ᠲᠠᠶᠢᠯᠪᠤᠷᠢ ᠄ ᠲᠤᠰ ᠵᠣᠬᠢᠶᠠᠯ ᠨᠢ ᠡᠮ ᠡᠮᠨᠡᠯᠭᠡ ᠶᠢᠨ ᠰᠢᠨᠵᠢᠯᠡᠬᠦ ᠤᠬᠠᠭᠠᠨ ᠤ ᠲᠥᠭᠡᠮᠡᠯᠵᠢᠭᠦᠯᠦᠯ ᠤᠨ ᠭᠤᠤᠯ | ᠰᠡᠳᠦᠪ ᠲᠤ ᠨᠢᠭᠡᠳᠦᠭᠡᠷ ᠳᠡᠰ ᠤᠨ ᠱᠠᠩᠨᠠᠯ ᠢ ᠬᠦᠷᠲᠡᠪᠡ | ᠵᠢᠷᠦᠬᠡᠨ ᠲᠢᠲᠢᠮ ᠤᠨ ᠡᠪᠡᠳᠴᠢᠨ ᠂ ᠪᠦᠬᠦᠯᠢ ᠨᠡᠷ᠎ᠡ ᠨᠢ ︽ᠲᠢᠳᠢᠮᠯᠢᠭ ᠲᠠᠷᠬᠠᠭᠠᠬᠤ ᠰᠤᠳᠠᠯ ᠤᠨ | ᠥᠭᠡᠬᠦᠵᠢᠮᠡᠯ ᠬᠡᠯᠪᠡᠷᠢ ᠪᠠᠷ ᠬᠠᠲᠠᠭᠤᠷᠠᠬᠤ ᠴᠢᠨᠠᠷᠲᠠᠢ ᠡᠪᠡᠳᠴᠢᠨ︾ ᠂ ᠬᠥᠮᠦᠨ ᠤ ᠪᠡᠶ᠎ᠡ ᠶᠢᠨ ᠲᠢᠳᠢᠮᠯᠢᠭ ᠲᠠᠷᠬᠠᠭᠠᠬᠤ | ᠰᠤᠳᠠᠯ ᠳᠤ ᠥᠭᠡᠬᠦᠵᠢᠮᠡᠯ ᠬᠡᠯᠪᠡᠷᠢ ᠪᠠᠷ ᠬᠠᠲᠠᠭᠤᠷᠠᠬᠤ ᠴᠢᠨᠠᠷᠲᠠᠢ ᠡᠪᠡᠳᠴᠢᠨ ᠤ ᠬᠤᠪᠢᠷᠠᠯ ᠠᠴᠠ ᠲᠢᠳᠢᠮᠯᠢᠭ | ᠲᠠᠷᠬᠠᠭᠠᠬᠤ ᠰᠤᠳᠠᠯ ᠤᠨ ᠪᠦᠭᠯᠡᠷᠡᠯ ᠢ ᠪᠣᠢ ᠪᠣᠯᠭᠠᠵᠤ ᠂ ᠵᠢᠷᠦᠬᠡᠨ ᠪᠤᠯᠴᠢᠩ ᠤᠨ ᠴᠢᠰᠤ ᠳᠤᠲᠠᠬᠤ ᠪᠠ | ᠬᠦᠴᠢᠯᠲᠦ᠋ᠷᠦᠭᠴᠢ ᠳᠤᠲᠠᠬᠤ ᠵᠢᠴᠢ ᠦᠬᠦᠵᠢᠭᠰᠡᠨ ᠵᠢᠷᠦᠬᠡᠨ ᠡᠪᠡᠳᠴᠢᠨ ᠢ ᠡᠭᠦᠰᠭᠡᠨ᠎ᠡ ᠃ ᠳᠦᠭᠦᠮ ᠢᠶᠠᠷ | ᠣᠶᠢᠯᠠᠭᠠᠪᠠᠯ ᠂ ᠵᠢᠷᠦᠬᠡ ᠨᠢ ᠶᠠᠭ ᠯᠠ ᠵᠣᠭᠰᠤᠰᠢ ᠦᠭᠡᠢ ᠡᠷᠭᠢᠯᠳᠦᠳᠡᠭ ᠬᠥᠳᠡᠯᠭᠡᠭᠦᠷ ᠰᠢᠭ ᠪᠠᠶᠢᠵᠤ ᠪᠦᠬᠦ ᠪᠡᠶ᠎ᠡ ᠳᠤ | ᠴᠢᠰᠤ ᠶᠢ ᠬᠦᠷᠭᠡᠳᠡᠭ ᠃ ᠭᠡᠪᠡᠴᠦ ᠂ ᠡᠨᠡ ᠬᠦ ︽ ᠬᠥᠳᠡᠯᠭᠡᠭᠦᠷ ᠮᠠᠰᠢᠨ ︾ ᠨᠢ ᠪᠠᠰᠠ ᠥᠪᠡᠷ ᠤᠨ ᠢᠶᠠᠨ ᠭᠡᠰᠡᠨ ︽ | ᠮᠠᠰᠢᠨ ᠤ ᠲᠣᠰᠣ︾ ᠶᠢ ᠬᠡᠷᠡᠭᠯᠡᠵᠦ ᠡᠷᠭᠢᠯᠲᠡ ᠪᠠᠨ ᠪᠠᠲᠤᠯᠠᠳᠠᠭ ᠂ ᠬᠠᠷᠢᠨ ᠲᠢᠳᠢᠮᠯᠢᠭ ᠲᠠᠷᠬᠠᠭᠠᠬᠤ ᠰᠤᠳᠠᠯ ᠨᠢ | ᠵᠢᠷᠦᠬᠡᠨ ᠳᠤ ︽ᠲᠦᠯᠡᠰᠢ︾ ᠬᠦᠷᠭᠡᠬᠦ ᠬᠤᠭᠤᠯᠠᠶ ᠪᠣᠯᠤᠨ᠎ᠠ ᠃ ᠭᠡᠬᠦ ᠳᠤ ᠪᠠᠨ ᠥᠭᠡᠬᠦ ᠂ ᠾᠣᠯᠧᠰᠲ᠋ᠧᠷᠢᠨ ᠵᠡᠷᠭᠡ ︽ | ᠬᠤᠭ ᠨᠣᠪᠰᠢ︾ ᠨᠢ ᠡᠳᠡᠭᠡᠷ ᠳᠠᠮᠵᠢᠭᠤᠯᠬᠤ ᠬᠤᠭᠤᠯᠠᠢ ᠳᠤ ᠬᠤᠷᠠᠮᠳᠤᠭᠠᠳ ᠴᠢᠰᠤᠨ ᠤ ᠡᠷᠭᠢᠯᠲᠡ ᠶᠢ | ᠮᠠᠭᠤᠲᠠᠭᠤᠯᠪᠠᠯ ᠵᠢᠷᠦᠬᠡᠨ ᠳᠤ ︽ᠲᠣᠰᠤᠨ ᠤ ᠬᠠᠩᠭᠠᠯᠭ᠎ᠠ ᠭᠦᠢᠴᠡᠳ ᠪᠣᠰᠣ ︾ ᠪᠠᠶᠢᠳᠠᠯ ᠢ ᠡᠭᠦᠰᠬᠡᠵᠦ ᠂ ᠡᠬᠢᠯᠡᠭᠡᠳ | ︽ᠥᠯᠥᠰᠬᠦᠯᠡᠩ︾ ᠪᠠᠶᠢᠳᠠᠯ ᠭᠠᠷᠬᠤ ᠪᠣᠯᠤᠨ᠎ᠠ ᠃ ᠴᠠᠭ ᠤᠨ ᠤᠷᠲᠤᠰᠤᠯ ᠢ ᠳᠠᠭᠠᠯᠳᠤᠨ ᠂ ᠵᠢᠷᠦᠬᠡ ︽ᠠᠵᠢᠯ | ᠬᠠᠶᠠᠯᠲᠠ ᠶᠠᠪᠤᠭᠤᠯᠵᠤ ︾ ᠂ ᠵᠢᠷᠦᠬᠡ ᠪᠠᠵᠠᠯᠠᠵᠤ ᠡᠪᠡᠳᠬᠦ ᠡᠪᠡᠳᠴᠢᠨ ᠢ ᠡᠭᠦᠰᠬᠡᠵᠦ ᠂ ᠨᠣᠴᠢᠲᠠᠢ ᠦᠶ᠎ᠡ ᠳᠤ | ᠴᠢᠨᠠᠭᠰᠢᠯᠠᠪᠠᠯ ᠵᠢᠷᠦᠬᠡᠨ ᠤ ᠪᠤᠯᠴᠢᠩ ᠪᠢᠲᠡᠭᠦᠷᠡᠨ ᠦᠬᠦᠵᠢᠬᠦ ᠪᠠᠶᠢᠳᠠᠯ ᠢ ᠪᠣᠢ ᠪᠣᠯᠭᠠᠨ᠎ᠠ ︕ ᠡᠶᠢᠮᠦ ᠠᠴᠠ ᠲᠢᠳᠢᠮᠯᠢᠭ | ᠲᠠᠷᠬᠠᠭᠠᠬᠤ ᠰᠤᠳᠠᠯ ᠨᠢ ᠵᠢᠷᠦᠬᠡ ᠲᠡᠷᠡᠴᠢᠯᠡᠨ ᠠᠮᠢ ᠨᠠᠰᠤᠨ ᠳᠤ ᠠᠪᠴᠤ ᠬᠡᠯᠡᠪᠡᠯ ᠮᠠᠰᠢ ᠴᠢᠬᠤᠯᠠ ᠪᠠᠶᠢᠳᠠᠭ ᠃ | | | | | | ᠲᠢᠳᠢᠮᠯᠢᠭ ᠲᠠᠷᠬᠠᠭᠠᠬᠤ ᠰᠤᠳᠠᠯ ᠤᠨ ᠴᠢᠰᠤᠨ ᠰᠤᠳᠠᠯ ᠨᠠᠷᠢᠰᠤᠭᠰᠠᠨ ᠪᠤᠶᠤ ᠪᠥᠭᠯᠡᠷᠡᠭᠰᠡᠨ ᠠᠴᠠ | ᠵᠢᠷᠦᠬᠡᠨ ᠳᠤ ︽ᠲᠦᠯᠡᠰᠢᠨ ︾ ᠤ ᠬᠠᠩᠭᠠᠯᠭ᠎ᠠ ᠶᠢ ᠨᠦᠯᠦᠭᠡᠯᠡᠭᠰᠡᠨ ᠲᠤᠯᠠ ᠡᠨᠡ ᠦᠶ᠎ᠡ ᠳᠤ ︽ᠵᠠᠮ ᠢ ᠵᠠᠰᠠᠬᠤ︾ | ᠴᠢᠬᠤᠯᠠᠲᠠᠢ ᠪᠣᠯᠵᠠᠢ ᠃ ᠡᠮᠴᠢ ᠨᠢ ᠶᠠᠭ ᠲᠤᠰᠬᠠᠶ ᠮᠡᠷᠭᠡᠵᠢᠯ ᠤᠨ ︽ᠵᠠᠮ ᠵᠠᠰᠠᠬᠤ ᠠᠵᠢᠯᠴᠢᠨ︾ ᠰᠢᠭ᠋ ᠪᠠᠶᠢᠵᠤ ᠂ | ᠴᠢᠰᠤᠨ ᠰᠤᠳᠠᠯ ᠤᠨ ᠪᠥᠭᠯᠡᠷᠡᠭᠰᠡᠨ ᠪᠠᠶᠢᠳᠠᠯ ᠢ ᠦᠨᠳᠦᠰᠦᠯᠡᠨ ᠦᠨᠡᠯᠡᠨ ᠵᠢᠱᠢᠭᠰᠡᠨ ᠤ ᠳᠠᠷᠠᠭ᠎ᠠ ᠲᠣᠬᠢᠷᠠᠮᠵᠢᠲᠠᠶ | ᠡᠮᠨᠡᠨ ᠵᠠᠰᠠᠬᠤ ᠠᠷᠭ᠎ᠠ ᠶᠢ ᠰᠣᠩᠭᠤᠨ᠎ᠠ ᠃ ᠠᠷᠠᠰᠤᠨ ᠤ ᠲᠢᠲᠢᠮᠯᠢᠭ ᠲᠠᠷᠬᠠᠭᠠᠬᠤ ᠰᠤᠳᠠᠯ ᠤᠨ ᠵᠠᠰᠠᠯ ︵PCI︶ | ᠪᠣᠯ ᠨᠢᠭᠡ ᠵᠦᠢᠯ ᠤᠨ ᠪᠢᠴᠢᠯ ᠰᠦᠪᠡᠲᠦ ᠮᠡᠰᠡ ᠵᠠᠰᠠᠯ ᠪᠣᠯᠤᠨ᠎ᠠ ᠂ ᠮᠠᠰᠢ ᠨᠠᠷᠢᠬᠠᠨ ᠳᠠᠮᠵᠢᠭᠤᠯᠬᠤ ᠬᠤᠭᠤᠯᠠᠢ ᠪᠠᠷ | ᠵᠢᠵᠢᠭᠬᠡᠨ ᠲᠣᠣᠷᠯᠢᠭ ᠬᠤᠭᠤᠯᠠᠢ ︵ᠳᠠᠷᠤᠢ ᠲᠢᠲᠢᠮᠯᠢᠭ ᠲᠠᠷᠬᠠᠭᠠᠬᠤ ᠰᠤᠳᠠᠯ ᠤᠨ ᠲᠡᠯᠡᠭᠦᠷ ︶ ᠶᠢ ᠢᠪᠴᠤᠤ ᠴᠢᠰᠤᠨ | ᠰᠤᠳᠠᠯ ᠳᠤ ᠣᠷᠣᠭᠤᠯᠤᠨ᠎ᠠ ᠃ ᠲᠡᠯᠡᠭᠦᠷ ᠨᠢ ︽ᠨᠦᠬᠡᠨ ᠵᠠᠮ ᠢ ᠲᠡᠯᠡᠬᠦ ︾ ᠲᠠᠢ ᠠᠳᠠᠯᠢ ᠪᠠᠷ ᠂ ᠲᠦᠭᠵᠢᠷᠡᠭᠰᠡᠨ | ᠴᠢᠰᠤᠨ ᠰᠤᠳᠠᠯ ᠢ ᠲᠡᠯᠡᠵᠦ ᠂ ︽ᠵᠠᠮ ᠬᠠᠷᠢᠯᠴᠠᠭ᠎ᠠ︾ ᠶᠢ ᠰᠡᠷᠭᠦᠭᠡᠨ ᠂ ᠴᠢᠰᠤ ᠶᠢ ᠳᠠᠬᠢᠨ ᠰᠢᠨ᠎ᠡ ᠪᠠᠷ ᠰᠠᠭᠠᠳ | ᠦᠭᠡᠢ ᠵᠢᠷᠦᠬᠡ ᠤᠷᠤᠭᠤ ᠤᠷᠤᠰᠤᠭᠤᠯᠵᠤ ᠂ ᠲᠡᠭᠦᠨ ᠤ ᠦᠷᠭᠦᠯᠵᠢᠯᠡᠨ ᠭᠦᠢᠴᠡᠳ ︽ᠲᠦᠯᠡᠰᠢ︾ ᠬᠦᠷᠲᠡᠬᠦ ᠶᠢ | ᠪᠠᠲᠤᠯᠠᠨ᠎ᠠ ᠃ ᠡᠨᠡ ᠪᠣᠯ ᠳᠠᠷᠤᠢ ᠵᠢᠷᠦᠬᠡᠨ ᠤ ᠲᠡᠯᠡᠭᠦᠷ ᠤᠨ ᠵᠠᠩᠭᠢᠯᠠᠭ᠎ᠠ ᠶᠢᠨ ᠦᠢᠯᠡᠳᠦᠯ ᠪᠣᠯᠣᠨ᠎ᠠ ᠃ | ︽ᠳᠤᠮᠳᠠᠳᠤ ᠤᠯᠤᠰ ᠤᠨ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠬᠢᠭᠡᠳ ᠡᠪᠡᠳᠴᠢᠨ ᠤ | ᠮᠡᠳᠡᠭᠦᠯᠦᠯᠲᠡ 2019︾ ᠶᠢᠨ ᠪᠦᠷᠢᠳᠬᠡᠯ ᠢ ᠦᠨᠳᠦᠰᠦᠯᠡᠪᠡᠯ ᠂ ᠮᠠᠨ ᠤ ᠤᠯᠤᠰ ᠤᠨ ᠵᠢᠷᠦᠬᠡ ᠴᠢᠰᠤᠨ ᠰᠤᠳᠠᠯ ᠤᠨ | ᠡᠪᠡᠳᠴᠢᠲᠡᠨ 3.3 ᠳ᠋ᠦᠩᠰᠢᠭᠤᠷ ᠲᠤ ᠬᠦᠷᠴᠦ ᠂ ᠵᠢᠯ ᠪᠦᠷᠢ PCI ᠮᠡᠰᠡ ᠵᠠᠰᠠᠯ ᠬᠢᠵᠦ ᠪᠣᠢ ᠵᠢᠱᠢᠶ᠎ᠡ 100 | ᠲᠦᠮᠡ ᠶᠢ ᠳᠠᠪᠠᠵᠠᠶ ᠃ ᠡᠳᠡᠭᠡᠷ ᠡᠪᠡᠳᠴᠢᠲᠡᠨ ᠤ ︽ᠠᠮᠢ ᠨᠠᠰᠤᠨ ᠤ ᠵᠠᠮ︾ ᠢ ᠨᠢ ᠥᠷᠭᠡᠳᠬᠡᠬᠦ ᠶᠢᠨ ᠲᠤᠰᠠᠳᠠ ᠵᠢᠯ | ᠪᠦᠷᠢ ᠪᠠᠷᠤᠭ 150 ᠲᠦᠮᠡᠨ ᠵᠢᠷᠦᠬᠡᠨ ᠤ ᠲᠡᠯᠡᠭᠦᠷ ᠢ ᠬᠡᠷᠡᠭᠯᠡᠵᠦ ᠂ ᠶᠡᠷᠦᠩᠬᠡᠶ ᠵᠠᠷᠤᠳᠠᠯ ᠨᠢ ᠪᠠᠷᠤᠭ 150 | ᠳ᠋ᠦᠩᠰᠢᠭᠤᠷ ᠲᠥᠭᠦᠷᠢᠭ ᠲᠤ ᠬᠦᠷᠴᠦ ᠪᠠᠶᠢᠨ᠎ᠠ ᠃ ᠬᠡᠳᠦ᠋ᠢᠪᠡᠷ ᠵᠢᠵᠢᠭᠬᠡᠨ ᠨᠢᠭᠡ ᠲᠡᠯᠡᠭᠦᠷ ᠤᠨ ᠬᠦᠨᠳᠦ ᠨᠢ 0.03 | ᠭᠷᠠᠮ ᠬᠦᠷᠬᠦ ᠦᠭᠡᠢ ᠪᠠᠶᠢᠯ᠎ᠠ ᠴᠤ ᠲᠡᠷᠡ ᠨᠢ ᠠᠯᠲᠠ ᠠᠴᠠ ᠪᠠᠰᠠ ᠦᠨᠡᠲᠡᠢ ᠪᠠᠶᠢᠳᠠᠭ ᠃ ᠲᠡᠷᠡ ᠨᠢ ᠠᠮᠢ ᠨᠠᠰᠤ ᠶᠢ | ᠠᠪᠤᠷᠠᠬᠤ ︽ᠡᠯᠴᠢᠨ ︾ ᠂ ᠭᠡᠲᠡᠯ᠎ᠡ ᠡᠪᠡᠳᠴᠢᠲᠡᠨ ᠳᠤ ᠪᠠᠰᠠ ᠬᠦᠨᠳᠦ ᠨᠦᠰᠡᠷ ᠡᠮᠴᠢᠯᠡᠭᠡᠨ ᠤ ᠰᠦᠢᠳᠬᠡᠯ ᠤᠨ ︽ | ᠳᠠᠷᠤᠭᠠᠰᠤ ︾ ᠶᠢ ᠪᠣᠢ ᠪᠣᠯᠭᠠᠳᠠᠭ ᠃ | | | | | | ᠡᠨᠡ ᠬᠦ ᠠᠰᠠᠭᠤᠳᠠᠯ ᠢ ᠰᠢᠢᠳᠪᠦᠷᠢᠯᠡᠬᠦ ᠶᠢᠨ ᠲᠤᠰᠠᠳᠠ ᠂ 2021 ᠣᠨ ᠳᠤ ᠂ ᠲᠢᠲᠢᠮᠯᠢᠭ ᠲᠠᠷᠬᠠᠭᠠᠬᠤ | ᠰᠤᠳᠠᠯ ᠤᠨ ᠲᠡᠯᠡᠭᠦᠷ ᠢ ᠲᠥᠪᠯᠡᠷᠡᠭᠦᠯᠦᠨ ᠬᠡᠮᠵᠢᠶ᠎ᠡ ᠲᠠᠢ ᠬᠤᠳᠠᠯᠳᠤᠨ ᠠᠪᠬᠤ ᠠᠵᠢᠯ ᠰᠧᠴᠤᠸᠠᠨ ᠳᠤ ᠵᠢᠩᠬᠢᠨᠢ ᠪᠠᠷ | ᠡᠬᠢᠯᠡᠪᠡ ᠃ ᠵᠢᠷᠦᠬᠡᠨ ᠰᠤᠳᠠᠯ ᠤᠨ ᠲᠡᠯᠡᠭᠦᠷ ᠨᠢ ︽ᠪᠥᠯᠭᠦᠮ ᠢᠶᠠᠷ ᠬᠤᠳᠠᠯᠳᠤᠨ ᠠᠪᠴᠤ ᠶᠡᠭᠡ ᠪᠠᠷ ᠠᠬᠢᠭᠤᠯᠬᠤ︾ | ᠶᠢ ᠤᠭᠲᠤᠨ ᠠᠪᠴᠢᠷᠠᠵᠤ ᠂ ᠦᠨ᠎ᠡ ᠨᠢ ᠲᠦᠮᠡ ᠭᠠᠷᠤᠶ ᠲᠥᠭᠦᠷᠢᠭ ᠪᠠᠶᠢᠭᠰᠠᠨ ᠠᠴᠠ ᠪᠠᠨ ᠰᠢᠭᠤᠳ 700 | ᠲᠥᠭᠦᠷᠢᠭ ᠣᠷᠴᠢᠮ ᠪᠣᠯᠲᠠᠯ᠎ᠠ ᠪᠠᠭᠤᠷᠠᠭᠰᠠᠨ ᠪᠥᠭᠡᠳ ᠪᠥᠬᠦ ᠬᠡᠮᠵᠢᠶ᠎ᠡ ᠪᠠᠷ ᠨᠢ ᠡᠮᠴᠢᠯᠡᠭᠡᠨ ᠤ ᠳᠠᠭᠠᠳᠬᠠᠯ ᠳᠤ | ᠣᠷᠤᠭᠤᠯᠪᠠ ᠃ ᠡᠨᠡ ᠬᠦ ᠲᠥᠷᠥ ᠶᠢᠨ ᠪᠣᠳᠣᠯᠭ᠎ᠠ ᠨᠢ ᠡᠪᠡᠳᠴᠢᠲᠡᠨ ᠤ ᠠᠵᠤ ᠠᠬᠤᠶ ᠶᠢᠨ ᠳᠠᠷᠤᠭᠠᠰᠤ ᠶᠢ | ᠲᠦᠢᠯ ᠤᠨ ᠶᠡᠭᠡ ᠪᠠᠷ ᠬᠥᠩᠭᠡᠷᠡᠭᠦᠯᠦᠭᠰᠡᠨ ᠢᠶᠠᠷ ᠪᠠᠷᠠᠬᠤ ᠥᠬᠡᠶ ᠪᠠᠰᠠ ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ | ᠲᠣᠭᠲᠠᠯᠴᠠᠭ᠎ᠠ ᠶᠢᠨ ᠵᠢᠷᠦᠬᠡ ᠴᠢᠰᠤᠨ ᠰᠤᠳᠠᠯ ᠤᠨ ᠡᠪᠡᠳᠴᠢᠨ ᠡᠮᠭᠡᠭ ᠢ ᠡᠮᠨᠡᠨ ᠵᠠᠰᠠᠬᠤ ᠳᠡᠮᠵᠢᠯᠭᠡ ᠶᠢ | ᠴᠢᠩᠭᠠᠳᠬᠠᠵᠤ ᠂ ᠡᠮᠴᠢᠯᠡᠭᠡᠨ ᠤ ᠡᠲᠡᠭᠡᠳ ᠤᠨ ᠬᠢᠨ ᠤ ︽ᠬᠤᠤᠰ ᠠᠷᠪᠠᠨ ᠨᠢᠭᠡ ︾ ᠰᠢᠭ ᠪᠠᠶᠢᠵᠤ ᠂ | ᠡᠪᠡᠳᠴᠢᠲᠡᠨ ᠳᠤ ᠦᠨᠡᠨ ᠪᠣᠳᠠᠲᠠᠶ ᠪᠣᠳᠠᠲᠤ ᠠᠰᠢᠭ ᠬᠦᠷᠲᠡᠭᠡᠪᠡ ᠃ | | | | | | ᠦᠨ᠎ᠡ ᠨᠢ ᠬᠢᠮᠳᠠᠬᠠᠨ ᠪᠣᠯ ᠴᠢᠨᠠᠷ ᠨᠢ ᠠᠨᠠᠢ ᠭᠡᠵᠦ ᠪᠢᠲᠡᠭᠡᠢ ᠪᠣᠳᠣᠭᠠᠷᠠᠢ ᠂ ᠲᠥᠪᠯᠡᠷᠡᠭᠦᠯᠦᠨ ᠬᠤᠳᠠᠯᠳᠤᠨ | ᠠᠪᠤᠭᠰᠠᠨ ᠵᠢᠷᠦᠬᠡᠨ ᠰᠤᠳᠠᠯ ᠤᠨ ᠲᠡᠯᠡᠭᠦᠷ ᠨᠢ ᠬᠡᠷᠡᠭ ᠳᠡᠭᠡᠷ᠎ᠡ ᠪᠠᠨ ᠴᠢᠨᠠᠷ ᠰᠠᠶᠢᠲᠠᠢ ︽ᠬᠠᠭᠤᠴᠢᠨ ᠨᠠᠶᠢᠵᠠ︾ | ᠪᠣᠯᠣᠨ᠎ᠠ ᠃ ᠲᠥᠪᠯᠡᠷᠡᠭᠦᠯᠦᠨ ᠬᠤᠳᠠᠯᠳᠤᠨ ᠠᠪᠬᠤ ᠠᠴᠠ ᠡᠮᠦᠨ᠎ᠡ ᠂ ᠵᠠᠬ᠎ᠠ ᠳᠡᠯᠭᠡᠭᠦᠷ ᠤᠨ ᠡᠮᠦᠨ᠎ᠡ ᠠᠷᠪᠠ ᠶᠢᠨ | ᠪᠣᠷᠤᠯᠠᠭᠤᠯᠭ᠎ᠠ ᠶᠢᠨ ᠬᠡᠮᠵᠢᠶ᠎ᠡ ᠲᠠᠢ ᠲᠡᠯᠡᠭᠦᠷ ᠤᠨ ᠨᠡᠷᠡᠲᠦ ᠲᠡᠮᠳᠡᠭᠲᠦ ᠠᠴᠠ ᠲᠤᠯᠤᠭᠠᠨ ᠲᠦᠷᠦᠯ ᠤᠨ ᠬᠢᠨ | ᠠᠮᠵᠢᠯᠲᠠ ᠲᠠᠢ ᠪᠠᠷ ᠳᠠᠭᠠᠭᠠᠴᠢᠯᠠᠯᠲᠠ ᠬᠦᠯᠢᠶᠡᠵᠦ ᠲᠥᠪᠯᠡᠷᠡᠭᠦᠯᠦᠨ ᠬᠤᠳᠠᠯᠳᠤᠨ ᠠᠪᠬᠤ ᠳᠤ ᠣᠷᠤᠭᠤᠯᠤᠨ᠎ᠠ ᠂ | ᠡᠨᠡ ᠨᠢ ᠲᠥᠪᠯᠡᠷᠡᠭᠦᠯᠦᠨ ᠬᠤᠳᠠᠯᠳᠤᠨ ᠠᠪᠬᠤ ᠡᠷᠬᠡ ᠰᠦᠷᠲᠦ ᠴᠢᠨᠠᠷ ᠢ ᠭᠦᠢᠴᠡᠳ ᠭᠡᠷᠡᠴᠢᠯᠡᠪᠡ ᠃ ᠲᠡᠯᠡᠭᠦᠷ ᠤᠨ | ᠦᠨ᠎ᠡ ᠶᠢ ᠪᠠᠭᠤᠷᠠᠭᠤᠯᠬᠤ ᠶᠢᠨ ᠬᠠᠮᠲᠤ ᠪᠠᠰᠠ ᠴᠢᠨᠠᠷ ᠨᠢ ᠰᠠᠶᠢᠨ ᠪᠠᠶᠢᠬᠤ ᠶᠢ ᠪᠠᠲᠤᠯᠠᠬᠤ ᠶᠢᠨ ᠲᠤᠰᠠᠳᠠ ᠂ | ᠤᠯᠤᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠪᠣᠯᠤᠨ ᠤᠯᠠᠨ ᠬᠠᠮᠢᠶ᠎ᠠ ᠪᠦᠬᠦᠢ | ᠰᠠᠯᠠᠭ᠎ᠠ ᠮᠥᠴᠢᠷ ᠤᠳ ᠨᠢᠭᠲᠠ ᠬᠠᠮᠲᠤᠷᠠᠯᠴᠠᠵᠤ ᠂ ᠲᠡᠯᠡᠭᠦᠷ ᠤᠨ ᠴᠢᠨᠠᠷ ᠲᠤ ᠪᠦᠬᠦ ᠶᠠᠪᠤᠴᠠ ᠶᠢ ᠮᠥᠷᠳᠡᠬᠦ ᠪᠠ ᠪᠦᠬᠦ | ᠲᠠᠯ᠎ᠠ ᠶᠢᠨ ᠬᠢᠨᠠᠯᠲᠠ ᠬᠠᠮᠢᠶᠠᠷᠤᠯᠲᠠ ᠶᠢ ᠬᠡᠷᠡᠭᠵᠢᠭᠦᠯᠪᠡ ᠃ ᠡᠨᠡ ᠨᠢ ᠵᠢᠷᠦᠬᠡᠨ ᠰᠤᠳᠠᠯ ᠤᠨ ᠲᠡᠯᠡᠭᠦᠷ ᠲᠤ ᠪᠠᠲᠤ ᠪᠠᠬᠢ | ᠶᠠᠰᠤ ᠴᠢᠨᠠᠷ ᠤᠨ ᠪᠠᠲᠤᠯᠠᠭ᠎ᠠ ᠬᠠᠩᠭᠠᠭᠰᠠᠨ ᠪᠠᠶᠢᠨ᠎ᠠ ᠃ ᠲᠢᠲᠢᠮᠯᠢᠭ ᠲᠠᠷᠬᠠᠭᠠᠬᠤ ᠰᠤᠳᠠᠯ ᠤᠨ ᠲᠥᠪᠯᠡᠷᠡᠭᠦᠯᠦᠨ | ᠬᠤᠳᠠᠯᠳᠤᠨ ᠠᠪᠬᠤ ᠶᠢ ᠬᠡᠷᠡᠭᠵᠢᠭᠦᠯᠦᠭᠰᠡᠨ ᠠᠴᠠ ᠨᠠᠭᠠᠰᠢ ᠂ ᠳᠥᠷᠪᠡᠨ ᠵᠢᠯ ᠤᠨ ᠬᠢᠨᠠᠯᠲᠠ ᠪᠠᠶᠢᠴᠠᠭᠠᠯᠲᠠ ᠪᠠᠷ | ᠳᠠᠮᠵᠢᠭᠤᠯᠤᠨ ᠡᠴᠦᠰ ᠤᠨ ᠳ᠋ᠦᠩ ᠳᠤ ᠰᠣᠩᠭᠤᠭᠳᠠᠭᠰᠠᠨ ᠲᠡᠯᠡᠭᠦᠷ ᠤᠨ ᠴᠢᠨᠠᠷ ᠨᠢ ᠠᠮᠤᠷ ᠲᠦᠪᠰᠢᠨ | ᠨᠠᠶᠢᠳᠠᠪᠤᠷᠢᠲᠠᠢ ᠪᠠᠶᠢᠬᠤ ᠶᠢ ᠬᠠᠷᠠᠭᠤᠯᠪᠠ ᠃ ᠤᠲᠤ ᠪᠤᠯᠬᠤ ᠳᠤ ᠂ ᠨᠢᠭᠡᠨᠲᠡ 370 ᠲᠦᠮᠡᠨ ᠡᠪᠡᠳᠴᠢᠲᠡᠨ ᠡᠲᠡᠬᠡᠷ | ᠲᠡᠯᠡᠭᠦᠷ ᠢ ᠬᠡᠷᠡᠭᠡᠯᠡᠨ ᠂ ᠡᠮᠴᠢᠳ ᠪᠠ ᠡᠪᠡᠳᠴᠢᠲᠡᠳ ᠲᠡᠯᠡᠭᠦᠷ ᠤᠨ ᠴᠢᠨᠠᠷ ᠲᠤ ᠴᠦᠮ ᠲᠡᠬᠡᠲᠦ ᠬᠡᠮᠵᠢᠶᠡᠨ ᠤ | ᠦᠨᠡᠯᠡᠯᠲᠡ ᠶᠢ ᠣᠯᠭᠤᠭᠰᠠᠨ ᠪᠠᠶᠢᠨ᠎ᠠ ᠃ | | | | | | ᠵᠢᠷᠦᠬᠡᠨ ᠰᠤᠳᠠᠯ ᠤᠨ ᠲᠡᠯᠡᠭᠦᠷ ᠤᠨ ᠲᠥᠪᠯᠡᠷᠡᠭᠦᠯᠦᠨ ᠬᠤᠳᠠᠯᠳᠤᠨ ᠠᠪᠬᠤ ᠲᠥᠷᠥ ᠶᠢᠨ ᠪᠣᠳᠣᠯᠭ᠎ᠠ ᠶᠢ | ᠬᠡᠷᠡᠭᠵᠢᠭᠦᠯᠦᠭᠰᠡᠨ ᠨᠢ ᠦᠨ᠎ᠡ ᠶᠢᠨ ᠡᠵᠡᠮᠳᠡᠯ ᠪᠠ ᠴᠢᠨᠠᠷ ᠤᠨ ᠬᠢᠨᠠᠯᠲᠠ ᠬᠠᠮᠢᠶᠠᠷᠤᠯᠲᠠ ᠶᠢ ᠠᠰᠢᠭᠯᠠᠨ ᠂ | ᠡᠪᠡᠳᠴᠢᠲᠡᠨ ᠳᠤ ᠬᠠᠮᠤᠭ ᠤᠨ ᠪᠣᠳᠠᠲᠤ ᠠᠰᠢᠭ ᠬᠦᠷᠲᠡᠭᠡᠬᠦ ᠵᠠᠷᠤᠳᠠᠯ ᠳᠣᠣᠷ᠎ᠠ ᠴᠢᠨᠠᠷ ᠰᠠᠶᠢᠨ ᠡᠮᠴᠢᠯᠡᠭᠡᠨ ᠤ ᠪᠠᠭᠠᠵᠢ | ᠬᠡᠷᠡᠭᠰᠡᠯ ᠢ ᠣᠯᠭᠤᠪᠠ ᠃ ᠡᠨᠡ ᠨᠢ ᠣᠯᠠᠨ ᠨᠡᠶᠢᠲᠡ ᠶᠢᠨ ᠡᠷᠡᠭᠦᠯ ᠮᠡᠨᠳᠦ ᠶᠢᠨ ᠬᠡᠷᠡᠭᠴᠡᠭᠡ ᠱᠠᠭᠠᠷᠳᠠᠯᠭ᠎ᠠ ᠶᠢ | ᠬᠠᠩᠭᠠᠭᠰᠠᠨ ᠢᠶᠠᠷ ᠪᠠᠷᠠᠬᠤ ᠥᠬᠡᠶ ᠂ ᠪᠠᠰᠠ ᠡᠮᠴᠢᠯᠡᠭᠡᠨ ᠤ ᠵᠠᠷᠤᠳᠠᠯ ᠢ ᠵᠦᠶ ᠵᠣᠬᠢᠰᠲᠠᠶ ᠬᠢᠵᠠᠭᠠᠷᠯᠠᠵᠤ ᠂ | ᠡᠮᠴᠢᠯᠡᠭᠡᠨ ᠤ ᠦᠢᠯᠡᠴᠢᠯᠡᠭᠡᠨ ᠤ ᠲᠥᠪ ᠭᠤᠤᠯᠴᠢ ᠴᠢᠨᠠᠷ ᠪᠠ ᠪᠣᠯᠤᠮᠵᠢᠲᠤ ᠴᠢᠨᠠᠷ ᠢ ᠬᠦᠴᠦᠲᠡᠶ ᠠᠬᠢᠭᠤᠯᠵᠤ ᠂ | ᠠᠷᠠᠳ ᠣᠯᠠᠨ ᠤ ᠡᠷᠡᠭᠦᠯ ᠮᠡᠨᠳᠦ ᠳᠤ ᠢᠳᠡᠪᠬᠢᠲᠡᠶ ᠬᠠᠯᠠᠮᠵᠢᠯᠠᠯ ᠦᠵᠡᠭᠦᠯᠦᠭᠰᠡᠨ ᠢ ᠬᠠᠷᠠᠭᠤᠯᠵᠤ ᠪᠣᠢ ᠃ | ᠵᠣᠬᠢᠶᠠᠭᠴᠢ᠄ ᠰᠧᠴᠤᠸᠠᠨ ᠶᠡᠭᠡ ᠰᠤᠷᠭᠠᠭᠤᠯᠢ ᠶᠢᠨ ᠬᠤᠸᠠ ᠰᠢ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ | ᠡᠮ ᠤᠨ ᠰᠤᠳᠤᠯᠤᠯ ᠤᠨ ᠰᠠᠯᠠᠭᠠᠨ ︵ᠡᠮ ᠨᠠᠶᠢᠷᠠᠯᠭ᠎ᠠ ᠶᠢᠨ ᠰᠠᠯᠠᠭ᠎ᠠ ︶ ᠤ ᠵᠠᠩ ᠶᠢᠩ ᠂ ᠵᠸᠦ ᠯᠢᠩ ᠶᠠᠨ ᠂ ᠽᠧᠩ | ᠶᠠ ᠂ ᠯᠢ ᠢᠤᠢ ᠸᠧᠨ | 1. ᠵᠠᠩ ᠶᠢᠩ ᠂ ᠡᠮᠡᠭᠲᠡᠢ ᠂ ᠬᠢᠲᠠᠳ ᠦᠨᠳᠦᠰᠦᠲᠡᠨ ᠂ 1992 ᠣᠨ ᠤ 3 ᠳ᠋ᠤᠭᠠᠷ ᠰᠠᠷ᠎ᠠ ᠳᠤ ᠲᠦᠷᠦᠪᠡ ᠂ | ᠰᠧᠴᠤᠸᠠᠨ ᠤ ᠱᠤᠸᠠᠩ ᠯᠢᠦ ᠶᠢᠨ ᠬᠥᠮᠦᠨ ᠂ 2019 ᠣᠨ ᠳᠤ ᠠᠵᠢᠯ ᠳᠤ ᠭᠠᠷᠪᠠ ᠂ ᠱᠠᠨᠳᠦ᠋ᠩ ᠶᠡᠭᠡ | ᠰᠤᠷᠭᠠᠭᠤᠯᠢ ᠶᠢᠨ ᠡᠮ ᠵᠦᠢ ᠶᠢᠨ ᠤᠬᠠᠭᠠᠨ ᠤ ᠲᠤᠰᠬᠠᠢ ᠮᠡᠷᠭᠡᠵᠢᠯ ᠢᠶᠠᠷ ᠲᠡᠭᠦᠰᠴᠡᠢ ᠂ ᠠᠨᠠᠭᠠᠬᠤ ᠤᠬᠠᠭᠠᠨ ᠤ | ᠮᠠᠰᠲ᠋ᠧᠷ ᠂ ᠡᠳᠦᠭᠡ ᠰᠧᠴᠤᠸᠠᠨ ᠶᠡᠭᠡ ᠰᠤᠷᠭᠠᠭᠤᠯᠢ ᠶᠢᠨ ᠬᠤᠸᠠ ᠰᠢ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ | ᠡᠮ ᠤᠨ ᠰᠤᠳᠤᠯᠤᠯ ᠤᠨ ᠬᠡᠯᠲᠡᠰ ᠤᠨ ᠭᠤᠣᠯ ᠡᠮ ᠨᠠᠶᠢᠷᠠᠭᠴᠢ ᠶᠢᠨ ᠲᠤᠰᠢᠶᠠᠯ ᠢ ᠡᠭᠦᠷᠭᠡᠯᠡᠵᠦ ᠪᠣᠢ ᠃ | 2. ᠵᠧᠤ ᠯᠢᠩ ᠶᠠᠨ ᠂ ᠡᠮᠡᠭᠲᠡᠢ ᠂ ᠬᠢᠲᠠᠣᠠ ᠣᠢᠠᠲᠣᠰᠣᠲᠠᠨ ᠂ 1995 ᠣᠠ ᠤ 3 ᠳ᠋ᠤᠭᠠᠷ ᠰᠠᠷ᠎ᠠ ᠳᠤ | ᠲᠦᠷᠦᠪᠡ ᠂ ᠰᠧᠴᠤᠸᠠᠨ ᠤ ᠢ ᠪᠢᠠ ᠤ ᠬᠦᠮᠣᠠ ᠂ 2020 ᠣᠠ ᠳᠤ ᠠᠵᠢᠯ ᠳᠤ ᠭᠠᠷᠪᠠ ᠂ ᠰᠧᠴᠤᠸᠠᠨ ᠶᠡᠭᠡ | ᠰᠣᠷᠭᠠᠭᠤᠯᠢ ᠶᠢᠨ ᠬᠤᠸᠠ ᠰᠢ ᠡᠮᠴᠢᠯᠡᠭᠡᠨ ᠤ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ ᠶᠢᠨ ᠡᠮᠴᠢᠯᠡᠭᠡᠨ ᠤ | ᠡᠮ ᠤᠨ ᠰᠤᠳᠤᠯᠤᠯ ᠤᠨ ᠲᠤᠰᠬᠠᠢ ᠮᠡᠷᠭᠡᠵᠢᠯ ᠢᠶᠠᠷ ᠲᠡᠭᠦᠰᠴᠡᠢ ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠮᠠᠰᠲ᠋ᠧᠷ ᠂ | ᠡᠳᠦᠭᠡ ᠰᠧᠴᠤᠸᠠᠨ ᠶᠡᠭᠡ ᠰᠣᠷᠭᠠᠭᠤᠯᠢ ᠶᠢᠨ ᠬᠤᠸᠠ ᠰᠢ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠡᠮ ᠤᠨ | ᠰᠤᠳᠤᠯᠤᠯ ᠤᠨ ᠬᠡᠯᠲᠡᠰ ᠤᠨ ᠭᠤᠣᠯ ᠡᠮ ᠨᠠᠶᠢᠷᠠᠭᠴᠢ ᠶᠢᠨ ᠲᠤᠰᠢᠶᠠᠯ ᠢ ᠡᠭᠦᠷᠭᠡᠯᠡᠵᠦ ᠪᠣᠢ ᠃ | 3. ᠽᠧᠩ ᠶᠠ ᠂ ᠡᠮᠡᠭᠲᠡᠢ ᠂ ᠬᠢᠲᠠᠳ ᠦᠨᠳᠦᠰᠦᠲᠡᠨ ᠂ 1995 ᠣᠨ ᠤ 2 ᠳ᠋ᠤᠭᠠᠷ ᠰᠠᠷ᠎ᠠ ᠳᠤ ᠲᠦᠷᠦᠪᠡ ᠂ | ᠰᠧᠴᠤᠸᠠᠨ ᠤ ᠽᠢ ᠶᠠᠩ ᠤᠨ ᠬᠥᠮᠦᠨ ᠂ 2019 ᠣᠨ ᠳᠤ ᠠᠵᠢᠯ ᠳᠤ ᠭᠠᠷᠪᠠ ᠂ ᠪᠠᠷᠠᠭᠤᠨ ᠡᠮᠦᠨᠡᠲᠦ ᠶᠢᠨ ᠠᠨᠠᠭᠠᠬᠤ | ᠤᠬᠠᠭᠠᠨ ᠤ ᠶᠡᠭᠡ ᠰᠤᠷᠭᠠᠭᠤᠯᠢ ᠶᠢᠨ ᠡᠮ ᠤᠨ ᠰᠤᠳᠤᠯᠤᠯ ᠤᠨ ᠲᠤᠰᠬᠠᠢ ᠮᠡᠷᠭᠡᠵᠢᠯ ᠢᠶᠠᠷ ᠲᠡᠭᠦᠰᠴᠡᠢ ᠂ | ᠪᠠᠶᠢᠭᠠᠯᠢ ᠶᠢᠨ ᠰᠢᠨᠵᠢᠯᠡᠬᠦ ᠤᠬᠠᠭᠠᠨ ᠤ ᠮᠠᠰᠲ᠋ᠧᠷ ᠂ ᠡᠳᠦᠭᠡ ᠰᠧᠴᠤᠸᠠᠨ ᠶᠡᠭᠡ ᠰᠣᠷᠭᠠᠭᠤᠯᠢ ᠶᠢᠨ ᠬᠤᠸᠠ ᠰᠢ | ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠡᠮ ᠤᠨ ᠰᠤᠳᠤᠯᠤᠯ ᠤᠨ ᠬᠡᠯᠲᠡᠰ ᠤᠨ ᠭᠤᠣᠯ ᠡᠮ ᠨᠠᠶᠢᠷᠠᠭᠴᠢ ᠶᠢᠨ | ᠲᠤᠰᠢᠶᠠᠯ ᠢ ᠡᠭᠦᠷᠭᠡᠯᠡᠵᠦ ᠪᠣᠢ ᠃ | 4. ᠯᠢ ᠢᠦᠢ ᠸᠧᠨ ᠂ ᠡᠮᠡᠭᠲᠡᠢ ᠂ ᠬᠢᠲᠠᠳ ᠦᠨᠳᠦᠰᠦᠲᠡᠨ ᠂ 1983 ᠣᠨ ᠤ 7 ᠳ᠋ᠤᠭᠠᠷ ᠰᠠᠷ᠎ᠠ ᠳᠤ | ᠲᠦᠷᠦᠪᠡ ᠂ ᠱᠠᠨᠳᠦ᠋ᠩ ᠤᠨ ᠯᠢᠨ ᠢ ᠶᠢᠨ ᠬᠥᠮᠦᠨ ᠂ 2019 ᠣᠨ ᠳᠤ ᠠᠵᠢᠯ ᠳᠤ ᠭᠠᠷᠪᠠ ᠂ ᠡᠮᠦᠨᠡᠲᠦ | ᠰᠣᠯᠣᠩᠭᠤᠰ ᠤᠨ ᠵᠦᠩ ᠨᠠᠨ ᠶᠡᠭᠡ ᠰᠤᠷᠭᠠᠭᠤᠯᠢ ᠶᠢᠨ ᠡᠮ ᠵᠦᠢ ᠶᠢᠨ ᠤᠬᠠᠭᠠᠨ ᠤ ᠲᠤᠰᠬᠠᠢ ᠮᠡᠷᠭᠡᠵᠢᠯ ᠢᠶᠠᠷ | ᠲᠡᠭᠦᠰᠴᠡᠢ ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠂ ᠡᠳᠦᠭᠡ ᠰᠧᠴᠤᠸᠠᠨ ᠶᠡᠭᠡ ᠰᠣᠷᠭᠠᠭᠤᠯᠢ ᠶᠢᠨ | ᠬᠤᠸᠠ ᠰᠢ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠡᠮ ᠤᠨ ᠰᠤᠳᠤᠯᠤᠯ ᠤᠨ ᠬᠡᠯᠲᠡᠰ ᠤᠨ ᠡᠮ ᠨᠠᠶᠢᠷᠠᠭᠴᠢ ᠶᠢᠨ | ᠳᠡᠳ᠋ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠵᠦ ᠪᠣᠢ ᠃ | |