ᠦᠰᠦᠭ ᠪᠢᠴᠢᠭ ᠵᠶ᠋ᠠᠷ ᠦᠭᠦᠯᠡᠬᠦᠢ᠄ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠯᠡᠳᠡᠭᠡᠯ ᠬᠡᠷ ᠪᠠᠶ᠋ᠢᠰᠢᠩ᠎ᠤᠨ ᠬᠤᠳᠠᠯᠳᠤᠭ᠋ᠠᠨ᠎ᠤ ᠭᠡᠷ᠎ᠡ ᠵᠢᠨ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠬᠠᠮᠢᠶᠠᠷᠤᠯᠲᠠ ᠵᠢᠨ ᠠᠷᠭ᠎ᠠ》 ᠵᠢᠨ ᠲᠥᠷᠥ ᠵᠢᠨ ᠪᠣᠳᠣᠯᠭ᠎ᠠ ᠵᠢᠨ ᠲᠠᠶ᠋ᠢᠯᠤᠮᠵᠢ
2025-06-10

     ᠣᠶ᠋ᠢᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠲᠢᠩᠬᠢᠮ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠂ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡ ᠬᠢᠭᠡᠳ ᠲᠤᠭ᠎ᠠ ᠪᠠᠷᠢᠮᠲᠠ ᠵᠢᠨ ᠬᠠᠮᠢᠶᠠᠷᠤᠯᠲᠠ ᠵᠢᠨ ᠲᠣᠪᠴᠢᠶ᠎ᠠ᠂ ᠤᠯᠤᠰ᠎ᠤᠨ ᠭᠠᠶ᠋ᠢᠯᠢ ᠵᠢᠨ ᠶᠠᠪᠤᠳᠠᠯ᠎ᠤᠨ ᠶᠡᠷᠦᠩᠬᠡᠶ ᠲᠣᠪᠴᠢᠶ᠎ᠠ ᠵᠢᠨ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠭᠠᠶ᠋ᠢᠯᠢ ᠵᠢᠨ ᠶᠠᠪᠤᠳᠠᠯ᠎ᠤᠨ ᠲᠣᠪᠴᠢᠶ᠎ᠠ᠂ ᠳᠤᠮᠳᠠᠳᠤ ᠤᠯᠤᠰ᠎ᠤᠨ ᠠᠷᠠᠳ᠎ᠤᠨ ᠪᠠᠩᠬᠢ ᠵᠢᠨ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠤᠪᠢᠶᠠᠷᠢ ᠪᠠᠩᠬᠢ᠂ ᠤᠯᠤᠰ᠎ᠤᠨ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠶᠡᠷᠦᠩᠬᠡᠶ ᠲᠣᠪᠴᠢᠶ᠎ᠠ ᠵᠢᠨ ᠥᠪᠥᠷ ᠮᠣᠩᠭᠤᠯ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠬᠠᠮᠲᠤᠷᠠᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠯᠡᠳᠡᠭᠡᠯ ᠬᠡᠷ ᠪᠠᠶ᠋ᠢᠰᠢᠩ᠎ᠤᠨ ᠬᠤᠳᠠᠯᠳᠤᠭ᠋ᠠᠨ᠎ᠤ ᠭᠡᠷ᠎ᠡ ᠵᠢᠨ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠬᠠᠮᠢᠶᠠᠷᠤᠯᠲᠠ ᠵᠢᠨ ᠠᠷᠭ᠎ᠠ》 (ᠥᠪᠥᠷ  ᠪᠠᠢ᠌ᠭᠣᠯᠣᠯᠲᠠ  ᠬᠡᠷ [2025] 73 ᠳ᠋ᠤᠭ᠋ᠠᠷ ᠲᠣᠭ᠋ᠠᠲᠤ᠂ ᠳᠣᠷᠣᠭᠰᠢ 《ᠬᠠᠮᠢᠶᠠᠷᠤᠯᠲᠠ ᠵᠢᠨ ᠠᠷᠭ᠎ᠠ》 ᠭᠡᠵᠦ ᠲᠣᠪᠴᠢᠯᠠᠨ᠎ᠠ) ᠵᠢ ᠳᠠᠷᠤᠮᠠᠯᠯᠠᠨ ᠲᠠᠷᠬᠠᠭ᠋ᠠᠪᠠ᠃ ᠨᠡᠶ᠋ᠢᠭᠡᠮ᠎ᠤᠨ ᠣᠯᠠᠨ ᠲᠦᠮᠡᠨ 《ᠬᠠᠮᠢᠶᠠᠷᠤᠯᠲᠠ ᠵᠢᠨ ᠠᠷᠭ᠎ᠠ》 ᠵᠢᠨ ᠬᠠᠮᠢᠶ᠎ᠠ ᠪᠥᠬᠦᠶ ᠠᠭᠤᠯᠭ᠎ᠠ ᠵᠢ ᠥᠷᠭᠡᠨ ᠵᠶ᠋ᠠᠷ  ᠦᠢ᠍ᠯᠭ᠋ᠠᠬᠤ  ᠪᠠ ᠵᠥᠪ ᠣᠶ᠋ᠢᠯᠠᠭ᠋ᠠᠬᠤ᠎ᠳᠤ ᠲᠥᠬᠦᠮ ᠦᠵᠡᠭᠦᠯᠬᠦ ᠵᠢᠨ ᠲᠤᠰᠠᠳᠠ᠂ ᠡᠳᠦᠭᠡ ᠬᠤᠯᠪᠣᠭᠳᠠᠯ ᠪᠥᠬᠦᠶ ᠠᠭᠤᠯᠭ᠎ᠠ ᠵᠢᠨ ᠲᠤᠬᠠᠢ  ᠳᠣᠤᠷᠠᠬᠢ  ᠮᠡᠲᠦ  ᠲᠠᠢ᠌ᠯᠤᠮᠵᠢ ᠬᠢᠶ᠎ᠡ ᠃

     ᠨᠢᠭᠡ᠂ ᠨᠡᠶ᠋ᠢᠲᠡᠯᠡᠭᠰᠡᠨ ᠠᠬᠤᠶ ᠪᠠᠶ᠋ᠢᠳᠠᠯ

     ᠦᠯᠡᠳᠡᠭᠡᠯ ᠭᠡᠷ ᠪᠠᠢ᠌ᠰᠢᠩ᠎ᠤᠨ ᠠᠷᠠᠯᠵᠢᠶ᠎ᠠ  ᠡᠳᠦᠷ  ᠢᠷᠡᠬᠦᠶ᠎ᠡ ᠬᠥᠭᠵᠢᠶᠡᠨᠲᠡᠶ ᠪᠣᠯᠤᠭᠰᠠᠨ ᠪᠣᠯᠪᠠᠴᠤ ᠠᠷᠠᠯᠵᠢᠶᠠᠨ᠎ᠤ  ᠶᠠᠪᠤᠴᠠ᠎ᠳᠤ  ᠮᠡᠳᠡᠭᠡ ᠵᠠᠩᠭᠢ᠎ᠨᠢ ᠢᠯᠡ ᠲᠣᠳᠣ ᠪᠤᠰᠤ᠂ ᠠᠷᠠᠯᠵᠢᠶᠠᠨ᠎ᠤ ᠲᠦᠭᠰᠢᠭᠦᠷᠢ᠎ᠨᠢ ᠶᠡᠭᠡ᠂  ᠵᠠᠭᠤᠴᠢᠯᠠᠬᠤ ᠠᠵᠢᠯᠯᠠᠭ᠎ᠠ᠎ᠨᠢ ᠵᠢᠷᠤᠮᠵᠢᠯ ᠦᠭᠡᠢ ᠵᠡᠷᠭᠡ ᠠᠰᠠᠭᠤᠳᠠᠯ ᠣᠷᠣᠰᠢᠵᠤ ᠪᠠᠶ᠋ᠢᠨ᠎ᠠ ᠃ ᠡᠲᠡᠭᠡᠷ ᠠᠰᠠᠭᠤᠳᠠᠯ᠎ᠢ ᠰᠢᠢ᠍ᠳᠪᠦᠷᠢᠯᠡᠬᠦ ᠵᠢᠨ ᠲᠤᠰᠠᠳᠠ᠂ 《ᠬᠤᠲᠠ ᠵᠢᠨ ᠬᠡᠷ ᠪᠠᠶ᠋ᠢᠰᠢᠩ ᠭᠠᠵᠠᠷ ᠬᠥᠷᠥᠩᠭᠡ ᠵᠢᠨ ᠬᠠᠮᠢᠶᠠᠷᠤᠯᠲᠠ ᠵᠢᠨ ᠬᠠᠤᠯᠢ》᠂ 《ᠬᠡᠷ ᠪᠠᠶ᠋ᠢᠰᠢᠩ ᠭᠠᠵᠠᠷ ᠬᠥᠷᠥᠩᠭᠡ ᠵᠢᠨ  ᠵᠠᠭᠣᠴᠢᠯᠠᠬᠤ  ᠬᠠᠮᠢᠶᠠᠷᠤᠯᠲᠠ ᠵᠢᠨ ᠠᠷᠭ᠎ᠠ》᠂ 《  ᠣᠷᠣᠨ ᠰᠠᠭᠣᠴᠠ  ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠶᠠᠮᠤᠨ᠎ᠤ  ᠭᠡᠷ ᠪᠠᠢ᠌ᠰᠢᠩ᠎ᠢ ᠰᠦᠯᠵᠢᠶᠡᠨ ᠳᠡᠭᠡᠷ᠎ᠡ  ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠠᠵᠢᠯ᠎ᠢ ᠤᠯᠠᠮ ᠨᠢᠭᠡ ᠠᠯᠬᠤᠮ  ᠵᠢᠷᠤᠮᠵᠢᠭᠤᠯᠤᠨ ᠴᠢᠩᠭ᠋ᠠᠳᠬᠠᠬᠤ ᠲᠤᠬᠠᠶ ᠵᠢᠯᠣᠭᠤᠳᠬᠤ ᠰᠠᠨᠠᠯ》 (  ᠪᠠᠢ᠌ᠭᠣᠯᠣᠯᠲᠠ  ᠬᠡᠷ [2018] 128 ᠳ᠋ᠤᠭ᠋ᠠᠷ ᠲᠣᠭ᠋ᠠᠲᠤ)᠂ 《ᠬᠡᠷ ᠪᠠᠶ᠋ᠢᠰᠢᠩ᠎ᠢ ᠰᠦᠯᠵᠢᠶᠡᠨ ᠳᠡᠭᠡᠷ᠎ᠡ  ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠮᠡᠳᠡᠭᠡ ᠵᠠᠩᠭᠢ ᠵᠢ ᠬᠠᠮᠲᠤ᠎ᠪᠠᠷ ᠭᠥᠷᠳᠡᠬᠦ ᠵᠢ ᠴᠢᠩᠭ᠋ᠠᠳᠬᠠᠵᠤ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠬᠢᠷᠢ   ᠲᠦᠪᠰᠢᠨ᠎ᠢ  ᠳᠡᠭᠡᠭᠰᠢᠯᠡᠭᠦᠯᠬᠦ ᠲᠤᠬᠠᠶ  ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠶᠠᠮᠤᠨ ᠵᠡᠷᠭᠡ ᠰᠠᠯᠠᠭ᠎ᠠ ᠮᠥᠴᠢᠷ᠎ᠤᠨ ᠮᠡᠳᠡᠭᠳᠡᠯ》 (ᠪᠠᠢ᠌ᠭᠣᠯᠣᠯᠲᠠ  ᠬᠡᠷ [2020] 61  ᠳ᠋ᠦ᠍ᠭᠡᠷ  ᠲᠣᠭ᠋ᠠᠲᠤ)  ᠵᠡᠷᠭᠡ ᠲᠣᠭᠲᠠᠭ᠋ᠠᠯ᠎ᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ᠎ᠤ ᠪᠣᠳᠠᠲᠠᠶ᠎ᠲᠠᠢ᠎ᠪᠠᠨ ᠤᠶᠠᠯᠳᠤᠭᠤᠯᠤᠨ᠂ ᠬᠠᠮᠢᠶ᠎ᠠ ᠪᠥᠬᠦᠶ ᠲᠠᠰ ᠳᠠᠷᠠᠭ᠋ᠠᠯᠠᠯ ᠶᠣᠰᠣᠭ᠋ᠠᠷ᠂ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠲᠢᠩᠬᠢᠮ᠎ᠤᠨ ᠬᠠᠮᠢᠶ᠎ᠠ ᠪᠥᠬᠦᠶ ᠰᠠᠯᠠᠭ᠎ᠠ ᠮᠥᠴᠢᠷ᠎ᠤᠳ ᠎ᠲᠠᠢ ᠬᠠᠮᠲᠣᠷᠠᠨ ᠲᠤᠰ 《ᠬᠠᠮᠢᠶᠠᠷᠤᠯᠲᠠ ᠵᠢᠨ ᠠᠷᠭ᠎ᠠ》 ᠵᠢ  ᠲᠤᠭᠲᠠᠭ᠋ᠠᠵᠤ  ᠳᠠᠷᠤᠮᠠᠯᠯᠠᠨ ᠲᠠᠷᠬᠠᠭ᠋ᠠᠪᠠ᠃

     ᠬᠤᠶᠠᠷ᠂ ᠠᠭᠤᠯᠭ᠎ᠠ ᠵᠢᠨ ᠭᠤᠣᠯᠳᠠᠯᠭ᠎ᠠ

    《ᠬᠠᠮᠢᠶᠠᠷᠤᠯᠲᠠ ᠵᠢᠨ ᠠᠷᠭ᠎ᠠ》᠎ᠳᠤ ᠭᠤᠤᠯᠳᠠᠭᠤ 7 ᠲᠠᠯ᠎ᠠ ᠵᠢᠨ ᠠᠭᠤᠯᠭ᠎ᠠ ᠵᠢ ᠪᠠᠭᠲᠠᠭ᠋ᠠᠨ᠎ᠠ ᠃

    (ᠨᠢᠭᠡ )  ᠬᠡᠷᠡᠭᠯᠡᠬᠦ ᠬᠡᠪᠴᠢᠶ᠎ᠡ ᠵᠢ  ᠲᠣᠳᠣᠷᠬᠠᠶ ᠪᠣᠯᠭ᠋ᠠᠬᠤ ᠬᠡᠷᠡᠭᠲᠡᠶ᠃ ᠦᠯᠡᠳᠡᠭᠡᠯ ᠬᠡᠷ ᠪᠠᠶ᠋ᠢᠰᠢᠩ᠎ᠤᠨ  ᠬᠤᠳᠠᠯᠳᠣᠭ᠋ᠠᠨ᠎ᠤ  ᠭᠡᠷ᠎ᠡ ᠵᠢᠨ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠵᠢ ᠥᠪᠡᠷᠲᠡᠭᠡᠨ ᠵᠠᠰᠠᠬᠤ ᠣᠷᠣᠨ᠎ᠤ ᠵᠠᠰᠠᠭ ᠵᠠᠬᠢᠷᠭ᠋ᠠᠨ᠎ᠤ ᠣᠷᠣᠨ᠎ᠤ ᠳᠣᠲᠣᠷ᠎ᠠ ᠬᠡᠷᠡᠭᠯᠡᠵᠦ᠂ ᠤᠯᠤᠰ᠎ᠤᠨ ᠥᠮᠴᠢᠯᠡᠯᠲᠦ ᠭᠠᠵᠠᠷ ᠰᠢᠷᠣᠶ ᠳᠡᠭᠡᠷ᠎ᠡ ᠨᠢᠭᠡᠨᠲᠡ ᠥᠯᠥ ᠬᠥᠳᠡᠯᠬᠦ ᠬᠥᠷᠥᠩᠭᠡ ᠵᠢᠨ ᠡᠷᠬᠡ ᠵᠢᠨ ᠦᠨᠡᠮᠯᠡᠯ (ᠬᠡᠷ ᠪᠠᠶ᠋ᠢᠰᠢᠩ᠎ᠤᠨ ᠥᠮᠴᠢᠯᠡᠯ᠎ᠤᠨ ᠡᠷᠬᠡ ᠵᠢᠨ ᠦᠨᠡᠮᠯᠡᠯ ᠪᠠᠭᠲᠠᠨ᠎ᠠ)᠎ᠢ ᠣᠯᠤᠭᠰᠠᠨ ᠪᠥᠭᠡᠳ ᠵᠠᠬ᠎ᠠ ᠳᠡᠯᠭᠡᠭᠦᠷ᠎ᠲᠤ ᠭᠠᠷᠭ᠋ᠠᠨ ᠠᠷᠠᠯᠵᠢᠶᠠᠯᠠᠵᠤ  ᠪᠤᠯᠬᠣ ᠭᠡᠷ ᠪᠠᠢ᠌ᠰᠢᠩ᠎ᠳᠤ ᠬᠡᠷᠡᠭᠯᠡᠨ᠎ᠡ ᠃ ᠦᠯᠦ ᠬᠤᠳᠠᠯᠳᠤᠭ᠋ᠠᠯᠠᠬᠤ ᠠᠷᠠᠯᠵᠢᠶ᠎ᠠ (ᠪᠡᠯᠡᠭᠯᠡᠬᠦ᠂ ᠵᠠᠯᠭ᠋ᠠᠮᠵᠢᠯᠠᠬᠤ᠂ ᠰᠢᠭᠦᠭᠦ ᠬᠤᠷᠢᠶ᠎ᠠ᠎ᠠᠴᠠ ᠰᠢᠭᠦᠨ ᠲᠠᠰᠣᠯᠠᠬᠤ ᠵᠡᠷᠭᠡ)᠎ᠨᠢ  ᠰᠦᠯᠵᠢᠶᠡᠨ  ᠳᠡᠭᠡᠷ᠎ᠡ ᠭᠠᠷ᠎ᠤᠨ ᠦᠰᠦᠭ ᠵᠢᠷᠤᠵᠤ ᠳᠠᠩᠰᠠᠯᠠᠭᠣᠯᠬᠤ ᠬᠡᠪᠴᠢᠶᠡᠨ ᠪᠠᠭᠲᠠᠬᠤ  ᠦᠭᠡᠢ᠃

    (ᠬᠤᠶᠠᠷ )  ᠳᠠᠩᠰᠠᠯᠠᠭᠤᠯᠬᠤ ᠠᠴᠢ ᠬᠤᠯᠪᠣᠭᠳᠠᠯ᠎ᠢ ᠲᠣᠳᠣᠷᠬᠠᠶ ᠪᠣᠯᠭ᠋ᠠᠬᠤ ᠬᠡᠷᠡᠭᠲᠡᠶ᠃  ᠰᠦᠯᠵᠢᠶᠡᠨ ᠳᠡᠭᠡᠷ᠎ᠡ ᠭᠠᠷ᠎ᠤᠨ ᠦᠰᠦᠭ ᠵᠢᠷᠣᠵᠦ ᠳᠠᠩᠰᠠᠯᠠᠭᠣᠯᠬᠤ᠎ᠪᠠᠷ ᠳᠠᠮᠵᠢᠨ  ᠺᠤᠳ᠋ ᠣᠯᠭᠤᠭᠰᠠᠨ ᠦᠯᠡᠳᠡᠭᠡᠯ ᠬᠡᠷ ᠪᠠᠶ᠋ᠢᠰᠢᠩ᠎ᠤᠨ ᠬᠤᠳᠠᠯᠳᠤᠭ᠋ᠠᠨ᠎ᠤ ᠭᠡᠷ᠎ᠡ ᠪᠣᠯ ᠨᠡᠶ᠋ᠢᠲᠡ ᠵᠢᠨ ᠬᠤᠷᠠᠮᠳᠤᠭᠤᠯᠭ᠎ᠠ ᠵᠢᠨ ᠮᠥᠩᠭᠦ ᠵᠢᠨ  ᠵᠢᠭᠡᠯᠡᠯᠭᠡ ᠵᠢ  ᠬᠢᠨᠠᠨ ᠵᠥᠪᠰᠢᠶᠡᠷᠡᠬᠦ᠂ ᠮᠥᠩᠭᠦᠨ ᠭᠦᠢ᠍ᠯᠭᠡᠭᠡᠨ᠎ᠤ ᠪᠠᠶ᠋ᠢᠭᠤᠯᠤᠮᠵᠢ ᠵᠢᠨ ᠬᠤᠳᠠᠯᠳᠤᠭ᠋ᠠᠨ᠎ᠤ ᠵᠢᠭᠡᠯᠡᠯᠭᠡ᠂ ᠠᠷᠠᠯᠵᠢᠶᠠᠨ᠎ᠤ ᠪᠠᠯᠠ ᠮᠥᠩᠭᠦ ᠵᠢ ᠬᠢᠨᠠᠨ ᠬᠠᠮᠢᠶᠠᠷᠬᠤ ᠵᠢᠴᠢ ᠭᠠᠶ᠋ᠢᠯᠢ ᠰᠦᠢ᠍ᠳᠬᠡᠯ᠎ᠢ ᠬᠢᠨᠠᠨ ᠪᠠᠶ᠋ᠢᠴᠠᠭ᠋ᠠᠬᠤ ᠵᠢᠨ ᠦᠨᠳᠦᠰᠦᠯᠡᠯ ᠮᠥᠨ᠂ ᠡᠭᠦᠨ᠎ᠤ ᠵᠣᠷᠢᠯᠭ᠎ᠠ᠎ᠨᠢ ᠦᠯᠡᠳᠡᠭᠡᠯ ᠬᠡᠷ ᠪᠠᠶ᠋ᠢᠰᠢᠩ᠎ᠤᠨ ᠠᠷᠠᠯᠵᠢᠶᠠᠨ᠎ᠤ  ᠳᠣᠮᠳᠠᠬᠢ  ᠪᠣᠶ ᠪᠥᠬᠦᠶ ᠦᠨ᠎ᠡ ᠬᠠᠩᠰᠢ (ᠠᠷᠠᠯᠵᠢᠶ᠎ᠠ ᠪᠦᠲᠦᠭᠰᠡᠨ ᠦᠨ᠎ᠡ᠂ ᠵᠢᠭᠡᠯᠡᠯᠭᠡ ᠵᠢᠨ ᠦᠨ᠎ᠡ᠂ ᠭᠠᠶ᠋ᠢᠯᠢ  ᠲᠣᠰᠢᠶᠠᠭᠰᠠᠨ  ᠦᠨ᠎ᠡ) ᠵᠢ ᠨᠢᠭᠡᠲᠦᠯᠲᠠᠢ ᠪᠣᠯᠭ᠋ᠠᠵᠦ᠂ 《ᠠᠷᠭ᠎ᠠ ᠪᠢᠯᠢᠭ᠎ᠤᠨ  ᠭᠡᠷ᠎ᠡ》᠂ 《ᠥᠨᠳᠥᠷ  ᠦᠨᠡᠯᠡᠵᠦ  ᠥᠨᠳᠥᠷ ᠵᠢᠭᠡᠯᠡᠯᠭᠡ  ᠲᠠᠯᠪᠢᠬᠤ 》᠂ 《ᠨᠢᠭᠡ ᠭᠡᠷ ᠪᠠᠶ᠋ᠢᠰᠢᠩ᠎ᠢ ᠬᠤᠶᠠᠷ  ᠣᠳᠠᠭ᠎ᠠ  ᠬᠤᠳᠠᠯᠳᠤᠬᠤ》 ᠵᠡᠷᠭᠡ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ  ᠬᠤᠷᠢᠭᠯᠠᠨ ᠵᠤᠭᠰᠣᠭ᠋ᠠᠵᠤ ᠂ ᠠᠷᠠᠯᠵᠢᠶᠠᠨ᠎ᠤ ᠭᠤᠭᠴᠤᠭ᠎ᠠ ᠵᠢᠨ ᠠᠮᠤᠷ ᠲᠦᠪᠰᠢᠨ ᠪᠠ ᠵᠢᠷᠤᠮᠵᠢᠯ᠎ᠢ ᠬᠦᠴᠦᠲᠡᠶ  ᠪᠠᠲᠣᠯᠠᠬᠤ ᠵᠢᠨ ᠲᠦᠯᠦᠭᠡ ᠶᠤᠮ ᠃

    (ᠭᠤᠷᠪᠠ )  ᠬᠦᠴᠦᠨ ᠵᠦᠢ᠍ᠯ᠎ᠢ ᠨᠢᠭᠡᠳᠦᠯᠲᠡᠶ ᠰᠢᠢ᠍ᠳᠪᠦᠷᠢᠯᠡᠨ᠎ᠡ᠃ ᠪᠥᠬᠦ ᠣᠷᠣᠨ᠎ᠤ ᠦᠯᠡᠳᠡᠭᠡᠯ ᠬᠡᠷ ᠪᠠᠶ᠋ᠢᠰᠢᠩ᠎ᠤᠨ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ ᠳᠠᠩᠰᠠᠯᠠᠭᠤᠯᠬᠤ ᠠᠵᠢᠯ᠎ᠢ ᠴᠥᠮ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠦᠢ᠍ᠯᠡᠴᠢᠯᠡᠭᠡᠨ᠎ᠤ ᠲᠠᠪᠴᠠᠩ᠎ᠳᠤ ᠲᠦᠰᠢᠭᠯᠡᠨ ᠶᠠᠪᠤᠭᠳᠠᠭᠤᠯᠵᠤ᠂ ᠰᠦᠯᠵᠢᠶᠡᠨ ᠳᠡᠭᠡᠷ᠎ᠡ  ᠭᠠᠷ᠎ᠤᠨ ᠦᠰᠦᠭ ᠵᠢᠷᠤᠬᠤ ᠭᠡᠷ᠎ᠡ ᠪᠣᠯ  ᠪᠥᠬᠦ ᠣᠷᠣᠨ᠎ᠤ ᠨᠢᠭᠡᠳᠦᠯᠲᠡᠶ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠯᠡᠳᠡᠭᠡᠯ ᠬᠡᠷ ᠪᠠᠶ᠋ᠢᠰᠢᠩ᠎ᠢ ᠬᠣᠳᠠᠯᠳᠣᠭ᠋ᠠᠯᠠᠬᠤ ᠭᠡᠷ᠎ᠡ ᠵᠢᠨ ᠵᠢᠱ᠌ᠢᠶ᠎ᠡ ᠦᠵᠡᠭᠦᠯᠬᠦ ᠲᠣᠪᠬᠢᠮᠠᠯ》  ᠪᠣᠯᠣᠨ᠎ᠠ ᠂ ᠬᠠᠷᠢᠶ᠎ᠠ ᠭᠠᠵᠠᠷ᠎ᠤᠨ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠰᠠᠯᠠᠭ᠎ᠠ ᠮᠥᠴᠢᠷ᠂ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠶᠡᠭᠡ ᠲᠢᠩᠬᠢᠮ᠎ᠳᠤ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠬᠤ ᠴᠣᠩᠬᠤ ᠳᠣᠭᠢᠷᠠᠭᠤᠯᠬᠤ᠎ᠠᠴᠠ ᠭᠠᠳᠠᠨ᠎ᠠ᠂ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠰᠠᠯᠠᠭ᠎ᠠ ᠮᠥᠴᠢᠷ ᠵᠶ᠋ᠠᠷ  ᠬᠢᠨᠠᠨ ᠬᠠᠷᠭᠤᠭᠤᠯᠵᠤ ᠳᠠᠩᠰᠠᠯᠠᠭᠣᠯᠬᠤ ᠵᠢᠨ ᠬᠠᠮᠲᠤ ᠠᠵᠢᠯ ᠡᠷᠭᠢᠯᠡᠭᠰᠡᠳ᠎ᠤᠨ ᠮᠡᠳᠡᠭᠡ ᠵᠠᠩᠭᠢ ᠵᠢ ᠦᠨᠡᠨ ᠨᠡᠷ᠎ᠡ᠎ᠪᠠᠷ ᠵᠶ᠋ᠠᠨ ᠳᠠᠩᠰᠠᠯᠠᠭᠣᠯᠣᠨ  ᠲᠡᠮᠳᠡᠭᠯᠡᠭᠦᠯᠦᠭᠰᠡᠨ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠭᠤᠴᠢᠯᠠᠬᠤ ᠪᠠᠶ᠋ᠢᠭᠤᠯᠤᠮᠵᠢ (ᠵᠠᠭᠤᠴᠢ) ᠎ᠨᠢ  ᠬᠢᠨᠠᠨ ᠬᠠᠮᠢᠶᠠᠷᠬᠤ ᠦᠢ᠍ᠯᠡᠴᠢᠯᠡᠭᠡᠨ᠎ᠤ ᠲᠠᠪᠴᠠᠩ᠎ᠤᠨ  ᠡᠷᠬᠡ  ᠣᠯᠭᠣᠯᠲᠠ ᠵᠢ ᠣᠯᠵᠦ ᠂ ᠡᠭᠦᠳᠡᠨ ᠳᠡᠯᠭᠡᠭᠦᠷ᠎ᠲᠤ ᠎ᠨᠢ  ᠰᠦᠯᠵᠢᠶᠡᠨ ᠳᠡᠭᠡᠷ᠎ᠡ  ᠭᠠᠷ᠎ᠤᠨ ᠦᠰᠦᠭ ᠵᠢᠷᠣᠬᠤ  ᠲᠤᠬᠠᠢ᠍ᠯᠠᠭᠰᠠᠨ ᠠᠵᠢᠯ᠎ᠢ  ᠡᠬᠢᠯᠡᠭᠦᠯᠵᠦ ᠪᠣᠯᠤᠨ᠎ᠠ᠃

    (ᠳᠥᠷᠪᠡ )  ᠭᠡᠷ ᠪᠠᠶ᠋ᠢᠰᠢᠩ᠎ᠢ ᠨᠠᠷᠢᠯᠢᠭ ᠣᠨᠣᠪᠴᠢᠲᠠᠢ ᠬᠢᠨᠠᠨ  ᠪᠠᠢ᠌ᠴᠠᠭ᠋ᠠᠨ᠎ᠠ ᠃ ᠬᠢᠨᠠᠨ ᠬᠠᠮᠢᠶᠠᠷᠬᠤ ᠦᠢ᠍ᠯᠡᠴᠢᠯᠡᠭᠡᠨ᠎ᠤ ᠲᠠᠪᠴᠠᠩ᠎ᠨᠢ ᠭᠡᠷ ᠪᠠᠶ᠋ᠢᠰᠢᠩ᠎ᠤᠨ ᠪᠡᠶ᠎ᠡ᠎ᠪᠠᠨ ᠳᠠᠭ᠋ᠠᠭ᠋ᠠᠵᠤ ᠬᠢᠨᠠᠨ ᠪᠠᠢ᠌ᠴᠠᠭ᠋ᠠᠬᠤ  ᠴᠢᠳᠠᠮᠵᠢ ᠵᠢ ᠲᠣᠬᠢᠷᠠᠭᠤᠯᠵᠤ᠂ ᠵᠠᠬ᠎ᠠ ᠳᠡᠯᠭᠡᠭᠦᠷ᠎ᠲᠤ ᠭᠠᠷᠭ᠋ᠠᠨ ᠠᠷᠠᠯᠵᠢᠶᠠᠯᠠᠵᠤ ᠪᠣᠯᠬᠤ ᠦᠭᠡᠢ ᠭᠡᠷ ᠪᠠᠶ᠋ᠢᠰᠢᠩ (ᠵᠢᠱ᠌ᠢᠶᠡᠯᠡᠪᠡᠯ ᠪᠠᠶ᠋ᠢᠴᠠᠭ᠋ᠠᠨ ᠪᠢᠲᠡᠭᠦᠮᠵᠢᠯᠡᠬᠦ᠂ ᠪᠠᠷᠢᠴᠠᠭ᠋ᠠᠯᠠᠬᠤ ᠵᠡᠷᠭᠡ) ᠎ᠨᠢ  ᠰᠦᠯᠵᠢᠶᠡᠨ ᠳᠡᠭᠡᠷ᠎ᠡ ᠭᠠᠷ᠎ᠤᠨ ᠦᠰᠦᠭ ᠵᠢᠷᠤᠵᠤ  ᠳᠠᠩᠰᠠᠯᠠᠭᠣᠯᠬᠤ ᠵᠢ ᠡᠬᠢᠯᠡᠭᠦᠯᠬᠦ ᠵᠢᠨ  ᠠᠷᠭ᠎ᠠ ᠦᠭᠡᠢ᠃  ᠦᠪᠡᠷ ᠵᠶ᠋ᠡᠨ  ᠡᠵᠡᠨ ᠮᠡᠳᠡᠵᠦ ᠬᠢᠨᠠᠨ  ᠪᠠᠢ᠌ᠴᠠᠭ᠋ᠠᠬᠤ ᠵᠢᠨ ᠠᠷᠭ᠎ᠠ ᠦᠭᠡᠢ ᠭᠡᠷ ᠪᠠᠶ᠋ᠢᠰᠢᠩ᠎ᠢ ᠭᠡᠷ ᠪᠠᠶ᠋ᠢᠰᠢᠩ ᠭᠠᠵᠠᠷ ᠬᠦᠷᠦᠩᠭᠡ ᠵᠢᠨ ᠵᠠᠭᠤᠴᠢᠯᠠᠬᠤ ᠪᠠᠶ᠋ᠢᠭᠤᠯᠤᠮᠵᠢ᠎ᠠᠴᠠ ᠭᠡᠷ ᠪᠠᠶ᠋ᠢᠰᠢᠩ᠎ᠤᠨ ᠮᠡᠳᠡᠭᠡ ᠵᠠᠩᠭᠢ ᠵᠢ ᠨᠦᠬᠦᠪᠦᠷᠢᠯᠡᠨ ᠲᠡᠮᠲᠡᠭᠯᠡᠵᠦ᠂ ᠪᠠᠶ᠋ᠢᠭ᠎ᠠ ᠭᠠᠵᠠᠷ᠎ᠤᠨ ᠵᠶ᠋ᠠᠨ  ᠣᠷᠣᠨ ᠰᠠᠭᠤᠴᠠ ᠪᠠ ᠬᠤᠲᠠ ᠬᠦᠳᠡᠭᠡ ᠵᠢᠨ ᠪᠦᠲᠦᠭᠡᠨ ᠪᠠᠶ᠋ᠢᠭᠤᠯᠤᠯᠲᠠ ᠵᠢᠨ ᠰᠠᠯᠠᠭ᠎ᠠ ᠮᠦᠴᠢᠷ᠎ᠲᠤ ᠲᠤᠰᠢᠶᠠᠵᠤ ᠬᠢᠨᠠᠨ ᠬᠠᠷᠭᠤᠭᠤᠯᠤᠭ᠋ᠠᠳ ᠰᠦᠯᠵᠢᠶᠡᠨ ᠳᠡᠭᠡᠷ᠎ᠡ ᠭᠠᠷ᠎ᠤᠨ ᠦᠰᠦᠭ  ᠵᠢᠷᠣᠵᠦ ᠳᠠᠩᠰᠠᠯᠠᠭᠣᠯᠬᠤ  ᠨᠦᠬᠦᠴᠡᠯ᠎ᠢ ᠪᠦᠷᠢᠯᠳᠦᠭᠦᠯᠦᠭᠰᠡᠨ  ᠡᠰᠡᠬᠦ ᠵᠢ ᠨᠤᠲᠠᠯᠠᠭᠣᠯᠬᠤ  ᠬᠡᠷᠡᠭᠲᠡᠢ᠃

    (ᠲᠠᠪᠤ)  ᠳᠠᠩᠰᠠᠯᠠᠭᠣᠯᠣᠭᠰᠠᠨ  ᠦᠷ᠎ᠡ  ᠳ᠋ᠦᠩ᠎ᠢ  ᠪᠠᠶ᠋ᠢᠴᠠᠭ᠋ᠠᠵᠤ ᠪᠣᠯᠤᠨ᠎ᠠ᠃ ᠬᠢᠨᠠᠨ ᠬᠠᠮᠢᠶᠠᠷᠣᠯᠲᠠ ᠵᠢᠨ  ᠦᠢ᠍ᠯᠡᠴᠢᠯᠡᠭᠡᠨ᠎ᠤ ᠲᠠᠪᠴᠠᠩ  ᠬᠢᠭᠡᠳ  ᠮᠦᠩᠭᠡ ᠰᠣᠪᠠᠭ᠎ᠤᠨ app᠎ᠤᠨ ᠬᠥᠮᠦᠨ᠎ᠤ ᠵᠢᠰᠦ ᠵᠢ ᠢᠯᠭ᠋ᠠᠨ ᠲᠠᠨᠢᠬᠤ᠂  ᠡᠯᠸᠺᠲᠷᠣᠨ ᠲ᠋ᠠᠮᠠᠭ᠎ᠠ ᠳᠠᠷᠣᠬᠤ ᠵᠢ ᠵᠣᠬᠢᠴᠠᠭᠤᠯᠤᠨ ᠲᠣᠬᠢᠷᠠᠭᠤᠯᠵᠤ᠂ ᠭᠡᠷ᠎ᠡ ᠵᠢᠨ  ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ ᠳᠠᠭᠤᠰᠤᠭᠰᠠᠨ᠎ᠤ ᠳᠠᠷᠠᠭ᠎ᠠ᠂ ᠬᠤᠳᠠᠯᠳᠤᠨ ᠠᠪᠤᠭᠴᠢ ᠵᠢᠴᠢ ᠥᠪᠡᠷᠲᠡᠭᠡᠨ ᠵᠠᠰᠠᠬᠤ ᠣᠷᠣᠨ᠎ᠤ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠦᠢ᠍ᠯᠡᠴᠢᠯᠡᠭᠡᠨ᠎ᠤ ᠲᠠᠪᠴᠠᠩ᠎ᠯᠤᠭ᠎ᠠ ᠬᠠᠮᠲᠤ᠎ᠪᠠᠷ  ᠬᠦᠷᠲᠡᠬᠦ  ᠲᠤᠭ᠎ᠠ ᠪᠠᠷᠢᠮᠲᠠ ᠵᠢᠨ ᠲᠣᠭᠲᠠᠴᠠ ᠵᠢ ᠪᠠᠶ᠋ᠢᠭᠤᠯᠤᠭᠰᠠᠨ ᠥᠬᠡᠶ ᠵᠢᠭᠡᠯᠡᠯᠭᠡ ᠵᠢᠨ ᠮᠥᠩᠭᠦᠨ ᠭᠦᠢ᠍ᠯᠭᠡᠭᠡᠨ᠎ᠤ ᠪᠠᠶ᠋ᠢᠭᠤᠯᠤᠮᠵᠢ ᠎ᠨᠢ  ᠪᠥᠬᠦ ᠣᠷᠣᠨ᠎ᠤ ᠨᠢᠭᠡ ᠴᠣᠭᠴᠠᠵᠢᠭᠤᠯᠤᠭᠰᠠᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠲᠠᠪᠴᠠᠩ ᠪᠠ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠲᠢᠩᠬᠢᠮ᠎ᠤᠨ ᠠᠯᠪᠠᠨ ᠰᠦᠯᠵᠢᠶᠡᠨ᠎ᠠᠴᠠ ᠳᠠᠩᠰᠠᠯᠠᠨ ᠲᠡᠮᠳᠡᠭᠯᠡᠭᠦᠯᠦᠭᠰᠡᠨ ᠦᠷ᠎ᠡ ᠳ᠋ᠦᠩ᠎ᠢ ᠪᠠᠶ᠋ᠢᠴᠠᠭ᠋ᠠᠨ ᠯᠠᠪᠯᠠᠵᠤ ᠪᠣᠯᠤᠨ᠎ᠠ᠃

    (ᠵᠢᠷᠭᠤᠭ᠎ᠠ) ᠪᠡᠯᠡ ᠮᠥᠩᠭᠥᠨ᠎ᠤ  ᠠᠮᠤᠷ ᠲᠦᠪᠰᠢᠨ᠎ᠢ ᠦᠨᠡᠨ ᠬᠦ᠌ ᠪᠠᠲᠣᠯᠠᠨ᠎ᠠ ᠃ ᠠᠷᠠᠯᠵᠢᠶᠠᠨ᠎ᠤ ᠬᠤᠶᠠᠷ ᠲᠠᠯ᠎ᠠ᠎ᠪᠠᠷ ᠵᠶ᠋ᠠᠨ ᠬᠢᠨᠠᠨ ᠬᠠᠮᠢᠶᠠᠷᠬᠤ  ᠦᠢ᠍ᠯᠡᠴᠢᠯᠡᠭᠡᠨ᠎ᠤ ᠲᠠᠪᠴᠠᠩ ᠵᠶ᠋ᠠᠷ ᠳᠠᠮᠵᠢᠭᠤᠯᠤᠨ ᠦᠯᠡᠳᠡᠭᠡᠯ ᠬᠡᠷ ᠪᠠᠶ᠋ᠢᠰᠢᠩ᠎ᠢ ᠰᠦᠯᠵᠢᠶᠡᠨ ᠳᠡᠭᠡᠷ᠎ᠡ  ᠭᠠᠷ᠎ᠤᠨ ᠦᠰᠦᠭ ᠵᠢᠷᠣᠵᠦ  ᠳᠠᠩᠰᠠᠯᠠᠭᠣᠯᠣᠨ ᠂ ᠬᠤᠳᠠᠯᠳᠤᠭ᠋ᠠᠨ᠎ᠤ ᠪᠠᠩᠬᠢ᠎ᠳᠤ ᠨᠠᠶ᠋ᠢᠳᠠᠨ ᠭᠤᠷᠪᠠᠳᠠᠬᠢ ᠡᠲᠡᠭᠡᠳ  ᠪᠤᠯᠭ᠋ᠠᠨ  ᠠᠷᠠᠯᠵᠢᠶᠠᠨ᠎ᠤ ᠪᠠᠯᠠ ᠮᠥᠩᠭᠦ ᠵᠢᠨ ᠬᠢᠨᠠᠯᠲᠠ ᠬᠠᠮᠢᠶᠠᠷᠤᠯᠲᠠ ᠵᠢ  ᠬᠡᠷᠡᠭᠵᠢᠭᠦᠯᠦᠨ᠎ᠡ ᠃  ᠬᠣᠳᠠᠯᠳᠣᠭ᠋ᠠᠨ᠎ᠤ  ᠬᠤᠶᠠᠷ ᠲᠠᠯ᠎ᠠ᠎ᠪᠠᠷ ᠵᠶ᠋ᠠᠨ ᠭᠡᠷ ᠪᠠᠶ᠋ᠢᠰᠢᠩ᠎ᠤᠨ ᠠᠷᠠᠯᠵᠢᠶ᠎ᠠ᠎ᠳᠤ 《  ᠣᠷᠢᠳ ᠵᠶ᠋ᠠᠷ  ᠡᠷᠦᠭᠡ  ᠰᠢᠯᠵᠢᠭᠦᠯᠬᠦ ᠶᠤᠮ ᠦᠦ ᠡᠰᠡᠭᠦᠯ᠎ᠡ ᠣᠷᠢᠳ ᠵᠶ᠋ᠠᠷ ᠵᠤᠭᠤᠰ ᠲᠤᠰᠢᠶᠠᠬᠤ 》᠎ᠠᠴᠠ  ᠪᠣᠯᠣᠭᠰᠠᠨ  ᠪᠡᠯᠡ ᠮᠥᠩᠭᠦ ᠪᠤᠶᠤ ᠡᠳ᠋ ᠬᠦᠷᠦᠩᠭᠡ ᠵᠢᠨ ᠬᠤᠬᠢᠷᠠᠯ᠎ᠤᠨ ᠲᠤᠬᠠᠢ  ᠡᠷᠡᠭᠡᠯᠵᠡᠭᠡ ᠵᠢ ᠠᠷᠢᠯᠭ᠋ᠠᠵᠤ᠂ ᠬᠣᠳᠠᠯᠳᠣᠭ᠋ᠠᠯᠠᠬᠤ  ᠬᠤᠶᠠᠷ ᠲᠠᠯ᠎ᠠ ᠵᠢᠨ ᠬᠠᠤᠯᠢ ᠶᠣᠰᠣᠨ᠎ᠤ ᠡᠷᠬᠡ ᠠᠰᠢᠭ᠎ᠢ ᠪᠦᠲᠦᠮᠵᠢᠲᠡᠢ ᠪᠠᠲᠤᠯᠠᠨ᠎ᠠ᠃

    (ᠳᠤᠯᠤᠭ᠎ᠠ) ᠠᠵᠢᠯ ᠲᠥᠷᠥᠯ᠎ᠤᠨ ᠬᠢᠨᠠᠯᠲᠠ ᠬᠠᠮᠢᠶᠠᠷᠤᠯᠲᠠ ᠵᠢ  ᠵᠢᠷᠣᠮᠵᠢᠭᠣᠯᠣᠨ᠎ᠠ ᠃ 《ᠬᠠᠮᠢᠶᠠᠷᠤᠯᠲᠠ ᠵᠢᠨ ᠠᠷᠭ᠎ᠠ》᠎ᠳᠤ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠭᠤᠴᠢᠯᠠᠬᠤ  ᠪᠠᠶ᠋ᠢᠭᠤᠯᠤᠮᠵᠢ ᠵᠢᠴᠢ ᠲᠡᠭᠦᠨ᠎ᠤ  ᠠᠵᠢᠯ ᠡᠷᠬᠢᠯᠡᠭᠰᠡᠳ᠎ᠤᠨ  ᠭᠡᠷ᠎ᠡ ᠵᠢᠨ  ᠰᠦᠯᠵᠢᠶᠡᠨ ᠳᠡᠭᠡᠷ᠎ᠡ  ᠭᠠᠷ᠎ᠤᠨ ᠦᠰᠦᠭ ᠵᠢᠷᠤᠵᠤ  ᠳᠠᠩᠰᠠᠯᠠᠭᠤᠯᠬᠤ ᠦᠢ᠍ᠯᠡᠴᠢᠯᠡᠭᠡᠨ᠎ᠤ ᠶᠠᠪᠤᠴᠠ᠎ᠳᠤ ᠲᠣᠳᠣᠷᠬᠠᠶ ᠲᠣᠭᠲᠠᠭ᠋ᠠᠯ ᠭᠠᠷᠭ᠋ᠠᠵᠤ᠂ ᠬᠡᠷᠪᠡ  ᠬᠤᠯᠪᠤᠭᠳᠠᠯ  ᠪᠥᠬᠦᠶ ᠲᠣᠭᠲᠠᠭ᠋ᠠᠯ᠎ᠢ  ᠵᠥᠷᠢᠴᠡᠭᠰᠡᠨ ᠦᠢ᠍ᠯᠡ ᠠᠵᠢᠯᠯᠠᠭ᠎ᠠ ᠎ᠲᠠᠢ ᠪᠠᠢ᠌ᠪᠠᠯ᠂ ᠲᠡᠭᠦᠨ᠎ᠤ  ᠢᠲᠡᠭᠡᠮᠵᠢ ᠵᠢᠨ ᠮᠡᠳᠡᠭᠡ ᠵᠠᠩᠭᠢ ᠵᠢ ᠴᠤᠭᠯᠠᠭᠤᠯᠬᠤ ᠵᠢᠨ ᠬᠠᠮᠲᠤ 《ᠬᠡᠷ ᠪᠠᠶ᠋ᠢᠰᠢᠩ ᠭᠠᠵᠠᠷ ᠬᠥᠷᠥᠩᠭᠡ ᠵᠢᠨ  ᠵᠠᠭᠣᠴᠢᠯᠠᠬᠤ  ᠬᠠᠮᠢᠶᠠᠷᠤᠯᠲᠠ ᠵᠢᠨ ᠠᠷᠭ᠎ᠠ》 ᠵᠢᠨ ᠬᠤᠯᠪᠣᠭᠳᠠᠯ ᠪᠥᠬᠦᠶ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠵᠦ᠂ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠭᠤᠴᠢᠯᠠᠬᠤ ᠪᠠᠶ᠋ᠢᠭᠤᠯᠤᠮᠵᠢ ᠵᠢᠨ ᠦᠢ᠍ᠯᠡ ᠠᠵᠢᠯᠯᠠᠭ᠎ᠠ᠎ᠳᠤ ᠬᠢᠨᠠᠯᠲᠠ ᠲᠠᠯᠪᠢᠬᠤ᠎ᠪᠠᠨ ᠴᠢᠩᠭ᠋ᠠᠳᠬᠠᠨ᠎ᠠ ᠃

     ᠭᠤᠷᠪᠠ᠂ ᠲᠥᠷᠥ ᠵᠢᠨ ᠪᠣᠳᠣᠯᠭ᠎ᠠ ᠵᠢᠨ ᠭᠢᠯᠠᠰ ᠴᠡᠭ

     ᠦᠯᠡᠳᠡᠭᠡᠯ ᠬᠡᠷ ᠪᠠᠶ᠋ᠢᠰᠢᠩ᠎ᠢ ᠰᠦᠯᠵᠢᠶᠡᠨ ᠳᠡᠭᠡᠷ᠎ᠡ ᠭᠠᠷ᠎ᠤᠨ ᠥᠰᠥᠭ ᠵᠢᠷᠤᠵᠤ  ᠳᠠᠩᠰᠠᠯᠠᠭᠣᠯᠬᠤ᠎ᠳᠤ  ᠪᠥᠬᠦ ᠣᠷᠣᠨ᠎ᠤ ᠦᠯᠡᠳᠡᠭᠡᠯ ᠬᠡᠷ ᠪᠠᠶ᠋ᠢᠰᠢᠩ᠎ᠢ  ᠬᠤᠳᠠᠯᠳᠤᠭ᠋ᠠᠯᠠᠬᠤ  ᠨᠢᠭᠡᠳᠦᠯᠲᠡᠶ ᠭᠡᠷ᠎ᠡ ᠵᠢᠨ ᠵᠢᠱ᠌ᠢᠶ᠎ᠡ ᠦᠵᠡᠭᠦᠯᠬᠦ ᠲᠣᠪᠬᠢᠮᠠᠯ᠎ᠢ ᠬᠡᠷᠡᠭᠯᠡᠵᠦ᠂ ᠪᠥᠬᠦ ᠣᠷᠣᠨ᠎ᠤ ᠨᠢᠭᠡᠳᠦᠯᠲᠡᠶ ᠪᠥᠲᠥᠭᠡᠨ ᠪᠠᠶ᠋ᠢᠭᠤᠯᠤᠭᠰᠠᠨ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠦᠢ᠍ᠯᠡᠴᠢᠯᠡᠭᠡᠨ᠎ᠤ ᠲᠠᠪᠴᠠᠩ ᠵᠶ᠋ᠠᠷ ᠳᠠᠮᠵᠢᠭᠤᠯᠤᠨ᠂ ᠮᠥᠩᠬᠡ ᠰᠤᠪᠠᠭ᠎ᠤᠨ ᠬᠥᠮᠦᠨ᠎ᠤ ᠵᠢᠰᠦ᠎ᠪᠠᠷ ᠢᠯᠭ᠋ᠠᠨ ᠲᠠᠨᠢᠬᠤ᠂  ᠡᠯᠸᠺᠲᠷᠣᠨ  ᠲᠠᠮᠠᠭ᠎ᠠ ᠳᠠᠷᠤᠬᠤ ᠦᠢ᠍ᠯᠡᠴᠢᠯᠡᠭᠡ ᠵᠢ ᠭᠦᠢ᠍ᠴᠡᠳ ᠬᠡᠷᠡᠭᠯᠡᠨ᠂ ᠪᠥᠬᠦ ᠣᠷᠣᠨ᠎ᠤ ᠡᠯ᠎ᠡ ᠱᠠᠲᠤᠨ᠎ᠤ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠰᠠᠯᠠᠭ᠎ᠠ ᠮᠥᠴᠢᠷ᠂ ᠭᠠᠶ᠋ᠢᠯᠢ ᠵᠢᠨ ᠶᠠᠪᠤᠳᠠᠯ᠎ᠤᠨ ᠰᠠᠯᠠᠭ᠎ᠠ ᠮᠥᠴᠢᠷ᠂ ᠨᠡᠶ᠋ᠢᠲᠡ ᠵᠢᠨ ᠬᠤᠷᠠᠮᠳᠤᠭᠤᠯᠭ᠎ᠠ ᠵᠢᠨ ᠮᠥᠩᠭᠦ ᠵᠢᠨ ᠲᠥᠪ᠂ ᠮᠥᠩᠭᠦᠨ  ᠭᠦᠢ᠍ᠯᠭᠡᠭᠡᠨ᠎ᠤ  ᠪᠠᠶ᠋ᠢᠭᠤᠯᠤᠮᠵᠢ ᠵᠢ  ᠦᠯᠡᠳᠡᠭᠡᠯ ᠬᠡᠷ ᠪᠠᠶ᠋ᠢᠰᠢᠩ᠎ᠤᠨ ᠠᠷᠠᠯᠵᠢᠶᠠᠨ᠎ᠤ ᠡᠯ᠎ᠡ ᠭᠤᠭᠴᠣᠭ᠋ᠠᠨ᠎ᠤ ᠮᠡᠳᠡᠭᠡ ᠵᠠᠩᠭᠢ ᠵᠢ ᠨᠢᠭᠡᠳᠦᠯᠲᠡᠶ ᠮᠠᠭ᠋ᠠᠳᠯᠠᠨ ᠲᠣᠭᠲᠠᠭ᠋ᠠᠵᠤ᠂ ᠦᠯᠡᠳᠡᠭᠡᠯ ᠬᠡᠷ ᠪᠠᠶ᠋ᠢᠰᠢᠩ᠎ᠤᠨ ᠠᠷᠠᠯᠵᠢᠶᠠᠨ᠎ᠤ ᠴᠣᠷ᠎ᠤᠨ ᠭᠠᠭᠴᠠ ᠴᠢᠨᠠᠷ᠂ ᠦᠨᠡᠨ ᠪᠣᠳᠠᠲᠤ ᠴᠢᠨᠠᠷ᠂ ᠬᠠᠤᠯᠢ ᠶᠣᠰᠣᠴᠢ ᠴᠢᠨᠠᠷ᠎ᠢ ᠦᠨᠡᠨ ᠬᠦ᠌ ᠪᠠᠲᠤᠯᠠᠵᠤ᠂ 《ᠨᠢᠭᠡ ᠬᠡᠷ ᠪᠠᠶ᠋ᠢᠰᠢᠩ᠎ᠢ  ᠬᠤᠶᠠᠷ  ᠤᠳᠠᠭ᠎ᠠ  ᠬᠤᠳᠠᠯᠳᠤᠬᠤ》 《ᠥᠨᠳᠥᠷ ᠦᠨᠡᠯᠡᠨ ᠥᠨᠳᠥᠷ ᠵᠢᠭᠡᠯᠡᠯᠭᠡ》 《ᠠᠷᠭ᠎ᠠ ᠪᠢᠯᠢᠭ᠎ᠤᠨ  ᠭᠡᠷ᠎ᠡ》 ᠵᠡᠷᠭᠡ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠡᠭᠦᠰᠬᠦ ᠵᠢ ᠡᠷᠡᠰ ᠬᠤᠷᠢᠭᠯᠠᠨ᠎ᠠ᠃ ᠡᠭᠦᠨ᠎ᠤ ᠬᠠᠮᠲᠤ ᠰᠦᠯᠵᠢᠶᠡᠨ ᠳᠡᠭᠡᠷ᠎ᠡ ᠭᠠᠷ᠎ᠤᠨ ᠦᠰᠦᠭ ᠵᠢᠷᠤᠬᠤ  ᠡᠷᠬᠡ ᠣᠯᠭᠣᠬᠤ ᠂ ᠵᠢᠭᠡᠯᠡᠯᠭᠡ᠎ᠳᠤ ᠱᠠᠭ᠋ᠠᠷᠳᠠᠭᠳᠠᠬᠤ  ᠴᠢᠬᠤᠯᠠ ᠨᠥᠬᠦᠴᠡᠯ᠂ ᠢᠲᠡᠭᠡᠮᠵᠢ ᠵᠢᠨ ᠮᠡᠳᠡᠭᠡ ᠵᠠᠩᠭᠢ ᠵᠢ ᠴᠤᠭᠯᠠᠭᠤᠯᠬᠤ ᠵᠡᠷᠭᠡ ᠬᠢᠵᠠᠭ᠋ᠠᠷᠯᠠᠬᠤ  ᠵᠤᠷᠪᠤᠰ  ᠪᠠᠳᠠᠭ ᠵᠶ᠋ᠠᠷ ᠳᠠᠮᠵᠢᠭᠤᠯᠤᠨ᠂ ᠬᠡᠷ ᠪᠠᠶ᠋ᠢᠰᠢᠩ ᠭᠠᠵᠠᠷ ᠬᠥᠷᠥᠩᠭᠡ ᠵᠢᠨ ᠵᠠᠭᠤᠴᠢᠯᠠᠬᠤ  ᠪᠠᠶ᠋ᠢᠭᠤᠯᠤᠮᠵᠢ ᠵᠢᠴᠢ ᠲᠡᠳᠡᠨ᠎ᠤ ᠠᠵᠢᠯ ᠡᠷᠭᠢᠯᠡᠭᠰᠡᠳ᠎ᠤᠨ ᠦᠢ᠍ᠯᠡᠴᠢᠯᠡᠭᠡ ᠵᠢ ᠵᠢᠷᠣᠮᠵᠢᠭᠣᠯᠬᠤ᠂ ᠣᠯᠠᠨ ᠲᠦᠮᠡᠨ᠎ᠤ ᠬᠠᠤᠯᠢ ᠶᠣᠰᠣᠨ᠎ᠤ ᠡᠷᠬᠡ ᠠᠰᠢᠭ᠎ᠢ ᠬᠠᠮᠠᠭ᠋ᠠᠯᠠᠬᠤ ᠴᠢᠬᠤᠯᠠ ᠠᠷᠭ᠎ᠠ  ᠪᠠᠷᠢᠯ᠎ᠢ ᠭᠡᠳᠡᠷᠭᠦ ᠰᠢᠬᠠᠮᠳᠠᠭᠣᠯᠣᠨ᠎ᠠ ᠃

     ᠲᠠᠢ᠌ᠯᠪᠣᠷᠢᠯᠠᠭᠴᠢ ᠄ ᠰᠦ᠍ ᠢᠦᠶ   ᠬᠠᠷᠢᠯᠴᠠᠬᠤ ᠤᠲᠠᠰᠤ᠄ 0471 - 6945031

 

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠲᠢᠩᠬᠢᠮ