4 ᠳ᠋ᠦ᠋ᠭᠡᠷ ᠰᠠᠷ᠎ᠠ ᠶᠢᠨ 28 ᠤ ᠡᠳᠦᠷ ᠠᠴᠠ ᠡᠬᠢᠯᠡᠨ᠂ ᠥᠪᠥᠷ ᠮᠣᠩᠭᠤᠯ ᠪᠥᠬᠦ ᠣᠷᠣᠨ ᠤ ᠬᠡᠪᠴᠢᠶᠡᠨ ᠳᠤ | ᠠᠷᠪᠠᠳᠤᠭᠠᠷ ᠪᠦᠯᠦᠭ ᠤᠨ ᠤᠯᠤᠰ ᠠᠴᠠ ᠡᠮ ᠤᠨ ᠵᠦᠢᠯ ᠢ ᠲᠥᠪᠯᠡᠷᠡᠭᠦᠯᠦᠨ ᠬᠡᠮᠵᠢᠶ᠎ᠡ ᠲᠠᠢ ᠬᠤᠳᠠᠯᠳᠤᠨ ᠠᠪᠬᠤ | ᠰᠣᠩᠭᠤᠭᠳᠠᠭᠰᠠᠨ ᠳ᠋ᠦᠩ ᠢ ᠬᠡᠷᠡᠭᠵᠢᠭᠦᠯᠵᠦ᠂ ᠲᠣᠰ ᠤᠳᠠᠭᠠᠨ ᠤ ᠲᠥᠪᠯᠡᠷᠡᠭᠦᠯᠦᠨ ᠬᠤᠳᠠᠯᠳᠤᠨ ᠠᠪᠬᠤ ᠡᠮ ᠤᠨ | ᠵᠦᠢᠯ 62 ᠵᠦᠢᠯ ᠳᠤ ᠬᠤᠯᠪᠣᠭᠳᠠᠵᠤ᠂ ᠦᠨ᠎ᠡ ᠨᠢ ᠳᠤᠮᠳᠠᠴᠢ ᠪᠠᠷ 60% ᠶᠢ ᠳᠠᠪᠠᠵᠤ᠂ ᠴᠢᠰᠤᠨ ᠳᠠᠷᠤᠯᠲᠠ | ᠥᠨᠳᠥᠷ ᠡᠪᠡᠳᠴᠢᠨ᠂ ᠰᠢᠬᠢᠷ ᠰᠢᠵᠢᠩ ᠡᠪᠡᠳᠴᠢᠨ᠂ ᠬᠠᠪᠤᠳᠠᠷ᠂ ᠵᠢᠷᠦᠬᠡ ᠲᠠᠷᠢᠬᠢᠨ ᠤ ᠴᠢᠰᠤᠨ ᠰᠤᠳᠠᠯ ᠤᠨ | ᠡᠪᠡᠳᠴᠢᠨ ᠵᠡᠷᠭᠡ ᠡᠪᠡᠳᠴᠢᠨ ᠤ ᠲᠥᠷᠥᠯ ᠢ ᠬᠠᠮᠤᠷᠪᠠ᠃ ᠬᠡᠷᠡᠭᠵᠢᠭᠦᠯᠬᠦ ᠬᠡᠪᠴᠢᠶ᠎ᠡ ᠳᠤ ᠪᠦᠬᠦ ᠣᠷᠣᠨ ᠤ | ᠠᠯᠪᠠᠨ ᠠᠴᠠ ᠪᠠᠶᠢᠭᠤᠯᠤᠭᠰᠠᠨ ᠪᠤᠶ ᠪᠦᠬᠦᠢ ᠡᠮᠴᠢᠯᠡᠭᠡᠨ ᠤ ᠪᠠᠶᠢᠭᠤᠯᠤᠮᠵᠢ᠂ ᠴᠡᠷᠢᠭ ᠠᠩᠭᠢ ᠶᠢᠨ ᠡᠮᠴᠢᠯᠡᠭᠡᠨ ᠤ | ᠪᠠᠶᠢᠭᠤᠯᠤᠮᠵᠢ᠂ ᠡᠮᠴᠢᠯᠡᠭᠡᠨ ᠤ ᠳᠠᠭᠠᠳᠬᠠᠯ ᠤᠨ ᠲᠣᠭᠲᠠᠭᠰᠠᠨ ᠴᠡᠭ ᠤᠨ ᠨᠡᠶᠢᠭᠡᠮ ᠤᠨ ᠡᠷᠬᠢᠯᠡᠭᠰᠡᠨ ᠡᠮᠴᠢᠯᠡᠭᠡᠨ ᠤ | ᠪᠠᠶᠢᠭᠤᠯᠤᠮᠵᠢ ᠪᠣᠯᠤᠨ ᠲᠣᠭᠲᠠᠭᠰᠠᠨ ᠴᠡᠭ ᠤᠨ ᠡᠮ ᠤᠨ ᠳᠡᠯᠭᠡᠭᠦᠷ ᠨᠢ ᠲᠣᠭᠲᠠᠭᠰᠠᠨ ᠴᠡᠭ ᠤᠨ ᠵᠥᠪᠳᠡᠯᠴᠡᠬᠡᠷ ᠢᠶᠠᠷ | ᠬᠠᠮᠢᠶᠠᠷᠬᠤ ᠱᠠᠭᠠᠷᠳᠠᠯᠭ᠎ᠠ ᠶᠣᠰᠣᠭᠠᠷ ᠯᠠᠪᠯᠠᠯᠲᠠ ᠪᠣᠯᠭᠠᠨ ᠬᠡᠷᠡᠭᠵᠢᠭᠦᠯᠦᠨ᠎ᠡ᠃ | ᠲᠥᠪᠯᠡᠷᠡᠭᠦᠯᠦᠨ ᠬᠤᠳᠠᠯᠳᠤᠨ ᠠᠪᠬᠤ ᠠᠵᠢᠯ ᠤᠨ ᠭᠦᠨᠵᠡᠭᠡᠶ ᠠᠭᠢᠬᠤ ᠶᠢ ᠳᠠᠭᠠᠯᠳᠤᠨ᠂ ᠬᠤᠳᠠᠯᠳᠤᠨ ᠠᠪᠬᠤ | ᠲᠦᠷᠢᠮ ᠨᠠᠩ ᠰᠢᠯᠢᠳᠡᠭᠵᠢᠵᠦ᠂ ᠲᠥᠪᠯᠡᠷᠡᠭᠦᠯᠦᠨ ᠬᠤᠳᠠᠯᠳᠤᠨ ᠠᠪᠬᠤ ᠲᠥᠷᠥᠯ ᠵᠦᠢᠯ ᠨᠠᠩ ᠪᠠᠶᠠᠯᠢᠭᠵᠢᠵᠤ᠂ | ᠠᠷᠪᠠᠳᠤᠭᠠᠷ ᠪᠦᠯᠦᠭ ᠤᠯᠤᠰ ᠠᠴᠠ ᠡᠮ ᠲᠠᠩ ᠢ ᠲᠥᠪᠯᠡᠷᠡᠭᠦᠯᠦᠨ ᠬᠡᠮᠵᠢᠶ᠎ᠡ ᠲᠠᠢ ᠪᠠᠷ ᠬᠤᠳᠠᠯᠳᠤᠨ ᠠᠪᠬᠤ ᠳᠤ | ᠰᠣᠩᠭᠤᠭᠳᠠᠭᠰᠠᠨ ᠲᠥᠷᠥᠯ ᠵᠦᠢᠯ ᠬᠠᠩᠭᠠᠬᠤ ᠨᠠᠷᠢᠨ ᠲᠠᠩᠰᠠ ᠶᠢ ᠬᠡᠷᠡᠭᠵᠢᠭᠦᠯᠬᠦ ᠮᠡᠳᠡᠭᠳᠡᠯ ᠢ ᠢᠯᠡ ᠪᠠᠷ | ᠨᠡᠶᠢᠲᠡᠯᠡᠬᠦ ᠶᠢ ᠳᠠᠭᠠᠯᠳᠤᠨ᠂ ᠠᠰᠫᠢᠯᠢᠨ ᠭᠡᠳᠡᠰᠦᠨ ᠤ ᠠᠭᠤᠰᠤᠮᠠᠯ ᠤᠨ ᠦᠷᠢᠯ᠂ ᠠᠢ ᠳ᠋ᠢ ᠬᠤᠸᠠ ᠠᠯᠺᠣᠣᠯ | ᠵᠥᠭᠡᠯᠡᠨ ᠬᠤᠮᠵᠢᠶ᠎ᠠ᠂ ᠬᠥᠬᠡ ᠬᠥᠬᠡᠴᠦ ᠶᠢᠨ ᠲᠠᠷᠢᠯᠭ᠎ᠠ ᠶᠢᠨ ᠡᠮ ᠵᠡᠷᠭᠡ ᠣᠯᠠᠨ ᠵᠦᠢᠯ ᠤᠨ ᠪᠠᠶᠢᠩᠭᠤ ᠬᠡᠷᠡᠭᠯᠡᠬᠦ | ᠡᠮ ᠢ ᠬᠠᠮᠤᠷᠴᠤ᠂ ᠦᠷᠢᠯ ᠡᠮ᠂ ᠬᠤᠮᠵᠢᠶ᠎ᠠ ᠡᠮ᠂ ᠲᠠᠷᠢᠯᠭ᠎ᠠ ᠶᠢᠨ ᠡᠮ ᠵᠡᠷᠭᠡ ᠣᠯᠠᠨ ᠵᠦᠢᠯ ᠤᠨ ᠡᠮ ᠳᠤ | ᠬᠤᠯᠪᠣᠭᠳᠠᠪᠠ ᠃ ᠲᠣᠰ ᠤᠳᠠᠭᠠᠨ ᠤ ᠲᠥᠪᠯᠡᠷᠡᠭᠦᠯᠦᠨ ᠬᠤᠳᠠᠯᠳᠤᠨ ᠠᠪᠬᠤ ᠳᠤ ᠡᠮᠴᠢᠯᠡᠭᠡᠨ ᠤ ᠬᠡᠷᠡᠭᠯᠡᠯᠲᠡ ᠶᠢᠨ | ᠬᠡᠷᠡᠭᠴᠡᠭᠡ ᠱᠠᠭᠠᠷᠳᠠᠯᠭ᠎ᠠ ᠶᠢ ᠭᠦᠢᠴᠡᠳ ᠪᠣᠳᠣᠯᠬᠢᠯᠠᠵᠤ᠂ ᠠᠳᠠᠯᠢ ᠨᠢᠭᠡᠨ ᠡᠮᠴᠢᠯᠡᠭᠡᠨ ᠤ ᠬᠦᠷᠢᠶ᠎ᠡ ᠴᠠᠷᠠᠭ᠎ᠠ ᠳᠤ | ᠠᠳᠠᠯᠢ ᠪᠤᠰᠤ ᠦᠢᠯᠡᠳᠦᠯ ᠦᠵᠡᠭᠦᠯᠬᠦ ᠵᠢᠮ᠎ᠡ ᠶᠣᠰᠣ ᠪᠤᠶᠤ ᠡᠮᠴᠢᠯᠡᠭᠡᠨ ᠤ ᠦᠷ᠎ᠡ ᠠᠰᠢᠭ ᠨᠢ ᠨᠠᠩ ᠰᠢᠯᠢᠳᠡᠭ᠂ ᠨᠠᠩ | ᠳᠥᠭᠦᠮ ᠳᠥᠲᠡ ᠡᠮ ᠤᠨ ᠵᠦᠢᠯ ᠤᠨ ᠬᠡᠷᠡᠭᠯᠡᠯᠲᠡ ᠶᠢ ᠥᠷᠭᠡᠨ ᠢᠶᠠᠷ ᠣᠷᠤᠭᠤᠯᠤᠨ᠎ᠠ ᠂ ᠵᠢᠱᠢᠶᠡᠯᠡᠪᠡᠯ ᠬᠥᠬᠦᠨ | ᠪᠤᠯᠴᠢᠷᠬᠠᠶ ᠶᠢᠨ ᠥᠮᠡᠨ ᠤ ᠨᠢᠭᠡᠳᠦᠭᠡᠷ ᠱᠤᠭᠤᠮ ᠳᠤ ᠡᠮ ᠬᠡᠷᠡᠭᠯᠡᠬᠦ ᠳᠠᠪᠤᠰᠤᠨ ᠬᠦᠴᠢᠯ ᠤᠨ ᠣᠯᠠᠨ ᠤᠶᠠᠨ ᠬᠠᠲᠠᠨ | ᠣᠳᠣᠨ ᠡᠳ᠋ ᠤᠨ ᠲᠠᠷᠢᠯᠭ᠎ᠠ ᠶᠢᠨ ᠰᠢᠩᠭᠡᠨ᠂ ᠡᠩ ᠤᠨ ᠣᠯᠠᠨ ᠤᠶᠠᠨ ᠬᠠᠲᠠᠨ ᠣᠳᠣᠨ ᠪᠦᠲᠦᠭᠡᠭᠳᠡᠬᠦᠨ ᠲᠠᠢ | ᠬᠠᠷᠢᠴᠠᠭᠤᠯᠪᠠᠯ ᠡᠮ ᠤᠨ ᠵᠦᠢᠯ ᠤᠨ ᠡᠷᠡᠭᠦᠯ ᠪᠤᠰᠤ ᠲᠤᠰᠬᠠᠯ ᠢ ᠪᠦᠲᠦᠮᠵᠢᠲᠡᠶ ᠪᠠᠭᠤᠷᠠᠭᠤᠯᠵᠤ᠂ ᠡᠮ ᠬᠡᠷᠡᠭᠯᠡᠬᠦ | ᠠᠮᠤᠷ ᠲᠦᠪᠰᠢᠨ ᠢ ᠢᠯᠡᠳᠲᠡ ᠳᠡᠭᠡᠭᠰᠢᠯᠡᠭᠦᠯᠵᠦ ᠴᠢᠳᠠᠨ᠎ᠠ᠃ ᠪᠠᠰᠠ ᠵᠢᠱᠢᠶᠡᠯᠡᠪᠡᠯ᠂ ᠰᠢᠬᠢᠷᠯᠢᠭ ᠡᠮ ᠰᠢᠭᠧᠲ᠋ᠢᠨ | ᠬᠤᠶᠠᠷ ᠮᠧᠲ᠋ᠠᠨ ᠭᠤᠸᠠᠨᠢᠳᠢᠨ ᠬᠤᠶᠠᠷᠴᠢ ᠹᠧᠨᠲ᠋ᠢᠶᠤᠤᠷ ᠵᠡᠷᠭᠡ ᠬᠤᠯᠢᠮᠠᠭ ᠵᠣᠷ ᠤᠨ ᠨᠠᠶᠢᠷᠠᠯᠭ᠎ᠠ ᠨᠢ ᠭᠠᠭᠴᠠ | ᠲᠠᠯ᠎ᠠ ᠶᠢᠨ ᠡᠮ ᠤᠤᠭᠤᠬᠤ ᠠᠴᠠ ᠪᠣᠯᠵᠣ ᠮᠡᠳᠡᠬᠦ ᠳᠤᠲᠠᠭᠳᠠᠬᠤ᠂ ᠪᠤᠷᠤᠭᠤ ᠤᠤᠭᠤᠬᠤ ᠠᠰᠠᠭᠤᠳᠠᠯ ᠠᠴᠠ | ᠵᠠᠶᠢᠯᠠᠰᠬᠢᠵᠦ᠂ ᠡᠪᠡᠳᠴᠢᠲᠡᠨ ᠤ ᠡᠮᠨᠡᠨ ᠵᠠᠰᠠᠬᠤ ᠬᠡᠷᠡᠭᠴᠡᠭᠡ ᠱᠠᠭᠠᠷᠳᠠᠯᠭ᠎ᠠ ᠶᠢ ᠪᠠᠲᠤᠯᠠᠬᠤ ᠶᠢᠨ ᠬᠠᠮᠲᠤ | ᠡᠪᠡᠳᠴᠢᠲᠡᠨ ᠤ ᠬᠡᠷᠡᠭᠯᠡᠬᠦ ᠡᠮ ᠢ ᠳᠠᠭᠠᠬᠤ ᠴᠢᠨᠠᠷ ᠢ ᠳᠡᠭᠡᠭᠰᠢᠯᠡᠭᠦᠯᠵᠦ ᠪᠣᠯᠤᠨ᠎ᠠ᠃ | ᠲᠠᠷᠠᠭᠠᠴᠢ ᠶᠢᠨ ᠠᠯᠬᠤᠮ ᠳᠤ᠂ ᠲᠥᠪᠯᠡᠷᠡᠭᠦᠯᠦᠨ ᠬᠤᠳᠠᠯᠳᠤᠨ ᠠᠪᠬᠤ ᠲᠥᠷᠥ ᠶᠢᠨ ᠪᠣᠳᠣᠯᠭ᠎ᠠ ᠶᠢᠨ | ᠦᠷᠭᠦᠯᠵᠢᠯᠡᠨ ᠠᠬᠢᠭᠤᠯᠬᠤ ᠪᠠ ᠲᠠᠰᠤᠷᠠᠯᠲᠠ ᠥᠬᠡᠶ ᠲᠡᠭᠦᠯᠳᠡᠷᠵᠢᠭᠦᠯᠬᠦ ᠶᠢ ᠳᠠᠭᠠᠯᠳᠤᠨ᠂ ᠨᠠᠩ ᠣᠯᠠᠨ ᠴᠢᠨᠠᠷ | ᠰᠠᠶᠢᠲᠠᠶ ᠦᠨ᠎ᠡ ᠰᠠᠶᠢᠲᠠᠶ ᠡᠮ ᠤᠨ ᠵᠦᠢᠯ ᠢ ᠲᠥᠪᠯᠡᠷᠡᠭᠦᠯᠦᠨ ᠬᠤᠳᠠᠯᠳᠤᠨ ᠠᠪᠬᠤ ᠬᠡᠪᠴᠢᠶᠡᠨ ᠳᠤ ᠣᠷᠣᠭᠤᠯᠵᠤ᠂ | ᠮᠠᠨ ᠤ ᠣᠷᠣᠨ ᠴᠠᠭ ᠲᠤᠬᠠᠶ ᠳᠤ ᠨᠢ ᠨᠠᠶᠢᠳᠠᠪᠤᠷᠢᠵᠢᠭᠤᠯᠵᠤ᠂ ᠨᠠᠩ ᠣᠯᠠᠨ ᠣᠯᠠᠨ ᠲᠦᠮᠡᠨ ᠳᠤ ᠠᠰᠢᠭ | ᠬᠦᠷᠲᠡᠭᠡᠨ᠎ᠡ᠃ | |