ᠡᠨᠡ ᠴᠠᠬᠢᠮ ᠴᠢᠮᠡᠭᠡ ᠱᠠᠯ ᠬᠤᠳᠠᠯ᠂ ᠪᠢᠳᠡᠬᠡᠢ ᠢᠳᠡᠭᠡ︕
ᠨᠡᠶᠢᠲᠡᠯᠡᠭᠰᠡᠨ ᠴᠠᠭ᠄
2022/1/7
   ᠵᠠᠷᠢᠮ ᠬᠦᠮᠤᠰ ᠤᠶᠢᠷ᠎ᠠ ᠳᠤ᠂ ︽ᠲᠠᠨ ᠤ ᠨᠡᠷ᠎ᠡ ᠳᠡᠭᠡᠷᠡᠬᠢ ᠡᠮᠨᠡᠯᠭᠡ ᠶᠢᠨ ᠳᠠᠭᠠᠳᠬᠠᠯ ᠴᠢᠨᠢ ᠨᠢᠭᠡᠨᠲᠡ      ᠵᠤᠭᠰᠤᠪᠠ᠂ × × × ᠳᠤ ᠤᠷᠤᠵᠦ ᠡᠯᠧᠺᠲᠷᠣᠨ ᠪᠠᠷ ︵ᠬᠡᠪᠯᠡᠯ︶ ᠭᠤᠶᠤᠴᠢᠯᠠᠨ ᠰᠤᠯᠢᠵᠦ ᠬᠡᠷᠡᠭᠯᠡᠭᠡᠷᠡᠢ︾ ᠁ ᠬᠡᠬᠦ ᠮᠡᠳᠤᠰ ᠤᠨ ᠴᠠᠬᠢᠮ ᠴᠢᠮᠡᠭᠡ ᠲᠤᠰᠳᠠᠭ ᠪᠤᠯᠪᠠ᠂ ᠲᠤᠪᠴᠢᠳᠠᠵᠦ ᠤᠷᠤᠭᠰᠠᠨ ᠤ ᠰᠡᠭᠦᠯᠡᠷ᠂ ᠢᠯᠡᠷᠡᠵᠦ ᠭᠠᠷᠤᠭᠰᠠᠨ ᠨᠢᠭᠤᠷ ᠨᠢ ᠠᠯᠪᠠᠨ ᠰᠦᠯᠵᠢᠶᠡᠨ ᠤ ᠬᠢ ᠲᠠᠢ ᠲᠤᠩ ᠠᠳᠠᠯᠢᠪᠳᠤᠷ ᠪᠠᠶᠢᠳᠠᠭ ᠪᠤᠯᠪᠠᠴᠤ ᠬᠡᠷᠪᠡ ᠲᠡᠭᠦᠨ ᠤ ᠰᠠᠨᠠᠭᠤᠯᠤᠮᠵᠢ ᠪᠠᠷ ᠪᠡᠶ᠎ᠡ ᠶᠢᠨ ᠦᠨᠡᠮᠯᠡᠯ ᠤᠨ ᠨᠤᠮᠧᠷ᠂ ᠪᠠᠩᠭᠢ ᠶᠢᠨ ᠺᠠᠷᠲ ᠤᠨ ᠨᠤᠮᠧᠷ ᠵᠡᠷᠭᠡ ᠰᠤᠷᠠᠭ ᠵᠠᠩᠭᠢ ᠪᠠᠨ ᠲᠠᠭᠯᠠᠵᠦ ᠪᠢᠴᠢᠬᠦ ᠳᠤ ᠬᠦᠷᠪᠡᠯ᠂ ᠪᠠᠩᠭᠢ ᠶᠢᠨ ᠺᠠᠷᠲ ᠢᠶᠠᠨ ᠬᠤᠯᠠᠭᠠᠶᠢᠯᠠᠭᠳᠠᠵᠦ ᠮᠡᠳᠡᠨ᠎ᠡ᠃ ᠪᠢᠲᠡᠬᠢ ᠢᠲᠡᠭᠡ︕ ︽ᠡᠮᠨᠡᠯᠭᠡ ᠶᠢᠨ ᠳᠠᠭᠠᠳᠬᠠᠯ ᠴᠢᠨᠢ ᠨᠢᠭᠡᠨᠲᠡ ᠵᠤᠭᠰᠤᠪᠠ᠂ ᠡᠯᠧᠺᠲᠷᠣᠨ ᠪᠠᠷ ᠭᠤᠶᠤᠴᠢᠯᠠᠨ ᠰᠤᠯᠢᠵᠦ ᠬᠡᠷᠡᠭᠯᠡᠭᠡᠷᠡᠢ︾ ᠭᠡᠰᠡᠨ ᠪᠤᠯ ᠱᠠᠯ ᠬᠤᠳᠠᠯ ᠶᠤᠮ᠃   ᠡᠨᠡᠬᠦ ᠮᠡᠬᠡᠯᠡᠯ ᠤᠨ ᠰᠤᠷᠠᠭ ᠵᠠᠩᠭᠢ ᠨᠢ ᠯᠢᠤᠤᠨᠢᠩ᠂ ᠾᠧᠪᠸᠢ᠂ ᠬᠤᠨᠠᠨ᠂ ᠬᠤᠪᠸᠢ᠂ ᠰᠧᠴᠤᠸᠠᠨ᠂ ᠱᠠᠨᠰᠢ ᠵᠡᠷᠭᠡ ᠤᠯᠠᠨ ᠭᠠᠵᠠᠷ ᠢᠶᠠᠷ ᠢᠯᠡᠷᠡᠵᠦ ᠪᠠᠶᠢᠬᠤ ᠲᠤᠯᠠ ᠡᠮᠨᠡᠯᠭᠡ ᠶᠢᠨ ᠳᠠᠭᠠᠳᠬᠠᠯ ᠳᠤ ᠤᠷᠤᠭᠰᠠᠨ ᠦᠷᠭᠡᠨ ᠤᠯᠠᠨ ᠲᠦᠮᠡᠨ ᠰᠤᠨᠤᠷ ᠰᠡᠷᠡᠮᠵᠢ ᠲᠠᠢ ᠪᠠᠶᠢᠵᠦ᠂ ᠬᠢᠴᠢᠶᠡᠨ ᠰᠡᠷᠭᠡᠶᠢᠯᠡᠵᠦ᠂ ᠦᠪᠡᠷ ᠤᠨ ᠰᠤᠷᠠᠭ ᠵᠠᠩᠭᠢ ᠪᠤᠯᠤᠨ ᠡᠳ᠋ ᠬᠦᠷᠦᠩᠭᠡ ᠶᠢᠨ ᠠᠮᠤᠷ ᠲᠦᠪᠰᠢᠨ ᠢᠶᠠᠨ ᠰᠠᠶᠢᠳᠤᠷ ᠬᠠᠮᠠᠭᠠᠯᠠᠬᠤ ᠬᠡᠷᠡᠭᠲᠡᠢ᠂ ᠲᠠᠨᠢᠯ ᠪᠤᠰᠤ ᠬᠤᠯᠪᠤᠭᠠᠰᠤ ᠶᠢ ᠪᠤᠤ ᠲᠤᠪᠴᠢᠳᠠᠭᠠᠷᠠᠢ᠃ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号