᠢᠵᠤ ᠪᠣᠯᠤᠨ᠎ᠠ᠃ | ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠶᠢᠨ ᠡᠮᠴᠢᠯᠡᠭᠡᠨ ᠳᠤ ᠡᠮ ᠬᠡᠷᠡᠭᠯᠡᠬᠦ ᠠᠵᠢᠯᠯᠠᠭ᠎ᠠ ᠶᠢ | ᠵᠢᠯᠣᠭᠤᠳᠬᠤ ᠪᠠ ᠬᠠᠮᠢᠶᠠᠷᠬᠤ ᠶᠢ ᠴᠢᠩᠭᠠᠳᠬᠠᠵᠤ᠂ ᠬᠠᠷᠢᠶ᠎ᠠ ᠣᠷᠣᠨ ᠤ ᠡᠮᠴᠢᠯᠡᠭᠡᠨ ᠤ ᠪᠠᠶᠢᠭᠤᠯᠤᠮᠵᠢ ᠶᠢ | ᠱᠠᠭᠠᠷᠳᠠᠵᠤ ᠬᠡᠯᠡᠯᠴᠡᠭᠡ ᠬᠢᠭᠰᠡᠨ ᠡᠮ ᠤᠨ ᠵᠦᠢᠯ ᠢ ᠵᠦᠢ ᠵᠣᠬᠢᠰᠲᠠᠶ ᠲᠣᠬᠢᠷᠠᠭᠤᠯᠬᠤ ᠪᠠ ᠬᠡᠷᠡᠭᠯᠡᠭᠦᠯᠵᠦ᠂ | ᠡᠮᠴᠢᠯᠡᠭᠡᠨ ᠤ ᠪᠠᠲᠤᠯᠠᠭ᠎ᠠ ᠶᠢᠨ ᠶᠡᠷᠦᠩᠬᠡᠶ ᠲᠤᠭ᠎ᠠ ᠶᠢᠨ ᠬᠢᠵᠠᠭᠠᠷᠯᠠᠯ᠂ ᠡᠮᠴᠢᠯᠡᠭᠡᠨ ᠤ ᠪᠠᠶᠢᠭᠤᠯᠤᠮᠵᠢ ᠶᠢᠨ ᠡᠮ | ᠬᠡᠷᠡᠭᠯᠡᠬᠦ ᠭᠠᠷᠴᠠᠭ ᠤᠨ ᠲᠤᠭ᠎ᠠ ᠶᠢᠨ ᠬᠢᠵᠠᠭᠠᠷᠯᠠᠯ᠂ ᠡᠮ ᠤᠨ ᠡᠵᠡᠯᠡᠬᠦ ᠬᠠᠷᠢᠴᠠᠯ ᠵᠡᠷᠭᠡ ᠪᠠᠷ ᠰᠢᠯᠲᠠᠭ ᠪᠣᠯᠭᠠᠨ | ᠬᠡᠯᠡᠯᠴᠡᠭᠡ ᠬᠢᠭᠰᠡᠨ ᠡᠮ ᠤᠨ ᠵᠦᠢᠯ ᠢ ᠪᠣᠳᠠᠲᠠᠶᠢᠵᠢᠭᠤᠯᠬᠤ ᠶᠢ ᠨᠥᠯᠥᠭᠡᠯᠡᠵᠦ ᠪᠣᠯᠬᠤ ᠦᠭᠡᠶ᠃ ᠡᠷᠡᠭᠦᠯ ᠬᠠᠮᠠᠭᠠᠯᠠᠯ | ᠡᠷᠡᠭᠦᠯ ᠮᠡᠨᠳᠦ ᠶᠢᠨ ᠰᠠᠯᠠᠭ᠎ᠠ ᠮᠥᠴᠢᠷ ᠤᠨ ᠬᠢᠨ ᠡᠮᠴᠢᠯᠡᠭᠡᠨ ᠤ ᠪᠠᠶᠢᠭᠤᠯᠤᠮᠵᠢ ᠶᠢᠨ ᠬᠡᠷᠡᠭᠯᠡᠬᠦ ᠡᠮ ᠤᠨ ᠵᠦᠢᠯ ᠢ | ᠰᠢᠯᠭᠠᠨ ᠬᠢᠨᠠᠬᠤ ᠲᠣᠭᠲᠠᠴᠠ ᠶᠢ ᠲᠣᠬᠢᠷᠠᠭᠤᠯᠤᠨ ᠲᠡᠭᠦᠯᠳᠡᠷᠵᠢᠭᠦᠯᠵᠦ᠂ ᠵᠦᠶ ᠵᠣᠬᠢᠰᠲᠠᠶ ᠬᠡᠷᠡᠭᠯᠡᠭᠰᠡᠨ ᠪᠠ | ᠬᠡᠯᠡᠯᠴᠡᠭᠡ ᠬᠢᠭᠰᠡᠨ ᠡᠮ ᠤᠨ ᠵᠦᠢᠯ ᠢ ᠲᠤᠰᠠᠭᠠᠷ ᠵᠢᠭᠰᠠᠭᠠᠵᠤ᠂ ᠡᠮᠴᠢᠯᠡᠭᠡᠨ ᠤ ᠪᠠᠶᠢᠭᠤᠯᠤᠮᠵᠢ ᠶᠢᠨ ᠡᠮ ᠤᠨ | ᠡᠵᠡᠯᠡᠬᠦ ᠬᠠᠷᠢᠴᠠᠯ᠂ ᠤᠳᠠᠭ᠎ᠠ ᠪᠦᠷᠢ ᠶᠢᠨ ᠳᠤᠮᠳᠠᠴᠢ ᠵᠠᠷᠤᠳᠠᠯ ᠵᠡᠷᠭᠡ ᠨᠠᠶᠢᠳᠠᠪᠤᠷᠢᠵᠢᠭᠤᠯᠤᠯᠲᠠ ᠶᠢ ᠨᠥᠯᠥᠭᠡᠯᠡᠬᠦ | ᠬᠦᠴᠦᠨ ᠵᠦᠢᠯ ᠢ ᠰᠢᠯᠭᠠᠨ ᠬᠢᠨᠠᠬᠤ ᠭᠦᠢᠴᠡᠳᠭᠡᠯ ᠲᠣᠭᠠᠨ ᠤ ᠬᠡᠪᠴᠢᠶᠡᠨ ᠳᠤ ᠣᠷᠣᠭᠤᠯᠬᠤ ᠥᠬᠡᠶ᠃ ᠴᠡᠭ | ᠳᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠶᠢᠨ ᠡᠮᠴᠢᠯᠡᠭᠡᠨ ᠳᠤ ᠡᠮ ᠬᠡᠷᠡᠭᠯᠡᠬᠦ ᠠᠵᠢᠯᠯᠠᠭ᠎ᠠ ᠶᠢ ᠵᠢᠯᠣᠭᠤᠳᠬᠤ ᠪᠠ | ᠬᠠᠮᠢᠶᠠᠷᠬᠤ ᠪᠠᠨ ᠴᠢᠩᠭᠠᠳᠬᠠᠵᠤ᠂ ᠬᠠᠷᠢᠶ᠎ᠠ ᠣᠷᠣᠨ ᠤ ᠡᠮᠴᠢᠯᠡᠭᠡᠨ ᠤ ᠪᠠᠶᠢᠭᠤᠯᠤᠮᠵᠢ ᠶᠢ ᠱᠠᠭᠠᠷᠳᠠᠵᠤ ᠬᠡᠯᠡᠯᠴᠡᠭᠡ | ᠬᠢᠭᠰᠡᠨ ᠡᠮ ᠤᠨ ᠵᠦᠢᠯ ᠢ ᠵᠦᠶ ᠵᠣᠬᠢᠰᠲᠠᠶ ᠳᠣᠭᠢᠷᠠᠭᠤᠯᠬᠤ ᠪᠠ ᠬᠡᠷᠡᠭᠯᠡᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ | ᠶᠡᠷᠦᠩᠬᠡᠶ ᠲᠤᠭ᠎ᠠ ᠶᠢᠨ ᠬᠢᠵᠠᠭᠠᠷᠯᠠᠯ᠂ ᠡᠮᠴᠢᠯᠡᠭᠡᠨ ᠤ ᠪᠠᠶᠢᠭᠤᠯᠤᠮᠵᠢ ᠶᠢᠨ ᠡᠮ ᠬᠡᠷᠡᠭᠯᠡᠬᠦ ᠭᠠᠷᠴᠠᠭ ᠤᠨ ᠲᠤᠭ᠎ᠠ ᠶᠢᠨ | ᠬᠢᠵᠠᠭᠠᠷᠯᠠᠯ᠂ ᠡᠮ ᠤᠨ ᠡᠵᠡᠯᠡᠬᠦ ᠬᠠᠷᠢᠴᠠᠯ ᠵᠡᠷᠭᠡ ᠪᠠᠷ ᠰᠢᠯᠲᠠᠭ ᠪᠣᠯᠭᠠᠨ ᠬᠡᠯᠡᠯᠴᠡᠭᠡ ᠬᠢᠭᠰᠡᠨ ᠡᠮ ᠤᠨ ᠵᠦᠢᠯ ᠢ | ᠪᠣᠳᠠᠲᠠᠶᠢᠵᠢᠭᠤᠯᠬᠤ ᠶᠢ ᠨᠥᠯᠥᠭᠡᠯᠡᠵᠦ ᠪᠣᠯᠬᠤ ᠥᠬᠡᠶ᠃ | ︵ᠬᠤᠶᠠᠷ︶ ᠡᠮᠴᠢᠯᠡᠭᠡᠨ ᠤ ᠪᠠᠶᠢᠭᠤᠯᠤᠮᠵᠢ ᠶᠢᠨ ᠭᠤᠤᠯ ᠴᠣᠭᠴᠠ ᠶᠢᠨ ᠬᠠᠷᠢᠭᠤᠴᠠᠯᠭ᠎ᠠ ᠶᠢ ᠪᠠᠬᠢᠵᠢᠭᠦᠯᠵᠦ᠂ | ᠳᠠᠷᠤᠢ ᠳᠤ ᠨᠢ ᠵᠦᠶ ᠵᠣᠬᠢᠰᠲᠠᠶ ᠳᠣᠭᠢᠷᠠᠭᠤᠯᠤᠨ ᠬᠡᠷᠡᠭᠯᠡᠬᠦ ᠬᠡᠷᠡᠭᠲᠡᠶ᠃ ᠡᠮᠴᠢᠯᠡᠭᠡᠨ ᠤ ᠪᠠᠶᠢᠭᠤᠯᠤᠮᠵᠢ ᠪᠣᠯ | ᠬᠡᠯᠡᠯᠴᠡᠭᠡ ᠬᠢᠭᠰᠡᠨ ᠡᠮ ᠤᠨ ᠵᠦᠢᠯ ᠢ ᠲᠤᠬᠢᠷᠠᠭᠤᠯᠬᠤ ᠵᠢᠴᠢ ᠡᠮᠴᠢᠯᠡᠭᠡᠨ ᠳᠤ ᠵᠦᠢ ᠵᠣᠬᠢᠰᠲᠠᠢ ᠬᠡᠷᠡᠭᠯᠡᠬᠦ ᠨᠢᠭᠡᠳᠦᠭᠡᠷ | ᠬᠠᠷᠢᠭᠤᠴᠠᠯᠭᠠᠲᠠᠨ ᠮᠥᠨ᠃ ᠡᠯ᠎ᠡ ᠴᠡᠭ ᠳᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠨᠢ ᠵᠦᠶ ᠵᠣᠬᠢᠰᠲᠠᠶ ᠪᠠᠷ ᠡᠮ | ᠬᠡᠷᠡᠭᠯᠡᠬᠦ ᠭᠤᠤᠯ ᠴᠣᠭᠴᠠ ᠶᠢᠨ ᠬᠠᠷᠢᠭᠤᠴᠠᠯᠭ᠎ᠠ ᠪᠠᠨ ᠨᠠᠶᠢᠳᠠᠪᠤᠷᠢᠵᠭᠤᠯᠬᠤ᠂ ᠡᠮᠨᠡᠯᠭᠡ ᠶᠢᠨ ᠬᠤᠷᠢᠶᠠᠨ ᠳᠠᠬᠢ | ᠡᠮ ᠤᠨ ᠵᠦᠢᠯ ᠢ ᠲᠣᠬᠢᠷᠠᠭᠤᠯᠬᠤ ᠪᠠ ᠡᠮᠴᠢᠯᠡᠭᠡᠨ ᠤ ᠪᠠᠲᠤᠯᠠᠭ᠎ᠠ ᠶᠢᠨ ᠡᠮ ᠤᠨ ᠵᠦᠢᠯ ᠤᠨ ᠭᠠᠷᠴᠠᠭ ᠢ | ᠲᠣᠬᠢᠷᠠᠭᠤᠯᠬᠤ ᠬᠤᠯᠪᠤᠭᠠᠯᠠᠨ ᠬᠥᠳᠡᠯᠦᠯᠴᠡᠬᠦ ᠲᠣᠭᠲᠠᠴᠠ ᠶᠢ ᠪᠠᠶᠢᠭᠤᠯᠵᠤ᠂ ᠤᠯᠤᠰ ᠤᠨ ︽2021 ᠣᠨ ᠤ | ᠡᠮ ᠤᠨ ᠵᠦᠢᠯ ᠤᠨ ᠭᠠᠷᠴᠠᠭ︾ ᠢ ᠦᠨᠳᠦᠰᠦᠯᠡᠵᠦ᠂ ᠡᠮᠴᠢᠯᠡᠭᠡᠨ ᠳᠤ ᠡᠮ ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠲᠠᠢ | ᠤᠶᠠᠯᠳᠤᠭᠤᠯᠤᠨ᠂ ᠡᠮ ᠤᠨ ᠵᠦᠢᠯ ᠤᠨ ᠬᠤᠷᠠᠯ ᠢ ᠳᠠᠷᠤᠢ ᠳᠤ ᠨᠢ ᠨᠢᠭᠡᠳᠦᠯᠲᠡᠶ ᠲᠥᠯᠥᠪᠯᠡᠨ ᠬᠤᠷᠠᠯᠳᠤᠭᠤᠯᠵᠤ᠂ ︽ | ᠨᠠᠶᠢᠷᠠᠭᠤᠯᠬᠤ ᠶᠣᠰᠣᠲᠠᠶ ᠶᠢ ᠨᠢ ᠪᠦᠬᠦᠨ ᠢ ᠨᠠᠶᠢᠷᠠᠭᠤᠯᠬᠤ︾ ᠶᠢ ᠪᠡᠶᠡᠯᠡᠭᠦᠯᠬᠦ ᠬᠡᠷᠡᠭᠲᠡᠶ᠃ ᠲᠣᠰ ᠡᠮᠴᠢᠯᠡᠭᠡᠨ ᠤ | ᠪᠠᠶᠢᠭᠤᠯᠤᠮᠵᠢ ᠶᠢᠨ ᠬᠠᠩᠭᠠᠯᠭ᠎ᠠ ᠶᠢᠨ ᠭᠠᠷᠴᠠᠭ ᠲᠤ ᠣᠷᠣᠭᠤᠯᠬᠤ ᠠᠷᠭ᠎ᠠ ᠥᠬᠡᠶ ᠪᠣᠯᠪᠠᠴᠤ ᠡᠮᠴᠢᠯᠡᠭᠡᠨ ᠳᠤ ᠦᠨᠡᠨ | ᠬᠦ ᠬᠡᠷᠡᠭᠰᠡᠬᠦ ᠱᠠᠭᠠᠷᠳᠠᠯᠭ᠎ᠠ ᠪᠥᠬᠦᠢ ᠬᠡᠯᠡᠯᠴᠡᠭᠡ ᠬᠢᠭᠰᠡᠨ ᠡᠮ ᠤᠨ ᠵᠦᠢᠯ ᠢ ᠲᠦᠷ ᠴᠠᠭ ᠬᠤᠳᠠᠯᠳᠤᠨ ᠠᠪᠬᠤ | ᠬᠡᠪᠴᠢᠶᠡᠨ ᠳᠤ ᠣᠷᠣᠭᠤᠯᠵᠤ᠂ ᠰᠠᠭᠠᠳ ᠥᠬᠡᠶ ᠨᠡᠪᠲᠡᠷᠡᠬᠦ ᠵᠠᠮ ᠢ ᠪᠠᠶᠢᠭᠤᠯᠵᠤ᠂ ᠲᠠᠰ ᠳᠠᠷᠠᠭᠠᠯᠠᠯ ᠢ ᠳᠥᠭᠦᠮᠴᠢᠯᠡᠵᠦ | ᠂ ᠦᠶᠡᠯᠡᠯ ᠤᠨ ᠬᠤᠭᠤᠴᠠᠭ᠎ᠠ ᠶᠢ ᠪᠣᠭᠤᠨᠢᠰᠬᠠᠵᠤ᠂ ᠴᠠᠭ ᠲᠤᠬᠠᠶ ᠳᠤ ᠨᠢ ᠬᠤᠳᠠᠯᠳᠤᠨ ᠠᠪᠬᠤ ᠬᠡᠷᠡᠭᠲᠡᠶ᠃ | ︵ᠭᠤᠷᠪᠠ︶ ︽ᠬᠤᠤᠰ ᠨᠡᠪᠲᠡᠷᠡᠬᠦ ᠵᠠᠮ︾ ᠤᠨ ᠬᠠᠮᠢᠶᠠᠷᠤᠯᠲᠠ ᠶᠢ ᠠᠬᠢᠭᠤᠯᠵᠤ᠂ ᠬᠡᠯᠡᠯᠴᠡᠭᠡ ᠬᠢᠭᠰᠡᠨ | ᠡᠮ ᠤᠨ ᠵᠦᠢᠯ ᠤᠨ ᠬᠠᠩᠭᠠᠯᠭ᠎ᠠ ᠶᠢ ᠪᠠᠲᠤᠯᠠᠬᠤ ᠬᠡᠷᠡᠭᠲᠡᠢ᠃ ᠡᠯ᠎ᠡ ᠭᠠᠵᠠᠷ ᠤᠨ ᠬᠢᠨ ᠥᠪᠡᠷᠲᠡᠭᠡᠨ ᠵᠠᠰᠠᠬᠤ | ᠣᠷᠣᠨ ᠤ ᠡᠮ ᠤᠨ ᠵᠦᠢᠯ ᠤᠨ ᠭᠠᠷᠴᠠᠭ ᠤᠨ ︽ᠬᠤᠣᠰ ᠨᠡᠪᠲᠡᠷᠡᠬᠦ ᠵᠠᠮ︾ ᠤᠨ ᠬᠠᠮᠢᠶᠠᠷᠤᠯᠲᠠ ᠶᠢ ᠢᠳᠡᠪᠬᠢᠲᠡᠶ ᠪᠠᠷ | ᠨᠠᠶᠢᠳᠠᠪᠤᠷᠢᠵᠢᠭᠤᠯᠵᠤ᠂ ᠲᠤᠬᠠᠶ ᠶᠢᠨ ᠭᠠᠵᠠᠷ ᠤᠨ ᠡᠪᠡᠳᠴᠢᠲᠡᠨ ᠤ ᠡᠮ ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠲᠠᠢ | ᠤᠶᠠᠯᠳᠤᠭᠤᠯᠤᠨ᠂ ︽ᠬᠤᠣᠰ ᠨᠡᠪᠲᠡᠷᠡᠬᠦ ᠵᠠᠮ︾ ᠤᠨ ᠡᠮ ᠤᠨ ᠳᠡᠯᠭᠡᠭᠦᠷ ᠢ ᠱᠠᠭᠠᠷᠳᠠᠵᠤ ᠡᠮ ᠤᠨ ᠳᠡᠯᠭᠡᠭᠦᠷ ᠤᠨ | ᠬᠠᠩᠭᠠᠯᠭ᠎ᠠ ᠶᠢ ᠪᠠᠲᠤᠯᠠᠬᠤ ᠳᠤ ᠲᠣᠬᠢᠷᠠᠬᠤ ᠬᠡᠯᠡᠯᠴᠡᠭᠡ ᠬᠢᠭᠰᠡᠨ ᠡᠮ ᠤᠨ ᠵᠦᠢᠯ ᠢ ᠳᠠᠷᠤᠢ ᠳᠤ ᠨᠢ ᠲᠣᠬᠢᠷᠠᠭᠤᠯᠵᠤ᠂ | ᠡᠭᠦᠳᠡᠨ ᠡᠮᠨᠡᠯᠭᠡ ᠳᠤ ᠣᠨᠴᠠᠭᠠᠢ ᠬᠡᠷᠡᠭᠯᠡᠬᠦ ᠡᠮ ᠪᠠ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠨ ᠤ | ᠬᠠᠮᠢᠶᠠᠷᠤᠯᠲᠠ ᠳᠤ ᠣᠷᠣᠭᠤᠯᠤᠭᠰᠠᠨ ᠡᠮ ᠤᠨ ᠵᠦᠢᠯ ᠢ ᠴᠡᠭ ᠲᠣᠭᠲᠠᠭᠠᠭᠰᠠᠨ ᠵᠢᠵᠢᠭᠯᠡᠨ ᠬᠤᠳᠠᠯᠳᠤᠬᠤ ᠡᠮ ᠤᠨ | ᠳᠡᠯᠭᠡᠭᠦᠷ ᠪᠠ ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠳᠤ ᠨᠢᠭᠡᠳᠦᠯᠲᠡᠶ ᠳᠠᠩᠰᠠ ᠴᠠᠶᠢᠷᠠᠭᠤᠯᠬᠤ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠬᠡᠷᠡᠭᠲᠡᠶ᠃ ᠴᠡᠭ ᠳᠣᠭᠲᠠᠭᠠᠭᠰᠠᠨ ᠡᠮ ᠤᠨ ᠳᠡᠯᠭᠡᠭᠦᠷ ᠨᠢ ᠰᠣᠩᠭᠤᠵᠤ | ᠣᠷᠣᠭᠤᠯᠬᠤ ᠶᠢ ᠵᠦᠪᠰᠢᠶᠡᠷᠡᠬᠦ᠂ ᠡᠪᠡᠳᠴᠢᠲᠡᠨ ᠢ ᠮᠠᠭᠠᠳᠯᠠᠨ ᠲᠣᠭᠲᠠᠭᠠᠬᠤ᠂ ᠵᠣᠷ ᠢ ᠰᠢᠯᠵᠢᠭᠦᠯᠬᠦ᠂ ᠰᠢᠭᠤᠳ | ᠳ᠋ᠦᠩᠨᠡᠨ ᠪᠤᠳᠤᠬᠤ ᠪᠠ ᠰᠠᠭᠤᠷᠢ ᠮᠥᠩᠭᠦ ᠶᠢ ᠬᠢᠨᠠᠨ ᠬᠠᠮᠢᠶᠠᠷᠬᠤ ᠵᠡᠷᠭᠡ ᠠᠷᠭ᠎ᠠ ᠬᠡᠮᠵᠢᠶ᠎ᠡ ᠶᠢ ᠨᠠᠷᠢᠯᠢᠬᠵᠢᠭᠤᠯᠤᠨ | ᠲᠡᠭᠦᠯᠳᠡᠷᠵᠢᠭᠦᠯᠵᠦ᠂ ᠬᠡᠯᠡᠯᠴᠡᠭᠡ ᠬᠢᠭᠰᠡᠨ ᠡᠮ ᠤᠨ ᠵᠦᠢᠯ ᠤᠨ ᠬᠠᠩᠭᠠᠯᠭ᠎ᠠ ᠶᠢ ᠪᠠᠲᠤᠯᠠᠬᠤ ᠬᠢᠷᠢ ᠲᠦᠪᠰᠢᠨ ᠢ | ᠦᠨᠡᠨ ᠬᠦ ᠳᠡᠭᠡᠭᠰᠢᠯᠡᠭᠦᠯᠬᠦ ᠬᠡᠷᠡᠭᠲᠡᠶ᠃ | ︵ᠳᠥᠷᠪᠡ︶ ᠮᠡᠳᠡᠭᠡ ᠵᠠᠩᠭᠢ ᠶᠢ ᠢᠯᠡ ᠪᠣᠯᠭᠠᠬᠤ ᠶᠢ ᠨᠠᠶᠢᠳᠠᠪᠤᠷᠢᠵᠢᠭᠤᠯᠵᠤ᠂ ᠣᠯᠠᠨ ᠲᠦᠮᠡᠨ ᠤ ᠵᠦᠶ | ᠵᠣᠬᠢᠰᠲᠠᠶ ᠪᠠᠷ ᠡᠪᠡᠳᠴᠢᠨ ᠦᠵᠡᠭᠦᠯᠵᠦ ᠡᠮ ᠬᠡᠷᠡᠭᠯᠡᠬᠦ ᠶᠢ ᠬᠥᠲᠥᠯᠥᠨ ᠵᠢᠯᠣᠭᠤᠳᠬᠤ ᠬᠡᠷᠡᠭᠲᠡᠶ᠃ ᠡᠯ᠎ᠡ | ᠭᠠᠵᠠᠷ ᠤᠨ ᠬᠢᠨ ᠳᠠᠷᠤᠢ ᠳᠤ ᠨᠢ ᠰᠠᠨᠠᠭᠠᠴᠢᠯᠠᠭ᠎ᠠ ᠠᠴᠠ ᠪᠠᠨ ᠨᠡᠶᠢᠭᠡᠮ ᠳᠤ ︽ᠬᠤᠤᠰ ᠨᠡᠪᠲᠡᠷᠡᠬᠦ ᠵᠠᠮ︾ ᠤᠨ | ᠬᠠᠮᠢᠶᠠᠷᠤᠯᠲᠠ ᠶᠢ ᠬᠡᠷᠡᠭᠵᠢᠭᠦᠯᠵᠦ᠂ ᠬᠡᠯᠡᠯᠴᠡᠭᠡ ᠬᠢᠭᠰᠡᠨ ᠡᠮ ᠤᠨ ᠵᠦᠢᠯ ᠤᠨ ᠲᠥᠷᠥᠯ ᠵᠦᠢᠯ ᠵᠢᠴᠢ ᠴᠡᠭ | ᠳᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ᠂ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠤᠨ ᠨᠡᠷᠡᠰ ᠢ ᠢᠯᠡ | ᠨᠡᠶᠢᠲᠡᠯᠡᠬᠦ ᠶᠢᠨ ᠬᠠᠮᠲᠤ ︽ᠬᠤᠤᠰ ᠨᠡᠪᠲᠡᠷᠡᠬᠦ ᠵᠠᠮ︾ ᠤᠨ ᠲᠥᠷᠥ ᠶᠢᠨ ᠪᠣᠳᠣᠯᠭ᠎ᠠ ᠶᠢ ᠤᠬᠠᠭᠤᠯᠬᠤ ᠡᠷᠴᠢᠮ ᠢᠶᠠᠨ | ᠴᠢᠩᠭᠠᠷᠠᠭᠤᠯᠵᠤ᠂ ᠲᠥᠷᠥ ᠶᠢᠨ ᠪᠣᠳᠣᠯᠭ᠎ᠠ ᠶᠢ ᠣᠶᠢᠯᠠᠭᠠᠬᠤ ᠲᠦᠪᠰᠢᠨ ᠢᠶᠠᠨ ᠳᠡᠭᠡᠭᠰᠢᠯᠡᠭᠦᠯᠵᠦ᠂ ᠣᠯᠠᠨ | ᠨᠡᠶᠢᠲᠡ ᠶᠢᠨ ᠵᠢᠱᠢᠯᠲᠡ ᠶᠢ ᠵᠦᠶ ᠵᠣᠬᠢᠰᠲᠠᠶ ᠬᠥᠲᠥᠯᠥᠨ ᠵᠢᠯᠣᠭᠤᠳᠴᠤ ᠡᠪᠡᠳᠴᠢᠲᠡᠨ ᠤ ᠡᠮ ᠬᠡᠷᠡᠭᠯᠡᠬᠦ ᠳᠤ | ᠲᠥᠬᠦᠮ ᠦᠵᠡᠭᠦᠯᠬᠦ ᠶᠢᠨ ᠬᠠᠮᠲᠤ ᠵᠦᠶ ᠵᠣᠬᠢᠰᠲᠠᠶ ᠡᠮᠨᠡᠭᠦᠯᠬᠦ ᠪᠠ ᠡᠮ ᠬᠡᠷᠡᠭᠯᠡᠬᠦ ᠶᠢ ᠬᠥᠲᠥᠯᠥᠨ ᠵᠢᠯᠣᠭᠤᠳᠬᠤ | ᠬᠡᠷᠡᠭᠲᠡᠶ᠃ | ︵ᠲᠠᠪᠤ︶ ᠬᠢᠨᠠᠨ ᠪᠠᠶᠢᠴᠠᠭᠠᠵᠤ ᠰᠡᠷᠡᠮᠵᠢᠯᠡᠭᠦᠯᠬᠦ ᠶᠢ ᠴᠢᠩᠭᠠᠳᠬᠠᠨ᠂ ᠲᠥᠷᠥ ᠶᠢᠨ ᠪᠣᠳᠣᠯᠭ᠎ᠠ ᠶᠢᠨ | ᠲᠣᠭᠲᠠᠭᠤᠨ ᠢᠶᠠᠷ ᠶᠠᠪᠤᠭᠳᠠᠬᠤ ᠶᠢ ᠦᠨᠡᠨ ᠬᠦ ᠪᠠᠲᠤᠯᠠᠬᠤ ᠬᠡᠷᠡᠭᠲᠡᠶ᠃ ᠡᠯ᠎ᠡ ᠭᠠᠵᠠᠷ ᠤᠨ ᠬᠢᠨ ᠲᠥᠷᠥ ᠶᠢᠨ | ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠮᠥᠷᠳᠡᠵᠦ ᠬᠢᠨᠠᠨ ᠪᠠᠶᠢᠴᠠᠭᠠᠬᠤ ᠶᠢ | ᠢᠳᠡᠪᠬᠢᠲᠡᠶ ᠥᠷᠨᠢᠭᠦᠯᠵᠦ᠂ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠶᠠᠪᠤᠴᠠ ᠳᠤ ᠢᠯᠡᠷᠡᠭᠰᠡᠨ ᠡᠮ ᠤᠨ | ᠵᠦᠢᠯ ᠤᠨ ᠬᠠᠩᠭᠠᠯᠭ᠎ᠠ ᠰᠢᠯᠤᠭᠤᠨ ᠪᠤᠰᠤ᠂ ᠲᠣᠬᠢᠷᠠᠭᠤᠯᠤᠯᠲᠠ ᠭᠦᠢᠴᠡᠳ ᠥᠬᠡᠶ᠂ ᠲᠣᠭᠠᠴᠠᠭ᠎ᠠ ᠬᠢᠬᠦ ᠳᠤ ᠬᠠᠷᠰᠢ | ᠰᠠᠭᠠᠳ ᠲᠠᠢ ᠪᠠᠶᠢᠬᠤ ᠵᠡᠷᠭᠡ ᠠᠰᠠᠭᠤᠳᠠᠯ ᠢ ᠵᠣᠬᠢᠰᠲᠠᠢ ᠰᠢᠢᠳᠪᠦᠷᠢᠯᠡᠵᠦ᠂ ᠲᠥᠷᠥ ᠶᠢᠨ ᠪᠣᠳᠣᠯᠭ᠎ᠠ ᠶᠢ | ᠲᠣᠭᠲᠠᠭᠤᠨ ᠢᠶᠠᠷ ᠶᠠᠪᠤᠭᠳᠠᠭᠤᠯᠬᠤ ᠪᠠ ᠪᠣᠳᠠᠲᠠᠶᠢᠵᠢᠭᠤᠯᠵᠤ ᠦᠷ᠎ᠡ ᠪᠦᠲᠦᠮᠵᠢ ᠤᠯᠬᠤ ᠶᠢ ᠦᠨᠡᠨ ᠬᠦ ᠪᠠᠲᠤᠯᠠᠬᠤ | ᠬᠡᠷᠡᠭᠲᠡᠶ᠃ ᠡᠮᠴᠢᠯᠡᠭᠡᠨ ᠤ ᠪᠠᠲᠤᠯᠠᠭ᠎ᠠ ᠶᠢᠨ ᠡᠮ ᠬᠡᠷᠡᠭᠯᠡᠬᠦ ᠶᠢ ᠬᠢᠨᠠᠨ ᠪᠠᠶᠢᠴᠠᠭᠠᠬᠤ ᠲᠦᠷᠢᠮ ᠢ ᠲᠡᠭᠦᠯᠳᠡᠷᠵᠢᠭᠦᠯᠦᠨ | ᠨᠠᠷᠢᠯᠢᠬᠵᠢᠭᠤᠯᠵᠤ᠂ ᠣᠶᠤᠨᠴᠢ ᠬᠢᠨᠠᠨ ᠡᠵᠡᠮᠳᠡᠯ ᠢ ᠣᠷᠣᠭᠤᠯᠵᠤ᠂ ︽ᠬᠤᠤᠰ ᠨᠡᠪᠲᠡᠷᠡᠬᠦ ᠵᠠᠮ︾ ᠤᠨ | ᠬᠦᠷᠢᠶᠡᠨ ᠳᠠᠬᠢ ᠡᠮᠴᠢᠯᠡᠭᠡᠨ ᠤ ᠪᠠᠲᠤᠯᠠᠭ᠎ᠠ ᠶᠢᠨ ᠪᠠᠯᠠ ᠮᠥᠩᠭᠦ ᠶᠢ ᠮᠡᠬᠡᠯᠡᠨ ᠠᠪᠬᠤ ᠦᠢᠯᠡ ᠠᠵᠢᠯᠯᠠᠭ᠎ᠠ ᠳᠤ | ᠴᠢᠩᠭ᠎ᠠ ᠴᠣᠬᠢᠯᠲᠠ ᠥᠭᠬᠦ ᠬᠡᠷᠡᠭᠲᠡᠶ᠃ ︽ᠬᠤᠤᠰ ᠨᠡᠪᠲᠡᠷᠡᠬᠦ ᠵᠠᠮ︾ ᠤᠨ ᠡᠮ ᠬᠡᠷᠡᠭᠯᠡᠬᠦ ᠵᠠᠷᠤᠳᠠᠯ ᠪᠠ ᠰᠠᠭᠤᠷᠢ | ᠮᠥᠩᠭᠦ ᠶᠢᠨ ᠵᠠᠷᠤᠯᠭ᠎ᠠ ᠶᠢᠨ ᠬᠡᠪ ᠤᠨ ᠵᠠᠳᠠᠯᠤᠯᠲᠠ ᠪᠠ ᠬᠢᠨᠠᠨ ᠪᠠᠶᠢᠴᠠᠭᠠᠯᠲᠠ ᠶᠢ ᠴᠢᠩᠭᠠᠳᠬᠠᠵᠤ᠂ ᠬᠢᠨᠠᠨ | ᠬᠠᠮᠢᠶᠠᠷᠬᠤ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠳᠠᠷᠤᠢ ᠳᠤ ᠨᠢ ᠲᠣᠬᠢᠷᠠᠭᠤᠯᠤᠨ ᠲᠡᠭᠦᠯᠳᠡᠷᠵᠢᠭᠦᠯᠵᠦ᠂ | ᠰᠠᠭᠤᠷᠢ ᠮᠥᠩᠭᠦ ᠶᠢᠨ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠶ᠃ ᠥᠪᠡᠷᠲᠡᠭᠡᠨ ᠵᠠᠰᠠᠬᠤ ᠣᠷᠣᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠠᠴᠠ ᠬᠡᠯᠡᠯᠴᠡᠭᠡ ᠬᠢᠭᠰᠡᠨ ᠡᠮ ᠤᠨ ᠵᠦᠢᠯ ᠢ ᠰᠠᠷ᠎ᠠ ᠪᠣᠯᠭᠠᠨ ᠬᠢᠨᠠᠨ | ᠪᠠᠶᠢᠴᠠᠭᠠᠬᠤ ᠠᠵᠢᠯ ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠶᠢᠨ ᠬᠠᠮᠲᠤ ᠪᠥᠬᠦ ᠣᠷᠣᠨ ᠤ ᠠᠵᠢᠯᠯᠠᠭᠠᠨ ᠤ | ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠮᠡᠳᠡᠭᠡᠯᠡᠬᠦ ᠬᠡᠷᠡᠭᠲᠡᠶ᠃ ᠬᠡᠯᠡᠯᠴᠡᠭᠡ ᠬᠢᠭᠰᠡᠨ ᠡᠮ ᠤᠨ ᠵᠦᠢᠯ ᠢ | ᠪᠣᠳᠠᠲᠠᠶᠢᠵᠢᠭᠤᠯᠤᠨ ᠬᠡᠷᠡᠭᠵᠢᠭᠦᠯᠬᠦ ᠶᠠᠪᠤᠴᠠ ᠳᠤ ᠬᠡᠷᠪᠡ ᠴᠢᠬᠤᠯᠠ ᠶᠡᠭᠡ ᠠᠰᠠᠭᠤᠳᠠᠯ ᠲᠤᠯᠭᠠᠷᠠᠪᠠᠯ᠂ ᠳᠠᠷᠤᠢ ᠳᠤ ᠨᠢ | ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ | ᠮᠡᠨᠳᠦ ᠶᠢᠨ ᠵᠥᠪᠯᠡᠯ ᠳᠤ ᠮᠡᠳᠡᠭᠦᠯᠬᠦ ᠬᠡᠷᠡᠭᠲᠡᠶ᠃ | ᠳᠠᠭᠠᠯᠳᠤᠭᠤᠯᠤᠯ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ | ᠭᠠᠷᠴᠠᠭ ᠤᠨ ︽ᠬᠤᠤᠰ ᠨᠡᠪᠲᠡᠷᠡᠬᠦ ᠵᠠᠮ︾ ᠤᠨ ᠬᠠᠮᠢᠶᠠᠷᠤᠯᠲᠠ | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ | 2022 ᠣᠨ ᠤ 1 ᠳ᠋ᠦ᠋ᠭᠡᠷ ᠰᠠᠷ᠎ᠠ ᠶᠢᠨ 6 ᠤ ᠡᠳᠦᠷ | ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠲᠡᠯᠡᠨ᠎ᠡ︶ | | ᠳᠠᠭᠠᠯᠳᠤᠭᠤᠯᠤᠯ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠭᠠᠷᠴᠠᠭ ᠤᠨ ︽ | ᠬᠤᠤᠰ ᠨᠡᠪᠲᠡᠷᠡᠬᠦ ᠵᠠᠮ︾ ᠤᠨ ᠬᠠᠮᠢᠶᠠᠷᠤᠯᠲᠠ . pdf | | ᠢᠷᠡᠯᠲᠡ᠄ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ | | | |