ᠶᠠᠭᠤᠨ ᠳᠤ ᠥᠪᠡᠷ ᠤᠨ ᠡᠮᠴᠢᠯᠡᠭᠡᠨ ᠤ ᠪᠠᠲᠤᠯᠠᠭ᠎ᠠ ᠪᠠᠨ ᠪᠤᠰᠤᠳ ᠲᠤ ᠬᠡᠷᠡᠭᠯᠡᠭᠦᠯᠵᠦ ᠪᠣᠯᠬᠤ ᠦᠭᠡᠢ ᠪᠤᠢ︖
ᠨᠡᠶᠢᠲᠡᠯᠡᠭᠰᠡᠨ ᠴᠠᠭ᠄
2024/9/26
  ︽ᠪᠢ ᠡᠬᠡ ᠨᠤᠲᠤᠭ  ᠲᠠᠢ ᠪᠠᠨ ︾ ᠭᠡᠬᠦ ᠺᠢᠨᠣ᠋ ᠳᠤ ᠭᠧ ᠶᠧᠦ ᠪᠡᠭᠡᠵᠢᠩ ᠤᠨ ᠨᠢᠭᠡ ᠠᠬ᠎ᠠ ᠵᠠᠩ ᠪᠸᠢ ᠵᠢᠩ ᠤᠨ ᠳᠦᠷᠢ ᠶᠢ ᠲᠣᠭᠯᠠᠵᠠᠢ᠂ ᠲᠡᠭᠦᠨ ᠤ ᠨᠠᠭᠠᠴᠤ ᠠᠪᠤ ᠨᠢ ᠪᠠᠮᠪᠠᠢ ᠪᠤᠯᠴᠢᠷᠬᠠᠢ ᠶᠢᠨ ᠪᠡᠲᠡᠭᠢ ᠡᠪᠡᠳᠴᠢᠨ ᠳᠤ ᠨᠡᠷᠪᠡᠭᠳᠡᠭᠰᠡᠨ ᠠᠴᠠ ᠵᠠᠩ ᠪᠸᠢ ᠵᠢᠩ ᠠᠴᠠ ᠲᠤᠰᠠᠯᠠᠮᠵᠢ ᠭᠤᠶᠤᠵᠤ ᠂ ᠵᠠᠩ ᠪᠸᠢ ᠵᠢᠩ ᠨᠠᠭᠠᠴᠤ ᠠᠪᠤ ᠪᠠᠨ ᠥᠪᠡᠷ ᠤᠨ ᠨᠡᠷ᠎ᠡ ᠳᠡᠭᠡᠷ᠎ᠡ ᠪᠠᠨ ᠡᠮᠴᠢᠯᠡᠭᠡᠨ ᠤ ᠳᠠᠭᠠᠳᠬᠠᠯ ᠢᠶᠠᠷ ᠡᠪᠡᠳᠴᠢᠨ ᠦᠵᠡᠭᠦᠯᠬᠦ ᠪᠠᠰᠢᠷ ᠠᠷᠭ᠎ᠠ ᠶᠢ       ᠪᠣᠳᠣᠵᠤ᠂ ᠡᠴᠦᠰ ᠲᠤ ᠪᠠᠨ ᠥᠪᠡᠷ ᠢᠶᠠᠨ ᠡᠰᠡ ᠯᠡ ᠮᠡᠰᠡ ᠵᠠᠰᠠᠯ ᠤᠨ ᠲᠠᠶᠢᠰᠠᠨ ᠳᠤ ᠭᠠᠷᠴᠤ ᠠᠯᠳᠠᠪᠠ ᠃ ︽ᠡᠮᠴᠢᠯᠡᠭᠡᠨ ᠤ ᠳᠠᠭᠠᠳᠬᠠᠯ ᠪᠣᠯ ᠤᠯᠤᠰ ᠣᠷᠣᠨ ᠠᠴᠠ ᠡᠪᠡᠳᠴᠢᠨ ᠢ ᠦᠵᠡᠭᠦᠯᠵᠦ ᠥᠭᠴᠦ ᠪᠠᠶᠢᠭ᠎ᠠ ᠶᠤᠮ ᠂ ᠬᠡᠨ ᠢ ᠵᠠᠰᠠᠭᠰᠠᠨ ᠴᠤ ᠪᠦᠷ ᠵᠠᠰᠠᠵᠤ ᠪᠠᠶᠢᠭ᠎ᠠ ᠶᠠᠪᠤᠳᠠᠯ ᠶᠤᠮ︕︾ ᠭᠡᠳᠡᠭ ᠺᠢᠨᠣ᠋ ᠳᠠᠬᠢ ᠵᠠᠩ ᠪᠸᠢ ᠵᠢᠩ ᠤᠨ ᠦᠭᠡ ᠨᠢ ᠬᠥᠮᠥᠰ ᠲᠤ ᠭᠦᠨ ᠰᠠᠭᠤᠭᠳᠠᠯ ᠦᠯᠡᠳᠡᠭᠡᠪᠡ᠃  ᠺᠢᠨᠣ᠋ ᠳᠤ ᠬᠡᠳᠦᠶᠢᠪᠡᠷ ᠡᠶᠢᠮᠦᠷᠬᠦᠦ ᠣᠶᠢᠯᠠᠭᠠᠯᠲᠠ ᠨᠢ ᠪᠤᠷᠤᠭᠤ ᠭᠡᠳᠡᠭ ᠢ ᠨᠢᠭᠡᠨᠲᠡ ᠲᠤᠳᠤᠷᠬᠠᠶᠢᠯᠠᠭᠰᠠᠨ ᠪᠣᠯᠪᠠᠴᠤ᠂ ᠪᠣᠳᠠᠲᠤ ᠠᠮᠢᠳᠤᠷᠠᠯ ᠳᠤ ᠪᠠᠰᠠ ᠮᠠᠰᠢ ᠣᠯᠠᠨ ᠬᠥᠮᠦᠨ ᠳᠤ ᠡᠶᠢᠮᠦ ᠪᠤᠷᠤᠭᠤ ᠣᠶᠢᠯᠠᠭᠠᠯᠲᠠ ᠣᠷᠣᠰᠢᠵᠤ ᠪᠠᠶᠢᠨ᠎ᠠ᠂ ᠺᠢᠨᠣ᠋ ᠳᠠᠬᠢ ᠲᠣᠭᠯᠠᠯᠲᠠ ᠨᠢ ᠬᠡᠲᠦᠷᠬᠡᠢ ᠳᠠᠪᠠᠭᠤᠷᠠᠭᠰᠠᠨ ᠭᠡᠵᠦ ᠦᠵᠡᠳᠡᠭ ᠃ ᠲᠡᠭᠡᠪᠡᠯ ᠥᠨᠥᠳᠥᠷ ᠣᠯᠠᠨ ᠳᠤ ᠬᠤᠶᠠᠷ ᠪᠤᠳᠠᠲᠤ ᠵᠢᠱᠢᠶ᠎ᠡ ᠶᠢ  ᠬᠤᠪᠢᠶᠠᠯᠴᠠᠶ᠎ᠠ᠃  ᠮᠠᠨ ᠤ ᠲᠣᠰᠬᠤᠨ ᠳᠤ ᠠᠬ᠎ᠠ ᠳᠡᠭᠦᠦ ᠬᠤᠶᠠᠷ ᠪᠠᠶᠢᠵᠠᠢ᠂ ᠠᠬ᠎ᠠ ᠠ ᠯᠦᠩ ᠨᠢ ᠪᠠᠭ᠎ᠠ ᠠᠴᠠ ᠪᠠᠨ ᠭᠠᠳᠠᠭᠰᠢ ᠭᠠᠷᠴᠤ ᠬᠥᠯᠥᠰᠥᠨ ᠠᠵᠢᠯ ᠬᠢᠵᠦ᠂ ᠳᠡᠭᠦᠦ ᠠ ᠬᠣ᠋ ᠨᠢ ᠰᠢᠶᠠᠨ ᠤ ᠭᠤᠣᠯᠳᠠᠯᠭ᠎ᠠ ᠲᠠᠢ ᠳᠤᠮᠳᠠᠳᠤ ᠰᠤᠷᠭᠠᠭᠤᠯᠢ ᠳᠤ ᠪᠢᠴᠢᠭ ᠦᠵᠡᠵᠦ ᠪᠠᠶᠢᠪᠠ᠃ ᠳᠡᠭᠡᠳᠦ ᠳᠤᠮᠳᠠᠲᠤ ᠶᠢᠨ ᠰᠢᠯᠭᠠᠯᠲᠠ ᠳᠤ ᠪᠠᠨ ᠠ ᠬᠤ᠋ ᠮᠠᠰᠢ ᠰᠠᠶᠢᠨ ᠰᠢᠯᠭᠠᠵᠤ ᠥᠪᠡᠷ ᠤᠨ ᠬᠦᠰᠡᠵᠦ ᠰᠠᠨᠠᠭᠰᠠᠨ ᠠᠭᠠᠷ ᠤᠨ ᠴᠡᠷᠢᠭ ᠤᠨ ᠠᠭᠠᠷ ᠠᠶᠠᠯᠠᠯ ᠤᠨ ᠶᠡᠭᠡ ᠰᠤᠷᠭᠠᠭᠤᠯᠢ ᠶᠢᠨ ᠨᠢᠰᠦᠯᠲᠡ ᠶᠢᠨ ᠮᠡᠷᠭᠡᠵᠢᠯ ᠤᠨ ᠲᠤᠰᠬᠠᠶ ᠮᠡᠷᠭᠡᠵᠢᠯ ᠳᠤ ᠨᠡᠷ᠎ᠡ ᠮᠡᠳᠡᠭᠦᠯᠪᠡ᠃ ᠡᠴᠦᠰ ᠲᠤ ᠨᠢ ᠡᠪᠡᠳᠴᠢᠨ ᠤ ᠲᠡᠦᠬᠡ ᠶᠢ ᠴᠤᠭᠯᠠᠭᠤᠯᠬᠤ ᠶᠠᠪᠤᠴᠠ ᠳᠤ ᠠ ᠬᠣ᠋ ᠨᠢᠳᠦᠨ ᠤ ᠮᠡᠰᠡ ᠵᠠᠰᠠᠯ ᠬᠢᠯᠭᠡᠭᠰᠡᠨ ᠢ ᠢᠯᠡᠷᠡᠭᠦᠯᠪᠡ ᠂ ᠭᠡᠪᠡᠴᠦ ᠠ ᠬᠣ᠋ ᠬᠠᠷᠠᠬᠠᠨ ᠪᠠᠭ᠎ᠠ ᠠᠴᠠ ᠪᠠᠨ ᠠᠭᠠᠷ ᠤᠨ ᠴᠡᠷᠢᠭ ᠤᠨ ᠨᠢᠰᠭᠡᠭᠴᠢ ᠪᠣᠯᠬᠤ ᠬᠦᠰᠡᠯ ᠲᠠᠢ ᠪᠠᠶᠢᠭᠰᠠᠨ ᠠᠴᠠ  ᠥᠪᠡᠷ ᠤᠨ ᠨᠢᠳᠦ ᠪᠠᠨ ᠣᠨᠴᠠᠭᠠᠶᠢᠯᠠᠨ ᠬᠠᠶᠢᠷᠠᠯᠠᠨ᠂ ᠨᠢᠳᠦᠨ ᠤ ᠮᠡᠰᠡ ᠵᠠᠰᠠᠯ ᠨᠢᠭᠡ ᠴᠤ ᠬᠢᠯᠭᠡᠵᠦ ᠪᠠᠶᠢᠭᠰᠠᠨ ᠦᠭᠡᠢ᠂ ᠴᠢᠨᠠᠭᠰᠢᠯᠠᠨ ᠡᠮᠨᠡᠯᠭᠡ ᠳᠤ ᠰᠠᠭᠤᠵᠤ ᠴᠤ ᠥᠩᠭᠡᠷᠡᠭᠰᠡᠨ ᠦᠭᠡᠢ᠃ ᠲᠡᠭᠡᠭᠡᠳ ᠡᠨᠡ ᠨᠢ ᠴᠣᠬᠤᠮ ᠶᠠᠮᠠᠷ ᠶᠠᠪᠤᠳᠠᠯ ᠪᠣᠯᠴᠢᠬᠠᠪᠠ︖ ᠤᠤᠯ ᠨᠢ ᠠ ᠬᠣ᠋ ᠶᠢ ᠳᠡᠭᠡᠳᠦ ᠨᠢᠭᠡ ᠪᠠᠶᠢᠬᠤ ᠦᠶ᠎ᠡ ᠳᠤ ᠠ ᠯᠦᠩ ᠪᠠᠷᠢᠯᠭ᠎ᠠ ᠶᠢᠨ ᠭᠠᠵᠠᠷ ᠲᠤ ᠠᠳᠡᠯ ᠠᠴᠠ ᠪᠣᠯᠵᠤ ᠨᠢᠳᠦᠨ ᠳᠤᠲᠤᠷ᠎ᠠ ᠨᠢ ᠴᠢᠰᠤ ᠭᠠᠷᠤᠭᠠᠳ ᠳᠠᠷᠤᠶᠢᠬᠠᠨ ᠡᠮᠨᠡᠯᠭᠡ ᠳᠤ ᠬᠦᠷᠭᠡᠵᠦ ᠪᠠᠶᠢᠵᠠᠢ᠃ ᠡᠮ ᠡᠮᠨᠡᠯᠭᠡ ᠶᠢᠨ ᠰᠦᠢᠳᠬᠡᠯ ᠳᠤᠲᠠᠭᠤ ᠭᠠᠷᠭᠠᠬᠤ ᠶᠢᠨ ᠲᠥᠯᠥᠭᠡ᠂ ᠡᠴᠢᠭᠡ ᠡᠬᠡ ᠨᠢ ᠠ ᠬᠣ᠋ ᠶᠢᠨ ᠰᠤᠷᠭᠠᠭᠤᠯᠢ ᠳᠤ ᠪᠠᠨ ᠣᠷᠣᠯᠴᠠᠭᠰᠠᠨ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠢ ᠪᠣᠳᠣᠵᠤ ᠣᠯᠣᠭᠠᠳ᠂ ᠠ ᠬᠤ᠋ ᠶᠢᠨ ᠡᠮᠴᠢᠯᠡᠭᠡᠨ ᠤ ᠳᠠᠭᠠᠳᠬᠠᠯ ᠤᠨ ᠺᠠᠷᠲ ᠢᠶᠠᠷ ᠠ ᠯᠦᠩ ᠢ ᠡᠮᠨᠡᠯᠭᠡ ᠳᠤ ᠰᠠᠭᠤᠯᠭᠠᠵᠤ ᠬᠠᠮᠢᠶ᠎ᠠ ᠪᠦᠬᠦᠢ ᠵᠠᠷᠤᠳᠠᠯ ᠢ ᠨᠢ ᠳᠠᠩᠰᠠ ᠲᠠᠶᠢᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠤ ᠡᠨᠡ ᠬᠦ ᠥᠴᠦᠬᠡᠨ ᠠᠰᠢᠭ ᠠᠴᠠ ᠠ ᠬᠣ᠋ ᠶᠢᠨ ᠨᠢᠭᠡ ᠨᠠᠰᠤᠨ ᠤ ᠬᠦᠰᠡᠯ ᠢ ᠦᠭᠡᠢ ᠬᠢᠨ᠎ᠡ ᠭᠡᠵᠦ ᠪᠣᠳᠤᠵᠤ ᠣᠯᠣᠭᠰᠠᠨ ᠦᠭᠡᠢ᠃  ᠨᠢᠭᠡᠨ ᠭᠤᠷᠪᠠᠳᠤᠭᠠᠷ ᠳᠡᠰ ᠤᠨ ᠬᠥᠬᠡ ᠳᠡᠰ ᠤᠨ ᠡᠮᠨᠡᠯᠭᠡ ᠶᠢᠨ ᠬᠤᠷᠢᠶᠠᠨ ᠤ ᠮᠢᠨᠴᠦᠭᠦᠷᠡᠭᠦᠯᠬᠦ ᠡᠮᠴᠢ ᠶᠢᠨ ᠶᠠᠷᠢᠵᠤ ᠥᠩᠭᠡᠷᠡᠭᠰᠡᠨ ᠦᠨᠡᠨ ᠤᠴᠢᠷ ᠪᠣᠢ᠃ ᠲᠦᠷᠦᠭᠦᠬᠡᠨ ᠲᠡᠷᠡ ᠲᠦᠷᠭᠡᠨ ᠠᠪᠤᠷᠠᠯᠲᠠ ᠶᠢᠨ ᠮᠡᠰᠡ ᠵᠠᠰᠠᠯ ᠬᠢᠪᠡ ᠂ ᠡᠪᠡᠳᠴᠢᠲᠡᠨ ᠲᠤᠬᠠᠢ ᠶᠢᠨ ᠦᠶ᠎ᠡ ᠳᠤ ᠨᠢᠭᠡᠨᠲᠡ ᠮᠠᠨᠠᠷᠠᠭᠰᠠᠨ ᠪᠥᠭᠡᠳ ᠭᠡᠷ ᠤᠨ ᠬᠥᠮᠥᠰ ᠨᠢ ᠪᠠᠰᠠ ᠢᠷᠡᠭᠡ ᠦᠭᠡᠢ ᠪᠠᠶᠢᠪᠠ ᠂ ᠲᠤᠰ ᠡᠮᠨᠡᠯᠭᠡ ᠶᠢᠨ ᠬᠤᠷᠢᠶᠠᠨ ᠤ ᠰᠢᠰᠲ᠋ᠧᠮ ᠠᠴᠠ ᠲᠤᠰ ᠡᠪᠡᠳᠴᠢᠲᠡᠨ ᠮᠡᠰᠡ ᠵᠠᠰᠠᠯ ᠬᠢᠯᠭᠡᠭᠰᠡᠨ ᠥᠩᠭᠡᠷᠡᠯᠲᠡ ᠲᠠᠢ ᠂ ᠲᠤᠬᠠᠢ ᠶᠢᠨ ᠦᠶ᠎ᠡ ᠳᠤ ᠮᠢᠨᠴᠦᠭᠦᠷᠡᠭᠦᠯᠬᠦ ᠡᠮ ᠤᠨ ᠬᠡᠮᠵᠢᠶ᠎ᠡ ᠨᠢ ᠡᠩ ᠤᠨ ᠬᠥᠮᠥᠨ ᠠᠴᠠ ᠢᠯᠡᠳᠲᠡ ᠥᠨᠳᠥᠷ ᠪᠠᠶᠢᠬᠤ ᠶᠢ ᠢᠯᠡᠷᠡᠭᠦᠯᠵᠡᠢ ᠂ ᠲᠡᠭᠦᠨ ᠤ ᠤᠯᠠᠨ ᠵᠢᠯ ᠤᠨ ᠲᠤᠷᠰᠢᠯᠭ᠎ᠠ ᠪᠠᠷ ᠲᠤᠰ ᠡᠪᠡᠳᠴᠢᠲᠡᠨ ᠤᠷᠲᠤ ᠬᠤᠭᠤᠴᠠᠭ᠎ᠠ ᠶᠢᠨ ᠠᠷᠢᠬᠢᠨ ᠰᠢᠨᠤᠯ  ᠲᠠᠢ ᠪᠠᠶᠢᠬᠤ ᠪᠠᠷ ᠮᠠᠭᠠᠳᠯᠠᠭᠠᠳ ᠂ ᠡᠮᠦᠨᠡᠬᠢ ᠬᠤᠭᠤᠴᠠᠭᠠᠨ ᠤ ᠬᠡᠮᠵᠢᠶ᠎ᠡ ᠪᠠᠷ ᠨᠢ ᠯᠠᠪᠯᠠᠯᠲᠠ ᠪᠣᠯᠭᠠᠵᠤ ᠮᠢᠨᠴᠦᠭᠦᠷᠡᠭᠦᠯᠪᠡ ᠃ ᠤᠳᠠᠯ ᠦᠭᠡᠢ ᠡᠪᠡᠳᠴᠢᠲᠡᠨ ᠥᠪᠡᠷᠲᠡᠭᠡᠨ ᠠᠮᠢᠰᠬᠤᠬᠤ ᠴᠢᠳᠠᠪᠤᠷᠢ ᠪᠠᠨ ᠠᠯᠳᠠᠭᠰᠠᠨ ᠰᠢᠨᠵᠢ ᠢᠯᠡᠷᠡᠪᠡ ᠂ ᠥᠭᠡᠷ᠎ᠡ ᠪᠠᠷ ᠬᠡᠯᠡᠪᠡᠯ ᠮᠢᠨᠴᠦᠭᠦᠷᠡᠭᠦᠯᠬᠦ ᠡᠮ ᠬᠡᠲᠦᠷᠡᠭᠰᠡᠨ ᠤ ᠢᠯᠡᠷᠡᠯ ᠪᠣᠯᠣᠨ᠎ᠠ ᠂ ᠬᠡᠷᠪᠡ ᠲᠦᠷᠭᠡᠨ ᠠᠪᠤᠷᠠᠯᠲᠠ ᠬᠢᠭᠰᠡᠨ ᠦᠭᠡᠢ ᠪᠣᠯ ᠡᠮᠴᠢᠯᠡᠭᠡᠨ ᠤ ᠭᠡᠨᠡᠳᠡᠯ ᠭᠠᠷᠬᠤ ᠪᠣᠯᠣᠨ᠎ᠠ᠃ ᠰᠡᠭᠦᠯᠡᠷ ᠨᠢ ᠭᠡᠷ ᠤᠨ ᠬᠥᠮᠥᠰ ᠠᠴᠠ ᠨᠢ ᠠᠰᠠᠭᠤᠭᠠᠳ ᠰᠠᠶ᠋ᠢ ᠮᠡᠳᠡᠭᠰᠡᠨ ᠨᠢ᠂ ᠡᠪᠡᠳᠴᠢᠲᠡᠨ ᠥᠪᠡᠷ ᠢᠶᠠᠨ ᠠᠷᠢᠬᠢ ᠤᠤᠭᠤᠬᠤ ᠦᠭᠡᠢ᠂ ᠡᠭᠦᠨ ᠠᠴᠠ ᠡᠮᠦᠨᠡᠬᠢ ᠮᠡᠰᠡ ᠵᠠᠰᠠᠯ ᠤᠨ ᠲᠡᠦᠬᠡ ᠪᠣᠯ ᠡᠪᠡᠳᠴᠢᠲᠡᠨ ᠡᠮᠴᠢᠯᠡᠭᠡᠨ ᠤ ᠳᠠᠭᠠᠳᠬᠠᠯ ᠤᠨ ᠺᠠᠷᠲ ᠢᠶᠠᠨ ᠤᠳᠠᠭᠠᠨ ᠵᠢᠯ ᠤᠨ ᠠᠷᠢᠬᠢᠨ ᠰᠢᠨᠤᠯ ᠲᠠᠢ ᠲᠥᠷᠥᠯ ᠰᠠᠳᠤᠨ ᠳᠤ ᠪᠠᠨ ᠵᠢᠭᠡᠯᠡᠭᠦᠯᠦᠭᠰᠡᠨ  ᠠᠴᠠ ᠪᠤᠶ ᠪᠣᠯᠤᠭᠰᠠᠨ ᠶᠤᠮ᠃  ᠡᠶᠢᠮᠦ ᠠᠴᠠ᠂ ᠡᠮᠴᠢᠯᠡᠭᠡᠨ ᠤ ᠳᠠᠭᠠᠳᠬᠠᠯ ᠤᠨ ᠺᠠᠷᠲ ᠢᠶᠠᠨ ᠵᠢᠭᠡᠯᠡᠭᠦᠯᠬᠦ ᠶᠢ ᠨᠢᠭᠡᠨ ᠥᠴᠦᠬᠡᠨ ᠶᠠᠪᠤᠳᠠᠯ ᠭᠡᠵᠦ ᠶᠠᠭᠠᠬᠢᠭᠰᠠᠨ ᠴᠤ ᠪᠣᠳᠣᠵᠤ ᠪᠣᠯᠬᠤ ᠦᠭᠡᠶ᠂ ᠰᠤᠷᠭᠠᠭᠤᠯᠢ ᠳᠤ ᠣᠷᠤᠵᠤ ᠠᠵᠢᠯ ᠣᠯᠬᠤ ᠶᠢ ᠨᠥᠯᠥᠭᠡᠯᠡᠵᠦ ᠮᠡᠳᠡᠬᠦ ᠠᠴᠠ ᠭᠠᠳᠠᠨ᠎ᠠ᠂ ᠡᠮᠴᠢ ᠶᠢᠨ ᠬᠡᠪ ᠤᠨ ᠣᠨᠣᠰᠢᠯᠠᠨ ᠡᠮᠨᠡᠬᠦ ᠮᠠᠭᠠᠳᠯᠠᠯᠲᠠ ᠶᠢ ᠴᠤ ᠨᠦᠯᠦᠭᠡᠯᠡᠵᠦ ᠪᠠᠰᠠ ᠤᠷᠢᠳᠴᠢᠯᠠᠨ ᠪᠣᠳᠣᠵᠤ ᠳᠡᠶᠢᠯᠬᠦ ᠦᠭᠡᠶ ᠪᠤᠰᠤᠳ ᠳᠠᠯᠳᠠ ᠭᠡᠮ ᠲᠠᠢ ᠪᠠᠶᠢᠬᠤ ᠶᠢᠨ ᠬᠠᠮᠲᠤ ᠬᠠᠤᠯᠢ ᠴᠠᠭᠠᠵᠠ ᠶᠢᠨ ᠲᠦᠭᠰᠢᠭᠦᠷᠢ ᠳᠤ ᠲᠤᠯᠭᠠᠷᠠᠵᠤ ᠮᠡᠳᠡᠨ᠎ᠡ᠃  ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠤᠨ ᠳᠠᠭᠠᠳᠬᠠᠯ ᠤᠨ ᠬᠠᠤᠯᠢ︾᠂ ︽ᠨᠡᠶᠢᠭᠡᠮ ᠤᠨ ᠳᠠᠭᠠᠳᠬᠠᠯ ᠢ ᠡᠷᠬᠢᠯᠡᠨ ᠭᠦᠢᠴᠡᠳᠬᠡᠬᠦ ᠳᠦᠷᠢᠮ︾ ᠢ ᠦᠨᠳᠦᠰᠦᠯᠡᠨ᠂ ᠮᠡᠬᠡᠯᠡᠨ ᠬᠢᠬᠠᠬᠤ᠂ ᠭᠡᠷᠡᠴᠢᠯᠡᠬᠦ ᠮᠠᠲ᠋ᠧᠷᠢᠶᠠᠯ ᠢ ᠬᠠᠭᠤᠷᠮᠠᠭᠯᠠᠨ ᠵᠣᠬᠢᠶᠠᠬᠤ ᠪᠤᠶᠤ ᠪᠤᠰᠤᠳ ᠠᠷᠭ᠎ᠠ ᠪᠠᠷᠢᠯ ᠢᠶᠠᠷ ᠨᠡᠶᠢᠭᠡᠮ ᠤᠨ ᠳᠠᠭᠠᠳᠬᠠᠯ ᠤᠨ ᠣᠯᠭᠤᠮᠵᠢ ᠶᠢ ᠮᠡᠬᠡᠯᠡᠨ ᠠᠪᠤᠭᠰᠠᠨ ᠪᠣᠯ ᠨᠡᠶᠢᠭᠡᠮ ᠤᠨ ᠳᠠᠭᠠᠳᠬᠠᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠵᠠᠷᠯᠢᠭᠳᠠᠵᠤ ᠪᠠᠶᠢᠭᠠᠳ ᠮᠡᠬᠡᠯᠡᠨ ᠠᠪᠤᠭᠰᠠᠨ ᠨᠡᠶᠢᠭᠡᠮ ᠤᠨ ᠳᠠᠭᠠᠳᠬᠠᠯ ᠤᠨ ᠮᠥᠩᠭᠦ ᠶᠢ ᠨᠢ ᠪᠤᠴᠠᠭᠠᠯᠭᠠᠵᠤ ᠂ ᠮᠡᠬᠡᠯᠡᠨ ᠠᠪᠤᠭᠰᠠᠨ ᠵᠣᠭᠤᠰ ᠤᠨ ᠲᠤᠭ᠎ᠠ ᠶᠢᠨ ᠬᠤᠶᠠᠷ ᠳᠠᠬᠢᠨ ᠠᠴᠠ ᠳᠡᠭᠡᠭᠰᠢ ᠲᠠᠪᠤᠨ ᠳᠠᠬᠢᠨ ᠠᠴᠠ ᠳᠣᠷᠣᠭᠰᠢ ᠵᠣᠭᠤᠰ ᠢᠶᠠᠷ ᠲᠣᠷᠭᠠᠨ᠎ᠠ᠃ ︽ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠡᠷᠡᠭᠯᠡᠯᠲᠡ ᠳᠤ ᠬᠢᠨᠠᠯᠲᠠ ᠲᠠᠯᠪᠢᠵᠤ ᠬᠠᠮᠢᠶᠠᠷᠬᠤ ᠳᠦᠷᠢᠮ︾ ᠳᠤ ᠬᠤᠪᠢ ᠬᠥᠮᠦᠨ ᠥᠪᠡᠷ ᠤᠨ ᠢᠶᠠᠨ ᠡᠮᠴᠢᠯᠡᠭᠡᠨ ᠤ ᠪᠠᠲᠤᠯᠠᠭ᠎ᠠ ᠶᠢᠨ ᠭᠡᠷᠡᠴᠢ ᠪᠠᠷᠢᠮᠲᠠ ᠪᠠᠨ ᠪᠤᠰᠤᠳ ᠬᠥᠮᠦᠨ ᠳᠤ ᠲᠤᠰᠢᠶᠠᠵᠤ ᠬᠤᠳᠠᠯ ᠬᠠᠭᠤᠷᠮᠠᠭ ᠢᠶᠠᠷ ᠬᠡᠷᠡᠭᠯᠡᠭᠦᠯᠦᠭᠰᠡᠨ ᠪᠠᠶᠢᠪᠠᠯ᠂ ᠡᠮᠴᠢᠯᠡᠭᠡᠨ ᠤ ᠪᠠᠲᠤᠯᠠᠭ᠎ᠠ ᠶᠢᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠵᠠᠷᠯᠢᠭᠳᠠᠨ ᠵᠠᠯᠠᠷᠠᠭᠤᠯᠤᠭᠤᠯᠤᠨ᠎ᠠ︔ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢ ᠬᠤᠬᠢᠷᠠᠭᠤᠯᠤᠭᠰᠠᠨ ᠪᠠᠶᠢᠪᠠᠯ᠂ ᠵᠠᠷᠯᠢᠭᠳᠠᠵᠤ ᠪᠠᠶᠢᠭᠠᠳ ᠪᠤᠴᠠᠭᠠᠯᠭᠠᠨ᠎ᠠ︔ ᠳᠠᠭᠠᠳᠬᠠᠯ ᠳᠤ ᠣᠷᠣᠯᠴᠠᠭᠰᠠᠳ ᠲᠤ ᠬᠠᠷᠢᠶᠠᠯᠠᠭᠳᠠᠪᠠᠯ᠂ ᠡᠮᠴᠢᠯᠡᠭᠡᠨ ᠤ ᠵᠠᠷᠤᠳᠠᠯ ᠢ ᠰᠦᠯᠵᠢᠶ᠎ᠡ ᠪᠠᠷ ᠳ᠋ᠦᠩᠨᠡᠨ ᠪᠤᠳᠤᠬᠤ ᠶᠢ 3 ᠰᠠᠷ᠎ᠠ ᠠᠴᠠ 12 ᠰᠠᠷ᠎ᠠ ᠲᠦᠷ ᠵᠣᠭᠰᠣᠭᠠᠨ᠎ᠠ᠃ ᠪᠤᠰᠤᠳ ᠤᠨ ᠡᠮᠴᠢᠯᠡᠭᠡᠨ ᠤ ᠪᠠᠲᠤᠯᠠᠭ᠎ᠠ ᠶᠢᠨ ᠭᠡᠷᠡᠴᠢ ᠪᠠᠷᠢᠮᠲᠠ ᠶᠢ ᠬᠡᠷᠡᠭᠯᠡᠨ ᠬᠥᠮᠦᠨ ᠤ ᠨᠡᠷ᠎ᠡ ᠪᠠᠷ ᠡᠮᠨᠡᠭᠦᠯᠬᠦ᠂ ᠡᠮ ᠬᠤᠳᠠᠯᠳᠤᠨ ᠠᠪᠬᠤ ᠳᠤ ᠬᠦᠷᠪᠡᠯ᠂ ᠡᠮᠴᠢᠯᠡᠭᠡᠨ ᠤ ᠪᠠᠲᠤᠯᠠᠭ᠎ᠠ ᠶᠢᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠮᠡᠬᠡᠯᠡᠨ ᠠᠪᠤᠭᠰᠠᠨ ᠵᠣᠭᠤᠰ ᠤᠨ ᠲᠤᠭ᠎ᠠ ᠶᠢᠨ 2 ᠳᠡᠭᠢᠨ ᠠᠴᠠ ᠳᠡᠭᠡᠭᠰᠢ 5 ᠳᠡᠭᠢᠨ ᠠᠴᠠ ᠳᠣᠷᠣᠭᠰᠢ ᠵᠣᠭᠤᠰ ᠢᠶᠠᠷ ᠲᠣᠷᠭᠠᠨ᠎ᠠ ᠃  ᠢᠯᠠᠩᠭᠤᠶ᠎ᠠ ︽ᠡᠮᠴᠢᠯᠡᠭᠡᠨ᠋ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠡᠷᠡᠭᠯᠡᠯᠲᠡ ᠳᠤ ᠬᠢᠨᠠᠯᠲᠠ ᠲᠠᠯᠪᠢᠵᠤ ᠬᠠᠮᠢᠶᠠᠷᠬᠤ ᠳᠦᠷᠢᠮ︾ ᠨᠢ ᠲᠤᠰ ᠬᠥᠮᠦᠨ ᠤ ᠡᠮᠴᠢᠯᠡᠭᠡᠨ ᠤ ᠳᠠᠭᠠᠳᠬᠠᠯ ᠤᠨ ᠭᠡᠷᠡᠴᠢ ᠪᠠᠷᠢᠮᠲᠠ ᠪᠠ ᠪᠤᠰᠤᠳ ᠬᠥᠮᠦᠨ ᠤ ᠡᠮᠴᠢᠯᠡᠭᠡᠨ ᠤ ᠳᠠᠭᠠᠳᠬᠠᠯ ᠤᠨ ᠭᠡᠷᠡᠴᠢ ᠪᠠᠷᠢᠮᠲᠠ ᠶᠢ ᠵᠢᠭᠡᠯᠡᠨ ᠬᠡᠷᠡᠭᠯᠡᠭᠰᠡᠨ ᠬᠤᠶᠠᠷ ᠲᠠᠯ᠎ᠠ ᠳᠤ ᠴᠥᠮ ᠰᠢᠢᠳᠭᠡᠬᠦ ᠠᠷᠭ᠎ᠠ ᠪᠠ ᠪᠠᠷᠢᠮᠵᠢᠶ᠎ᠠ ᠶᠢ ᠲᠣᠳᠣᠷᠬᠠᠶ ᠲᠣᠭᠲᠠᠭᠠᠭᠰᠠᠨ ᠪᠠᠶᠢᠨ᠎ᠠ᠃ ᠡᠶᠢᠮᠦ ᠠᠴᠠ ᠣᠯᠠᠨ ᠢᠶᠠᠷ ᠢᠶᠠᠨ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠥᠪᠡᠷ ᠤᠨ ᠡᠮᠴᠢᠯᠡᠭᠡᠨ ᠤ ᠳᠠᠭᠠᠳᠬᠠᠯ ᠢᠶᠠᠨ ᠪᠤᠰᠤᠳ ᠲᠤ ᠵᠢᠭᠡᠯᠡᠭᠦᠯᠵᠦ ᠪᠣᠯᠬᠤ ᠥᠬᠡᠶ ᠮᠥᠷᠲᠡᠭᠡᠨ ᠪᠤᠰᠤᠳ ᠤᠨ ᠡᠮᠴᠢᠯᠡᠭᠡᠨ ᠤ ᠳᠠᠭᠠᠳᠬᠠᠯ ᠢ ᠴᠤ ᠵᠢᠭᠡᠯᠡᠨ ᠬᠡᠷᠡᠭᠯᠡᠵᠦ ᠪᠣᠯᠬᠤ ᠥᠬᠡᠶ᠃ 
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号