ᠤᠯᠤᠰ ᠠᠴᠠ ᠵᠣᠬᠢᠶᠠᠨ ᠪᠠᠶᠢᠭᠤᠯᠤᠭᠰᠠᠨ ᠬᠢᠮᠡᠯ ᠴᠢᠬᠢᠨ ᠲᠤᠩ ᠤᠨ ᠲᠥᠷᠥᠯ ᠪᠣᠯᠤᠨ ᠥᠪᠥᠷ ᠮᠣᠩᠭᠤᠯ ᠠᠴᠠ ᠲᠦᠷᠦᠭᠦᠯᠡᠨ ᠬᠠᠷᠢᠭᠤᠴᠠᠭᠰᠠᠨ ᠮᠤᠵᠢ ᠶᠢᠨ ᠬᠤᠭᠤᠷᠤᠨᠳᠤ ᠬᠤᠯᠪᠣᠭᠠᠯᠠᠨ ᠤᠷᠢᠳᠴᠢᠯᠠᠨ ᠳᠦᠭᠦᠷᠭᠡᠬᠦ ᠬᠡᠯᠪᠡᠷᠢ ᠶᠢᠨ ᠳᠠᠮᠵᠢᠭᠤᠯᠤᠭᠴᠢ ᠬᠤᠭᠤᠯᠠᠶᠢᠲᠤ ᠤᠬᠢᠶᠠᠭᠤᠷ ᠤᠨ ᠲᠥᠷᠥᠯ ᠤᠨ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ ᠬᠡᠮᠵᠢᠶ᠎ᠡ ᠲᠠᠢ ᠪᠠᠷ ᠬᠤᠳᠠᠯᠳᠤᠨ ᠠᠪᠬᠤ ᠳᠤ ᠰᠣᠩᠭᠤᠭᠳᠠᠭᠰᠠᠨ ᠳ᠋ᠦᠩ ᠢ ᠥᠪᠥᠷ ᠮᠣᠩᠭᠤᠯ ᠳᠤ ᠨᠠᠶᠢᠳᠠᠪᠤᠷᠢᠵᠢᠭᠤᠯᠤᠨ ᠬᠡᠷᠡᠭᠵᠢᠭᠦᠯᠦᠨ᠎ᠡ
ᠨᠡᠶᠢᠲᠡᠯᠡᠭᠰᠡᠨ ᠴᠠᠭ᠄
2025/3/13
  3 ᠳ᠋ᠤᠭᠠᠷ ᠰᠠᠷ᠎ᠠ ᠶᠢᠨ 15 ᠤ ᠡᠳᠦᠷ᠂ ᠤᠯᠤᠰ ᠠᠴᠠ ᠵᠣᠬᠢᠶᠠᠨ ᠪᠠᠶᠢᠭᠤᠯᠤᠭᠰᠠᠨ ᠬᠢᠮᠡᠯ ᠴᠢᠬᠢᠨ ᠳᠤᠩ ᠤᠨ ᠲᠥᠷᠥᠯ ᠪᠠ ᠥᠪᠥᠷ ᠮᠣᠩᠭᠤᠯ ᠠᠴᠠ ᠲᠦᠷᠦᠭᠦᠯᠡᠨ ᠬᠠᠷᠢᠭᠤᠴᠠᠭᠰᠠᠨ ᠮᠤᠵᠢ ᠶᠢᠨ ᠬᠤᠭᠤᠷᠤᠨᠳᠤ ᠬᠤᠯᠪᠣᠭᠠᠯᠠᠨ ᠤᠷᠢᠳᠴᠢᠯᠠᠨ ᠳᠦᠭᠦᠷᠭᠡᠬᠦ ᠬᠡᠯᠪᠡᠷᠢ ᠶᠢᠨ ᠳᠠᠮᠵᠢᠭᠤᠯᠤᠭᠴᠢ ᠬᠤᠭᠤᠯᠠᠶᠢᠲᠤ ᠤᠬᠢᠶᠠᠭᠤᠷ ᠤᠨ ᠲᠥᠷᠥᠯ ᠤᠨ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ ᠬᠡᠮᠵᠢᠶ᠎ᠡ ᠲᠠᠢ ᠪᠠᠷ ᠬᠤᠳᠠᠯᠳᠤᠨ ᠠᠪᠬᠤ ᠳᠤ ᠰᠣᠩᠭᠤᠭᠳᠠᠭᠰᠠᠨ ᠳ᠋ᠦᠩ ᠢ ᠥᠪᠥᠷ ᠮᠣᠩᠭᠤᠯ ᠳᠤ ᠨᠠᠶᠢᠳᠠᠪᠤᠷᠢᠵᠢᠭᠤᠯᠤᠨ ᠬᠡᠷᠡᠭᠵᠢᠭᠦᠯᠦᠨ᠎ᠡ᠃  ᠲᠣᠰ ᠤᠳᠠᠭᠠᠨ ᠤ ᠤᠯᠤᠰ ᠠᠴᠠ ᠵᠣᠬᠢᠶᠠᠨ ᠪᠠᠶᠢᠭᠤᠯᠤᠭᠰᠠᠨ ᠬᠢᠮᠡᠯ ᠴᠢᠬᠢᠨ ᠳᠣᠩ ᠤᠨ ᠲᠥᠷᠥᠯ ᠤᠨ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠤᠨ ᠲᠠᠩ ᠢᠵᠢ ᠦᠨ᠎ᠡ ᠳᠤᠮᠳᠠᠴᠢ ᠪᠠᠷ 20 ᠭᠠᠷᠤᠶ ᠲᠦᠮᠡᠨ ᠲᠥᠭᠦᠷᠢᠭ ᠪᠠᠶᠢᠭᠰᠠᠨ ᠠᠴᠠ ᠪᠠᠨ 5 ᠲᠦᠮᠡᠨ ᠲᠥᠭᠦᠷᠢᠭ ᠬᠦᠷᠲᠡᠯ᠎ᠡ ᠪᠠᠭᠤᠷᠠᠵᠤ᠂ ᠪᠠᠭᠤᠷᠠᠯᠲᠠ ᠶᠢᠨ ᠬᠡᠮᠵᠢᠶ᠎ᠡ ᠨᠢ 75% ᠳᠤ ᠬᠥᠷᠪᠡ᠃ ᠬᠢᠮᠡᠯ ᠴᠢᠬᠢᠨ ᠳᠤᠩ ᠪᠣᠯ ᠣᠳᠣᠬᠠᠨ ᠤ ᠪᠥᠬᠦ ᠪᠥᠮᠪᠥᠷᠴᠡᠭ ᠲᠤ ᠢᠯᠡ ᠪᠠᠷ ᠮᠡᠳᠡᠷᠡᠭᠰᠡᠨ ᠬᠤᠤᠰ ᠲᠠᠯ᠎ᠠ ᠶᠢᠨ ᠬᠦᠨᠳᠦ ᠪᠤᠶᠤ ᠲᠦᠢᠯ ᠤᠨ ᠬᠦᠨᠳᠦ ᠨᠣᠴᠢᠲᠠᠶ ᠳᠠᠭᠤ ᠮᠡᠳᠡᠷᠡᠯ ᠤᠨ ᠴᠢᠨᠠᠷᠲᠠᠶ ᠳᠦᠯᠡᠢ ᠶᠢ ᠡᠮᠨᠡᠨ ᠵᠠᠰᠠᠬᠤ ᠬᠠᠮᠤᠭ ᠤᠨ ᠪᠦᠲᠦᠮᠵᠢᠲᠡᠶ ᠠᠷᠭ᠎ᠠ ᠶᠢᠨ ᠨᠢᠭᠡ ᠪᠣᠯᠤᠨ᠎ᠠ᠂ ᠲᠥᠪᠯᠡᠷᠡᠭᠦᠯᠦᠨ ᠬᠤᠳᠠᠯᠳᠤᠨ ᠠᠪᠬᠤ ᠳᠤ ᠰᠣᠩᠭᠤᠭᠳᠠᠭᠰᠠᠨ ᠳ᠋ᠦᠩ ᠢ ᠨᠠᠶᠢᠳᠠᠪᠤᠷᠢᠵᠢᠭᠤᠯᠤᠭᠰᠠᠨ ᠤ ᠳᠠᠷᠠᠭ᠎ᠠ᠂ ᠰᠣᠨᠣᠷ ᠤᠨ ᠰᠠᠭᠠᠳ ᠲᠠᠢ ᠡᠪᠡᠳᠴᠢᠲᠡᠨ ᠶᠡᠭᠡ ᠬᠡᠮᠵᠢᠶᠡᠨ ᠤ ᠦᠨ᠎ᠡ ᠶᠢᠨ ᠪᠠᠭᠤᠷᠠᠯᠲᠠ ᠪᠠ ᠡᠮᠴᠢᠯᠡᠭᠡᠨ ᠤ ᠳᠠᠭᠠᠳᠬᠠᠯ ᠤᠨ ᠲᠠᠩᠰᠠ ᠲᠠᠶᠢᠯᠬᠤ ᠳᠠᠪᠬᠤᠷ ᠠᠰᠢᠭ ᠢ ᠬᠦᠷᠲᠡᠵᠦ᠂ ᠤᠯᠠᠮ ᠠᠴᠠ ᠣᠯᠠᠨ ᠰᠣᠨᠣᠷ ᠤᠨ ᠰᠠᠭᠠᠳ ᠲᠠᠢ ᠡᠪᠡᠳᠴᠢᠲᠡᠨ ᠴᠦ ᠡᠭᠦᠨ ᠠᠴᠠ ᠪᠣᠯᠵᠣ ︽ᠳᠠᠭᠤᠲᠤ ᠶᠢᠷᠲᠢᠨᠴᠦ︾ ᠳᠤ ᠪᠤᠴᠠᠬᠤ ᠪᠣᠯᠤᠨ᠎ᠠ᠃ ᠤᠷᠢᠳᠴᠢᠯᠠᠨ ᠳᠦᠭᠦᠷᠭᠡᠬᠦ ᠬᠡᠯᠪᠡᠷᠢ ᠶᠢᠨ ᠳᠠᠮᠵᠢᠭᠤᠯᠤᠭᠴᠢ ᠬᠤᠭᠤᠯᠠᠶᠢᠲᠤ ᠤᠬᠢᠶᠠᠭᠤᠷ ᠤᠨ ᠲᠥᠷᠥᠯ ᠤᠨ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ ᠬᠡᠮᠵᠢᠶ᠎ᠡ ᠲᠠᠢ ᠪᠠᠷ ᠬᠤᠳᠠᠯᠳᠤᠨ ᠠᠪᠬᠤ ᠠᠵᠢᠯ ᠪᠣᠯ ᠦᠷᠭᠦᠯᠵᠢᠯᠡᠨ ᠬᠥᠲᠥᠯᠥᠨ ᠵᠢᠯᠣᠭᠤᠳᠬᠤ ᠰᠢᠷᠬᠡᠭ᠂ ᠴᠢᠰᠤ ᠵᠣᠭᠰᠣᠭᠠᠬᠤ ᠮᠠᠲ᠋ᠧᠷᠢᠶᠠᠯ ᠤᠨ ᠳᠠᠷᠠᠭᠠᠬᠢ ᠥᠪᠥᠷ ᠮᠣᠩᠭᠤᠯ ᠤᠨ ᠭᠤᠷᠪᠠᠳᠠᠬᠢ ᠤᠳᠠᠭᠠᠨ ᠤ ᠲᠦᠷᠦᠭᠦᠯᠡᠨ ᠬᠠᠷᠢᠭᠤᠴᠠᠵᠤ ᠥᠷᠨᠢᠭᠦᠯᠦᠭᠰᠡᠨ ᠮᠤᠵᠢ ᠶᠢᠨ ᠬᠤᠭᠤᠷᠤᠨᠳᠤ ᠬᠤᠯᠪᠣᠭᠠᠯᠠᠨ ᠲᠥᠪᠯᠡᠷᠡᠭᠦᠯᠦᠨ ᠬᠡᠮᠵᠢᠶ᠎ᠡ ᠲᠠᠢ ᠪᠠᠷ ᠬᠤᠳᠠᠯᠳᠤᠨ ᠠᠪᠬᠤ ᠠᠵᠢᠯ ᠪᠣᠯᠤᠨ᠎ᠠ᠂ ᠨᠡᠶᠢᠲᠡ 16 ᠠᠵᠤ ᠠᠬᠤᠶᠢᠯᠠᠯ ᠤᠨ ᠳᠣᠲᠣᠷ᠎ᠠ ᠠᠴᠠ ᠰᠣᠩᠭᠤᠵᠤ᠂ ᠳᠤᠮᠳᠠᠴᠢ ᠪᠠᠭᠤᠷᠠᠯᠲᠠ ᠶᠢᠨ ᠬᠡᠮᠵᠢᠶ᠎ᠡ ᠨᠢ 85.4% ᠳᠤ ᠬᠦᠷᠴᠦ᠂ ᠬᠠᠮᠤᠭ ᠤᠨ ᠥᠨᠳᠥᠷ ᠪᠠᠭᠤᠷᠠᠯᠲᠠ ᠶᠢᠨ ᠬᠡᠮᠵᠢᠶ᠎ᠡ ᠨᠢ 93% ᠳᠤ ᠬᠦᠷᠪᠡ ᠃  ᠬᠢᠮᠡᠯ ᠴᠢᠬᠢᠨ ᠳᠤᠩ ᠵᠢᠴᠢ ᠤᠷᠢᠳᠴᠢᠯᠠᠨ ᠳᠦᠭᠦᠷᠭᠡᠬᠦ ᠬᠡᠯᠪᠡᠷᠢ ᠶᠢᠨ ᠳᠠᠮᠵᠢᠭᠤᠯᠤᠭᠴᠢ ᠬᠤᠭᠤᠯᠠᠶᠢᠲᠤ ᠤᠬᠢᠶᠠᠭᠤᠷ ᠤᠨ ᠰᠣᠩᠭᠤᠭᠳᠠᠭᠰᠠᠨ ᠳ᠋ᠦᠩ ᠢ ᠥᠪᠥᠷ ᠮᠣᠩᠭᠤᠯ ᠤᠨ ᠭᠠᠵᠠᠷ ᠣᠷᠣᠨ ᠳᠤ ᠨᠠᠶᠢᠳᠠᠪᠤᠷᠢᠵᠢᠭᠤᠯᠤᠨ ᠬᠡᠷᠡᠭᠵᠢᠭᠦᠯᠦᠭᠰᠡᠨ ᠤ ᠳᠠᠷᠠᠭ᠎ᠠ᠂ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠬᠢᠭᠡᠳ ᠡᠮ ᠡᠮᠨᠡᠯᠭᠡ ᠶᠢᠨ ᠠᠵᠤ ᠠᠬᠤᠶᠢᠯᠠᠯ ᠤᠨ ᠰᠢᠭᠤᠳ ᠳ᠋ᠦᠩᠨᠡᠨ ᠪᠤᠳᠤᠬᠤ ᠬᠡᠪᠴᠢᠶᠡᠨ ᠳᠤ ᠣᠷᠣᠭᠤᠯᠵᠤ᠂ ᠦᠢᠯᠡᠳᠬᠦᠨ ᠢ ᠬᠥᠮᠥᠷᠭᠡ ᠳᠤ ᠣᠷᠣᠭᠤᠯᠤᠭᠰᠠᠨ ᠤ ᠳᠠᠷᠠᠭ᠎ᠠ ᠳᠠᠷᠠᠭᠠᠬᠢ ᠰᠠᠷ᠎ᠠ ᠶᠢᠨ ᠰᠡᠭᠦᠯᠴᠢ ᠠᠴᠠ ᠡᠮᠦᠨ᠎ᠡ ᠳᠣᠭᠢᠷᠠᠭᠤᠯᠤᠨ ᠬᠦᠷᠭᠡᠬᠦ ᠠᠵᠤ ᠠᠬᠤᠶᠢᠯᠠᠯ ᠳᠤ ᠵᠣᠭᠤᠰ ᠪᠤᠴᠠᠭᠠᠬᠤ ᠶᠢ ᠪᠡᠶᠡᠯᠡᠭᠦᠯᠦᠨ᠎ᠡ᠃ ᠡᠭᠦᠨ ᠤ ᠬᠠᠮᠲᠤ᠂ ᠬᠤᠳᠠᠯᠳᠤᠨ ᠠᠪᠬᠤ᠂ ᠬᠠᠩᠭᠠᠬᠤ᠂ ᠬᠡᠷᠡᠭᠯᠡᠬᠦ ᠵᠡᠷᠭᠡ ᠭᠤᠭᠴᠤᠭᠠᠨ ᠤ ᠬᠠᠮᠵᠢᠯᠴᠠᠨ ᠬᠠᠮᠢᠶᠠᠷᠬᠤ ᠶᠢ ᠦᠷᠭᠦᠯᠵᠢᠯᠡᠨ ᠴᠢᠩᠭᠠᠷᠠᠭᠤᠯᠵᠤ ᠂ ᠲᠥᠪᠯᠡᠷᠡᠭᠦᠯᠦᠨ ᠬᠤᠳᠠᠯᠳᠤᠨ ᠠᠪᠤᠭᠰᠠᠨ ᠦᠷ᠎ᠡ ᠪᠦᠲᠦᠭᠡᠯ ᠢ ᠦᠨᠡᠨ ᠬᠦ ᠨᠠᠶᠢᠳᠠᠪᠤᠷᠢᠵᠢᠭᠤᠯᠤᠨ ᠠᠷᠠᠳ ᠲᠤ ᠠᠰᠢᠭ ᠬᠦᠷᠲᠡᠭᠡᠬᠦ ᠶᠢ ᠦᠨᠡᠨ ᠬᠦ ᠪᠠᠲᠤᠯᠠᠵᠤ᠂ ᠨᠠᠩ ᠣᠯᠠᠨ ᠡᠪᠡᠳᠴᠢᠲᠡᠨ ᠳᠤ ᠦᠨᠡᠨ ᠪᠣᠳᠠᠲᠠᠶ ᠲᠥᠷᠥ ᠶᠢᠨ ᠪᠣᠳᠣᠯᠭ᠎ᠠ ᠶᠢᠨ ᠠᠰᠢᠭ ᠬᠦᠷᠲᠡᠭᠡᠨ᠎ᠡ᠃ 
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠡᠮᠨᠡᠯᠭᠡ ᠬᠤᠳᠠᠯᠳᠤᠨ ᠠᠪᠬᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号