︽ᠬᠢᠵᠢᠭ︾ ᠤᠨ ᠵᠠᠮ ᠳᠤ ᠡᠷᠡᠮᠡᠬᠡᠶᠢᠯᠡᠨ ᠤᠷᠤᠭᠰᠢᠯᠠᠵᠤ ᠡᠷᠡᠯᠬᠡᠭ ᠵᠣᠷᠢᠭ ᠢᠶᠠᠨ ᠪᠠᠳᠠᠷᠠᠭᠤᠯᠪᠠ
ᠨᠡᠶᠢᠲᠡᠯᠡᠭᠰᠡᠨ ᠴᠠᠭ᠄
2022/12/3
   10 ᠰᠠᠷ᠎ᠠ ᠶᠢᠨ ᠡᠬᠢ ᠪᠠᠷ᠂ ᠰᠢᠨ᠎ᠡ ᠲᠢᠲᠢᠮᠯᠢᠭ ᠠᠭᠤᠰᠬᠢᠨ ᠤ ᠦᠷᠪᠢᠰᠦᠯ ᠤᠨ ᠬᠢᠵᠢᠭ ᠤᠨ ᠪᠠᠶᠢᠳᠠᠯ ᠬᠥᠬᠡᠬᠤᠲᠠ ᠳᠤ ᠲᠠᠷᠬᠠᠨ ᠳᠡᠯᠭᠡᠷᠡᠵᠦ᠂ ᠰᠡᠷᠭᠡᠶᠢᠯᠡᠨ ᠡᠵᠡᠮᠳᠡᠬᠦ ᠪᠠᠶᠢᠳᠠᠯ ᠲᠦᠢᠯ ᠤᠨ ᠬᠦᠨᠳᠦ ᠨᠣᠴᠢᠲᠠᠢ ᠨᠠᠷᠢᠨ ᠪᠤᠳᠤᠯᠢᠶᠠᠨᠲᠠᠢ ᠪᠣᠯᠵᠤ᠂ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠲᠠᠰᠤᠷᠠᠯᠳᠠ ᠦᠭᠡᠢ ᠲᠡᠰ ᠳᠡᠪᠰᠢᠭᠦᠯᠪᠡ ᠁ ᠪᠠᠷᠠᠭᠠᠨ ᠰᠡᠭᠦᠳᠡᠷ ᠯᠠᠪᠲᠠᠢ ᠠᠷᠢᠯᠵᠤ ᠭᠡᠷᠡᠯᠲᠦ ᠨᠠᠷᠠᠨ ᠭᠡᠶᠢᠭᠦᠯᠬᠦ ᠨᠢ ᠳᠠᠮᠵᠢᠭ ᠦᠭᠡᠢ ᠶᠤᠮ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠪᠠᠶᠢᠩᠭᠤᠵᠢᠭᠤᠯᠤᠭᠰᠠᠨ ᠠᠴᠠ ᠨᠠᠭᠠᠰᠢᠬᠢ ᠬᠠᠮᠤᠭ ᠤᠨ ᠬᠦᠨᠳᠦ ᠨᠣᠴᠢᠲᠠᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠳᠤ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠪᠦᠬᠦ ᠨᠠᠮ ᠤᠨ ᠭᠡᠰᠢᠭᠦᠨ ᠺᠠᠳ᠋ᠷ ᠬᠤᠰᠢᠭᠤᠴᠢᠯᠠᠵᠤ᠂ ᠬᠠᠷᠢᠭᠤᠴᠠᠯᠭ᠎ᠠ ᠡᠭᠦᠷᠭᠡᠯᠡᠨ᠂ ᠡᠮᠴᠢᠯᠡᠭᠡᠨ ᠤ ᠪᠠᠲᠤᠯᠠᠭ᠎ᠠ ᠠᠷᠠᠳ ᠤᠨ ᠲᠥᠯᠥᠭᠡ ᠭᠡᠬᠦ ᠰᠡᠳᠬᠢᠯᠭᠡ ᠶᠢ ᠪᠣᠳᠠᠲᠤ ᠠᠵᠢᠯᠯᠠᠭ᠎ᠠ ᠪᠠᠷ ᠢᠶᠠᠨ ᠦᠢᠯᠡᠳᠦᠯᠭᠡᠵᠢᠭᠦᠯᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠷᠢᠭᠯᠠᠯᠲᠠ ᠶᠢᠨ ᠳᠠᠶᠢᠯᠠᠯᠳᠤᠭᠠᠨ ᠤ ᠢᠯᠠᠯᠲᠠ ᠶᠢ ᠤᠯᠬᠤ ᠳᠤ ᠡᠮᠴᠢᠯᠡᠭᠡᠨ ᠤ ᠪᠠᠲᠤᠯᠠᠭ᠎ᠠ ᠶᠢᠨ ᠬᠦᠴᠦᠨ ᠴᠢᠳᠠᠯ ᠢᠶᠠᠨ ᠡᠷᠭᠦᠪᠡ᠃
图片1.png
    ᠨᠢᠭᠡ᠂ ᠬᠤᠰᠢᠭᠤᠴᠢᠯᠠᠭᠴᠢ᠂ ᠲᠤᠯᠭᠠᠭᠤᠷᠢ ᠬᠦᠴᠦᠨ᠂ ᠡᠷᠡᠰ ᠴᠢᠩᠭ᠎ᠠ ᠤᠳᠤᠷᠢᠳᠤᠯᠭ᠎ᠠ   ᠬᠢᠵᠢᠭ ᠤᠨ ᠪᠠᠶᠢᠳᠠᠯ ᠤᠨ ᠡᠮᠦᠨ᠎ᠡ᠂ ᠭᠤᠤᠯ ᠤᠳᠤᠷᠢᠳᠤᠯᠭ᠎ᠠ ᠠᠴᠠ ᠥᠳᠲᠡᠷ ᠲᠦᠷᠭᠡᠨ ᠨᠠᠷᠢᠨ ᠨᠢᠮᠪᠠᠶ ᠪᠠᠶᠢᠷᠢᠯᠠᠭᠤᠯᠵᠤ᠂ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ  ᠤᠨ ᠠᠵᠢᠯ ᠤᠨ ᠣᠨᠴᠠᠭᠠᠶ ᠴᠢᠨᠠᠷ ᠢ ᠪᠣᠳᠣᠯᠬᠢᠯᠠᠨ᠂ ᠭᠤᠤᠯ ᠤᠳᠤᠷᠢᠳᠤᠯᠭ᠎ᠠ ᠠᠴᠠ ᠰᠡᠷᠭᠡᠶᠢᠯᠡᠨ ᠡᠵᠡᠮᠳᠡᠬᠦ ᠠᠵᠢᠯ ᠢ ᠰᠤᠯᠠᠷᠠᠭᠤᠯᠤᠯ ᠥᠬᠡᠶ ᠠᠳᠬᠤᠭᠰᠠᠨ ᠪᠠᠶᠢᠳᠠᠯ ᠳᠣᠣᠷ᠎ᠠ ᠦᠢᠯᠡᠴᠢᠯᠡᠭᠡ ᠶᠢ ︽ᠲᠠᠰᠤᠯᠳᠠᠭᠤᠯᠬᠤ ᠥᠬᠡᠶ︾ ᠶᠢ ᠳᠠᠬᠢᠨ ᠳᠠᠪᠲᠠᠨ ᠴᠢᠬᠤᠯᠠᠴᠢᠯᠠᠪᠠ᠃ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠪᠥᠬᠦ ᠠᠵᠢᠯᠲᠠᠨ ᠠᠵᠢᠯᠴᠢᠨ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠪᠥᠬᠦ ᠣᠷᠣᠨ ᠤ ᠤᠨᠳᠤᠤ ᠭᠠᠵᠠᠷ ᠲᠤ ᠡᠮᠨᠡᠭᠦᠯᠬᠦ ᠠᠵᠢᠯ ᠤᠨ ᠤᠷᠤᠭᠰᠢᠲᠠᠶ ᠶᠠᠪᠤᠭᠳᠠᠬᠤ ᠶᠢ ᠠᠮᠵᠢᠯᠲᠠ ᠲᠠᠢ ᠪᠠᠲᠤᠯᠠᠪᠠ᠃ ᠨᠢᠭᠡ ᠳᠤ᠂ ᠳᠠᠩᠰᠠᠯᠠᠭᠤᠯᠬᠤ ᠦᠢᠯᠡᠴᠢᠯᠡᠭᠡ ᠶᠢ ︽ᠲᠠᠰᠤᠯᠳᠠᠭᠤᠯᠬᠤ ᠥᠬᠡᠶ︾ ᠶᠢ ᠪᠡᠶᠡᠯᠡᠭᠦᠯᠪᠡ᠃ ᠳᠠᠭᠠᠳᠬᠠᠯ ᠳᠤ ᠣᠷᠣᠯᠴᠠᠭᠰᠠᠳ ᠰᠦᠯᠵᠢᠶᠡᠨ ᠳᠤ ᠥᠪᠡᠰᠦᠪᠡᠨ ᠳᠠᠩᠰᠠᠯᠠᠭᠤᠯᠬᠤ ᠦᠢᠯᠡᠴᠢᠯᠡᠭᠡ ᠶᠢ ᠬᠡᠷᠡᠭᠯᠡᠬᠦ ᠶᠢ ᠶᠡᠭᠡ ᠪᠠᠷ ᠤᠬᠠᠭᠤᠯᠤᠨ ᠰᠠᠨᠠᠭᠤᠯᠵᠤ᠂ ᠥᠪᠡᠰᠦᠪᠡᠨ ᠳᠠᠩᠰᠠᠯᠠᠭᠤᠯᠬᠤ ᠦᠢᠯᠡᠴᠢᠯᠡᠭᠡ ᠶᠢ ᠬᠡᠷᠡᠭᠯᠡᠬᠦ ᠳᠤ ᠦᠨᠡᠨ ᠬᠦ ᠬᠦᠴᠢᠷᠳᠡᠯᠲᠡᠶ ᠣᠯᠠᠨ ᠲᠦᠮᠡᠨ ᠤᠲᠠᠰᠤ᠂ ᠸᠢᠴᠠᠲ ᠤᠨ ᠴᠤᠭᠯᠠᠷᠠᠯ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠭᠦᠢᠴᠡᠳᠭᠡᠵᠦ ᠪᠣᠯᠬᠤ ᠶᠢᠨ ᠬᠠᠮᠲᠤ ᠤᠨᠳᠤᠤ ᠭᠠᠵᠠᠷ ᠲᠤ ᠡᠮᠨᠡᠭᠦᠯᠦᠭᠰᠡᠨ ᠢ ᠳᠠᠩᠰᠠᠯᠠᠭᠤᠯᠬᠤ ᠶᠢ ︽ᠪᠥᠬᠦ ᠣᠷᠣᠨ ᠤ ᠰᠦᠯᠵᠢᠶᠡᠨ ᠭᠠᠳᠠᠨ᠎ᠠ ᠨᠡᠶᠢᠳᠡᠮ ᠭᠦᠢᠴᠡᠳᠭᠡᠬᠦ︾ ᠵᠦᠢᠯ ᠳᠤ ᠣᠷᠣᠭᠤᠯᠪᠠ᠃ 10 - 11 ᠳ᠋ᠦ᠋ᠭᠡᠷ ᠰᠠᠷ᠎ᠠ ᠳᠤ᠂ ᠪᠥᠬᠦ ᠣᠷᠣᠨ ᠳᠤ 61782 ᠬᠥᠮᠦᠨ ᠤᠳᠠᠭ᠎ᠠ ᠳᠠᠩᠰᠠᠯᠠᠭᠤᠯᠵᠤ᠂ ᠡᠭᠦᠨ ᠳᠤ ᠥᠪᠡᠰᠦᠪᠡᠨ ᠳᠠᠩᠰᠠᠯᠠᠭᠤᠯᠤᠭᠰᠠᠨ ᠬᠠᠷᠢᠴᠠᠯ 62 % ᠢ ᠡᠵᠡᠯᠡᠵᠦ᠂ ᠣᠯᠠᠨ ᠲᠦᠮᠡᠨ ᠤ ᠤᠨᠳᠤᠤ ᠭᠠᠵᠠᠷ ᠲᠤ ᠡᠪᠡᠳᠴᠢᠨ ᠦᠵᠡᠭᠦᠯᠬᠦ ᠨᠥᠯᠥᠭᠡᠯᠡᠭᠳᠡᠬᠦ ᠥᠬᠡᠶ ᠪᠠᠶᠢᠬᠤ ᠶᠢ ᠦᠨᠡᠨ ᠬᠦ ᠪᠠᠲᠤᠯᠠᠪᠠ᠃ ᠬᠤᠶᠠᠷ ᠲᠤ᠂ ᠳ᠋ᠦᠩᠨᠡᠨ ᠪᠤᠳᠤᠬᠤ ᠦᠢᠯᠡᠴᠢᠯᠡᠭᠡ ᠶᠢ ︽ᠲᠠᠰᠤᠯᠳᠠᠭᠤᠯᠬᠤ ᠥᠬᠡᠶ︾ ᠶᠢ ᠪᠡᠶᠡᠯᠡᠭᠦᠯᠪᠡ᠃ ᠬᠢᠵᠢᠭ ᠤᠨ ᠪᠠᠶᠢᠳᠠᠯ ᠤᠨ ᠬᠤᠭᠤᠴᠠᠭᠠᠨ ᠳᠤ ᠤᠨᠳᠤᠤ ᠭᠠᠵᠠᠷ ᠤᠨ ᠰᠢᠰᠲ᠋ᠧᠮ ᠤᠨ ᠠᠵᠢᠯᠯᠠᠬᠤ ᠶᠢ ᠪᠠᠲᠤᠯᠠᠬᠤ ᠪᠠ ᠳ᠋ᠦᠩᠨᠡᠨ ᠪᠤᠳᠤᠯᠲᠠ ᠶᠢᠨ ᠪᠤᠷᠤᠭᠤ ᠮᠡᠳᠡᠭᠦᠯᠦᠭᠰᠡᠨ ᠢ ᠰᠢᠢᠳᠪᠦᠷᠢᠯᠡᠬᠦ ᠠᠵᠢᠯ ᠢ ᠨᠢᠭᠡ ᠡᠳᠦᠷ ᠴᠦ ᠳᠠᠰᠤᠯᠳᠠᠭᠤᠯᠤᠭᠰᠠᠨ ᠥᠬᠡᠶ᠃ ᠡᠨᠡ ᠬᠤᠭᠤᠴᠠᠭᠠᠨ ᠳᠤ᠂ ᠪᠠᠰᠠ ᠤᠯᠤᠰ ᠤᠨ ᠲᠣᠪᠴᠢᠶ᠎ᠠ ᠶᠢᠨ ᠪᠠᠶᠢᠷᠢᠯᠠᠭᠤᠯᠤᠯᠲᠠ ᠶᠣᠰᠣᠭᠠᠷ ᠲᠤᠰᠬᠠᠶ ᠰᠡᠳᠦᠪᠲᠦ ᠳᠤᠭᠤᠶᠢᠯᠠᠩ ᠪᠠᠶᠢᠭᠤᠯᠵᠤ᠂ ᠪᠤᠷᠤᠭᠤ ᠮᠡᠳᠡᠭᠦᠯᠦᠭᠰᠡᠨ ᠮᠡᠳᠡᠭᠡ ᠵᠠᠩᠭᠢ ᠶᠢ ᠲᠥᠪᠯᠡᠷᠡᠭᠦᠯᠦᠨ ᠵᠠᠰᠠᠵᠤ᠂ 11 ᠰᠠᠷ᠎ᠠ ᠶᠢᠨ 1 ᠤ ᠡᠳᠦᠷ ᠠᠴᠠ ᠣᠲᠣ ᠪᠣᠯᠲᠠᠯ᠎ᠠ ᠬᠡᠳᠦᠨ ᠮᠢᠩᠭᠠᠨ ᠵᠤᠷᠪᠤᠰ ᠪᠤᠷᠤᠭᠤ ᠮᠡᠳᠡᠭᠦᠯᠦᠭᠰᠡᠨ ᠢ ᠵᠢᠷᠤᠮᠵᠢᠭᠤᠯᠵᠤ᠂ ᠪᠤᠷᠤᠭᠤ ᠮᠡᠳᠡᠭᠦᠯᠦᠭᠰᠡᠨ ᠵᠢᠷᠤᠮᠵᠢᠭᠤᠯᠤᠭᠰᠠᠨ ᠴᠢᠨᠠᠷ ᠪᠥᠬᠦ ᠤᠯᠤᠰ ᠤᠨ ᠬᠤᠴᠣᠷᠤᠩᠭᠤᠶ ᠮᠤᠵᠢ ᠣᠷᠣᠨ ᠠᠴᠠ ᠲᠡᠷᠢᠭᠦᠨ ᠤ ᠡᠩᠨᠡᠭᠡᠨ ᠳᠤ ᠤᠷᠤᠭᠰᠠᠨ ᠪᠠᠶᠢᠨ᠎ᠠ᠃ ᠭᠤᠷᠪᠠ ᠳᠤ᠂ ᠠᠰᠠᠭᠤᠨ ᠯᠠᠪᠯᠠᠬᠤ ᠦᠢᠯᠡᠴᠢᠯᠡᠭᠡ ᠶᠢ ︽ᠲᠠᠰᠤᠯᠳᠠᠭᠤᠯᠬᠤ ᠥᠬᠡᠶ︾ ᠶᠢ ᠪᠡᠶᠡᠯᠡᠭᠦᠯᠪᠡ᠂ ᠠᠵᠢᠯᠲᠠᠨ ᠤ ᠳᠤᠰᠢᠶᠠᠯ ᠪᠠ ᠠᠵᠢᠯ ᠤᠨ ᠪᠠᠶᠢᠷᠢ ᠶᠢ ᠳᠣᠭᠢᠷᠠᠭᠤᠯᠵᠤ᠂ ᠤᠲᠠᠰᠤ ᠶᠢ ᠲᠣᠰᠬᠤ ᠬᠥᠮᠦᠨ ᠲᠠᠢ᠂ ᠲᠥᠷᠥ ᠶᠢᠨ ᠪᠣᠳᠣᠯᠭ᠎ᠠ ᠶᠢ ᠬᠠᠷᠢᠭᠤᠯᠬᠤ ᠬᠥᠮᠦᠨ ᠲᠠᠢ᠂ ᠪᠤᠷᠤᠭᠤ ᠮᠡᠳᠡᠭᠦᠯᠪᠡᠯ ᠬᠠᠮᠢᠶᠠᠷᠬᠤ ᠬᠥᠮᠦᠨ ᠲᠠᠢ ᠪᠠᠶᠢᠬᠤ ᠶᠢ ᠪᠠᠲᠤᠯᠠᠪᠠ᠃ ᠳᠥᠷᠪᠡ ᠳᠤ᠂ ᠳᠠᠩᠰᠠ ᠪᠤᠳᠤᠬᠤ ᠦᠢᠯᠡᠴᠢᠯᠡᠭᠡ ᠶᠢ ︽ᠲᠠᠰᠤᠯᠳᠠᠭᠤᠯᠬᠤ ᠥᠬᠡᠶ︾ ᠶᠢ ᠪᠡᠶᠡᠯᠡᠭᠦᠯᠪᠡ᠃ ᠬᠤᠶᠠᠷ ᠴᠡᠭ ᠲᠣᠭᠲᠠᠭᠠᠭᠰᠠᠨ ᠪᠠᠶᠢᠭᠤᠯᠤᠮᠵᠢ ᠶᠢᠨ ᠳᠠᠩᠰᠠ ᠪᠤᠳᠤᠬᠤ ᠬᠡᠷᠡᠭᠴᠡᠭᠡ ᠶᠢ ᠭᠦᠢᠴᠡᠳ ᠪᠠᠲᠤᠯᠠᠬᠤ ᠶᠢᠨ ᠲᠥᠯᠥᠭᠡ ᠤᠨᠳᠤᠤ ᠭᠠᠵᠠᠷ ᠤᠨ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠰᠠᠭᠤᠷᠢ ᠮᠥᠩᠭᠦ ᠶᠢ ᠰᠠᠯᠭᠠᠨ ᠥᠭᠬᠦ ᠶᠢ ᠪᠠᠲᠤᠯᠠᠬᠤ ᠳᠤᠭᠤᠶᠢᠯᠠᠩ ᠢ ᠥᠳᠲᠡᠷ ᠲᠦᠷᠭᠡᠨ ᠪᠠᠶᠢᠭᠤᠯᠵᠤ᠂ ᠤᠨᠳᠤᠤ ᠭᠠᠵᠠᠷ ᠤᠨ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠰᠠᠷ᠎ᠠ ᠶᠢᠨ ᠳᠠᠩᠰᠠ ᠪᠤᠳᠤᠬᠤ ᠠᠵᠢᠯ ᠬᠢᠵᠢᠭ ᠤᠨ ᠪᠠᠶᠢᠳᠠᠯ ᠳᠤ ᠨᠥᠯᠥᠭᠡᠯᠡᠭᠳᠡᠬᠦ ᠥᠬᠡᠶ ᠪᠠᠶᠢᠬᠤ ᠶᠢ ᠦᠨᠡᠨ ᠬᠦ ᠪᠠᠲᠤᠯᠠᠪᠠ᠃ 10 ᠳ᠋ᠤᠭᠠᠷ ᠰᠠᠷ᠎ᠠ ᠳᠤ ᠪᠥᠬᠦ ᠣᠷᠣᠨ ᠤ 4205 ᠡᠮ ᠡᠮᠨᠡᠯᠭᠡ ᠶᠢᠨ ᠪᠠᠶᠢᠭᠤᠯᠤᠮᠵᠢ ᠳᠤ 1 . 028 ᠳ᠋ᠦᠩᠰᠢᠭᠤᠷ ᠲᠥᠭᠦᠷᠢᠭ ᠤᠨ ᠳᠠᠩᠰᠠ ᠪᠤᠳᠤᠭᠰᠠᠨ ᠪᠠᠯᠠ ᠮᠥᠩᠭᠦ ᠶᠢ ᠰᠠᠯᠭᠠᠨ ᠥᠭᠴᠦ᠂ ᠡᠭᠦᠨ ᠳᠤ ᠬᠢᠵᠢᠭ ᠤᠨ ᠨᠥᠯᠥᠭᠡ ᠶᠢ ᠨᠡᠯᠢᠶᠡᠳ ᠶᠡᠭᠡ ᠭᠥᠷᠳᠡᠭᠰᠡᠨ ᠬᠥᠬᠡᠬᠤᠲᠠ ᠶᠢᠨ 1261 ᠡᠮ ᠡᠮᠨᠡᠯᠭᠡ ᠶᠢᠨ ᠪᠠᠶᠢᠭᠤᠯᠤᠮᠵᠢ ᠳᠤ 4266 . 01 ᠲᠦᠮᠡᠨ ᠲᠥᠭᠦᠷᠢᠭ ᠰᠠᠯᠭᠠᠨ ᠥᠭᠪᠡ︔ 11 ᠳ᠋ᠦ᠋ᠭᠡᠷ ᠬᠤᠭᠤᠴᠠᠭᠠᠨ ᠤ ᠣᠷᠣᠨ ᠤ ᠳᠣᠲᠣᠷᠠᠬᠢ ᠰᠢᠨ᠎ᠡ ᠲᠢᠲᠢᠮᠯᠢᠭ ᠠᠭᠤᠰᠬᠢᠨ ᠤ ᠦᠷᠪᠢᠰᠦᠯ ᠤᠨ ᠬᠢᠵᠢᠭ ᠤᠨ ᠪᠠᠶᠢᠳᠠᠯ ᠤᠨ ᠳᠠᠩᠰᠠ ᠪᠤᠳᠤᠬᠤ ᠠᠵᠢᠯ ᠢ ᠪᠡᠶᠡᠯᠡᠭᠦᠯᠵᠦ᠂ 250 ᠬᠥᠮᠦᠨ ᠤᠳᠠᠭ᠎ᠠ ᠳᠤ ᠬᠤᠯᠪᠣᠭᠳᠠᠵᠤ ᠂ ᠶᠡᠷᠦᠩᠬᠡᠶ ᠵᠠᠷᠤᠳᠠᠯ 230 . 1 ᠲᠦᠮᠡᠨ ᠲᠥᠭᠦᠷᠢᠭ ᠲᠤ ᠬᠦᠷᠴᠦ᠂ ᠡᠭᠦᠨ ᠳᠤ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠵᠠᠷᠤᠯᠭ᠎ᠠ 158 . 16 ᠲᠦᠮᠡᠨ ᠲᠥᠭᠦᠷᠢᠭ ᠲᠤ ᠬᠦᠷᠴᠡᠶ᠃
图片3.png
   ᠬᠤᠶᠠᠷ᠂ ᠬᠤᠰᠢᠭᠤᠴᠢᠯᠠᠭᠴᠢ᠂ ᠠᠵᠢᠯ ᠤᠨ ᠪᠠᠶᠢᠷᠢ ᠪᠠᠨ ᠪᠠᠲᠤ ᠰᠠᠬᠢᠵᠤ᠂ ᠬᠠᠷᠠᠮ ᠦᠭᠡᠢ ᠬᠤᠪᠢ ᠨᠡᠮᠡᠷᠢ ᠦᠵᠡᠭᠦᠯᠪᠡ   ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠵᠠᠯᠠᠭᠤ ᠺᠠᠳ᠋ᠷ ᠴᠢᠶᠣᠤ ᠶᠠᠩ ᠶᠠᠩ᠂ ᠬᠢᠵᠢᠭ ᠤᠨ ᠪᠠᠶᠢᠳᠠᠯ ᠭᠠᠷᠤᠭᠰᠠᠨ ᠠᠴᠠ ᠣᠲᠣ ᠪᠣᠯᠲᠠᠯ᠎ᠠ ᠪᠠᠶᠢᠭᠤᠯᠭ᠎ᠠ ᠳᠤ ᠪᠠᠨ 24 ᠴᠠᠭ ᠢᠶᠠᠷ ᠠᠵᠢᠯ ᠤᠨ ᠪᠠᠶᠢᠷᠢ ᠪᠠᠨ ᠪᠠᠲᠤ ᠰᠠᠬᠢᠵᠤ᠂ ᠦᠭᠡ ᠲᠠᠭᠤᠨ ᠥᠬᠡᠶ ᠪᠠᠷ ᠬᠤᠪᠢ ᠨᠡᠮᠡᠷᠢ ᠦᠵᠡᠭᠦᠯᠦᠨ᠂ ᠪᠥᠬᠦ ᠰᠢᠰᠲ᠋ᠧᠮ ᠤᠨ ᠬᠠᠮᠤᠭ ᠤᠨ ᠣᠷᠳᠣ ᠬᠤᠭᠤᠴᠠᠭ᠎ᠠ ᠪᠠᠲᠤ ᠰᠠᠬᠢᠭᠰᠠᠨ ᠠᠵᠢᠯᠲᠠᠨ ᠪᠣᠯᠵᠠᠶ᠃ ᠴᠢᠶᠣᠤ ᠶᠠᠩ ᠶᠠᠩ ᠬᠤᠨᠤᠭ ᠤᠨ ᠭᠠᠵᠠᠷ ᠪᠣᠷᠣᠭᠵᠢᠭᠤᠨ᠂ ᠢᠳᠡᠭᠡᠨ ᠤᠮᠳᠠᠭᠠᠨ ᠲᠠᠩ ᠴᠤᠯᠭᠤᠶ᠂ ᠰᠡᠭᠦᠯᠴᠢ ᠶᠢᠨ ᠬᠤᠭᠤᠴᠠᠭᠠᠨ ᠤ ᠳᠤᠯᠠᠭᠠᠯᠠᠭ᠎ᠠ ᠬᠦᠷᠦᠯᠴᠡᠬᠦ ᠥᠬᠡᠶ᠂ ᠰᠣᠯᠢᠬᠤ ᠬᠤᠪᠴᠠᠰᠤ ᠳᠤᠲᠠᠭᠳᠠᠭᠰᠠᠨ᠂ ᠭᠠᠭᠴᠠᠭᠠᠷ ᠢᠶᠠᠨ ᠦᠯᠡᠳᠡᠵᠦ ᠠᠵᠢᠯ ᠤᠨ ᠪᠠᠶᠢᠷᠢ ᠰᠣᠯᠢᠬᠤ ᠬᠥᠮᠦᠨ ᠥᠬᠡᠶ ᠵᠡᠷᠭᠡ ᠣᠯᠠᠨ ᠬᠦᠴᠢᠷ ᠪᠡᠷᠬᠡᠰᠢᠶᠡᠯ ᠢ ᠢᠯᠡᠨ ᠳᠠᠪᠠᠭᠰᠠᠨ ᠢᠶᠠᠷ ᠪᠠᠷᠠᠬᠤ ᠥᠬᠡᠶ ᠪᠠᠰᠠ ︽ᠣᠯᠠᠨ ᠤᠷ᠎ᠠ ᠴᠢᠳᠠᠪᠤᠷᠢ︾ ᠶᠢᠨ ᠠᠵᠢᠯ ᠤᠨ ᠣᠨᠴᠠᠯᠢᠭ ᠢᠶᠠᠨ ᠭᠦᠢᠴᠡᠳ ᠪᠠᠳᠠᠷᠠᠭᠤᠯᠵᠤ᠂ ᠪᠥᠬᠦ ᠰᠢᠰᠲ᠋ᠧᠮ ᠤᠨ ᠵᠢᠵᠢᠭᠦᠷᠯᠡᠨ ᠰᠠᠬᠢᠬᠤ ᠪᠠ ᠠᠵᠢᠯᠯᠠᠬᠤ ᠶᠢ ᠪᠠᠲᠤᠯᠠᠬᠤ ᠶᠢ ᠭᠠᠷᠮᠠᠭᠠᠶ ᠪᠡᠶᠡᠯᠡᠭᠦᠯᠪᠡ᠃
图片4.png
   ᠮᠠᠰᠢ ᠤᠯᠠᠨ ᠡᠮᠴᠢᠯᠡᠭᠡᠨ ᠤ ᠪᠠᠲᠤᠯᠠᠭ᠎ᠠ ᠶᠢᠨ ᠠᠵᠢᠯ ᠢ ᠳᠣᠲᠣᠭᠠᠳᠤ ᠰᠦᠯᠵᠢᠶ᠎ᠡ ᠵᠢᠴᠢ ᠡᠮᠴᠢᠯᠡᠭᠡᠨ ᠤ ᠪᠠᠲᠤᠯᠠᠭ᠎ᠠ ᠶᠢᠨ ᠲᠤᠰᠬᠠᠶ ᠰᠦᠯᠵᠢᠶ᠎ᠡ ᠳᠤ ᠰᠠᠭᠤᠷᠢᠯᠠᠨ ᠪᠡᠶᠡᠯᠡᠭᠦᠯᠬᠦ ᠪᠣᠯᠬᠤᠷ ᠲᠡᠭᠦᠨ ᠳᠤ ᠡᠳᠦᠷ ᠪᠦᠷᠢ ᠳᠠᠰᠤᠷᠠᠯᠲᠠ ᠦᠭᠡᠢ ᠤᠲᠠᠰᠤ ᠢᠷᠡᠳᠡᠭ᠂ ᠡᠭᠦᠨ ᠳᠤ ᠬᠠᠮᠲᠤ ᠠᠵᠢᠯᠯᠠᠭᠴᠢ ᠮᠠᠲ᠋ᠧᠷᠢᠶᠠᠯ ᠡᠷᠢᠭᠦᠯᠬᠦ᠂ ᠵᠠᠬᠢᠳᠠᠯ ᠰᠤᠷᠪᠤᠯᠵᠢᠯᠠᠭ᠎ᠠ ᠶᠢᠨ ᠮᠠᠲ᠋ᠧᠷᠢᠶᠠᠯ ᠢ ᠪᠠᠴᠢᠮ ᠰᠢᠢᠳᠪᠦᠷᠢᠯᠡᠭᠦᠯᠬᠦ᠂ ᠠᠯᠪᠠᠨ ᠪᠢᠴᠢᠭ ᠢ ᠪᠠᠴᠢᠮ ᠰᠢᠯᠵᠢᠭᠦᠯᠬᠦ᠂ ᠡᠳ᠋ ᠤᠨ ᠵᠠᠰᠠᠭ ᠤᠨ ᠲᠠᠪᠴᠠᠩ ᠪᠠ ᠪᠠᠩᠬᠢ ᠶᠢᠨ ᠰᠢᠰᠲ᠋ᠧᠮ ᠳᠤ ᠠᠵᠢᠯᠯᠠᠭᠤᠯᠬᠤ ᠤᠲᠠᠰᠤ ᠵᠡᠷᠭᠡ ᠪᠠᠶᠢᠵᠤ᠂ ᠪᠠᠰᠠ ᠳᠠᠭᠠᠳᠬᠠᠯ ᠳᠤ ᠣᠷᠣᠯᠴᠠᠭᠰᠠᠨ ᠤᠯᠠᠨ ᠲᠦᠮᠡᠨ ᠤ ᠠᠰᠠᠭᠤᠨ ᠯᠠᠪᠯᠠᠬᠤ ᠤᠲᠠᠰᠤ ᠴᠥᠭᠡᠨ ᠪᠤᠰᠤ ᠪᠣᠢ᠃ ᠭᠡᠪᠡᠴᠦ ᠬᠡᠵᠢᠶ᠎ᠡ ᠴᠦ ᠭᠡᠰᠡᠨ᠂ ᠬᠡᠴᠦᠨᠡᠬᠡᠨ ᠶᠠᠭᠠᠷᠠᠦ ᠴᠤ ᠭᠡᠰᠡᠨ᠂ ᠤᠲᠠᠰᠤ ᠪᠣᠯᠭᠠᠨ ᠢ ᠬᠦᠯᠢᠶᠡᠨ ᠠᠪᠴᠤ᠂ ᠠᠰᠠᠭᠤᠳᠠᠯ ᠪᠣᠯᠭᠠᠨ ᠢ ᠨᠠᠷᠢᠨ ᠬᠢᠨᠠᠮᠠᠭᠠᠶ ᠰᠢᠢᠳᠪᠦᠷᠢᠯᠡᠪᠡ᠃ ᠣᠷᠣᠢ ᠳᠤ ᠪᠠᠨ ᠣᠯᠠᠨ ᠲᠦᠮᠡᠨ ᠤ ᠨᠡᠶᠢᠳᠡᠮ ᠲᠤᠰᠬᠠᠭᠰᠠᠨ ᠬᠦᠴᠢᠷᠳᠡᠯ ᠢ ᠨᠠᠷᠢᠨ ᠬᠢᠨᠠᠮᠠᠭᠠᠶ ᠡᠮᠬᠢᠯᠡᠵᠦ᠂ ᠡᠯ᠎ᠡ ᠨᠢᠭᠡᠴᠢ ᠶᠢᠨ ᠠᠷᠠᠳ ᠲᠤ ᠳᠥᠭᠦᠮ ᠦᠵᠡᠭᠦᠯᠵᠦ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ ᠲᠣᠭᠲᠠᠭᠠᠬᠤ ᠳᠤ ᠳᠥᠭᠦᠮ ᠦᠵᠡᠭᠦᠯᠪᠡ᠃
图片5.png
    ᠤᠳᠤᠷᠢᠳᠤᠯᠭ᠎ᠠ ᠪᠣᠯᠤᠨ ᠬᠠᠮᠲᠤ ᠠᠵᠢᠯᠯᠠᠭᠰᠠᠳ ᠲᠡᠭᠦᠨ ᠠᠴᠠ ᠶᠠᠮᠠᠷ ᠬᠦᠴᠢᠷᠳᠡᠯ ᠪᠠᠶᠢᠬᠤ ᠶᠢ ᠠᠰᠠᠭᠤᠬᠤ ᠳᠤ ᠶᠡᠷᠦ ᠨᠢ ︽ᠠᠰᠠᠭᠤᠳᠠᠯ ᠦᠭᠡᠢ᠂ ᠥᠪᠡᠷ ᠢᠶᠠᠷ ᠰᠢᠢᠳᠪᠦᠷᠢᠯᠡᠴᠢᠬᠡᠨ᠎ᠡ︾ ᠭᠡᠵᠦ ᠬᠠᠷᠢᠭᠤᠯᠳᠠᠭ᠂ ᠬᠥᠮᠦᠰ ᠲᠡᠭᠦᠨ ᠢ ᠮᠠᠭᠲᠠᠬᠤ ᠳᠤ ᠬᠠᠷᠢᠨ ᠡᠪ ᠦᠭᠡᠶᠢᠷᠬᠡᠳᠡᠭ᠃ ᠡᠶᠢᠮᠦ ᠳᠠᠷᠤᠤᠬᠠᠨ᠂ ᠪᠣᠷᠣᠭᠵᠢᠭᠤᠨ ᠲᠡᠷᠡ᠂ ᠬᠦᠴᠢᠷ ᠪᠡᠷᠬᠡᠰᠢᠶᠡᠯ ᠤᠨ ᠡᠮᠦᠨ᠎ᠡ ᠨᠤᠭᠤᠷᠠᠰᠢ ᠰᠥᠰᠥ ᠵᠣᠷᠢᠭ ᠪᠠ ᠪᠠᠶᠠᠰᠤᠩᠭᠤᠢ ᠣᠪᠤᠷ ᠢᠶᠠᠷ ᠬᠠᠨᠳᠤᠵᠤ᠂ ᠪᠢᠳᠡᠨ ᠳᠤ ᠳᠣᠭᠳᠣᠯᠤᠯ ᠪᠠ ᠬᠦᠴᠦᠨ ᠴᠢᠳᠠᠯ ᠢ ᠣᠯᠭᠤᠭᠰᠠᠨ ᠪᠠᠶᠢᠨ᠎ᠠ᠃   ᠭᠤᠷᠪᠠ᠂ ᠪᠠᠬᠢᠯᠡᠯᠲᠡ᠂ ᠬᠢᠵᠢᠭ ᠲᠠᠢ ᠲᠡᠮᠡᠴᠡᠬᠦ ᠡᠮᠦᠨ᠎ᠡ ᠹᠷᠣᠨᠲ ᠲᠤ᠂ ᠥᠪᠡᠷ ᠢ ᠪᠠᠨ ᠵᠣᠷᠢᠭᠤᠯᠪᠠ   ᠨᠠᠮ ᠤᠨ ᠡᠭᠦᠷ ᠪᠣᠯ ᠪᠠᠬᠢᠯᠡᠯᠲᠡ᠂ ᠨᠠᠮ ᠤᠨ ᠭᠡᠰᠢᠭᠦᠨ ᠪᠣᠯ ᠲᠤᠬ ᠮᠥᠨ᠃ ᠬᠢᠵᠢᠭ ᠤᠨ ᠪᠠᠶᠢᠳᠠᠯ ᠤᠨ ᠬᠦᠨᠳᠦ ᠬᠡᠴᠡᠭᠦᠦ ᠰᠢᠯᠭᠠᠯᠲᠠ ᠶᠢᠨ ᠡᠮᠦᠨ᠎ᠡ᠂ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠨᠠᠮ ᠤᠨ ᠡᠭᠦᠷ ᠤᠨ ᠪᠦᠬᠦ ᠨᠠᠮ ᠤᠨ ᠭᠡᠰᠢᠭᠦᠨ ᠭᠡᠷ ᠲᠤ ᠪᠠᠨ ᠲᠤᠰᠠᠭᠠᠷᠯᠠᠭᠳᠠᠵᠤ ᠪᠠᠶᠢᠭ᠎ᠠ ᠬᠥᠮᠦᠰ ᠢ ᠭᠠᠷᠭᠠᠪᠠᠯ᠂ ᠪᠦᠬᠦᠨ ᠢᠶᠠᠷ ᠢᠶᠠᠨ ᠬᠢᠵᠢᠭ ᠲᠠᠢ ᠲᠡᠮᠡᠴᠡᠬᠦ ᠡᠮᠦᠨ᠎ᠡ ᠹᠷᠣᠨᠲ ᠲᠤ ᠣᠴᠢᠵᠤ᠂ ᠪᠦᠬᠦᠨ ᠢᠶᠠᠷ ᠢᠶᠠᠨ ᠨᠡᠶᠢᠭᠡᠮ ᠲᠣᠭᠤᠷᠢᠭ ᠤᠨ ᠰᠠᠶᠢᠨ ᠳᠤᠷ᠎ᠠ ᠶᠢᠨ ᠦᠢᠯᠡᠴᠢᠯᠡᠭᠡ ᠳᠤ ᠣᠷᠣᠯᠴᠠᠪᠠ᠃ ᠣᠯᠠᠨ ᠢᠶᠠᠷ ᠢᠶᠠᠨ ︽ᠠᠮᠤᠷ ᠢ ᠬᠠᠮᠠᠭᠠᠯᠠᠭᠴᠢ︾ ᠪᠣᠯᠵᠤ᠂ ᠡᠷᠦᠬᠡ ᠳᠤ ᠣᠷᠣᠵᠤ ᠵᠢᠭᠰᠠᠭᠠᠨ ᠪᠠᠶᠢᠴᠠᠭᠠᠬᠤ᠂ ᠡᠮᠬᠢ ᠳᠢᠭᠯᠢᠮ ᠢ ᠬᠠᠮᠠᠭᠠᠯᠠᠬᠤ᠂ ᠵᠢᠵᠢᠭᠦᠷᠯᠡᠨ ᠬᠠᠷᠠᠭᠤᠯ ᠵᠣᠭᠰᠣᠬᠤ ᠵᠡᠷᠭᠡ ᠠᠵᠢᠯ ᠢ ᠬᠠᠷᠢᠭᠤᠴᠠᠪᠠ︔ ︽ᠡᠷᠡᠭᠦᠯ ᠬᠠᠮᠠᠭᠠᠯᠠᠭᠴᠢ︾ ᠪᠣᠯᠵᠤ᠂ ᠬᠤᠭ ᠨᠣᠪᠰᠢ ᠶᠢ ᠴᠡᠪᠡᠷᠯᠡᠬᠦ᠂ ᠣᠷᠴᠢᠨ ᠲᠣᠭᠤᠷᠢᠨ ᠢ ᠠᠷᠢᠭᠤᠳᠬᠠᠬᠤ᠂ ᠡᠷᠡᠭᠦᠯ ᠬᠠᠮᠠᠭᠠᠯᠠᠯ ᠢ ᠪᠠᠲᠤᠯᠠᠬᠤ ᠵᠡᠷᠭᠡ ᠠᠵᠢᠯ ᠢ ᠬᠠᠷᠢᠭᠤᠴᠠᠪᠠ︔ ︽ᠠᠮᠢᠳᠤ ᠯᠸᠢ ᠹᠧᠩ︾ ᠪᠣᠯᠵᠤ᠂ ᠣᠨᠴᠠᠭᠠᠶ ᠬᠥᠮᠦᠰ ᠲᠤ ᠡᠳ᠋ ᠪᠣᠳᠠᠰ ᠬᠤᠳᠠᠯᠳᠤᠨ ᠥᠭᠴᠦ᠂ ᠡᠮ ᠤᠨ ᠵᠦᠢᠯ ᠢ ᠲᠣᠬᠢᠷᠠᠭᠤᠯᠤᠨ ᠬᠦᠷᠭᠡᠪᠡ︔ ︽ᠵᠢᠵᠢᠭ ᠪᠦᠷᠢᠶ᠎ᠡ︾ ᠪᠣᠯᠵᠤ ᠭᠤᠤᠯ ᠬᠥᠭ ᠠᠶᠠᠰ ᠢ ᠴᠤᠤᠷᠢᠶᠠᠲᠤᠭᠤᠯᠵᠤ᠂ ᠢᠳᠡᠪᠬᠢ ᠬᠦᠴᠦᠨ ᠢ ᠳᠠᠮᠵᠢᠭᠤᠯᠪᠠ᠃ ᠬᠠᠮᠲᠤ ᠪᠠᠷ ᠴᠢᠷᠮᠠᠶᠢᠵᠤ᠂ ᠬᠢᠵᠢᠭ ᠲᠠᠢ ᠲᠡᠮᠡᠴᠡᠬᠦ ᠪᠠᠲᠤ ᠪᠠᠬᠢ ᠤᠷᠳᠤ ᠴᠠᠭᠠᠨ ᠬᠡᠷᠡᠮ ᠢ ᠴᠣᠭᠴᠠᠯᠠᠪᠠ᠃   ᠣᠨᠴᠠᠭᠠᠶᠢᠯᠠᠨ ᠬᠢᠵᠢᠭ ᠲᠠᠢ ᠲᠡᠮᠡᠴᠡᠬᠦ ᠬᠠᠮᠤᠭ ᠤᠨ ᠵᠠᠩᠭᠢᠯᠠᠭ᠎ᠠ ᠶᠢᠨ ᠦᠶ᠎ᠡ ᠳᠤ᠂ ᠮᠥᠨ ᠴᠦ ᠬᠥᠬᠡᠬᠤᠲᠠ ᠶᠢᠨ ᠡᠨᠡ ᠵᠢᠯ ᠤᠨ ᠠᠭᠠᠷ ᠤᠨ ᠳᠤᠯᠠᠭᠠᠨ ᠬᠠᠮᠤᠭ ᠤᠨ ᠳᠣᠣᠷ᠎ᠠ ᠦᠶ᠎ᠡ ᠳᠤ᠂ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠨᠠᠮ ᠤᠨ  ᠬᠡᠰᠢᠭᠦᠨ ᠲᠠᠩ ᠭᠤᠸᠠᠩ ᠵᠧᠨ ᠴᠡᠭᠡᠵᠢ ᠲᠦᠷᠢᠨ ᠭᠠᠷᠴᠤ᠂ ᠬᠤᠯᠪᠤᠭᠠᠯᠠᠨ ᠳᠠᠭᠠᠭᠠᠴᠢᠯᠠᠭᠰᠠᠨ ᠨᠡᠶᠢᠭᠡᠮ ᠲᠣᠭᠤᠷᠢᠭ ᠰᠧ ᠯᠢ ᠶᠢᠩ ᠵᠡᠭᠦᠨ ᠨᠡᠶᠢᠭᠡᠮ ᠲᠣᠭᠤᠷᠢᠭ ᠲᠤ ᠭᠦᠨᠵᠡᠭᠡᠶᠢᠷᠡᠨ᠂ ᠨᠡᠶᠢᠭᠡᠮ ᠲᠣᠭᠤᠷᠢᠭ ᠢ ᠬᠠᠪᠰᠤᠷᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠪᠡ᠃ ᠲᠡᠷᠡ ᠥᠷᠯᠥᠭᠡ ᠠᠴᠠ ᠡᠬᠢᠯᠡᠨ ᠠᠵᠢᠯᠯᠠᠵᠤ᠂ ᠰᠦᠯᠵᠢᠶᠡᠨ ᠤ ᠬᠠᠮᠢᠶᠠᠷᠤᠯᠲᠠ ᠶᠢᠨ ᠠᠵᠢᠯᠳᠠᠨ᠂ ᠰᠠᠶᠢᠨ ᠳᠤᠷᠠᠴᠤᠤᠯ ᠲᠠᠢ ᠬᠠᠮᠲᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ᠂ ᠥᠨᠳᠦᠷ ᠲᠦᠭᠰᠢᠭᠦᠷᠢᠲᠡᠢ ᠠᠰᠠᠷ ᠲᠤ ᠡᠳ᠋ ᠪᠣᠳᠠᠰ ᠢ ᠲᠤᠬᠢᠷᠠᠭᠤᠯᠤᠨ ᠬᠦᠷᠭᠡᠬᠦ᠂ ᠢᠳᠡᠭᠡᠨ ᠪᠠ ᠡᠮ ᠤᠨ ᠵᠦᠢᠯ ᠢ ᠬᠤᠳᠠᠯᠳᠤᠨ ᠠᠪᠬᠤ᠂ ᠭᠤᠣᠯᠳᠠᠯᠭ᠎ᠠ ᠲᠠᠢ ᠣᠷᠣᠨ ᠪᠦᠰᠡ ᠶᠢ ᠠᠷᠢᠭᠤᠳᠬᠠᠬᠤ ᠵᠡᠷᠭᠡ ᠠᠵᠢᠯ ᠢ ᠰᠠᠶᠢᠲᠤᠷ ᠪᠡᠶᠡᠯᠡᠭᠦᠯᠪᠡ᠃   ᠬᠦᠴᠢᠷ ᠪᠡᠷᠬᠡᠰᠢᠶᠡᠯ ᠤᠨ ᠡᠮᠦᠨ᠎ᠡ ᠡᠷᠡᠯᠬᠡᠭ ᠵᠣᠷᠢᠭ ᠪᠠᠳᠠᠷᠠᠨᠠᠮ︔ ᠦᠨᠡᠨᠴᠢ ᠰᠢᠳᠤᠷᠭᠤ ᠪᠣᠯ ᠲᠦᠢᠯ ᠤᠨ ᠡᠷᠬᠢᠮ ᠨᠠᠨᠳᠢᠨ ᠶᠤᠮ᠃ ᠬᠢᠵᠢᠭ ᠤᠨ ᠪᠠᠶᠢᠳᠠᠯ ᠠᠷᠢᠯᠬᠤ ᠦᠭᠡᠢ ᠪᠣᠯ ᠡᠮᠴᠢᠯᠡᠭᠡᠨ ᠤ ᠪᠠᠲᠤᠯᠠᠭ᠎ᠠ ᠶᠢᠨ ᠬᠢᠨ ᠪᠤᠴᠠᠬᠤ ᠦᠭᠡᠢ᠂ ᠵᠣᠬᠢᠶᠠᠨ ᠪᠠᠶᠢᠭᠤᠯᠤᠯᠲᠠ ᠶᠢᠨ ᠲᠣᠮᠢᠯᠠᠯᠲᠠ᠂ ᠤᠯᠠᠨ ᠲᠦᠮᠡᠨ ᠤ ᠬᠡᠷᠡᠭᠴᠡᠭᠡ ᠬᠠᠮᠢᠭ᠎ᠠ ᠪᠠᠶᠢᠪᠠᠯ ᠡᠮᠴᠢᠯᠡᠭᠡᠨ ᠤ ᠪᠠᠲᠤᠯᠠᠭ᠎ᠠ ᠶᠢᠨ ᠬᠢᠨ ᠤ ᠪᠠᠷ᠎ᠠ ᠲᠡᠨᠳᠡ ᠪᠣᠢ᠃ ᠥᠪᠡᠷᠲᠡᠭᠡᠨ ᠵᠠᠰᠠᠬᠤ ᠣᠷᠣᠨ ᠤ ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠤᠨ ᠪᠦᠬᠦ ᠨᠠᠮ ᠤᠨ ᠭᠡᠰᠢᠭᠦᠨ ᠺᠠᠳ᠋ᠷ ᠪᠣᠳᠠᠲᠤ ᠠᠵᠢᠯᠯᠠᠭ᠎ᠠ ᠪᠠᠷ ᠢᠶᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠦᠷᠭᠦᠯᠵᠢᠯᠡᠨ ᠬᠦᠴᠦᠨ ᠨᠡᠮᠡᠷᠢᠯᠡᠵᠦ᠂ ᠠᠵᠢᠯ ᠤᠨ ᠬᠠᠷᠢᠭᠤᠴᠠᠯᠭ᠎ᠠ ᠪᠠᠨ ᠪᠠᠷᠢᠮᠲᠠᠯᠠᠬᠤ᠂ ᠠᠵᠢᠯ ᠤᠨ ᠬᠠᠷᠢᠭᠤᠴᠠᠯᠭ᠎ᠠ ᠪᠠᠨ ᠭᠦᠢᠴᠡᠳᠬᠡᠬᠦ ᠶᠢ ᠦᠨᠡᠨ ᠬᠦ ᠦᠢᠯᠡᠳᠦᠯᠭᠡᠵᠢᠭᠦᠯᠦᠨ᠎ᠡ︕ 
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠭᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号