ᠡᠪᠡᠳᠴᠢᠲᠡᠨ᠄ ︽ ᠮᠢᠨᠦ ᠲᠣᠯᠣᠭᠠᠢ ᠡᠪᠡᠳᠴᠦ ᠪᠠᠶᠢᠬᠤ ᠳᠤ ᠡᠨᠡ ᠡᠮᠴᠢ ᠶᠠᠭᠤᠨ ᠳᠤ ᠨᠠᠮᠠᠶᠢ ᠬᠦᠵᠦᠭᠦᠦ | ᠰᠡᠭᠡᠷ ᠤᠨ ᠴᠦᠮ᠎ᠡ ᠶᠢᠨ ᠰᠤᠷᠢᠨᠵᠢᠨ ᠪᠠᠶᠢᠴᠠᠭᠠᠯᠲᠠ ᠬᠢᠯᠭᠡ ᠭᠡᠵᠦ ᠪᠠᠶᠢᠬᠤ ᠪᠣᠢ᠂ ᠨᠡᠬᠡᠷᠡᠨ ᠦᠨᠡᠲᠡᠢ ᠪᠠᠶᠢᠨ᠎ᠠ᠂ | ᠵᠣᠭᠤᠰ ᠮᠡᠬᠡᠯᠡᠬᠦ ᠶᠢᠨ ᠲᠥᠯᠦᠭᠡ ᠪᠢᠰᠢ ᠪᠢᠵᠡ︕︾ ᠭᠡᠪᠡ᠃ | | | | | | ᠣᠯᠠᠩᠬᠢ ᠲᠣᠯᠣᠭᠠᠢ ᠡᠪᠡᠳᠳᠡᠭ ᠬᠥᠮᠥᠰ ᠪᠦᠷ ᠡᠶᠢᠮᠦ ᠰᠡᠵᠢᠭ ᠲᠠᠢ ᠪᠠᠶᠢᠳᠠᠭ ᠂ ᠲᠣᠯᠣᠭᠠᠢ ᠡᠪᠡᠳᠴᠦ | ᠪᠠᠶᠢᠬᠤ ᠳᠤ ᠡᠪᠡᠳᠦᠯ ᠤᠨ ᠰᠠᠯᠠᠭᠠᠨ ᠤ ᠡᠮᠴᠢ ᠬᠠᠷᠢᠨ ᠶᠠᠭᠤᠨ ᠳᠤ ᠡᠪᠡᠳᠴᠢᠲᠡᠨ ᠢ ᠬᠦᠵᠦᠭᠦᠦ ᠰᠡᠭᠡᠷ ᠤᠨ | ᠴᠦᠮ᠎ᠡ ᠶᠢᠨ ᠰᠤᠷᠢᠨᠵᠢᠨ ᠪᠠᠶᠢᠴᠠᠭᠠᠯᠲᠠ ᠬᠢᠯᠭᠡᠭᠡᠳ ᠪᠠᠶᠢᠳᠠᠭ ᠪᠤᠢ︖ ᠡᠭᠦᠨ ᠤ ᠤᠴᠢᠷ ᠰᠢᠯᠲᠠᠭᠠᠨ ᠢ | ᠲᠠᠶᠢᠯᠪᠤᠷᠢᠯᠠᠶ᠎ᠠ ᠭᠡᠪᠡᠯ ᠪᠢᠳᠡ ᠤᠷᠢᠳ ᠢᠶᠠᠷ ᠲᠣᠯᠣᠭᠠᠢ ᠡᠪᠡᠳᠦᠯᠲᠡ ᠴᠣᠬᠤᠮ ᠶᠠᠭᠠᠬᠢᠵᠤ ᠡᠭᠦᠰᠦᠭᠰᠡᠨ ᠢ ᠦᠵᠡᠬᠦ | ᠬᠡᠷᠡᠭᠲᠡᠢ᠃ | ᠮᠠᠨ ᠤ ᠤᠯᠤᠰ ᠪᠣᠯ ᠲᠣᠯᠣᠭᠠᠢ ᠡᠪᠡᠳᠦᠯᠲᠡ ᠶᠢᠨ ᠲᠣᠮᠣ ᠤᠯᠤᠰ ᠪᠣᠯᠤᠨ᠎ᠠ᠂ ︽ᠲᠠᠯ᠎ᠠ ᠲᠣᠯᠣᠭᠠᠢ ᠡᠪᠡᠳᠬᠦ︾ | ᠭᠡᠳᠡᠭ ᠦᠭᠡ ᠴᠦ ᠣᠯᠠᠨ ᠲᠦᠮᠡᠨ ᠤ ᠳᠤᠮᠳᠠ ᠥᠷᠭᠡᠨ ᠢᠶᠠᠷ ᠳᠡᠯᠭᠡᠷᠡᠵᠦ᠂ ᠮᠠᠰᠢ ᠣᠯᠠᠨ ᠡᠪᠡᠳᠴᠢᠲᠡᠨ ᠡᠭᠦᠨ ᠳᠤ | ᠲᠠᠷᠴᠢᠯᠠᠭᠳᠠᠵᠤ ᠪᠠᠶᠢᠳᠠᠭ ᠃ ᠥᠩᠭᠡᠷᠡᠭᠰᠡᠨ ᠳᠤ ︽ᠲᠣᠯᠣᠭᠠᠢ ᠡᠪᠡᠳᠬᠦ ᠡᠪᠡᠳᠴᠢᠨ︾ ᠲᠠᠢ ᠡᠪᠡᠳᠴᠢᠲᠡᠨ | ᠣᠯᠠᠩᠬᠢ ᠨᠢ ᠮᠡᠳᠡᠷᠡᠯ ᠤᠨ ᠳᠣᠲᠣᠷ ᠰᠠᠯᠠᠭᠠᠨ ᠳᠤ ᠡᠮᠨᠡᠭᠦᠯᠵᠦ ᠪᠠᠶᠢᠭᠰᠠᠨ ᠪᠣᠯ ᠡᠪᠡᠳᠦᠯᠳᠡ ᠶᠢᠨ ᠠᠨᠠᠭᠠᠬᠤ | ᠤᠬᠠᠭᠠᠨ ᠤ ᠬᠥᠭᠵᠢᠯᠲᠡ ᠵᠢᠴᠢ ᠡᠪᠡᠳᠬᠦ ᠪᠠᠶᠢᠳᠠᠯ ᠤᠨ ᠲᠤᠬᠠᠶ ᠰᠤᠳᠤᠯᠭᠠᠨ ᠤ ᠭᠦᠨᠵᠡᠭᠡᠶᠢᠷᠡᠬᠦ ᠶᠢ ᠳᠠᠭᠠᠯᠳᠤᠨ᠂ | ᠮᠠᠨ ᠤ ᠤᠯᠤᠰ ᠤᠨ ᠡᠪᠡᠳᠦᠯᠳᠡ ᠶᠢᠨ ᠲᠤᠰᠬᠠᠶ ᠮᠡᠷᠭᠡᠵᠢᠯ ᠤᠨ ᠡᠮᠴᠢ ᠲᠣᠯᠣᠭᠠᠢ ᠡᠪᠡᠳᠯᠳᠡ ᠶᠢᠨ ᠲᠤᠬᠠᠶ ᠨᠡᠩ | ᠭᠦᠨᠵᠡᠭᠡᠶ ᠣᠶᠢᠯᠠᠭᠠᠯᠲᠠ ᠲᠠᠢ ᠪᠣᠯᠤᠭᠰᠠᠨ ᠪᠠᠶᠢᠨ᠎ᠠ᠃ ᠡᠮᠴᠢᠯᠡᠭᠡᠨ ᠳᠤ ᠂ ︽ᠲᠠᠯ᠎ᠠ ᠲᠣᠯᠣᠭᠠᠢ ᠡᠪᠡᠳᠯᠳᠡ︾ ᠪᠠᠷ | ᠨᠡᠷᠡᠯᠡᠭᠳᠡᠭᠰᠡᠨ ᠣᠯᠠᠩᠬᠢ ᠡᠪᠡᠳᠴᠢᠲᠡᠨ ᠨᠢ ᠦᠨᠡᠨ ᠳᠤ ᠪᠠᠨ ᠵᠢᠩᠬᠢᠨᠢ ︽ᠲᠠᠯ᠎ᠠ ᠲᠣᠯᠣᠭᠠᠢ ᠡᠪᠡᠳᠦᠯᠳᠡ ︾ ᠪᠢᠰᠢ | ᠭᠡᠳᠡᠭ ᠢ ᠪᠢᠳᠡ ᠢᠯᠡᠷᠡᠭᠦᠯᠵᠡᠢ᠃ ᠣᠯᠠᠨ ᠤ ︽ᠲᠠᠯ᠎ᠠ ᠲᠣᠯᠣᠭᠠᠢ ᠡᠪᠡᠳᠦᠯᠳᠡ ︾ ᠶᠢ ︽ᠨᠢᠭᠡ ᠲᠠᠯ᠎ᠠ ᠶᠢᠨ ᠲᠣᠯᠣᠭᠠᠢ | ᠡᠪᠡᠳᠬᠦ︾ ᠭᠡᠵᠦ ᠦᠵᠡᠳᠡᠭ᠂ ᠭᠡᠪᠡᠴᠦ ︽ᠨᠢᠭᠡ ᠲᠠᠯ᠎ᠠ ᠶᠢᠨ ᠲᠣᠯᠣᠭᠠᠢ ᠡᠪᠡᠳᠬᠦ ᠨᠢ ᠵᠠᠪᠠᠯ ᠲᠠᠯ᠎ᠠ ᠲᠣᠯᠣᠭᠠᠢ | ᠡᠪᠡᠳᠦᠯᠳᠡ ᠮᠥᠨ ᠭᠡᠵᠦ ᠦᠦ︖︾ | | | | | | ᠶᠠᠭᠤᠨ ᠤ ᠡᠮᠦᠨ᠎ᠡ ᠪᠢᠳᠡ ᠬᠠᠮᠲᠤ ᠪᠠᠷ ᠲᠠᠯ᠎ᠠ ᠲᠣᠯᠣᠭᠠᠢ ᠡᠪᠡᠳᠦᠯᠳᠡ ᠶᠢᠨ ᠲᠣᠮᠢᠶᠠᠯᠠᠯ ᠪᠠ ᠲᠥᠷᠥᠯ | ᠠᠩᠭᠢᠯᠠᠯ ᠢ ᠦᠵᠡᠶ᠎ᠡ᠃ ᠲᠠᠯ᠎ᠠ ᠲᠤᠯᠤᠭᠠᠢ ᠡᠪᠡᠳᠦᠯᠳᠡ ᠪᠤᠯ ᠮᠡᠳᠡᠷᠡᠯ ᠤᠨ ᠲᠤᠲᠤᠷ ᠰᠠᠯᠠᠭᠠᠨ ᠤ ᠤᠨᠤᠰᠢᠯᠭᠠ᠂ | ᠤᠯᠠᠩᠬᠢ ᠳᠤ ᠪᠠᠨ ᠨᠢᠭᠡ ᠲᠠᠯ᠎ᠠ ᠶᠢᠨ ᠭᠠᠪᠠᠯᠠ ᠡᠪᠡᠳᠦᠯᠳᠡ ᠪᠠᠷ ᠢᠯᠡᠷᠡᠵᠦ ᠬᠠᠶᠠ ᠳᠤ ᠪᠠᠨ ᠬᠤᠶᠠᠷ ᠲᠠᠯ᠎ᠠ ᠪᠠᠷ ᠢᠶᠠᠨ | ᠡᠪᠡᠳᠳᠡᠭ ᠂ ᠡᠪᠡᠳᠭᠦ ᠦᠶ᠎ᠡ ᠳᠤ ᠠᠵᠢᠯ ᠠᠮᠢᠳᠤᠷᠠᠯ ᠢ ᠬᠦᠨᠳᠦ ᠨᠤᠴᠢᠲᠠᠢ ᠨᠦᠯᠦᠭᠡᠯᠡᠳᠡᠭ᠃ 2022 ᠣᠨ ᠤ | ᠳᠤᠮᠳᠠᠳᠤ ᠤᠯᠤᠰ ᠤᠨ ᠲᠠᠯ᠎ᠠ ᠲᠣᠯᠣᠭᠠᠢ ᠡᠪᠡᠳᠦᠯᠳᠡ ᠶᠢᠨ ᠵᠦᠭᠯᠡᠭᠦᠷ ᠢ ᠦᠨᠳᠦᠰᠦᠯᠡᠪᠡᠯ᠂ ᠲᠠᠯ᠎ᠠ ᠲᠣᠯᠣᠭᠠᠢ | ᠡᠪᠡᠳᠦᠯᠳᠡ ᠶᠢᠨ ᠲᠥᠷᠥᠯ ᠵᠦᠢᠯ ᠳᠤ ᠭᠤᠣᠯᠳᠠᠭᠤ ᠵᠢᠷᠭᠤᠭᠠᠨ ᠵᠦᠢᠯ ᠤᠨ ᠠᠩᠭᠢᠯᠠᠯ ᠢ ᠪᠠᠭᠲᠠᠭᠠᠪᠠ᠃ | ᠡᠮᠴᠢᠯᠡᠭᠡᠨ ᠤ ᠦᠢᠯᠡᠳᠦᠯᠭᠡ ᠳᠤ ᠠᠩᠬ᠎ᠠ ᠠᠯᠬᠤᠮ ︽ᠲᠠᠯ᠎ᠠ ᠲᠣᠯᠣᠭᠠᠢ ᠡᠪᠡᠳᠦᠯᠳᠡ︾ ᠭᠡᠵᠦ | ᠣᠨᠣᠰᠢᠯᠠᠭᠳᠠᠭᠰᠠᠨ ᠡᠪᠡᠳᠴᠢᠲᠡᠨ ᠨᠢ ᠪᠠᠰᠠ ᠶᠠᠮᠠᠷ ᠶᠠᠮᠠᠷ ᠡᠪᠡᠳᠴᠢᠨ ᠠᠴᠠ ᠪᠣᠯᠣᠭᠰᠠᠨ ᠮᠠᠭᠠᠳᠯᠠᠯ ᠪᠠᠶᠢᠬᠤ ᠪᠣᠢ︖ | ᠲᠣᠯᠣᠭᠠᠢ ᠡᠪᠡᠳᠦᠯᠲᠡ ᠨᠢ ᠡᠪᠡᠳᠦᠯᠳᠡ ᠶᠢᠨ ᠠᠨᠠᠭᠠᠬᠤ ᠤᠬᠠᠭᠠᠨ ᠳᠤ ᠪᠠᠶᠢᠩᠭᠤ ᠲᠣᠬᠢᠶᠠᠯᠳᠤᠳᠠᠭ ᠳᠤ ︽ | ᠬᠦᠵᠦᠭᠦᠨ ᠤ ᠡᠭᠦᠰᠦᠯ ᠤᠨ ᠴᠢᠨᠠᠷᠲᠠᠢ ᠲᠣᠯᠣᠭᠠᠢ ᠡᠪᠡᠳᠦᠯᠳᠡ ︾᠂ ︽ᠪᠠᠴᠢᠮᠳᠠᠯ ᠤᠨ ᠴᠢᠨᠠᠷᠲᠠᠢ ᠲᠣᠯᠣᠭᠠᠢ | ᠡᠪᠡᠳᠦᠯᠳᠡ ︾᠂ ︽ᠭᠤᠷᠪᠠᠨ ᠠᠴᠠ ᠮᠡᠳᠡᠷᠡᠯ ᠤᠨ ᠡᠪᠡᠳᠦᠯᠳᠡ︾᠂ ︽ᠡᠷᠪᠡᠬᠡᠢ ᠲᠠᠩᠨᠠᠢ ᠮᠡᠳᠡᠷᠡᠯ ᠤᠨ | ᠡᠪᠡᠳᠦᠯᠲᠡ︾᠂ ︽ᠴᠢᠰᠤᠨ ᠰᠤᠳᠠᠯ ᠤᠨ ᠴᠢᠨᠠᠷᠲᠠᠢ ᠲᠣᠯᠣᠭᠠᠢ ᠡᠪᠡᠳᠦᠯᠳᠡ ︾᠂ ︽ᠪᠦᠰᠡᠯᠢᠭ ᠬᠡᠯᠪᠡᠷᠢᠲᠦ | ᠴᠥᠪᠥᠷᠢᠭᠦᠦ ᠡᠰᠡᠷᠭᠡᠨ ᠤ ᠳᠠᠷᠠᠭᠠᠬᠢ ᠲᠣᠯᠣᠭᠠᠢ ᠡᠪᠡᠳᠦᠯᠲᠡ︾ ᠵᠡᠷᠭᠡ ᠣᠨᠣᠰᠢᠯᠠᠯᠲᠠ ᠶᠢ ᠪᠠᠭᠲᠠᠭᠠᠪᠠ ᠃ ᠡᠭᠦᠨ ᠳᠤ | ᠬᠦᠵᠦᠭᠦᠦ ᠰᠡᠭᠡᠷ ᠤᠨ ᠡᠪᠡᠳᠴᠢᠨ ᠤ ᠬᠤᠪᠢᠷᠠᠯᠲᠠ ᠲᠠᠢ ᠬᠤᠯᠪᠣᠭᠳᠠᠬᠤ ᠲᠣᠯᠣᠭᠠᠢ ᠡᠪᠡᠳᠦᠯᠳᠡ ᠨᠡᠯᠢᠶᠡᠳ ᠣᠯᠠᠨ | ᠪᠠᠶᠢᠵᠤ᠂ ᠡᠨᠡ ᠨᠢ ᠪᠠᠰᠠ ᠡᠮᠴᠢᠯᠡᠭᠡᠨ ᠳᠤ ᠤᠯᠠᠮ ᠠᠴᠠ ᠤᠯᠠᠮ ᠣᠯᠠᠨ ᠡᠮᠴᠢ ᠶᠠᠭᠤᠨ ᠳᠤ ᠬᠦᠵᠦᠭᠦᠦ ᠰᠡᠭᠡᠷ | ᠪᠣᠯᠤᠨ ᠲᠣᠯᠣᠭᠠᠢ ᠡᠪᠡᠳᠦᠯᠳᠡ ᠶᠢᠨ ᠬᠠᠷᠢᠴᠠᠭ᠎ᠠ ᠶᠢ ᠠᠩᠬᠠᠷᠴᠤ ᠡᠬᠢᠯᠡᠭᠰᠡᠨ ᠤ ᠰᠢᠯᠲᠠᠭᠠᠨ ᠪᠣᠯᠣᠨ᠎ᠠ᠃ | ᠡᠶᠢᠮᠤ ᠠᠴᠠ ᠮᠠᠨ ᠤ ᠲᠠᠶᠢᠯᠪᠤᠷᠢᠯᠠᠯᠲᠠ ᠪᠠᠷ ᠳᠠᠮᠵᠢᠭᠠᠳ ᠡᠪᠡᠳᠴᠢᠲᠡᠳ ᠤᠨ ᠣᠶᠢᠯᠠᠭᠠᠬᠤ ᠶᠢ ᠬᠦᠰᠡᠵᠦ ᠂ | ᠲᠣᠯᠣᠭᠠᠢ ᠡᠪᠡᠳᠦᠯᠳᠡ ᠶᠠᠭᠤᠠ ᠳᠤ ᠬᠦᠵᠦᠭᠦᠦ ᠰᠡᠭᠡᠷ ᠲᠠᠢ ᠬᠤᠯᠪᠣᠭᠳᠠᠬᠤ ᠮᠠᠭᠠᠳᠯᠠᠯ ᠲᠠᠢ᠂ ᠲᠣᠯᠣᠭᠠᠢ | ᠡᠪᠡᠳᠭᠦ ᠳᠤ ᠬᠦᠵᠦᠭᠦᠦ ᠰᠡᠭᠡᠷ ᠤᠨ ᠴᠦᠮ᠎ᠡ ᠶᠢᠨ ᠰᠤᠷᠢᠨᠵᠢᠨ ᠪᠠᠶᠢᠴᠠᠭᠠᠯᠲᠠ ᠪᠠᠰᠠ ᠬᠢᠯᠭᠡᠬᠦ ᠴᠢᠬᠤᠯᠠᠲᠠᠢ ᠂ | ᠡᠭᠦᠠ ᠤ ᠵᠠᠷᠭᠡ ᠳᠤ ᠲᠣᠯᠣᠭᠠᠢ ᠡᠪᠡᠳᠳᠡᠭ ᠡᠪᠡᠳᠴᠢᠲᠡᠳ ᠢ ᠴᠠᠭ ᠳᠣᠬᠠᠢ ᠳᠤ ᠨᠢ ᠳᠣᠬᠠᠢ ᠶᠢᠨ ᠭᠠᠵᠠᠷ ᠤᠨ ᠢᠶᠠᠨ | ᠵᠢᠩᠭᠢᠨᠢ ᠡᠮᠨᠠᠯᠭᠡ ᠶᠢᠨ ᠬᠤᠷᠢᠶᠠᠨ ᠳᠤ ᠬᠦᠷᠴᠤ ᠡᠮᠨᠡᠭᠦᠯᠦᠨ ᠂ ᠡᠪᠡᠳᠦᠯᠳᠡ ᠶᠢᠨ ᠤᠳᠠᠭᠠᠰᠢᠷᠠᠯ ᠠᠴᠠ ᠮᠠᠭᠤ ᠨᠦᠯᠦᠭᠡ | ᠪᠣᠢ ᠪᠣᠯᠵᠤ ᠠᠵᠢᠯ ᠠᠮᠢᠲᠣᠷᠠᠯ ᠢ ᠲᠠᠨᠢ ᠨᠦᠯᠦᠭᠡᠯᠡᠬᠦ ᠠᠴᠠ ᠪᠣᠯᠭᠤᠮᠵᠢᠯᠠᠬᠤ ᠶᠢ ᠰᠠᠨᠠᠭᠤᠯᠤᠶ᠎ᠠ᠂ ᠲᠠ ᠪᠢᠳᠡ | ᠡᠪᠡᠳᠦᠯᠳᠡ ᠣᠢᠭᠡᠢ ᠠᠮᠢᠲᠣᠷᠠᠯ ᠢ ᠡᠳ᠋ᠯᠠᠵᠤ᠂ ᠡᠪᠡᠳᠦᠯᠳᠡ ᠣᠢᠭᠡᠢ ᠪᠠᠶᠢᠬᠤ ᠳᠣᠮᠲᠠᠲᠤ ᠤᠯᠤᠰ ᠤᠨ ᠬᠠᠷᠠᠯᠲᠠ ᠶᠢ | ᠴᠢᠷᠮᠠᠶᠢᠠ ᠴᠣᠭᠴᠠᠯᠠᠶ᠎ᠠ ᠃ | ᠵᠣᠬᠢᠶᠠᠭᠴᠢ᠄ ᠳᠤᠮᠳᠠᠳᠤ ᠤᠯᠤᠰ ᠤᠨ ᠬᠢᠲᠠᠳ ᠡᠮᠨᠡᠯᠭᠡ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠢ | ᠶᠤᠸᠠᠨ ᠡᠮᠨᠡᠯᠭᠡ ᠶᠢᠨ ᠬᠤᠷᠢᠶᠠᠨ ᠤ ᠵᠣᠣ ᠷᠦᠢ | |